| ᠰᠠᠮ ᠢ ᠳᠦᠷᠪᠡᠨ ᠵᠢᠯ ᠳᠤ ᠨᠢᠭᠡ ᠰᠤᠯᠢᠬᠤ ᠬᠡᠷᠡᠭᠲᠡᠢ | ᠬᠦᠮᠦᠨ ᠤ ᠨᠢᠭᠡ ᠰᠢᠷᠬᠡᠭ ᠭᠡᠵᠢᠭᠡᠨ ᠳᠤ 5 ᠲᠦᠮᠡᠨ ᠡᠪᠡᠳᠴᠢᠨ ᠤ ᠪᠠᠺᠲ᠋ᠧᠷᠢ ᠠᠭᠤᠯᠤᠭᠳᠠᠵᠤ᠂ | ᠭᠡᠵᠢᠭᠡ ᠪᠠᠨ ᠰᠠᠮᠨᠠᠬᠤ ᠦᠶᠡᠰ ᠰᠠᠮ ᠨᠢ ᠲᠡᠳᠡᠭᠡᠷ ᠪᠠᠺᠲ᠋ᠧᠷᠢ ᠶᠢᠨ ᠤᠷᠤᠩᠨᠠᠬᠤ ︽ᠭᠡᠷ︾ ᠪᠤᠯᠳᠠᠭ᠃ ᠰᠠᠮ ᠤᠨ | ᠰᠢᠳᠤᠨ ᠤ ᠵᠠᠪᠰᠠᠷ ᠲᠤ ᠭᠡᠵᠢᠭᠡᠨ ᠤ ᠬᠠᠭ ᠪᠤᠯᠤᠨ ᠪᠤᠵᠠᠷ ᠶᠠᠭᠤᠮ᠎ᠠ ᠠᠮᠠᠷᠬᠠᠨ ᠦᠯᠡᠳᠡᠳᠡᠭ᠃ ᠰᠠᠨᠠᠭᠤᠯᠬᠤ ᠨᠢ᠂ | ᠭᠠᠷᠠᠭ ᠲᠤ ᠨᠢᠭᠡ ᠤᠳᠠᠭ᠎ᠠ ᠭᠡᠵᠢᠭᠡ ᠪᠠᠨ ᠰᠠᠶᠢᠲᠤᠷ ᠤᠭᠢᠶᠠᠵᠤ᠂ ᠰᠠᠮ ᠢᠶᠠᠨ 4 ᠵᠢᠯ ᠳᠤ ᠠᠳᠠᠭ ᠲᠠᠭᠠᠨ ᠨᠢᠭᠡ | ᠤᠳᠠᠭ᠎ᠠ ᠰᠤᠯᠢᠬᠤ ᠶᠢ ᠪᠤᠳᠤᠭᠠᠷᠠᠢ᠃ | ᠠᠶᠠᠭ᠎ᠠ ᠫᠢᠯᠠ ᠪᠠᠨ ᠤᠭᠢᠶᠠᠪᠠᠯ ᠬᠦᠮᠦᠷᠢᠵᠦ ᠲᠠᠯᠪᠢ | ᠠᠶᠠᠭ᠎ᠠ ᠫᠢᠯᠠ ᠪᠠᠨ ᠤᠭᠢᠶᠠᠮᠠᠭᠴᠠ ᠤᠪᠤᠭᠠᠯᠠᠵᠤ ᠲᠠᠯᠪᠢᠬᠤ ᠨᠢ ᠪᠠᠺᠲ᠋ᠧᠷᠢ ᠠᠮᠠᠷᠬᠠᠨ ᠦᠷᠡᠵᠢᠳᠡᠭ᠃ | ᠠᠶᠠᠭ᠎ᠠ ᠫᠢᠯᠠ ᠪᠠᠨ ᠤᠭᠢᠶᠠᠭᠰᠠᠨ ᠤ ᠳᠠᠷᠠᠭ᠎ᠠ ᠵᠢᠶᠠᠰᠠᠨ ᠳᠡᠭᠡᠷ᠎ᠡ ᠬᠦᠮᠦᠷᠢᠵᠦ ᠲᠠᠯᠪᠢ᠂ ᠡᠰᠡᠬᠦᠯ᠎ᠡ ᠤᠭᠢᠶᠠᠭᠰᠠᠨ | ᠠᠶᠠᠭ᠎ᠠ ᠫᠢᠯᠠ ᠪᠠᠨ ᠠᠷᠢᠭᠤᠳᠬᠠᠬᠤ ᠬᠤᠷᠭᠤᠨ ᠳᠠᠭᠠᠨ ᠬᠤᠷᠢᠶᠠᠵᠤ ᠪᠤᠯᠤᠨ᠎ᠠ᠃ | ᠯᠢᠲ᠋ᠢ ᠳ᠋ᠢᠶᠠᠨ ᡂᠢ ᠶᠢᠨ ᠴᠠᠬᠢᠯᠭᠠᠨ ᠢ ᠪᠢᠲᠡᠬᠡᠢ ᠬᠤᠭᠤᠰᠤᠷᠠᠲᠠᠯ᠎ᠠ ᠬᠡᠷᠡᠭᠯᠡᠭᠡᠳ ᠰᠠᠶ᠋ᠢ ᠴᠡᠨᠡᠭᠯᠡ | ᠯᠢᠲ᠋ᠢ ᠳ᠋ᠢᠶᠠᠨ ᡂᠢ ᠶᠢ ᠴᠡᠨᠡᠭᠯᠡᠬᠦ ᠳᠤ ︽ᠲᠤᠲᠠᠭᠤ ᠵᠠᠷᠤᠵᠤ᠂ ᠢᠯᠡᠭᠦᠦ ᠨᠦᠬᠦᠪᠦᠷᠢᠯᠡᠬᠦ︾ ᠶᠢ ᠡᠷᠬᠢᠮᠯᠡᠨ᠎ᠡ᠃ | ᠢᠩᠭᠢᠵᠦ ᠪᠠᠶᠢᠨ ᠲᠠᠬᠢᠨ ᠴᠠᠬᠢᠯᠭᠠᠨ ᠰᠡᠯᠪᠢᠵᠦ ᠴᠡᠨᠡᠭᠯᠡᠬᠦ ᠨᠢ ᠬᠡᠷᠡᠭᠯᠡᠯᠲᠡ ᠶᠢᠨ ᠬᠤᠭᠤᠴᠠᠭ᠎ᠠ ᠶᠢ | ᠤᠷᠲᠤᠳᠬᠠᠬᠤ ᠳᠤ ᠨᠡᠩ ᠲᠤᠰᠠᠲᠠᠢ ᠪᠠᠶᠢᠳᠠᠭ᠃ ᠡᠭᠦᠨ ᠠᠴᠠ ᠭᠠᠳᠠᠨ᠎ᠠ᠂ ᠭᠠᠷ ᠤᠲᠠᠰᠤ ᠶᠢ ᠴᠡᠨᠡᠭᠯᠡᠵᠦ ᠪᠠᠶᠢᠬᠤ | ᠦᠶᠡᠰ ᠲᠤ ᠨᠡᠭᠡᠭᠡᠵᠦ ᠬᠡᠷᠡᠭᠯᠡᠬᠦ ᠦᠭᠡᠢ ᠪᠠᠶᠢᠪᠠᠯ ᠰᠠᠶᠢᠨ᠂ ᠰᠢᠩᠭᠡᠭᠡᠯᠲᠡ ᠦᠵᠡᠬᠦ ᠪᠤᠶᠤ ᠲᠤᠭᠯᠠᠭᠠᠮ ᠲᠤᠭᠯᠠᠬᠤ ᠶᠢ | ᠴᠢᠳᠠᠬᠤ ᠶᠢᠨ ᠲᠤᠲᠤᠷ᠎ᠠ ᠬᠢᠵᠠᠭᠠᠷᠯᠠᠵᠤ᠂ ᠪᠠᠰᠠ ᠬᠡᠷᠡᠭᠯᠡᠬᠦ ᠴᠢᠬᠤᠯᠠ ᠲᠠᠢ ᠪᠤᠯ ᠬᠠᠮᠤᠭ ᠰᠠᠶᠢᠨ ᠨᠢ ᠴᠡᠨᠡᠭᠯᠡᠭᠴᠢ ᠶᠢ | ᠰᠠᠯᠭᠠᠨ᠎ᠠ᠂ ᠡᠰᠡ ᠲᠡᠶᠢᠮᠦ ᠪᠤᠯ ᠳ᠋ᠢᠶᠠᠨ ᡂᠢ ᠶᠢᠨ ᠬᠡᠷᠡᠭᠯᠡᠬᠦ ᠬᠤᠭᠤᠴᠠᠭ᠎ᠠ ᠶᠢ ᠨᠦᠯᠦᠭᠡᠯᠡᠬᠦ ᠪᠤᠯᠤᠨ᠎ᠠ᠃ |