⒈ ᠬᠠᠶᠢᠳᠠᠢ᠃ ᠬᠠᠶᠢᠳᠠᠢ ᠳᠤ ᠶᠡᠭᠡ ᠬᠡᠮᠵᠢᠶᠡᠨ ᠤ ᠸᠢᠲ᠋ᠠᠮᠢᠨ ᠪᠤᠯᠤᠨ ᠬᠦᠮᠦᠨ ᠤ ᠪᠡᠶ᠎ᠡ ᠳᠤ | ᠱᠠᠭᠠᠷᠳᠠᠭᠳᠠᠬᠤ ᠡᠷᠦᠳᠡᠰᠦ ᠠᠬᠤᠭᠤᠯᠤᠭᠳᠠᠵᠤ᠂ ᠦᠭᠡᠬᠦ ᠠᠬᠤᠭᠤᠯᠤᠭᠳᠠᠬᠤ ᠦᠭᠡᠢ᠂ ᠠᠷᠪᠢᠨ ᠢᠳᠡᠭᠰᠡᠨ ᠴᠦ | ᠮᠠᠷᠢᠶᠠᠯᠠᠬᠤ ᠠᠴᠠ ᠡᠮᠢᠶᠡᠬᠦ ᠬᠡᠷᠡᠭ ᠦᠭᠡᠢ᠃ | ⒉ ᠳ᠋ᠸᠦᠹᠦ᠋ ᠶᠢᠨ ᠬᠠᠲᠠᠭᠠᠮᠠᠯ᠃ ᠳ᠋ᠸᠦᠹᠦ᠋ ᠶᠢᠨ ᠬᠠᠲᠠᠭᠠᠮᠠᠯ ᠲᠤᠲᠤᠷ᠎ᠠ ᠺᠠᠯᠼ ᠤᠨ ᠠᠭᠤᠯᠤᠭᠳᠠᠴᠠ | ᠦᠨᠳᠦᠷ᠂ ᠬᠠᠷᠢᠨ ᠦᠭᠡᠬᠦ ᠶᠢᠨ ᠠᠭᠤᠯᠤᠭᠳᠠᠴᠠ ᠲᠤᠩ ᠳᠤᠤᠷ᠎ᠠ ᠪᠠᠶᠢᠵᠤ᠂ ᠰᠤᠯᠠ ᠢᠳᠡᠭᠡᠨ ᠪᠤᠯᠭᠠᠨ ᠬᠤᠶᠠᠷ | ᠭᠤᠷᠪᠠᠨ ᠬᠡᠰᠡᠭ ᠢᠳᠡᠪᠡᠯ ᠪᠦᠬᠦᠯᠢ ᠡᠳᠦᠷ ᠤᠨ ᠬᠡᠷᠡᠭᠰᠡᠬᠦ ᠺᠠᠯᠼ ᠤᠨ ᠬᠡᠮᠵᠢᠶ᠎ᠡ ᠶᠢᠨ 40% ᠶᠢ ᠨᠦᠬᠦᠪᠦᠷᠢᠯᠡᠵᠦ | ᠴᠢᠳᠠᠨ᠎ᠠ᠃ | ⒊ ᠦᠬᠡᠷ ᠤᠨ ᠮᠢᠬᠠᠨ ᠪᠤᠷᠴᠠ᠂ ᠵᠢᠶᠠᠩᠯᠠᠭᠰᠡᠨ ᠦᠬᠡᠷ ᠤᠨ ᠮᠢᠬ᠎ᠠ᠃ ᠦᠬᠡᠷ ᠤᠨ ᠮᠢᠬ᠎ᠠ ᠶᠢ ᠬᠠᠲᠠᠭᠠᠨ | ᠪᠤᠷᠴᠠᠯᠠᠭᠰᠡᠨ ᠤ ᠰᠡᠭᠦᠯᠡᠷ ᠲᠡᠭᠦᠨ ᠳᠤ ᠠᠭᠤᠯᠤᠭᠳᠠᠬᠤ ᠰᠢᠮ᠎ᠡ ᠲᠡᠵᠢᠭᠡᠯᠲᠦ ᠪᠤᠳᠠᠰ ᠤᠨ ᠠᠭᠤᠯᠤᠭᠳᠠᠴᠠ ᠶᠢ | ᠨᠦᠯᠦᠭᠡᠯᠡᠬᠦ ᠦᠭᠡᠢ ᠮᠦᠷᠳᠡᠭᠡᠨ ᠬᠤᠳᠤᠭᠤᠳᠤ ᠲᠡᠯᠢᠭᠦᠨ ᠳᠤ ᠰᠠᠶᠢᠨ ᠪᠠᠶᠢᠵᠤ᠂ ᠶᠠᠰᠤ ᠰᠢᠷᠪᠤᠰᠤ ᠶᠢ | ᠴᠢᠩᠭᠠᠷᠠᠭᠤᠯᠤᠨ ᠴᠢᠰᠤ ᠲᠠᠮᠢᠷ ᠢ ᠨᠦᠬᠦᠬᠦ ᠴᠢᠳᠠᠮᠵᠢ ᠲᠠᠢ᠃ | ⒋ ᠰᠢᠷᠠᠭᠰᠠᠨ ᠵᠢᠭᠠᠰᠤ᠂ ᠵᠢᠳᠠᠨ ᠪᠡᠬᠡᠲᠦ ᠬᠢᠰᠤᠭ᠎ᠠ᠃ ᠡᠳᠡᠭᠡᠷ ᠤᠨ ᠤᠭᠤᠷᠠᠭ ᠤᠨ ᠠᠭᠤᠯᠤᠭᠳᠠᠴᠠ | 16%~20 % ᠬᠦᠷᠳᠡᠭ ᠪᠤᠯᠪᠠᠴᠤ ᠦᠭᠡᠬᠦ ᠶᠢᠨ ᠠᠭᠤᠯᠤᠭᠳᠠᠴᠠ ᠦᠨᠳᠦᠷ ᠪᠤᠰᠤ ᠮᠦᠷᠳᠡᠭᠡᠨ ᠵᠢᠭᠠᠰᠤᠨ ᠤ | ᠲᠦᠷᠦᠯ ᠤᠨ ᠦᠭᠡᠬᠦᠨ ᠲᠤᠳᠤᠷ᠎ᠠ ᠡᠩ ᠤᠨ ᠢᠳᠡᠭᠡᠨ ᠳᠤ ᠬᠤᠪᠤᠷ ᠠᠭᠤᠯᠤᠭᠳᠠᠬᠤ ᠬᠠᠩᠭᠠᠮᠠᠯ ᠪᠤᠰᠤ ᠦᠬᠡᠬᠦᠨ | ᠬᠦᠴᠢᠯ ᠠᠭᠤᠯᠤᠭᠳᠠᠳᠠᠭ᠂ ᠪᠦᠷ ᠦᠭᠡᠬᠦ ᠶᠢ ᠪᠠᠭᠠᠰᠬᠠᠨ ᠤᠶᠤᠨ ᠢ ᠨᠡᠭᠡᠭᠡᠭᠳᠡᠭᠦᠯᠬᠦ ᠦᠢᠯᠡᠳᠦᠯ ᠲᠠᠢ᠃ | ⒌ ᠬᠠᠷ᠎ᠠ ᠭᠦᠢᠯᠡᠰᠦ ᠪᠠ ᠨᠠᠩᠭᠢᠶᠠᠳ ᠠᠷᠤᠷ᠎ᠠ᠃ ᠡᠨᠡ ᠬᠤᠶᠠᠷ ᠵᠦᠢᠯ ᠤᠨ ᠢᠳᠡᠭᠡᠨ ᠪᠦᠷ ᠬᠠᠨᠢᠶᠠᠳᠤ ᠶᠢ | ᠵᠤᠭᠰᠤᠭᠠᠵᠤ ᠴᠢᠷ ᠢ ᠠᠷᠢᠯᠭᠠᠵᠤ᠂ ᠰᠢᠯᠦᠰᠦ ᠬᠤᠷᠠᠭᠤᠯᠤᠨ ᠴᠠᠩᠭᠠᠭ᠎ᠠ ᠲᠠᠶᠢᠯᠠᠬᠤ ᠴᠢᠳᠠᠮᠵᠢ ᠲᠠᠢ᠃ ᠬᠠᠷ᠎ᠠ | ᠭᠦᠢᠯᠡᠰᠦᠨ ᠳᠤ ᠤᠷᠭᠠᠨᠢᠭ ᠬᠦᠴᠢᠯ ᠠᠭᠤᠯᠤᠭᠳᠠᠵᠤ᠂ ᠰᠢᠩᠭᠡᠭᠡᠯᠲᠡ ᠶᠢᠨ ᠰᠢᠩᠭᠡᠨ ᠤ ᠱᠦᠭᠦᠷᠡᠯᠲᠡ ᠶᠢ | ᠠᠬᠢᠭᠤᠯᠤᠨ᠂ ᠰᠢᠩᠭᠡᠭᠡᠯᠲᠡ ᠶᠢ ᠰᠠᠶᠢᠵᠢᠷᠠᠭᠤᠯᠤᠨ᠎ᠠ᠃ | |