| ᠮᠤᠩᠭᠤᠯᠴᠤᠳ ᠤᠨ ᠡᠪᠦᠭᠡ ᠳᠡᠭᠡᠳᠦᠰ ᠪᠤᠭᠤᠷᠤᠯ ᠨᠠᠰᠤᠲᠠᠳ ᠢᠶᠠᠨ ᠬᠦᠨᠳᠦᠯᠡᠬᠦ ᠶᠤᠰᠤ ᠪᠤᠯ ᠦᠶ᠎ᠡ | ᠤᠯᠠᠮᠵᠢᠯᠠᠭᠳᠠᠨ ᠲᠦᠯᠦᠪᠰᠢᠭᠰᠡᠨ ᠨᠠᠨᠳᠢᠨ ᠰᠠᠶᠢᠬᠠᠨ ᠰᠤᠷᠲᠠᠯ ᠶᠤᠮ᠃ ᠬᠡᠦᠬᠡᠳ ᠵᠠᠯᠠᠭᠤᠰ ᠢ ᠰᠤᠷᠭᠠᠨ | ᠬᠦᠮᠦᠵᠢᠭᠦᠯᠳᠡᠭ ᠤᠯᠠᠮᠵᠢᠯᠠᠯ ᠤᠨ ᠲᠤᠲᠤᠷ᠎ᠠ ᠠᠬᠠᠮᠠᠳ ᠢᠶᠠᠨ ᠬᠦᠨᠳᠦᠯᠡᠨ᠂ ᠲᠡᠳᠡᠨ ᠤ ᠳᠠᠭᠤᠷᠢᠶᠠᠯ ᠢᠶᠠᠷ ᠨᠢ | ᠬᠦᠮᠦᠵᠢᠭᠦᠯᠬᠦ ᠶᠤᠰᠤ ᠭᠤᠤᠯ ᠪᠠᠶᠢᠷᠢ ᠶᠢ ᠡᠵᠡᠯᠡᠨ᠎ᠡ᠃ ᠦᠭᠡᠷ᠎ᠡ ᠪᠠᠷ ᠬᠡᠯᠡᠪᠡᠯ ᠠᠷᠠᠳ ᠤᠨ ᠰᠤᠷᠭᠠᠨ ᠬᠦᠮᠦᠵᠢᠭᠦᠯᠬᠦ | ᠵᠦᠢ ᠶᠢᠨ ᠨᠢᠭᠡ ᠭᠤᠤᠯ ᠵᠠᠷᠴᠢᠮ ᠪᠤᠯ ᠬᠡᠦᠬᠡᠳ ᠵᠠᠯᠠᠭᠤᠴᠤᠳ ᠪᠤᠯᠤᠭᠰᠠᠳ ᠠᠬᠠᠮᠠᠳ ᠢᠶᠠᠨ ᠬᠡᠷᠬᠢᠨ | ᠬᠦᠨᠳᠦᠳᠬᠡᠬᠦ ᠳᠤ ᠤᠷᠤᠰᠢᠨ᠎ᠠ᠃ ᠠᠬᠠᠮᠠᠳ ᠦᠶ᠎ᠡ ᠪᠤᠯ ᠠᠮᠢᠳᠤᠷᠠᠯ ᠤᠨ ᠲᠤᠷᠰᠢᠯᠭ᠎ᠠ᠂ ᠲᠠᠨᠢᠵᠤ ᠮᠡᠳᠡᠭᠰᠡᠨ | ᠵᠦᠢᠯ ᠢᠶᠠᠷ ᠢᠯᠡᠭᠦᠦ ᠪᠠᠶᠢᠳᠠᠭ᠃ ᠶᠡᠷᠦ ᠨᠢ ᠬᠦᠮᠦᠵᠢᠯ ᠤᠨ ᠨᠢᠭᠡ ᠭᠤᠤᠯ ᠵᠤᠷᠢᠯᠭ᠎ᠠ ᠪᠤᠯ ᠡᠮᠦᠨᠡᠬᠢ ᠦᠶ᠎ᠡ ᠶᠢᠨ ᠢᠶᠠᠨ | ᠬᠤᠷᠠᠮᠳᠤᠭᠤᠯᠤᠭᠰᠠᠨ ᠮᠡᠳᠡᠯᠭᠡ ᠶᠢᠨ ᠰᠠᠩ᠂ ᠠᠮᠢᠳᠤᠷᠠᠯ ᠤᠨ ᠲᠤᠷᠰᠢᠯᠭ᠎ᠠ᠂ ᠵᠠᠩ ᠵᠠᠩᠰᠢᠯ᠂ ᠶᠤᠰᠤ ᠰᠤᠷᠲᠠᠬᠤᠨ ᠤ | ᠰᠢᠯᠢᠳᠡᠭ ᠵᠦᠢᠯᠡᠰ ᠢ ᠬᠡᠦᠬᠡᠳ ᠵᠠᠯᠠᠭᠤᠴᠤᠳ ᠦᠪᠯᠡᠨ ᠠᠪᠬᠤ ᠳᠤ ᠴᠢᠭᠯᠡᠭᠦᠯᠳᠡᠭ ᠲᠠᠢ ᠤᠶᠠᠯᠳᠤᠨ ᠡᠶᠢᠮᠦ ᠵᠠᠷᠴᠢᠮ | ᠪᠤᠢ ᠪᠤᠯᠵᠠᠢ᠃ | | ᠡᠶᠢᠮᠦ ᠠᠴᠠ ᠬᠡᠦᠬᠡᠳ ᠵᠠᠯᠠᠭᠤᠰ ᠲᠤ ︽ᠬᠦᠮᠦᠨ ᠠᠬ᠎ᠠ ᠲᠠᠢ᠂ ᠳᠡᠪᠡᠯ ᠵᠠᠬ᠎ᠠ ᠲᠠᠢ︾ ᠭᠡᠳᠡᠭ ᠢ | ᠤᠶᠢᠯᠠᠭᠠᠭᠤᠯᠤᠨ ︽ᠨᠠᠰᠤᠲᠠᠨ ᠤᠯᠠᠨ ᠲᠠᠢ ᠭᠠᠵᠠᠷ ᠨᠠᠷᠠᠨ ᠤ ᠲᠤᠶᠠᠭ᠎ᠠ ᠲᠤᠰᠤᠨ᠎ᠠ︾ ᠭᠡᠵᠦ ᠢᠲᠡᠭᠡᠭᠦᠯᠵᠦ ︽ | ᠠᠬᠠᠮᠠᠳ ᠤᠨ ᠰᠤᠷᠭᠠᠯ ᠠᠯᠲᠠ᠂ ᠪᠤᠭᠤᠷᠤᠯ ᠤᠨ ᠦᠭᠡ ᠪᠤᠶᠠᠨ︾ ᠪᠠᠶᠢᠳᠠᠭ ᠤᠴᠢᠷ ︽ᠪᠤᠯᠤᠭᠰᠠᠨ ᠠᠴᠠ ᠠᠮᠠ | ᠬᠦᠷ᠂ ᠪᠤᠭᠤᠷᠤᠯ ᠠᠴᠠ ᠦᠭᠡ ᠰᠤᠨᠤᠰ︾ ᠭᠡᠵᠦ ᠰᠤᠷᠭᠠᠨ ︽ᠠᠬ᠎ᠠ ᠨᠢ ᠬᠡᠯᠡᠵᠦ ᠳᠡᠭᠦᠦ ᠨᠢ ᠰᠤᠨᠤᠰᠳᠠᠭ︾ | ᠭᠡᠰᠡᠨ ᠵᠠᠷᠴᠢᠮ ᠨᠢ ᠠᠮᠢᠳᠤᠷᠠᠯ ᠤᠨ ᠪᠢᠴᠢᠭᠳᠡᠭᠡ ᠦᠭᠡᠢ ᠬᠠᠤᠯᠢ ᠪᠤᠯᠤᠭᠰᠠᠨ ᠪᠢᠯᠡ᠃ ᠮᠤᠩᠭᠤᠯᠴᠤᠳ ᠡᠶᠢᠨᠬᠦ | ᠰᠤᠷᠭᠠᠨ ᠬᠦᠮᠦᠵᠢᠭᠦᠯᠬᠦ ᠵᠠᠷᠴᠢᠮ ᠢᠶᠠᠨ ᠤᠨᠤᠪᠴᠢᠲᠠᠢ ᠴᠦᠭᠡᠨ ᠦᠭᠡᠨ ᠳᠤ ᠭᠦᠨ ᠤᠳᠬ᠎ᠠ ᠰᠢᠩᠭᠡᠭᠡᠨ᠂ ᠵᠤᠶᠢᠷ | ᠰᠡᠴᠡᠨ ᠦᠭᠡ ᠶᠢᠨ ᠬᠡᠯᠪᠡᠷᠢ ᠪᠠᠷ ᠬᠦᠮᠦᠨ ᠪᠦᠬᠦᠨ ᠤ ᠤᠢ ᠲᠤᠶᠢᠨ ᠳᠤ ᠤᠷᠤᠰᠲᠠᠯ᠎ᠠ ᠤᠬᠠᠮᠰᠠᠷᠯᠠᠭᠤᠯᠤᠨ | ᠴᠡᠭᠡᠵᠢᠯᠡᠭᠦᠯᠵᠦ ᠪᠠᠶᠢᠵᠠᠢ᠃ | | ︽ᠠᠬᠠᠮᠠᠳ ᠢᠶᠠᠨ ᠠᠯᠳᠠ ᠬᠦᠨᠳᠦᠯᠡ᠂ ᠳᠡᠭᠦᠦ ᠪᠠᠨ ᠳᠡᠯᠢᠮ ᠬᠦᠨᠳᠦᠯᠡ︾ ᠭᠡᠰᠡᠨ ᠦᠭᠡᠨ ᠠᠴᠠ | ᠠᠷᠠᠳ ᠤᠨ ᠤᠯᠠᠮᠵᠢᠯᠠᠯᠲᠤ ᠶᠤᠰᠤ ᠪᠠᠷ ᠬᠦᠮᠦᠨ ᠪᠦᠷᠢ ᠳᠤ ᠡᠭᠦᠷᠭᠡ ᠶᠢ ᠨᠢ ᠡᠬᠢᠯᠡᠵᠦ ᠤᠬᠠᠮᠰᠠᠷᠯᠠᠭᠤᠯᠤᠭᠠᠳ | ᠳᠠᠷᠠᠭ᠎ᠠ ᠨᠢ ᠡᠷᠬᠡ ᠶᠢ ᠮᠡᠳᠡᠭᠦᠯᠳᠡᠭ ᠭᠡᠰᠡᠨ ᠢ ᠮᠡᠳᠡᠵᠦ ᠪᠤᠯᠤᠨ᠎ᠠ᠃ ᠦᠭᠡᠷ᠎ᠡ ᠪᠠᠷ ᠬᠡᠯᠡᠪᠡᠯ ᠠᠬᠠᠮᠠᠳ ᠦᠶ᠎ᠡ ᠶᠢᠨ | ᠬᠢᠨ ᠳᠤᠨᠢ ᠪᠠᠭ᠎ᠠ ᠪᠠᠯᠴᠢᠷ ᠦᠶ᠎ᠡ ᠪᠠᠨ ᠠᠰᠠᠷᠠᠨ ᠬᠦᠮᠦᠵᠢᠭᠦᠯᠬᠦ ᠡᠭᠦᠷᠭᠡ ᠶᠢ ᠨᠢ᠂ ᠬᠡᠦᠬᠡᠳ ᠵᠠᠯᠠᠭᠤᠰ ᠲᠤ ᠪᠤᠯ | ᠠᠬᠠᠮᠠᠳ ᠦᠶ᠎ᠡ ᠪᠠᠨ ᠬᠦᠨᠳᠦᠯᠡᠨ ᠲᠤᠰᠠᠯᠠᠬᠤ ᠡᠭᠦᠷᠭᠡ ᠶᠢ ᠨᠢ ᠶᠠᠭᠤᠨ ᠤ ᠡᠮᠦᠨ᠎ᠡ ᠤᠶᠢᠯᠠᠭᠠᠭᠤᠯᠳᠠᠭ᠃ ᠮᠦᠨ | ᠬᠦᠮᠦᠨ ᠪᠦᠷᠢ ᠡᠭᠦᠷᠭᠡ ᠪᠠᠨ ᠤᠷᠢᠳᠠᠯ ᠪᠤᠯᠭᠠᠨ ᠪᠡᠶᠡᠯᠡᠭᠦᠯᠳᠡᠭ ᠨᠢ ᠨᠦᠭᠦᠭᠡ ᠶᠢᠨ ᠢᠶᠠᠨ ᠡᠷᠬᠡ ᠶᠢ ᠬᠦᠨᠳᠦᠳᠬᠡᠭᠰᠡᠨ | ᠬᠡᠷᠡᠭ ᠶᠤᠮ᠃ ᠭᠡᠲᠡᠯ᠎ᠡ ᠤᠳᠤ ᠪᠤᠯᠬᠤ ᠳᠤ ᠵᠠᠷᠢᠮ ᠬᠡᠦᠬᠡᠳ ᠵᠠᠯᠠᠭᠤᠰ ᠲᠡᠶᠢᠮᠦ ᠡᠷᠬᠡ ᠲᠠᠢ ᠭᠡᠳᠡᠭ ᠢᠶᠠᠨ ᠯᠠ | ᠤᠷᠢᠳᠠᠯ ᠪᠤᠯᠭᠠᠭᠰᠠᠨ ᠠᠴᠠ ᠪᠤᠰᠤ᠂ ᠡᠭᠦᠷᠭᠡ ᠪᠠᠨ ᠤᠭᠲᠤᠬᠠᠨ ᠴᠦ ᠤᠬᠠᠮᠰᠠᠷᠯᠠᠳᠠᠭ ᠦᠭᠡᠢ ᠨᠢ ᠬᠠᠷᠠᠮᠰᠠᠯᠲᠠᠢ᠃ | |