ᠡᠮᠦᠨ᠎ᠡ ᠣᠷᠣᠨ᠎ᠠ ᠶᠦᠨᠨᠠᠨ ᠮᠣᠵᠢ ᠭᠡᠵᠦ ᠣᠯᠣᠰ ᠤᠨ ᠭᠠᠳᠠᠨ᠎ᠠ ᠲᠣᠳᠣᠨ᠎ᠠ ᠲᠣᠯᠣᠭᠠᠨ ᠦᠡᠭᠭᠡ ᠪᠠᠷ | ᠰᠣᠯᠣᠩᠭᠠᠷᠠᠭᠰᠠᠨ ᠲᠠᠩᠰᠤᠬ ᠨᠣᠳᠤᠬ ᠪᠣᠢ ᠭᠡᠵᠦ ᠬᠡᠳᠦᠢ ᠳᠤ ᠰᠣᠨᠣᠰᠣᠭᠰᠠᠨ ᠶᠣᠮ᠃ ᠵᠣᠯ ᠢᠶᠠᠷ ᠡᠨᠡ ᠵᠢᠯ ᠤᠨ | 11 ᠰᠠᠷ᠎ᠠ ᠶᠢᠨ 15 ᠤ ᠡᠳᠦᠷ᠂ ᠦᠪᠦᠷ ᠮᠣᠩᠭᠤᠯ ᠤᠨ ᠮᠣᠩᠭᠤᠯ ᠰᠣᠨᠢᠨ ᠰᠦᠯᠵᠢᠶ᠎ᠡ ᠬᠤᠯᠪᠣᠭ᠎ᠠ ᠶᠢᠨ ᠡᠮᠦᠨᠡᠰᠢ | ᠪᠠᠭᠤᠬᠤ ᠶᠡᠭᠡ ᠰᠣᠷᠪᠣᠯᠵᠢᠯᠠᠭ᠎ᠠ ᠶᠢᠨ ᠡᠩᠨᠡᠭᠡᠨ ᠳᠤ ᠨᠡᠷ᠎ᠡ ᠲᠣᠳᠣᠷᠠᠵᠦ 12 ᠰᠣᠨᠢᠨ ᠰᠦᠯᠵᠢᠶ᠎ᠡ ᠶᠢᠨ | ᠬᠠᠷᠢᠭᠤᠴᠠᠯᠭᠠᠳᠠᠨ ᠵᠢᠴᠢ ᠡᠷᠳᠡᠮᠳᠡᠨ ᠪᠠᠭᠰᠢ ᠨᠠᠷ ᠲᠠᠢ ᠴᠣᠭᠭᠠᠷ ᠡᠭᠦᠯᠡᠨ ᠭᠡᠵᠢᠭᠡ ᠰᠢᠭᠦᠷᠡᠵᠦ ᠡᠮᠦᠨᠡᠰᠢ ᠪᠠᠭᠤᠬᠤ | ᠵᠠᠪᠰᠢᠶᠠᠨ ᠣᠯᠵᠠᠢ᠃ ᠬᠤᠪᠢᠳᠠᠵᠦ ᠣᠯᠣᠭᠰᠠᠨ ᠡᠭᠦᠷᠭᠡ ᠪᠣᠯ ᠶᠦᠨᠨᠠᠨ ᠮᠣᠵᠢ ᠶᠢᠨ ᠢᠦᠢ ᠰᠢ ᠬᠤᠳᠠ ᠶᠢᠨ ᠲᠦᠡᠭ | ᠬᠠᠢ ᠰᠢᠶᠠᠨ ᠤ ᠰᠢᠩ ᠮᠧᠡᠭ ᠮᠣᠩᠭᠤᠯ ᠰᠢᠶᠠᠩ ᠤᠨ ᠲᠡᠦᠬᠡᠨ ᠣᠯᠠ ᠮᠦᠷ ᠪᠠ ᠣᠳᠣᠬᠢ ᠪᠠᠶᠢᠳᠠᠯ ᠤᠨ ᠲᠣᠬᠠᠢ | ᠰᠣᠷᠪᠣᠯᠵᠢᠯᠠᠭ᠎ᠠ ᠪᠣᠯᠣᠨ᠎ᠠ᠃ ᠴᠠᠬ ᠪᠠᠴᠢᠮ᠂ ᠵᠠᠮ ᠬᠤᠯᠠ᠂ ᠠᠴᠢᠶ᠎ᠠ ᠬᠦᠨᠳᠦ᠂ ᠡᠭᠦᠷᠭᠡ ᠬᠠᠳᠠᠭᠤ ᠰᠠᠨᠠᠭᠳᠠᠨ᠎ᠠ᠃ | | ᠲᠦᠮᠡᠨ ᠪᠠᠷᠳᠠᠭ᠎ᠠ ᠮᠢᠩᠭᠠᠨ ᠣᠷᠭᠢᠯ ᠢ ᠰᠢᠪᠳᠣᠯᠣᠭᠰᠠᠨ | ᠲᠡᠭᠷᠢᠯᠢᠭ ᠬᠦᠪᠡᠭᠦᠳ ᠤᠨ ᠮᠠᠨᠳᠣᠯ ᠪᠠᠭᠤᠷᠠᠯ ᠤᠨ ᠣᠯᠠ ᠮᠦᠷ | ᠮᠠᠨ ᠤ ᠨᠣᠳᠤᠬ ᠲᠤ ᠨᠠᠮᠣᠷ ᠤᠨ ᠰᠡᠭᠦᠯᠴᠢ ᠡᠪᠦᠯ ᠤᠨ ᠡᠬᠢ ᠪᠣᠯᠴᠢᠬᠠᠭᠰᠠᠨ ᠪᠠᠶᠢᠳᠠᠯ᠎ᠠ᠂ ᠰᠢᠩ ᠮᠧᠡᠭ ︵ | ᠮᠣᠩᠭᠤᠯ ᠢᠶᠠᠨ ᠮᠠᠨᠳᠣᠭᠤᠯᠬᠤ︶ ᠤᠨ ᠮᠣᠩᠭᠤᠯᠴᠣᠳ ᠣᠷᠢᠬᠠᠨ ᠬᠠᠪᠣᠷ ᠤᠨ ᠵᠦᠭᠡᠯᠡᠨ ᠨᠠᠷᠠ ᠪᠠᠷ ᠮᠠᠨᠣᠰ ᠢ | ᠢᠨᠢᠶᠡᠳᠦ ᠲᠠᠢ᠂ ᠬᠠᠨᠢᠶᠠᠳᠣ ᠲᠠᠢ ᠨᠡᠩ ᠴᠦ ᠨᠢᠯᠪᠣᠰᠣ ᠲᠠᠢ ᠪᠠᠷ ᠣᠭᠳᠣᠨ ᠠᠪᠣᠯ᠎ᠠ᠃ ᠪᠣᠳᠣᠬᠤᠯᠠᠷ ᠢᠨᠢᠶᠡᠳᠦ ᠳᠤᠨᠢ | ᠶᠠᠰᠣᠳᠠᠨ ᠴᠢᠰᠣᠳᠠᠨ ᠲᠠᠢ ᠪᠠᠨ ᠠᠭᠤᠯᠵᠠᠭᠰᠠᠨ ᠪᠠᠶᠠᠷ ᠪᠠᠶᠠᠰᠣᠯ ᠠᠭᠤᠰᠣᠨ᠂ ᠬᠠᠨᠢᠶᠠᠳᠦ ᠳᠤᠨᠢ ᠬᠠᠭᠠᠴᠠᠵᠦ | ᠰᠠᠯᠣᠭᠰᠠᠨ 760 ᠭᠠᠷᠤᠢ ᠵᠢᠯ ᠤᠨ ᠲᠡᠦᠬᠡ ᠢᠷᠠᠭᠳᠠᠨ᠎ᠠ᠃ ᠨᠢᠯᠪᠣᠰᠣᠨ ᠳᠤᠨᠢ ᠨᠣᠳᠤᠬ ᠢᠶᠠᠨ ᠰᠠᠬᠢᠭᠰᠠᠨ 5000 | ᠢᠯᠡᠭᠦᠬᠡᠨ ᠮᠣᠩᠭᠤᠯᠴᠣᠳ ᠲᠡᠦᠬᠡ ᠪᠠᠨ ᠬᠦᠣᠷᠨᠢᠬᠦ ᠰᠢᠭ ᠯᠡ ᠰᠠᠨᠠᠭᠳᠠᠵᠦ᠂ ᠪᠢ ᠴᠦ ︽ᠦᠬᠡᠷ ᠪᠦᠷᠢᠶ᠎ᠡ︾ | ᠲᠠᠯᠪᠢᠭᠰᠠᠨ ᠦᠭᠡᠢ ᠴᠦ ᠡᠯᠢᠭᠡᠨ ᠤ ᠴᠢᠰᠣ ᠲᠡᠭᠡᠭᠰᠢ ᠲᠦᠯᠬᠢᠯᠡᠵᠦ᠂ ᠬᠠᠮᠠᠷ ᠤᠨ ᠦᠵᠦᠭᠦᠷ ᠢ ᠬᠠᠪᠴᠢᠭᠠᠳ | ᠨᠢᠯᠪᠣᠰᠣ ᠪᠣᠯᠣᠨ ᠪᠦᠮᠪᠦᠷᠢᠯ᠎ᠡ᠃ | 69 ᠨᠠᠰᠣᠳᠠᠢ ᠠᠬᠠᠮᠠᠳ ᠺᠠᠳ᠋ᠷ᠂ ᠲᠡᠦᠬᠡᠴᠢᠨ᠂ ᠮᠣᠩᠭᠤᠯ ᠲᠡᠦᠬᠡ ᠰᠣᠳᠣᠯᠣᠯ ᠤᠨ ᠨᠡᠶᠢᠭᠡᠮᠯᠢᠭ ᠤᠨ ᠲᠡᠳ᠋ | ᠲᠠᠷᠤᠭ᠎ᠠ ᠺᠦᠢ ᠯᠠᠢ ᠲᠣᠸᠠᠨ ᠠᠴᠠ᠄ ︽ᠰᠢᠩ ᠮᠧᠡᠭ ᠮᠣᠩᠭᠤᠯ ᠦᠨᠳᠦᠰᠦᠳᠡᠨ ᠤ ᠰᠢᠶᠠᠩ ᠪᠣᠯ ᠴᠢᠯᠠᠭᠤᠨᠨᠠᠭᠤᠷ ᠤᠨ | ᠪᠠᠷᠠᠭᠤᠨ ᠬᠦᠪᠡᠭᠡᠨ ᠳᠠᠬᠢ ᠴᠢᠯᠠᠭᠤ ᠠᠭᠤᠯᠠ ᠶᠢᠨ ᠬᠤᠷᠮᠣᠢ ᠳᠤ ᠪᠠᠶᠢᠷᠢᠰᠢᠵᠦ᠂ ᠶᠣᠸᠠᠨ ᠣᠯᠣᠰ ᠤᠨ ᠦᠶ᠎ᠡ ᠠᠴᠠ | ᠣᠳᠣ ᠳᠤ ᠲᠣᠯᠳᠠᠯ᠎ᠠ ᠣᠷᠣᠰᠢᠭᠰᠠᠭᠠᠷ ᠪᠠᠶᠢᠭ᠎ᠠ ᠮᠣᠩᠭᠤᠯ ᠰᠢᠶᠠᠩ ᠪᠣᠯᠣᠨ᠎ᠠ᠃ ᠪᠦᠬᠦ ᠰᠢᠶᠠᠩ ᠤᠨ ᠶᠡᠷᠦᠩᠬᠡᠢ | ᠲᠠᠯᠠᠪᠠᠢ ᠨᠢ 4.77 ᠲᠡᠭᠰᠢ ᠲᠦᠷᠪᠡᠯᠵᠢᠨ ᠺᠢᠯᠦᠮᠧᠲᠷ ᠲᠤ ᠬᠦᠷᠴᠦ ᠵᠦᠡᠭ ᠽᠦᠨ᠂ ᠪᠧᠢ ᠭᠧ ᠵᠡᠷᠭᠡ ᠲᠠᠪᠣᠨ | ᠵᠢᠵᠢᠭ ᠲᠣᠰᠬᠤᠨ ᠢ ᠬᠠᠮᠣᠷᠴᠦ᠂ ᠰᠢᠶᠠᠩ ᠤᠨ ᠵᠠᠰᠠᠬ ᠤᠨ ᠣᠷᠳᠣᠨ ᠨᠢ ᠪᠧᠢ ᠭᠧ ᠲᠣᠰᠬᠤᠨ ᠳᠤ ᠰᠠᠭᠤᠷᠢᠰᠢᠵᠦ | ᠪᠠᠶᠢᠳᠠᠬ᠃ ᠪᠦᠬᠦ ᠰᠢᠶᠠᠩ ᠳᠤ 1800 ᠡᠷᠦᠬᠡ ᠪᠠᠶᠢᠵᠦ᠂ ᠶᠡᠷᠦᠩᠬᠡᠢ ᠬᠦᠮᠦᠨ ᠠᠮᠠ ᠶᠢᠨ ᠲᠤᠭ᠎ᠠ 5682 | ᠬᠦᠮᠦᠨ ᠳᠤ ᠬᠦᠷᠴᠦ᠂ ᠡᠭᠦᠨ ᠳᠤ ᠮᠣᠩᠭᠤᠯ ᠦᠨᠳᠦᠰᠦᠳᠡᠨ ᠤ ᠬᠦᠮᠦᠨ ᠤ ᠲᠤᠭ᠎ᠠ 5352 ᠬᠦᠮᠦᠨ ᠪᠠᠶᠢᠵᠦ ᠪᠦᠬᠦ | ᠬᠦᠮᠦᠨ ᠠᠮᠠ ᠶᠢᠨ 96.83% ᠶᠢ ᠡᠵᠡᠯᠡᠳᠡᠭ︾ ᠭᠡᠵᠦ ᠲᠠᠨᠢᠯᠴᠠᠭᠤᠯᠵᠦ ᠭᠠᠷᠪᠠ᠃ | ᠰᠢᠩ ᠮᠧᠡᠭ ᠰᠢᠶᠠᠩ ᠪᠣᠯ ᠦᠨᠢ ᠣᠳᠠᠭᠠᠨ ᠲᠡᠦᠬᠡ ᠲᠠᠢ ᠭᠠᠵᠠᠷ ᠪᠣᠯᠣᠨ᠎ᠠ᠃ 1253 ᠣᠨ ᠳᠤ | ᠬᠤᠪᠢᠯᠠᠢ ᠠᠴᠠ ᠠᠷᠪᠠᠨ ᠲᠦᠮᠡᠨ ᠶᠡᠭᠡ ᠴᠡᠷᠢᠭ ᠲᠠᠶᠢᠴᠢᠯᠠᠵᠦ᠂ ᠰᠦᠪᠡᠭᠡᠳᠡᠢ ᠶᠢᠨ ᠠᠬᠠᠮᠠᠳ ᠬᠦᠪᠡᠭᠦᠨ | ᠣᠷᠢᠶᠠᠩᠬᠠᠳᠠᠢ ᠪᠠᠷ ᠴᠡᠷᠢᠭ ᠲᠠᠶᠢᠨ ᠢ ᠶᠡᠷᠦᠩᠬᠡᠢ ᠵᠠᠬᠢᠷᠤᠭᠤᠯᠵᠤ ᠳ᠋ᠠᠯᠢ ᠣᠯᠣᠰ ᠢ ᠲᠠᠶᠢᠯᠠᠬᠤ ᠪᠠᠷ ᠮᠣᠷᠳᠠᠪᠠ᠃ | ᠲᠣᠬᠠᠢ ᠶᠢᠨ ᠦᠶᠡᠰ ᠶᠦᠨᠨᠡᠨ ᠤ ᠪᠦᠬᠦ᠋ᠢᠯᠡ ᠭᠠᠵᠠᠷ ᠣᠷᠣᠨ ᠨᠢ ᠳ᠋ᠠᠯᠢ ᠣᠯᠣᠰ ᠤᠨ ᠬᠠᠷᠢᠶᠠᠨ ᠳᠤ ᠪᠠᠶᠢᠵᠠᠢ᠃ | ᠶᠦᠨᠨᠠᠨ ᠪᠣᠯ ᠬᠢᠯᠢ ᠬᠢᠵᠠᠭᠠᠷ ᠣᠷᠣᠨ ᠳᠤ ᠪᠠᠶᠢᠷᠢᠰᠢᠵᠦ᠂ ᠣᠯᠠᠨ ᠦᠨᠳᠦᠰᠦᠳᠡᠨ ᠣᠷᠣᠰᠢᠨ ᠠᠮᠢᠳᠣᠷᠠᠳᠠᠬ ᠠᠴᠠ | ᠲᠠᠶᠢᠨ ᠪᠠᠶᠢᠯᠳᠣᠭᠠᠨ ᠤ ᠴᠢᠬᠤᠯᠠ ᠣᠷᠣᠨ ᠪᠢᠯᠡ᠃ ᠳ᠋ᠠᠯᠢ ᠣᠯᠣᠰ ᠪᠣᠯ ᠲᠠᠩ ᠣᠯᠣᠰ ᠤᠨ ᠦᠶ᠎ᠡ ᠶᠢᠨ ᠨᠠᠨᠱᠣᠣ | ᠣᠯᠣᠰ ᠮᠦᠨ᠃ 1253 ᠣᠨ ᠤ 8 ᠰᠠᠷ᠎ᠠ ᠳᠤ ᠶᠦᠨᠨᠠᠨ ᠢ ᠲᠠᠶᠢᠯᠠᠬᠤ ᠴᠡᠷᠢᠭ ᠯᠢᠨ ᠲᠣᠣ ᠠᠴᠠ ᠰᠠᠯᠵᠦ | ᠲᠦᠪᠡᠳ ᠣᠷᠣᠨ ᠳᠤ ᠪᠠᠢ ᠯᠦᠡᠭ ᠵᠢᠶᠠᠩ ᠮᠦᠷᠡᠨ ᠤ ᠰᠠᠯᠪᠣᠷᠢ ᠣᠷᠣᠰᠬᠠᠯ ᠪᠣᠣ ᠽᠦᠸᠧ ᠾᠧ ᠭᠤᠣᠯ ᠤᠨ | ᠬᠠᠪᠢ ᠳᠠᠬᠢ ︽ᠲᠠᠯ᠎ᠠ︾ ᠬᠡᠮᠡᠬᠦ ᠭᠠᠵᠠᠷ ᠴᠡᠷᠢᠭ ᠢᠶᠠᠨ ᠭᠤᠷᠪᠠᠨ ᠬᠡᠰᠡᠭ ᠬᠤᠪᠢᠶᠠᠵᠦ᠂ ᠪᠠᠷᠠᠭᠤᠨ ᠵᠠᠮ ᠤᠨ ᠴᠡᠷᠢᠭ ᠢ | ᠣᠷᠢᠶᠠᠩᠬᠠᠳᠠᠢ ᠵᠠᠬᠢᠷᠴᠦ᠂ ᠲᠣᠮᠳᠠ ᠵᠠᠮ ᠤᠨ ᠴᠡᠷᠢᠭ ᠢ ᠬᠤᠪᠢᠯᠠᠢ ᠦᠪᠡᠷᠳᠡᠭᠡᠨ ᠵᠠᠬᠢᠷᠴᠦ᠂ ᠵᠡᠭᠦᠨ ᠵᠠᠮ ᠤᠨ | ᠴᠡᠷᠢᠭ ᠢ ᠴᠣᠤᠬᠠ ᠢᠬᠢᠷᠢ ᠵᠠᠬᠢᠷᠪᠠ᠃ ᠣᠷᠢᠶᠠᠩᠬᠠᠳᠠᠢ ᠶᠢᠨ ᠲᠠᠭᠠᠭᠤᠯᠣᠭᠰᠠᠨ ᠪᠠᠷᠠᠭᠤᠨ ᠵᠠᠮ ᠤᠨ ᠴᠡᠷᠢᠭ ᠳ᠋ᠠᠨᠳᠠᠩ | ᠯᠢᠩ ᠲᠠᠪᠠᠭ᠎ᠠ ︵ᠡᠳᠦᠭᠡᠬᠢ ᠶᠦᠨᠨᠠᠨ ᠤ ᠵᠦᠡᠭᠳᠢᠶᠡᠨ ᠤ ᠬᠢᠯᠢ ᠳᠤ ᠪᠣᠢ︶ ᠪᠠᠷ ᠶᠦᠨᠨᠠᠨ ᠤ ᠬᠢᠵᠠᠭᠠᠷ ᠲᠤ ᠣᠷᠣᠵᠦ | ᠴᠠᠭᠠᠵᠠᠩ ︵ᠡᠳᠦᠭᠡ ᠶᠢᠨ ᠶᠦᠨᠨᠠᠨ ᠤ ᠯᠢᠵᠢᠶᠠᠩ︶ ᠢ ᠡᠵᠡᠯᠡᠵᠦ ᠪᠣᠰᠣᠳ ᠬᠤᠶᠠᠷ ᠵᠠᠮ ᠤᠨ ᠴᠡᠷᠢᠭ ᠲᠠᠢ ᠬᠠᠮᠵᠢᠨ | ᠳ᠋ᠠᠯᠢ ᠣᠯᠣᠰ ᠢ ᠴᠣᠬᠢᠪᠠ᠃ 1254 ᠣᠨ ᠳᠤ ᠣᠷᠢᠶᠠᠩᠬᠠᠳᠠᠢ ᠴᠡᠷᠢᠭ ᠠᠪᠴᠦ ᠵᠡᠭᠦᠨᠰᠢ ᠠᠶᠠᠯᠠᠨ᠂ ᠳ᠋ᠠᠯᠢ | ᠣᠯᠣᠰ ᠤᠨ ᠲᠠᠭᠠᠯᠳᠠ ᠨᠡᠶᠢᠰᠯᠡᠯ ᠱᠠᠨᠴᠠᠨ ᠢ ᠲᠣᠪᠳᠣᠯᠪᠠ᠃ 1255 ᠣᠨ ᠳᠤ ᠣᠷᠢᠶᠠᠩᠬᠠᠳᠠᠢ ᠬᠦᠪᠡᠭᠦᠨ | ᠠᠵᠣ ᠪᠠᠷ ᠴᠡᠷᠢᠭ ᠲᠠᠶᠢᠴᠢᠯᠠᠭᠤᠯᠣᠨ ᡂᠢ ᠲᠤ ᠭᠧ ︵ᠡᠳᠦᠭᠡᠬᠢ ᠭᠦᠢᠵᠧᠦ ᠶᠢᠨ ᠪᠠᠷᠠᠭᠤᠨ ᠬᠡᠰᠡᠭ︶᠂ ᠯᠣᠯᠣᠰ ︵ | ᠡᠳᠦᠭᠡᠬᠢ ᠰᠧᠴᠦᠧᠠᠨ ᠤ ᠯᠢᠶᠠᠩᠱᠠᠨ ᠣᠷᠣᠨ︶ ᠢ ᠲᠣᠪᠳᠣᠯᠠᠭᠤᠯᠪᠠ᠃ ᠣᠷᠢᠶᠠᠩᠬᠠᠳᠠᠢ ᠴᠡᠷᠢᠭ ᠠᠪᠴᠦ | ᠢᠷᠡᠭᠰᠡᠨ ᠠᠴᠠ ᠢᠨᠠᠭᠰᠢᠬᠢ ᠬᠤᠶᠠᠷ ᠵᠢᠯ ᠳᠤ᠂ ᠮᠣᠩᠭᠤᠯ ᠴᠡᠷᠢᠭ ᠳ᠋ᠠᠯᠢ ᠶᠢᠨ ᠡᠯ᠎ᠡ ᠠᠶᠢᠮᠠᠬ ᠤᠳ ᠢ ᠣᠷᠢᠳ | ᠬᠤᠵᠢᠳ ᠴᠦᠮ ᠲᠠᠶᠢᠯᠠᠨ ᠲᠠᠭᠠᠭᠤᠯᠪᠠ᠃ 1256 ᠣᠨ ᠳᠤ ᠳ᠋ᠠᠯᠢ ᠣᠯᠣᠰ ᠤᠨ ᠳ᠋ᠣᠧᠠᠨ ᠰᠢᠩ ᡁᠢ ᠮᠦᠡᠭᠬᠡ | ᠬᠠᠭᠠᠨ ᠳᠤ ᠳ᠋ᠠᠯᠢ ᠶᠢᠨ ᠭᠠᠵᠠᠷ ᠤᠨ ᠵᠢᠷᠤᠬ ᠢ ᠡᠷᠭᠦᠭᠰᠡᠨ ᠠᠴᠠ ᠤᠷᠢᠶᠠᠩᠬᠠᠲᠠᠢ ᠳ᠋ᠠᠯᠢ ᠣᠯᠣᠰ ᠤᠨ ᠣᠣᠯ ᠤᠨ 37 | ᠠᠶᠢᠮᠠᠬ ᠣᠭᠰᠠᠭ᠎ᠠ ᠶᠢ 19 ᠯᠦ ᠹᠦ᠋ ᠪᠣᠯᠭᠠᠨ ᠴᠣᠮᠬᠠᠳᠬᠠᠵᠦ᠂ ᠲᠦᠮᠡᠳᠦ ᠶᠢᠨ ᠲᠣᠣᠷ᠎ᠠ ᠪᠠᠰᠠ ᠮᠢᠩᠭᠠᠳᠦ | ᠵᠠᠭᠤᠳᠦ ᠶᠢ ᠪᠠᠶᠢᠭᠤᠯᠵᠦ᠂ ᠮᠣᠩᠭᠤᠯ ᠤᠨ ᠢᠵᠠᠭᠤᠷᠳᠠᠨ ᠤ ᠶᠦᠨᠨᠠᠨ ᠳᠠᠬᠢ ᠨᠣᠶᠠᠷᠬᠠᠯ ᠢᠶᠠᠨ ᠲᠣᠭᠳᠠᠭᠠᠵᠦ᠂ | ᠬᠤᠵᠢᠮ ᠤᠨ ᠶᠦᠨᠨᠠᠨ ᠵᠠᠬᠢᠷᠭᠠᠨ ᠮᠣᠵᠢ ᠪᠠᠶᠢᠭᠤᠯᠬᠤ ᠳᠤ ᠰᠠᠭᠤᠷᠢ ᠲᠠᠯᠪᠢᠵᠦ ᠦᠭᠪᠡ᠃ ᠳ᠋ᠠᠯᠢ ᠣᠯᠣᠰ ᠮᠦᠬᠦᠵᠦ | ᠲᠦᠡᠭ ᠬᠠᠢ᠂ ᠰᠢᠵᠢᠶᠠᠩ᠂ ᠵᠢᠶᠠᠨ ᠱᠦᠢ ᠵᠡᠷᠭᠡ ᠶᠢᠨ ᠭᠠᠵᠠᠷ ᠣᠷᠣᠨ ᠨᠢ ᠪᠦᠬᠦᠨ ᠢᠶᠠᠷ ᠢᠶᠠᠨ ᠮᠣᠩᠭᠤᠯᠴᠣᠳ ᠤᠨ | ᠡᠷᠬᠡᠰᠢᠶᠡᠯ ᠳᠤ ᠣᠷᠣᠪᠠ᠃ | ᠮᠣᠩᠭᠤᠯᠴᠣᠳ ᠲᠣᠰ ᠭᠠᠵᠠᠷ ᠣᠷᠣᠨ ᠢ ᠡᠷᠬᠡᠰᠢᠶᠡᠭᠰᠡᠨ ᠤ ᠲᠠᠷᠠᠭ᠎ᠠ ᠮᠦᠨ ᠯᠡ ᠴᠢᠬᠤᠯᠠᠴᠢᠯᠠᠨ ᠦᠵᠡᠵᠦ᠂ | ᠶᠣᠸᠠᠨ ᠣᠯᠣᠰ ᠤᠨ ᠲᠠᠶᠢᠨ ᠪᠠᠶᠢᠯᠳᠣᠭᠠᠨ ᠤ ᠴᠢᠬᠤᠯᠠ ᠭᠠᠵᠠᠷ ᠣᠷᠣᠨ ᠪᠣᠯᠭᠠᠵᠠᠢ᠃ ᠮᠣᠩᠭᠤᠯ ᠴᠡᠷᠢᠭ ᠵᠢᠢ ᠯᠦ | ᠪᠠ ᠳᠤ ᠣᠷᠣᠭᠰᠠᠨ ᠤ ᠲᠠᠷᠠᠭ᠎ᠠ᠂ ᠴᠢᠦᠢ ᠲᠦᠸᠧ ᠭᠤᠸᠠᠨ᠂ ᠮᠦ ᠴᠧᠡᠭ ᠱᠠᠨ᠂ ᠯᠢᠦ ᠯᠢ ᠱᠠᠨ᠂ ᠴᠢᠯᠠᠭᠤ ᠠᠭᠤᠯᠠ | ᠂ ᠵᠩᠡ ᠴᠠᠶᠢᠵᠠ᠂ ᠵᠡᠭᠦᠨ ᠪᠠᠷᠠᠭᠤᠨ ᠬᠠᠭᠤᠴᠢᠨ ᠬᠤᠳᠠ᠂ ᠲᠠᠲ᠋ᠠᠷ ᠬᠦᠷᠢᠶ᠎ᠡ᠂ ᠶᠣᠸᠠᠨ ᠱᠠᠨ ᠪᠣᠣ ᠵᠡᠷᠭᠡ ᠶᠢᠨ | ᠭᠠᠵᠠᠷ ᠣᠷᠣᠨ ᠢ ᠸᠠᠨᠶ᠋ᠢᠨᠪᠣᠬᠠ᠂ ᠸᠠᠨᠵᠡᠪᠣᠬᠠ ᠵᠡᠷᠭᠡ ᠶᠢᠨ ᠬᠤᠶᠠᠷ ᠵᠠᠩᠵᠣᠨ 300 ᠮᠣᠩᠭᠤᠯ ᠴᠡᠷᠢᠭ ᠲᠠᠶᠢᠴᠢᠯᠠᠨ | ᠰᠠᠬᠢᠨ ᠬᠠᠮᠠᠭᠠᠯᠠᠪᠠ᠃ ᡁᠢ ᠶᠣᠸᠠᠨ ᠤ ᠬᠤᠷᠢᠨ ᠣᠨ ︵1283 ᠣᠨ︶ ᠳᠤ ᠴᠢᠦᠢ ᠳ᠋ᠦᠸᠧ ᠭᠤᠸᠠᠨ | ᠪᠣᠭᠤᠮᠳᠠ ᠳᠤ ᠶᠣᠧᠠᠨᠱᠦᠧᠠᠢ ᠶᠢᠨ ᠵᠠᠬᠢᠷᠭᠠᠨ ᠤ ᠣᠷᠳᠣᠨ ᠢ ᠪᠠᠶᠢᠭᠤᠯᠵᠦ᠂ ᠠᠯᠣᠬᠠᠳᠡᠮᠦᠷ ᠱᠠᠨᠰᠢ ᠶᠢᠨ ᠱᠢ | ᠠᠨ ᠠᠴᠠ ᠠᠷᠪᠠᠨ ᠲᠠᠪᠣᠨ ᠠᠩᠬᠢ ᠴᠡᠷᠢᠭ ᠲᠠᠭᠠᠭᠤᠯᠣᠨ ᠢᠷᠡᠵᠦ ᠴᠢᠦᠢ ᠲᠦᠸᠧ ᠭᠤᠸᠠᠨ ᠪᠣᠭᠤᠮᠳᠠ ᠶᠢ ᠰᠠᠬᠢᠵᠦ | ᠶᠣᠧᠠᠠᠱᠦᠧᠠᠢ ᠶᠢᠨ ᠲᠣᠰᠢᠶᠠᠯ ᠢ ᠬᠠᠷᠢᠭᠤᠴᠠᠪᠠ᠃ ᠶᠠᠭᠤᠨ ᠳᠤ ᠡᠨᠡ ᠪᠣᠭᠤᠮᠳᠠ ᠳᠤ ᠣᠷᠳᠣᠨ ᠪᠠᠶᠢᠭᠤᠯᠣᠭᠰᠠᠨ | ᠲᠣᠬᠠᠢ ᠺᠦᠢ ᠯᠠᠢ ᠲᠣᠧᠠᠨ ᠠᠴᠠ᠄ ︽ᠲᠣᠬᠠᠢ ᠶᠢᠨ ᠦᠶ᠎ᠡ ᠳᠤ ᠬᠤᠪᠢᠯᠠᠢ ᠬᠠᠭᠠᠨ ᠤ 10 ᠲᠦᠮᠡᠨ ᠴᠡᠷᠢᠭ ᠴᠢᠦᠢ | ᠳ᠋ᠦᠸᠧ ᠭᠤᠸᠠᠨ ᠳᠤ ᠢᠷᠡᠭᠡᠳ ᠴᠡᠷᠢᠭ ᠮᠣᠷᠢ ᠶᠠᠳᠠᠷᠠᠵᠦ ᠵᠦᠳᠡᠷᠡᠬᠦ ᠶᠢᠨ ᠲᠦᠢᠯ ᠳᠤ ᠲᠣᠯᠵᠦ ᠣᠰᠣ ᠲᠣᠳᠠᠭᠠᠳ | ᠠᠮᠢ ᠪᠣᠯᠢᠶᠠᠯᠳᠣᠬᠤ ᠬᠡᠮᠵᠢᠶᠡᠨ ᠳᠤ ᠬᠦᠷᠴᠦ ᠭᠡᠨ᠎ᠡ᠃ ᠲᠡᠭᠡᠬᠦ ᠪᠠᠷ ᠬᠤᠪᠢᠯᠠᠢ ᠬᠠᠭᠠᠨ ᠤ ᠣᠨᠣᠭᠰᠠᠨ ᠬᠤᠪᠢᠯᠭᠠᠨ | ᠬᠦᠯᠦᠭ ᠨᠢ ᠭᠡᠨᠡᠳᠳᠡ ᠲᠡᠭᠡᠭᠰᠢ ᠦᠰᠦᠷᠬᠢᠯᠡᠨ ᠴᠦᠢᠯᠠᠵᠦ ᠴᠢᠦᠢ ᠳ᠋ᠦᠸᠧ ᠭᠤᠸᠠᠨ ᠪᠣᠭᠤᠮᠳᠠ ᠶᠢᠨ ᠡᠮᠦᠨ᠎ᠡ | ᠬᠠᠷᠢ ᠳᠤ ᠰᠣᠮᠣᠳᠠᠨ ᠣᠴᠢᠭᠠᠳ ᠴᠠᠪᠴᠢᠯᠠᠨ ᠴᠠᠪᠴᠢᠯᠠᠨ ᠦᠦᠷᠰᠡᠵᠦ᠂ ᠦᠦᠷᠰᠡᠨ ᠦᠦᠷᠰᠡᠨ ᠴᠠᠪᠴᠢᠯᠠᠭᠰᠠᠭᠠᠷ | ᠨᠢᠭᠡᠨ ᠪᠣᠯᠠᠬ ᠢ ᠣᠷᠭᠢᠯᠣᠭᠤᠯᠣᠨ ᠭᠠᠷᠭᠠᠵᠦ᠂ ᠴᠡᠷᠢᠭ ᠮᠣᠷᠢᠳ ᠤᠨ ᠠᠮᠢ ᠶᠢ ᠨᠢ ᠠᠪᠣᠷᠠᠭᠰᠠᠨ ᠭᠡᠳᠡᠭ᠃ ᠣᠳᠣ ᠴᠦ | ᠲᠣᠰ ᠪᠣᠯᠠᠬ ᠢ ︿ᠮᠣᠷᠢ ᠴᠡᠪᠴᠢᠯᠡᠬᠰᠡᠨ ᠪᠣᠯᠠᠬ﹀ ᠭᠡᠵᠦ ᠨᠡᠷᠡᠯᠡᠭᠡᠳ ᠣᠡᠭᠭᠤᠯᠠᠨ ᠲᠠᠬᠢᠵᠦ ᠪᠠᠶᠢᠨ᠎ᠠ︾ ᠭᠡᠪᠡ᠃ | ᠺᠦᠢ ᠯᠠᠢ ᠲᠣᠸᠠᠨ ᠠᠴᠠ᠄ ︽ᠶᠠᠬ ᠡᠨᠡ ᠦᠶᠡᠰ ᠢᠶᠠᠷ ᠣᠳᠣ ᠶᠢᠨ ᠴᠢᠯᠠᠭᠤᠨᠨᠠᠭᠤᠷ ᠨᠢ ᠲᠣᠬᠠᠢ ᠶᠢᠨ ᠦᠶ᠎ᠡ ᠶᠢᠨ ︿ | ᠬᠠᠢ ᠾᠧ ᠲᠠᠯᠠᠢ﹀ ᠪᠠᠶᠢᠭᠰᠠᠨ ᠭᠡᠨ᠎ᠡ᠃ ᠬᠠᠢ ᠾᠧ ᠲᠠᠯᠠᠢ ᠭᠡᠨᠡᠳᠳᠡ ᠪᠠᠷ ᠣᠰᠣᠨ ᠲᠦᠪᠰᠢᠨ ᠨᠢ ᠲᠣᠷᠣᠭᠰᠢᠯᠠᠵᠦ | ᠂ ᠣᠮᠠᠷ᠎ᠠ ᠲᠠᠯ᠎ᠠ ᠪᠠᠷ ᠨᠢ ᠴᠢᠯᠠᠭᠤᠨ ᠠᠭᠤᠯᠠ ᠦᠷᠭᠦᠯᠵᠢᠯᠡᠨ ᠡᠮᠦᠨ᠎ᠡ ᠲᠠᠯ᠎ᠠ ᠪᠠᠷ ᠨᠢ ᠡᠪᠡᠰᠦ ᠬᠤᠯᠣᠰᠣ | ᠦᠷᠭᠦᠯᠵᠢᠯᠡᠭᠰᠡᠨ ᠶᠡᠭᠡ ᠨᠠᠭᠤᠷ ᠪᠣᠯᠣᠨ ᠬᠤᠪᠢᠷᠠᠵᠠᠢ᠃ ᠴᠢᠯᠠᠭᠤᠨ ᠠᠭᠤᠯᠠ ᠪᠣᠢ ᠪᠣᠯᠣᠭᠰᠠᠨ ᠠᠴᠠ ᠮᠣᠩᠭᠤᠯᠴᠣᠳ | ᠡᠨᠡ ᠠᠭᠤᠯᠠ ᠶᠢ ᠴᠢᠯᠠᠭᠤᠨ ᠠᠭᠤᠯᠠ ᠭᠡᠵᠦ ᠡᠨᠡ ᠨᠠᠭᠤᠷ ᠢ ᠴᠢᠯᠠᠭᠤᠨᠨᠠᠭᠤᠷ ᠭᠡᠳᠡᠭ︾ ᠭᠡᠪᠡ᠃ ᠢᠡᠭᠭᠢᠬᠦ ᠪᠠᠷ ᠢᠶᠠᠨ | ᠡ᠊ᠨᠳᠡᠬᠢ ᠮᠣᠩᠭᠤᠯᠴᠣᠳ ᠦᠪᠡᠷ ᠢ ᠪᠠᠨ ᠪᠠᠰᠠ ︽ᠴᠢᠯᠠᠭᠤᠨᠨᠠᠭᠤᠷ ᠤᠨ ᠮᠣᠩᠭᠤᠯᠴᠣᠳ︾ ᠭᠡᠵᠦ ᠶᠠᠷᠢᠳᠠᠬ᠃ | 1381 ᠣᠨ ᠪᠣᠯᠵᠦ᠂ ᠵᠦ ᠶᠣᠸᠠᠨ ᠵᠠᠩ 30 ᠲᠦᠮᠡᠨ ᠶᠡᠭᠡ ᠴᠡᠷᠢᠭ ᠲᠠᠶᠢᠴᠢᠯᠠᠨ ᠬᠤᠪᠢᠯᠠᠢ ᠬᠠᠭᠠᠨ ᠤ | ᠪᠠᠶᠢᠭᠤᠯᠣᠭᠰᠠᠨ ᠮᠣᠩᠭᠤᠯ ᠲᠦᠷᠦ ᠶᠢ ᠨᠢᠭᠡᠳᠭᠡᠬᠦ ᠪᠠᠷ ᠨᠦᠷᠢᠨ ᠲᠠᠭᠠᠷᠢᠯᠠ᠃ ᠵᠢᠱᠢᠶᠡᠯᠡᠪᠡᠯ᠂ ᠺᠦᠨᠮᠢᠩ ᠤᠨ | ᠬᠠᠪᠢ ᠶᠢᠨ ᡂᠢ ᠵᠢᠩ ᠣᠷᠣᠨ ᠢᠶᠠᠷ ᠵᠠᠷᠯᠠᠭᠰᠠᠨ ︽ᠪᠠᠢ ᠱᠢ ᠵᠢᠶᠠᠩ ᠤᠨ ᠲᠠᠶᠢᠯᠠᠯᠳᠣᠭᠠᠨ︾ ᠳᠤ ᠨᠢᠭᠡᠯᠡ | ᠣᠳᠠᠭ᠎ᠠ ᠳᠤ ᠮᠣᠩᠭᠤᠯ ᠴᠡᠷᠢᠭ ᠭᠤᠷᠪᠠᠨ ᠲᠦᠮᠡ ᠪᠠᠷ ᠰᠦᠢᠳᠴᠦ᠂ ᠲᠡᠭᠦᠨ ᠠᠴᠠ ᠲᠠᠷᠠᠭ᠎ᠠ ᠵᠦ ᠶᠣᠸᠠᠨ ᠵᠠᠩ ᠠᠴᠠ | ᠮᠣᠩᠭᠤᠯ ᠬᠦᠮᠦᠨ ᠢ ᠲᠠᠭᠠᠷᠠᠪᠠᠯ ᠠᠯᠠᠵᠦ᠂ ᠣᠯᠪᠠᠯ ᠬᠢᠳᠣᠵᠦ᠂ ᠮᠣᠩᠭᠤᠯᠴᠣᠳ ᠤᠨ ᠬᠤᠪᠢ ᠵᠠᠶᠠᠭ᠎ᠠ ᠣᠷᠤᠭ᠎ᠠ | ᠪᠣᠰᠬᠠᠭ᠎ᠠ ᠴᠠᠬ ᠦᠶ᠎ᠡ ᠳᠤ ᠣᠷᠣᠪᠠ᠃ | ᠶᠦᠨᠨᠠᠨ ᠣᠷᠣᠨ ᠢ ᠰᠠᠬᠢᠭᠰᠠᠨ ᠬᠠᠮᠤᠬ ᠰᠡᠭᠦᠯ ᠤᠨ ᠯᠢᠶᠠᠩ ᠸᠠᠩ ︵ᠪᠠᠵᠠᠯᠠ︶ ᠡᠴᠦᠰ ᠲᠡᠭᠡᠨ ᠠᠷᠭ᠎ᠠ | ᠮᠣᠬᠤᠷᠳᠠᠵᠦ ᠦᠯᠡᠳᠡᠭᠰᠡᠨ 200 ᠢᠯᠡᠬᠦᠦ ᠴᠡᠷᠢᠭ ᠢᠶᠠᠨ ᠲᠠᠭᠠᠭᠤᠯᠣᠨ ᠳ᠋ᠢᠶᠠᠨ ᡂᠢ ᠬᠡᠮᠡᠬᠦ ᠨᠠᠮᠣᠬᠳᠦ ᠭᠠᠵᠠᠷ ᠮᠣᠷᠢ | ᠴᠡᠷᠢᠭ ᠲᠠᠢ ᠪᠠᠨ ᠦᠰᠦᠷᠬᠢᠯᠡᠨ ᠠᠮᠢ ᠪᠠᠨ ᠶᠡᠭᠦᠳᠭᠡᠭᠰᠡᠨ ᠭᠡᠳᠡᠭ᠃ ᠺᠦᠢ ᠯᠠᠢ ᠲᠣᠸᠠᠨ ᠠᠴᠠ᠄ ︽ᠲᠣᠬᠠᠢ ᠶᠢᠨ | ᠦᠶᠡᠰ ᠮᠠᠨ ᠤ ᠲᠡᠭᠡᠳᠦᠰ ᠪᠠᠢ ᠦᠨᠳᠦᠰᠦᠳᠡᠨ ᠤ ᠬᠡᠯᠡ᠂ ᠢ ᠦᠨᠳᠦᠰᠦᠳᠡᠨ ᠤ ᠬᠡᠯᠡ᠂ ᠬᠢᠳᠠᠳ ᠬᠡᠯᠡ ᠪᠠ | ᠮᠣᠩᠭᠤᠯ ᠬᠡᠯᠡ ᠵᠡᠷᠭᠡ ᠶᠢᠨ ᠲᠦᠷᠪᠡᠨ ᠬᠡᠯᠡ ᠶᠢ ᠨᠡᠶᠢᠯᠡᠭᠦᠯᠦᠨ ᠬᠡᠨ ᠴᠦ ᠲᠦᠭᠦᠬᠡᠷᠡᠬᠦ ᠦᠭᠡᠢ ᠣᠳᠣ ᠶᠢᠨ ︿ | ᠺᠠᠵᠦ᠋ᠸᠧ﹀ ᠬᠡᠯᠡ ᠶᠢ ᠵᠣᠬᠢᠶᠠᠵᠦ ᠠᠮᠢ ᠵᠢᠭᠤᠵᠦ ᠣᠳᠣᠮ ᠢᠶᠠᠨ ᠵᠠᠯᠭᠠᠬᠤ ᠠᠷᠭ᠎ᠠ ᠣᠯᠣᠭᠰᠠᠨ ᠶᠣᠮ᠃ ᠡᠰᠡ | ᠲᠡᠶᠢᠮᠦ ᠪᠣᠯ ᠶᠣᠰᠣᠳᠠᠢ ᠤᠬ ᠳᠠᠰᠤᠷᠠᠵᠤ ᠣᠳᠣᠮ ᠬᠠᠷᠠᠯᠠᠵᠦ ᠬᠠᠶᠢᠯᠵᠦ ᠲᠠᠭᠤᠰᠣᠭᠰᠠᠨ ᠨᠢ ᠲᠡᠷᠡ ᠡ︕︾ ᠭᠡᠵᠦ | ᠨᠢᠯᠪᠣᠰᠣ ᠪᠦᠮᠪᠦᠷᠢᠭᠦᠯᠵᠦ ᠡᠭ᠍ᠰᠢᠵᠦ ᠪᠦᠭᠰᠢᠵᠦ ᠶᠠᠷᠢᠨ᠎ᠠ᠃ ᠦᠨᠦ ᠶᠢᠨ ᠰᠢᠩ ᠮᠧᠡᠭ ᠤᠨ ᠮᠣᠩᠭᠤᠯᠴᠣᠳ ᠪᠣᠯ | ᠣᠯᠠᠩᠬᠢ ᠨᠢ ᠶᠡᠭᠡ ᠴᠡᠷᠢᠭ ᠮᠣᠷᠢ ᠶᠢᠨ ᠲᠠᠭᠠᠭᠰᠠᠳ ᠪᠠ ᠠᠷᠣ ᠳᠠᠯ᠎ᠠ ᠶᠢᠨ ᠦᠢᠯᠡᠴᠢᠯᠡᠭᠡ ᠶᠢ ᠬᠠᠨᠭ᠍ᠭᠠᠵᠦ ᠪᠠᠶᠢᠭᠰᠠᠨ | ᠬᠦᠮᠦᠰ ᠪᠣᠯᠬᠤᠷ ᠴᠢᠯᠠᠭᠤᠨᠨᠠᠭᠤᠷ ᠤᠨ ᠬᠤᠯᠣᠰᠣᠨ ᠳᠤ ᠵᠢᠭᠠᠰᠣᠴᠢᠨ ᠢᠶᠠᠷ ᠣᠪᠯᠠᠵᠦ ᠠᠮᠢ ᠵᠢᠭᠤᠭᠰᠠᠨ 700 | ᠢᠯᠡᠭᠦᠦ ᠮᠣᠩᠭᠤᠯᠴᠣᠳ ᠤᠨ ᠬᠤᠶᠢᠴᠢᠰ ᠪᠣᠯᠣᠨ᠎ᠠ᠃ ᠰᠢᠩ ᠮᠧᠡᠭ ᠤᠨ ᠮᠣᠩᠭᠤᠯᠴᠣᠳ ᠣᠬ ᠢᠵᠠᠭᠤᠷ ᠢᠶᠠᠨ | ᠮᠠᠷᠳᠠᠬᠤ ᠦᠭᠡᠢ ᠶᠢᠨ ᠲᠦᠯᠦᠭᠡ᠂ ᠴᠢᠩᠬᠢᠰ ᠬᠠᠭᠠᠨ᠂ ᠮᠦᠡᠭᠬᠡ᠂ ᠬᠤᠪᠢᠯᠠᠢ᠂ ᠠᠯᠣᠬᠠᠳᠡᠮᠦᠷ ᠢ ᠬᠦᠨᠳᠦᠳᠭᠡᠨ | ᠲᠠᠬᠢᠳᠠᠬ᠃ ᠵᠢᠯ ᠴᠠᠭᠠᠨ ᠰᠠᠷ᠎ᠠ ᠪᠣᠯᠬᠤ ᠪᠦᠷᠢ ᠰᠢᠩ ᠮᠧᠡᠭ ᠤᠨ ᠮᠣᠩᠭᠤᠯᠴᠣᠳ ᠴᠢᠩᠬᠢᠰ ᠬᠠᠭᠠᠨ᠂ ᠮᠦᠡᠭᠬᠡ᠂ | ᠬᠤᠪᠢᠯᠠᠢ ᠭᠤᠷᠪᠠᠨ ᠬᠠᠭᠠᠨ ᠤ ᠬᠦᠷᠦᠭ ᠢ ᠰᠡᠦᠬᠡᠨ ᠳᠤ ᠵᠠᠯᠠᠵᠣ ᠲᠡᠮᠨᠠᠭᠠᠳ ᠠᠶᠢᠯ ᠪᠦᠷᠢ ᠶᠢᠨ ᠡᠭᠦᠳᠡᠨ ᠳᠤ ᠬᠦᠷᠴᠦ | ᠲᠡᠭᠡᠳᠦᠰ ᠲᠡᠭᠡᠨ ᠮᠦᠷᠭᠦᠵᠦ ᠣᠴᠠᠷᠠᠬᠤ ᠶᠢ ᠵᠠᠷᠯᠠᠳᠠᠬ ᠪᠠᠶᠢᠯ᠎ᠠ᠃ ᠲᠡᠭᠡᠬᠦ ᠪᠦᠷᠢ ᠵᠡᠭᠡᠯᠢ ᠭᠤᠳᠣᠮᠵᠢ ᠪᠠᠷ | ᠲᠦᠭᠦᠷᠡᠳᠡᠯ᠎ᠡ ᠮᠣᠩᠭᠤᠯᠴᠣᠳ ᠴᠣᠭᠯᠠᠷᠠᠯᠳᠣᠨ ᠲᠡᠭᠡᠳᠦᠰ ᠲᠡᠭᠡᠨ ᠣᠴᠠᠷᠠᠵᠦ᠂ ᠲᠠᠬᠢᠯᠭ᠎ᠠ ᠲᠠᠯᠪᠢᠨ ᠰᠦᠬᠦᠷᠡᠨ | ᠮᠦᠷᠭᠦᠭᠰᠡᠳ ᠭᠠᠵᠠᠷ ᠪᠣᠯᠭᠠᠨ ᠢᠶᠠᠷ ᠦᠷᠭᠦᠯᠵᠢᠯᠡᠵᠦ᠂ ᠠᠶ᠎ᠠ ᠲᠠᠭᠤᠣ᠂ ᠠᠯᠠᠭ᠎ᠠ ᠲᠠᠰᠢᠯᠳᠠ ᠶᠢᠨ ᠲᠣᠮᠳᠠ ᠬᠦᠷ | ᠨᠠᠶᠢᠷ ᠪᠢᠯᠬᠠᠷᠠᠳᠠᠬ᠃ ᠰᠣᠷᠪᠣᠯᠵᠢᠯᠠᠭ᠎ᠠ ᠲᠣᠮᠳᠠ ᠣᠶᠣᠨᠬᠤᠧᠠᠷ᠂ ᠰᠡᠴᠡᠨ ᠵᠡᠷᠭᠡ ᠶᠢᠨ ᠬᠡᠳᠦᠨ ᠡᠷᠦᠬᠡ ᠳᠤ | ᠪᠠᠭᠤᠭᠰᠠᠨ ᠳᠤ ᠡᠷᠦᠬᠡ ᠪᠦᠷᠢ ᠳᠤ ︽ᠲᠡᠭᠷᠢᠯᠢᠭ ᠬᠦᠪᠡᠭᠦᠨ ᠤ ᠬᠤᠶᠢᠴᠢᠰ︾ ᠭᠡᠳᠡᠭ ᠲᠣᠮᠣ ᠦᠰᠦᠭ ᠢ ᠪᠣᠭᠳᠠ | ᠡᠵᠡᠨ ᠤ ᠪᠠᠨ ᠬᠦᠷᠦᠭ ᠤᠨ ᠲᠣᠣᠷ᠎ᠠ ᠡᠯᠭᠦᠵᠦ᠂ ᠭᠡᠷ ᠤᠨ ᠬᠤᠶᠢᠮᠣᠷ ᠲᠠᠭᠠᠨ ᠵᠠᠯᠠᠭᠠᠳ ᠦᠪᠡᠷ ᠢ ᠪᠠᠨ | ᠣᠮᠣᠭᠰᠢᠭᠤᠯᠣᠨ ᠲᠠᠬᠢᠳᠠᠬ ᠢ ᠨᠢ ᠮᠡᠳᠡᠪᠡ᠃ 760 ᠭᠠᠷᠣᠢ ᠵᠢᠯ ᠤᠨ ᠲᠣᠷᠰᠢ ᠰᠢᠩ ᠮᠧᠡᠭ ᠮᠣᠩᠭᠤᠯᠴᠣᠳ ︽ | ᠮᠣᠩᠭᠤᠯ︾ ︽ᠮᠣᠩᠭᠤᠸᠠ︾ ︽ᠺᠠᠵᠦ᠋ᠸᠧ︾ ᠵᠡᠷᠭᠡ ᠶᠢᠨ ᠮᠣᠩᠭᠤᠯ ᠣᠨᠴᠠᠯᠢᠬᠳᠦ ᠨᠡᠷᠡᠶᠢᠳᠦᠯ ᠢᠶᠠᠷ ᠣᠳᠣ ᠳᠤ | ᠲᠣᠯᠳᠠᠯ᠎ᠠ ᠨᠡᠷᠡᠶᠢᠳᠦᠭᠳᠡᠵᠦ᠂ ᠦᠨᠳᠦᠰᠦᠳᠡᠨ ᠤ ᠣᠯᠠᠮᠵᠢᠯᠠᠯᠳᠦ ᠬᠤᠪᠴᠠᠰᠣ ᠵᠠᠰᠠᠯ ᠢᠶᠠᠨ ᠣᠳᠣ ᠳᠤ ᠲᠣᠯᠳᠠᠯ᠎ᠠ | ᠡᠮᠦᠰᠴᠦ᠂ ᠦᠪᠡᠷ ᠤᠨ ᠣᠨᠴᠠᠯᠢᠬ ᠪᠦᠬᠦᠢ ᠺᠠᠵᠣᠸᠧ ᠮᠣᠩᠭᠤᠯ ᠦᠭᠡ ᠬᠡᠯᠡ ᠪᠠᠷ ᠦᠵᠡᠯ ᠰᠠᠨᠠᠭ᠎ᠠ ᠪᠠᠨ | ᠰᠣᠯᠢᠯᠴᠠᠵᠦ᠂ ︽ᠺᠠᠵᠦ᠋ᠸᠧ︾ ᠦᠭᠡ ᠪᠠᠷ ᠢᠶᠠᠨ ᠲᠠᠭᠤᠣ ᠰᠢᠯᠦᠭ ᠵᠣᠬᠢᠶᠠᠵᠦ᠂ ᠮᠣᠩᠭᠤᠯ ᠠᠶ᠎ᠠ ᠲᠠᠭᠠᠷᠠᠭᠤᠯᠣᠨ | ᠬᠠᠨᠭ᠍ᠭᠢᠨᠠᠳᠠᠯ᠎ᠠ ᠲᠠᠭᠤᠯᠠᠵᠦ ᠪᠠᠶᠢᠨ᠎ᠠ᠃ ᠪᠢᠳᠡ ᠮᠣᠩᠭᠤᠯ ᠪᠠᠭ᠎ᠠ ᠰᠣᠷᠭᠠᠭᠤᠯᠢ ᠳᠤᠨᠢ ᠰᠣᠷᠪᠣᠯᠵᠢᠯᠠᠬᠤ ᠪᠠᠷ | ᠣᠴᠢᠬᠤ ᠳᠤ ᠰᠣᠷᠣᠭᠴᠢ ᠪᠣᠯᠭᠠᠨ ︽ᠪᠢᠳᠡ ᠪᠣᠯ ᠲᠠᠯ᠎ᠠ ᠨᠣᠳᠤᠬ ᠠᠴᠠ ᠢᠷᠡᠭᠰᠡᠨ ᠬᠦᠮᠦᠰ᠂ ᠮᠣᠩᠭᠤᠯ ᠤᠨ | ᠬᠤᠶᠢᠴᠢᠰ︕︾ ᠭᠡᠵᠦ ᠡᠷᠡᠰ ᠲᠠᠰᠣᠷᠬᠠᠢ ᠬᠠᠨᠭ᠍ᠭᠢᠨᠠᠳᠠᠯ᠎ᠠ ᠶᠠᠷᠢᠳᠠᠬ ᠡ︕ ᠲᠡᠳᠡ ᠪᠣᠯ ᠶᠣᠧᠠᠨ ᠣᠯᠣᠰ ᠠᠴᠠ | ᠨᠠᠰᠢᠬᠢ ᠮᠣᠩᠭᠤᠯ ᠤᠨ ᠣᠨᠴᠠᠯᠢᠬ ᠰᠢᠨᠵᠢ ᠪᠠᠨ ᠬᠠᠳᠠᠭᠠᠯᠠᠵᠦ ᠪᠠᠶᠢᠭ᠎ᠠ ᠶᠦᠨᠨᠡᠨ ᠳᠤ ᠪᠠᠶᠢᠭ᠎ᠠ ᠴᠣᠷ ᠤᠨ ᠭᠠᠭᠴᠠ | ᠠᠯᠳᠠᠨ ᠶᠠᠰᠣᠨ ᠤ ᠬᠡᠯᠳᠡᠷᠬᠡᠢ ᠪᠢᠯᠡ᠃ | ᠣᠯᠠᠭᠠᠨ ᠭᠠᠯᠠᠭᠤ ᠡᠮᠦᠨᠡᠰᠢ ᠨᠢᠰᠴᠦ ᠴᠢᠯᠠᠭᠤᠨᠨᠠᠭᠤᠷ ᠲᠤ ᠪᠠᠭᠤᠬᠤᠶᠠ | ᠣᠳᠣᠮ ᠢᠶᠠᠨ ᠰᠠᠨᠠᠭᠰᠠᠨ ᠵᠢᠷᠦᠬᠡᠨ ᠤ ᠬᠡᠯᠳᠡᠷᠬᠡᠢ ᠡᠭᠡᠰᠢᠭ ᠠᠯᠳᠠᠨ ᠮᠡᠭᠰᠢᠮᠣᠢ | ᠰᠢᠩ ᠮᠧᠡᠭ ᠮᠣᠩᠭᠤᠯᠴᠣᠳ ᠤᠨ ᠪᠡᠶ᠎ᠡ ᠶᠢᠨ ᠭᠠᠷᠣᠯ ᠢᠶᠠᠨ ︽ᠮᠤᠩᠭᠤᠯ︾ ᠬᠡᠮᠡᠨ ᠲᠤᠩᠬᠠᠭᠯᠠᠭᠰᠠᠨ | ᠪᠤᠯᠤᠨ ᠨᠡᠶᠢᠭᠡᠮ ᠨᠡᠶᠢᠳᠡ ᠳᠤ ᠮᠡᠳᠡᠷᠡᠭᠳᠡᠭᠰᠡᠨ ᠶᠠᠪᠤᠴᠠ ᠨᠢ ᠪᠠᠰᠠ ᠨᠡᠯᠢᠶᠡᠳ ᠥᠯᠢᠭᠡᠷ ᠲᠠᠢ ᠶᠣᠮ᠃ 1963 | ᠣᠨ ᠳᠤ ᠶᠦᠨᠨᠠᠨ ᠳᠤ ᠮᠣᠩᠭᠤᠯ ᠦᠨᠳᠦᠰᠦᠳᠡᠨ ᠪᠠᠶᠢᠬᠤ ᠴᠢᠮᠡᠭᠡ ᠪᠠᠷ᠂ ᠶᠦᠨᠨᠠᠨ ᠮᠣᠵᠢ ᠶᠢᠨ ᠨᠡᠶᠢᠭᠡᠮ ᠤᠨ | ᠰᠢᠨᠵᠢᠯᠡᠬᠦ ᠣᠬᠠᠭᠠᠨ ᠤ ᠬᠦᠷᠢᠶᠡᠯᠡᠩ ᠤᠨ ᠦᠨᠳᠦᠰᠦᠳᠡᠨ ᠤ ᠰᠣᠳᠣᠯᠭᠠᠨ ᠤ ᠭᠠᠵᠠᠷ ᠤᠨ ᠰᠣᠳᠣᠯᠣᠭᠴᠢ ᠳᠤ ᠢᠦᠢ | ᠲᠢᠩ ᠲᠣᠣᠷ᠎ᠠ ᠵᠢᠭᠠᠰᠣᠴᠢᠨ ᠲᠣᠰᠬᠤᠨ ᠳᠤ ᠬᠦᠷᠴᠦ ᠪᠠᠶᠢᠴᠠᠭᠠᠯᠳᠠ ᠬᠢᠭᠰᠡᠨ ᠪᠣᠯᠪᠠᠴᠦ ᠰᠣᠶᠣᠯ ᠤᠨ | ᠬᠤᠪᠢᠰᠬᠠᠯ ᠤᠨ ᠨᠦᠯᠦᠭᠡ ᠠᠴᠠ ᠪᠣᠯᠵᠦ ᠲᠠᠰᠣᠯᠠᠭᠳᠠᠪᠠ᠃ | 1976 ᠣᠨ ᠤ ᠲᠠᠪᠣᠨ ᠰᠠᠷ᠎ᠠ ᠳᠤ ᠲᠣᠬᠠᠢ ᠶᠢᠨ ᠦᠶ᠎ᠡ ᠶᠢᠨ ᠦᠪᠦᠷ ᠮᠣᠩᠭᠤᠯ ᠤᠨ ᠦᠨᠳᠦᠰᠦᠳᠡᠨ ᠤ | ᠪᠠᠭᠰᠢ ᠶᠢᠨ ᠲᠡᠭᠡᠳᠦ ᠰᠣᠷᠭᠠᠭᠤᠯᠢ ᠶᠢᠨ ᠮᠣᠩᠭᠤᠯ ᠬᠡᠯᠡᠨ ᠤ ᠰᠠᠯᠪᠣᠷᠢ ᠶᠢᠨ ᠳ᠋ᠠᠮᠪᠢᠵᠠᠯᠰᠠᠨ᠂ ᠯᠢᠨ ᠰᠧ᠂ ᠬᠠᠰᠡᠷᠳᠡᠨᠢ | ᠂ ᠴᠣᠭᠵᠦ ᠵᠡᠷᠭᠡ ᠶᠢᠨ ᠲᠦᠷᠪᠡᠨ ᠡᠷᠳᠡᠮᠳᠡᠨ ᠮᠣᠩᠭᠤᠯ ᠦᠨᠳᠦᠰᠦᠳᠡᠨ ᠢᠶᠠᠨ ᠡᠷᠢᠵᠦ ᠲᠠᠨᠢᠬᠤ ᠬᠠᠯᠠᠭᠤᠨ | ᠰᠡᠳᠭᠢᠯᠭᠡ ᠶᠢ ᠡᠪᠦᠷᠯᠡᠵᠦ᠂ ᠲᠣᠣᠷ᠎ᠠ ᠵᠢᠭᠠᠰᠣᠴᠢᠨ ᠲᠣᠰᠬᠤᠨ ᠳᠤ ᠬᠦᠷᠴᠦ ᠪᠠᠶᠢᠴᠠᠭᠠᠨ ᠰᠣᠳᠣᠯᠣᠯᠳᠠ ᠬᠢᠭᠰᠡᠨ ᠤ | ᠲᠠᠷᠠᠭ᠎ᠠ ︽ᠶᠦᠨᠨᠠᠨ ᠮᠣᠩᠭᠤᠯᠴᠣᠳ︾ ᠭᠡᠬᠦ ᠮᠣᠩᠭᠤᠯ ᠬᠢᠳᠠᠳ ᠬᠠᠪᠰᠣᠷᠭᠠᠭᠰᠠᠨ ᠵᠢᠷᠣᠭᠳᠦ ᠲᠡᠪᠳᠡᠷ ᠢ | ᠬᠡᠪᠯᠡᠭᠦᠯᠪᠡ᠃ ᠲᠣᠰ ᠲᠡᠪᠳᠡᠷ ᠲᠤ ᠶᠦᠨᠨᠠᠨ ᠮᠣᠩᠭᠤᠯᠴᠣᠳ ᠤᠨ ᠦᠭᠡ ᠬᠡᠯᠡᠨ ᠤ 20% ᠶᠢᠨ ᠦᠭᠡ ᠬᠡᠯᠡ ᠨᠢ | ᠦᠪᠦᠷ ᠮᠣᠩᠭᠤᠯ ᠤᠨ ᠮᠣᠩᠭᠤᠯᠴᠣᠳ ᠤᠨ ᠦᠭᠡ ᠬᠡᠯᠡ ᠲᠠᠢ ᠢᠵᠢᠯᠬᠡᠨ ᠪᠠᠶᠢᠭ᠎ᠠ ᠶᠢ ᠵᠢᠭᠠᠵᠦ ᠭᠠᠷᠭᠠᠪᠠ᠃ | ᠢᠵᠠᠭᠤᠷ ᠬᠡᠯᠡᠨ ᠤ ᠢᠵᠢᠯᠬᠡᠨ ᠪᠠᠶᠢᠭ᠎ᠠ ᠨᠢ ᠪᠠᠳᠣᠯᠠᠭ᠎ᠠ ᠲᠠᠢ ᠪᠣᠯᠣᠭᠰᠠᠨ ᠪᠠᠶᠢᠳᠠᠯ ᠳᠤ ᠲᠣᠬᠠᠢ ᠶᠢᠨ ᠦᠶᠡᠰ ᠤᠨ | ᠪᠠᠷᠢᠭᠠᠳᠠ ᠶᠢᠨ ᠨᠠᠮ ᠤᠨ ᠬᠤᠷᠢᠶᠠᠨ ᠤ ᠱᠦᠵᠢ ᠵᠣᠣ ᠸᠠᠨ ᠵᠦᠡᠭ ᠲᠣᠯᠣᠭᠠᠢᠢᠯᠠᠵᠦ ᠳᠤ ᠢᠦᠢ ᠲᠢᠩ ᠪᠣᠯᠣᠨ ᠴᠧᠨ | ᠯᠢᠦ ᠹᠠᠨ ᠬᠤᠶᠠᠷ ᠰᠣᠳᠣᠯᠭᠠᠳᠠᠨ ᠢ ᠣᠷᠢᠵᠦ ᠲᠣᠣᠷ᠎ᠠ ᠵᠢᠭᠠᠰᠣᠴᠢᠨ ᠲᠣᠰᠬᠤᠨ ᠳᠤ᠂ ᠲᠡᠦᠬᠡ᠂ ᠠᠵᠣ ᠠᠬᠤᠢ᠂ | ᠰᠣᠶᠣᠯ᠂ ᠦᠨᠳᠦᠰᠦᠳᠡᠨ ᠤ ᠵᠠᠩ ᠲᠠᠳᠬᠠᠯ ᠵᠡᠷᠭᠡ ᠲᠠᠯ᠎ᠠ ᠪᠠᠷ ᠰᠠᠷ᠎ᠠ ᠭᠠᠷᠣᠢ ᠶᠢᠨ ᠨᠠᠷᠢᠨ ᠨᠢᠭᠳᠠ ᠪᠠᠶᠢᠴᠠᠭᠠᠨ | ᠰᠤᠳᠤᠯᠤᠯᠲᠠ ᠪᠠᠷ 1979 ᠣᠨ ᠤ 8 ᠰᠠᠷ᠎ᠠ ᠳᠤ ︽ᠶᠦᠨᠨᠠᠨ ᠮᠣᠩᠭᠤᠯᠴᠣᠳ ᠤᠨ ᠲᠡᠦᠬᠡ︾ ᠶᠢ ᠬᠡᠪᠯᠡᠭᠦᠯᠪᠡ᠃ | ᠲᠣᠰ ᠲᠡᠪᠳᠡᠷ ᠬᠡᠪᠯᠡᠭᠳᠡᠭᠰᠡᠨ ᠠᠴᠠ ᠶᠦᠨᠨᠠᠨ ᠮᠣᠩᠭᠤᠯᠴᠣᠳ ᠤᠨ ᠪᠡᠶ᠎ᠡ ᠶᠢᠨ ᠭᠠᠷᠣᠯ ᠨᠢ ᠮᠣᠩᠭᠤᠯ ᠭᠡᠵᠦ | ᠵᠢᠩᠬᠢᠨᠢ ᠪᠠᠷ ᠮᠡᠳᠡᠷᠡᠭᠳᠡᠵᠦ ᠲᠡᠦᠬᠡᠨ ᠬᠠᠭᠤᠳᠠᠰᠣᠨ ᠳᠤ ᠲᠡᠮᠳᠡᠭᠯᠡᠭᠳᠡᠭᠰᠡᠨ ᠳᠤ ᠰᠢᠩ ᠮᠧᠡᠭ ᠤᠨ ᠮᠣᠩᠭᠤᠯᠴᠣᠳ | ᠰᠡᠳᠭᠢᠯ ᠲᠣᠭᠳᠣᠯᠵᠦ ᠬᠠᠯᠠᠭᠤᠨ ᠨᠢᠯᠪᠣᠰᠣ ᠪᠦᠮᠪᠦᠷᠢᠭᠦᠯᠦᠭᠰᠡᠨ ᠭᠡᠳᠡᠭ᠃ 1988 ᠣᠨ ᠳᠤ ᠨᠡᠷ᠎ᠡ ᠶᠢ ᠨᠢ ︽ | ᠰᠢᠩ ᠮᠧᠡᠭ ᠮᠣᠩᠭᠤᠯ ᠦᠨᠳᠦᠰᠦᠳᠡᠨ ᠤ ᠰᠢᠶᠠᠩ︾ ᠭᠡᠵᠦ ᠵᠢᠩᠬᠢᠨᠢ ᠪᠠᠷ ᠬᠠᠯᠠᠪᠠ᠃ | ᠰᠢᠩ ᠮᠧᠡᠭ ᠰᠢᠶᠠᠩ ᠤᠨ ᠨᠡᠷ᠎ᠡ ᠨᠢ ᠣᠯᠠᠨ ᠣᠳᠠᠭ᠎ᠠ ᠬᠠᠯᠠᠭᠳᠠᠭᠰᠠᠨ ᠲᠡᠦᠬᠡ ᠲᠠᠢ ᠶᠣᠮ᠃ 1956 | ᠣᠨ ᠳᠤ ᠭᠤᠣᠯ ᠤᠨ ᠬᠤᠶᠠᠷ ᠡᠷᠬᠢ ᠶᠢ ᠨᠡᠶᠢᠯᠡᠭᠦᠯᠵᠦ ᠴᠢᠯᠠᠭᠤᠳᠦ ᠰᠢᠶᠠᠨ ᠭᠡᠵᠦ 1958 ᠣᠨ ᠤ 10 ᠰᠠᠷ᠎ᠠ ᠳᠤ | ᠣᠣᠯ ᠤᠨ ᠨᠡᠷ᠎ᠡ ᠶᠢ ᠨᠢ ᠰᠡᠷᠭᠦᠭᠡᠵᠦ ᠲᠦᠡᠭ ᠬᠠᠢ ᠰᠢᠶᠠᠨ ᠪᠣᠯᠭᠠᠪᠠ᠃ ᠰᠢᠩ ᠮᠧᠡᠭ ᠰᠢᠶᠠᠩ ᠨᠢ ᠰᠢᠨ᠎ᠡ ᠲᠣᠮᠳᠠᠳᠦ | ᠣᠯᠣᠰ ᠪᠠᠶᠢᠭᠤᠯᠣᠭᠳᠠᠬᠤ ᠠᠴᠠ ᠡᠮᠦᠨ᠎ᠡ ᠰᠢᠶᠠᠨ ᠶᠠᠨ ᠰᠢᠶᠠᠩ ᠲᠣᠣᠷ᠎ᠠ ᠵᠢᠭᠠᠰᠣᠴᠢᠨ ᠲᠣᠰᠬᠤᠨ ᠭᠡᠵᠦ | ᠪᠠᠶᠢᠭᠰᠠᠨ ᠢᠶᠠᠨ ᠰᠢᠨ᠎ᠡ ᠲᠣᠮᠳᠠᠳᠦ ᠣᠯᠣᠰ ᠪᠠᠶᠢᠭᠤᠯᠣᠭᠳᠠᠭᠰᠠᠨ ᠤ ᠲᠠᠷᠠᠭ᠎ᠠ ᠲᠣᠣᠷ᠎ᠠ ᠵᠢᠭᠠᠰᠣᠴᠢᠨ ᠰᠢᠶᠠᠩ ᠭᠡᠵᠦ | ᠬᠠᠯᠠᠵᠦ᠂ 1978 ᠣᠨ ᠳᠤ ᠰᠢᠩ ᠮᠧᠡᠭ ᠪᠠᠷᠢᠭᠠᠳᠠ ᠭᠡᠵᠦ᠂ 1988 ᠣᠨ ᠤ ᠡᠬᠢᠨ ᠳᠤ ᠰᠢᠩ ᠮᠧᠡᠭ ᠮᠣᠩᠭᠤᠯ | ᠦᠨᠳᠦᠰᠦᠳᠡᠨ ᠤ ᠰᠢᠶᠠᠩ ᠭᠡᠵᠦ ᠬᠠᠯᠠᠪᠠ᠃ | ᠰᠢᠩ ᠮᠧᠡᠭ ᠮᠣᠩᠭᠤᠯᠴᠣᠳ ᠤᠨ ᠪᠡᠶ᠎ᠡ ᠶᠢᠨ ᠭᠠᠷᠣᠯ ᠨᠢ ᠨᠡᠶᠢᠳᠡ ᠳᠤ ᠮᠡᠳᠡᠷᠡᠭᠳᠡᠭᠰᠡᠨ ᠳᠤ ᠦᠷᠭᠡᠨ ᠣᠯᠠᠨ | ᠮᠣᠩᠭᠤᠯᠴᠣᠳ ᠤᠨ ᠡᠯᠢᠬᠡ ᠵᠢᠷᠦᠬᠡ ᠨᠢ ᠦᠨᠳᠡᠯᠵᠡᠵᠦ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ | ᠨᠠᠮ ᠵᠠᠰᠠᠬ ᠤᠨ ᠲᠦᠯᠦᠭᠡᠯᠡᠭᠴᠢ ᠶᠢᠨ ᠪᠦᠯᠬᠦᠮ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠪᠠᠶᠢᠴᠠᠭᠠᠬᠤ ᠪᠦᠯᠬᠦᠮ᠂ ᠦᠨᠳᠦᠰᠦᠳᠡᠨ ᠤ ᠠᠵᠢᠯ ᠤᠨ ᠪᠠᠶᠢᠴᠠᠭᠠᠬᠤ ᠪᠦᠯᠬᠦᠮ᠂ ᠰᠣᠷᠭᠠᠨ ᠬᠦᠮᠦᠵᠢᠯ ᠤᠨ | ᠠᠵᠢᠯ ᠤᠨ ᠪᠠᠶᠢᠴᠠᠭᠠᠬᠤ ᠪᠦᠯᠬᠦᠮ ᠤᠳ ᠠᠴᠠ ᠣᠷᠢᠳ ᠬᠤᠵᠢᠳ ᠰᠢᠩ ᠮᠧᠡᠭ ᠮᠣᠩᠭᠤᠯᠴᠣᠳ ᠢ ᠣᠳᠠᠭ᠎ᠠ | ᠲᠠᠷᠠᠭᠠᠯᠠᠨ ᠪᠣᠯᠭᠤᠭᠠᠨ ᠦᠵᠡᠪᠡ᠃ | 1979 ᠣᠨ ᠤ 4 ᠰᠠᠷ᠎ᠠ ᠳᠤ ᠦᠪᠦᠷ ᠮᠣᠩᠭᠤᠯ ᠤᠨ ᠰᠣᠶᠣᠯ ᠤᠨ ᠲᠣᠪᠴᠢᠶᠠᠨ ᠤ ᠲᠣᠪᠴᠢᠶᠠᠨ | ᠲᠠᠷᠤᠭ᠎ᠠ᠂ ᠠᠯᠳᠠᠷᠳᠦ ᠵᠣᠬᠢᠶᠠᠬᠴᠢ ᠮᠠᠯᠴᠢᠨᠬᠦᠦ ᠠᠴᠠ ᠦᠪᠦᠷ ᠮᠣᠩᠭᠤᠯ ᠤᠨ ᠣᠷᠠᠯᠢᠬ ᠤᠨ ᠪᠦᠯᠬᠦᠮ ᠤᠨ 43 | ᠬᠦᠮᠦᠨ ᠢ ᠲᠠᠭᠠᠭᠤᠯᠵᠦ ᠰᠢᠩ ᠮᠧᠡᠭ ᠲᠣᠰᠬᠤᠨ ᠢ ᠪᠣᠯᠭᠤᠭᠠᠨ ᠲᠣᠬᠤᠨᠢᠭᠤᠯᠪᠠ︔ 1984 ᠣᠨ ᠳᠤ ᠶᠦᠨᠨᠠᠨ ᠤ | ᠲᠧᠯᠧᠢᠰ ᠬᠤᠷᠢᠶᠠᠨ ᠠᠴᠠ ᠬᠠᠪᠰᠣᠷᠣᠨ ᠰᠡᠭᠦᠳᠡᠷᠯᠡᠭᠰᠡᠨ᠂ ᠰᠢᠩ ᠮᠧᠡᠭ ᠪᠠᠷᠢᠭᠠᠳᠠ ᠶᠢᠨ ᠦᠢᠯᠡᠳᠪᠦᠷᠢᠯᠡᠯ | ᠠᠮᠢᠳᠣᠷᠠᠯ ᠢᠶᠠᠷ ᠰᠡᠳᠦᠪᠯᠡᠭᠰᠡᠨ ︽ᠨᠣᠳᠤᠬ ᠠᠴᠠ ᠪᠠᠨ ᠬᠤᠯᠠᠳᠠᠭᠰᠠᠨ ᠮᠣᠩᠭᠤᠯᠴᠣᠳ︾ ᠭᠡᠬᠦ ᠲᠧᠯᠧᠢᠰ ᠹᠢᠯᠢᠮ ᠤᠨ | ᠲᠡᠭᠡᠳᠦ ᠲᠣᠣᠷᠠᠳᠦ ᠪᠦᠯᠦᠭ ᠢ ᠦᠪᠦᠷ ᠮᠣᠩᠭᠤᠯ ᠤᠨ ᠲᠧᠯᠧᠢᠰ ᠬᠤᠷᠢᠶᠠᠨ ᠳᠤ ᠬᠦᠷᠭᠡᠨ ᠦᠭᠴᠦ᠂ ᠪᠦᠬᠦᠯᠢ ᠭᠠᠷᠠᠬ | ᠨᠡᠪᠳᠡᠷᠡᠭᠦᠯᠦᠭᠰᠡᠨ ᠠᠴᠠ ᠡᠯᠢᠭᠡ ᠨᠢᠭᠡᠳᠡᠨ ᠦᠪᠦᠷ ᠮᠣᠩᠭᠤᠯᠴᠣᠳ ᠠᠴᠠ ᠶᠦᠨᠨᠠᠨ ᠮᠣᠩᠭᠤᠯᠴᠣᠳ ᠢ ᠣᠯᠠᠮ ᠨᠢᠭᠡ | ᠠᠯᠬᠤᠮ ᠣᠢᠢᠯᠠᠭᠠᠵᠦ᠂ ᠡᠮᠦᠨ᠎ᠡ ᠣᠮᠠᠷ᠎ᠠ ᠶᠢᠨ ᠮᠣᠩᠭᠤᠯᠴᠣᠳ ᠤᠨ ᠬᠠᠷᠢᠯᠴᠠᠭ᠎ᠠ ᠶᠠᠪᠣᠯᠴᠠᠭᠠᠨ ᠤ ᠠᠯᠳᠠᠨ | ᠬᠦᠰᠢᠭᠡ ᠶᠢ ᠨᠡᠭᠡᠭᠡᠪᠡ᠃ 1984 ᠣᠨ ᠤ 10 ᠰᠠᠷ᠎ᠠ ᠦᠪᠦᠷ ᠮᠣᠩᠭᠤᠯ ᠤᠨ ᠷᠠᠳᠢᠣ᠋ ᠲᠧᠯᠧᠢᠰ ᠲᠢᠩᠬᠢᠮ ᠤᠨ | ᠨᠠᠮ ᠤᠨ ᠬᠤᠷᠢᠶᠠᠨ ᠤ ᠱᠦᠵᠢ᠂ ᠲᠢᠩᠬᠢᠮ ᠤᠨ ᠲᠠᠷᠤᠭ᠎ᠠ ᠵᠣᠯᠠᠨᠴᠡᠴᠡᠭ ᠵᠡᠷᠭᠡ ᠰᠣᠶᠣᠯ ᠤᠨ ᠠᠵᠢᠯ ᠤᠨ | ᠪᠠᠶᠢᠴᠠᠭᠠᠯᠳᠠ ᠶᠢᠨ ᠪᠦᠯᠬᠦᠮ ᠤᠨ 15 ᠬᠦᠮᠦᠨ ᠰᠢᠩ ᠮᠧᠡᠭ ᠳᠤ ᠢᠷᠡᠵᠤ ᠲᠤᠬᠤᠨᠢᠭᠤᠯᠵᠠᠢ᠃ | ᠲᠡᠭᠡᠷ᠎ᠡ ᠵᠠᠭᠤᠨ ᠤ ᠨᠠᠶᠠᠭᠠᠳ ᠣᠨ ᠠᠴᠠ ᠡᠬᠢᠯᠡᠨ᠂ ᠲᠡᠭᠡᠳᠦ ᠶᠢᠨ ᠨᠣᠳᠤᠬ ᠠᠴᠠ ᠪᠠᠨ ᠰᠠᠯᠣᠭᠰᠠᠨ ᠰᠢᠩ | ᠮᠧᠡᠭ ᠮᠣᠩᠭᠤᠯᠴᠣᠳ ᠮᠣᠩᠭᠤᠯ ᠨᠣᠳᠤᠬ ᠲᠠᠭᠠᠨ ᠠᠶᠢᠯᠴᠢᠯᠠᠷ᠎ᠠ ᠢᠷᠡᠬᠦ ᠨᠢ ᠵᠦᠡᠭᠳᠡᠭᠡᠨ ᠪᠣᠯᠵᠠᠢ᠃ ᠠᠩᠬ᠎ᠠ | ᠢᠷᠡᠭᠰᠡᠨ ᠣᠳᠠᠭ᠎ᠠ ᠳᠠᠭᠠᠨ ᠲᠡᠳᠡ ᠣᠷᠳᠣᠰ ᠲᠤ ᠪᠠᠶᠢᠭ᠎ᠠ ᠴᠢᠩᠭᠢᠰ ᠤᠨ ᠣᠡᠭᠭᠤᠨ ᠳᠤ ᠬᠦᠷᠦᠭᠡᠳ ᠨᠢᠳᠦ | ᠲᠦᠭᠦᠷᠡᠩ ᠨᠢᠯᠪᠣᠰᠣ ᠲᠠᠢ ᠪᠠᠷ ᠡᠪᠦᠳᠦᠭ ᠨᠤᠭᠤᠯᠤᠨ ᠰᠦᠭᠦᠳᠴᠦ᠂ ︽ᠦᠷ᠎ᠡ ᠬᠤᠶᠢᠴᠢᠰ ᠴᠢᠨᠢ ᠲᠡᠭᠡᠳᠦ ᠶᠢᠨ | ᠨᠣᠳᠤᠬ ᠲᠠᠭᠠᠨ ᠬᠦᠷᠦᠭᠡᠳ ᠢᠷᠡᠯ᠎ᠡ ᠁︾ ᠭᠡᠵᠦ ᠠᠳᠬᠤ ᠰᠢᠷᠣᠢ ᠶᠢ ᠨᠢ ᠴᠢᠩᠭᠠᠬᠠᠨ ᠪᠠᠵᠠᠵᠦ᠂ | ᠠᠶᠣᠣᠯᠢᠬᠠᠢ ᠳᠠᠭᠠᠨ ᠨᠠᠭᠠᠯᠳᠣᠭᠤᠯᠣᠭᠠᠳ ᠡᠭ᠍ᠰᠢᠵᠦ ᠪᠦᠭᠰᠢᠳᠡᠯᠡ ᠣᠬᠢᠯᠠᠵᠠᠭᠠᠭᠰᠠᠨ ᠭᠡᠳᠡᠭ᠃ ᠡᠨᠡ ᠶᠣᠰᠣᠳᠠᠢ᠄ | | ᠬᠦᠬᠡ ᠲᠡᠭᠷᠢ ᠴᠠᠭᠠᠨ ᠡᠭᠦᠯᠡ ᠶᠢ ᠨᠢ ᠬᠠᠷᠠᠨ ᠬᠠᠷᠠᠨ ᠪᠠᠭ᠋ᠠᠷᠬᠠᠨ᠎ᠠ | ᠬᠦᠷᠦᠰᠦᠳᠦ ᠭᠠᠵᠠᠷ ᠤᠨ ᠬᠠᠯᠠᠭᠤᠨ ᠰᠢᠷᠣᠢ ᠶᠢ ᠨᠢ ᠦᠨᠦᠰᠦᠨ ᠦᠨᠦᠰᠦᠨ ᠲᠠᠭᠠᠯᠠᠨ᠎ᠠ | | ᠪᠣᠭᠳᠠ ᠡᠵᠡᠨ ᠤ ᠪᠠᠨ ᠪᠤᠩᠬᠤᠨ ᠲᠡᠭᠡᠷ᠎ᠡ ᠵᠠᠯᠪᠠᠷᠢᠨ ᠵᠠᠯᠪᠠᠷᠢᠨ ᠲᠠᠭᠠᠳᠬᠠᠨ᠎ᠠ | ᠪᠣᠳᠣᠯ ᠰᠡᠳᠭᠢᠯ ᠠᠴᠠ ᠨᠢ ᠣᠨᠵᠢᠢᠭᠰᠠᠨ ᠰᠦᠵᠢᠭ ᠨᠢ ᠬᠠᠷᠠᠭᠰᠠᠨ ᠪᠦᠬᠦᠨ ᠢ ᠲᠣᠯᠠᠭᠠᠯᠠᠨᠠ | ᠲᠡᠶᠢᠮᠦ ᠡ︕ 760 ᠵᠢᠯ ᠤᠨ ᠰᠠᠯᠬᠢ ᠪᠣᠷᠣᠭᠠᠨ ᠢ ᠦᠡᠭᠭᠡᠷᠡᠭᠡᠬᠦ ᠳᠡᠭᠡᠨ ᠰᠢᠩ ᠮᠧᠡᠭ ᠮᠣᠩᠭᠤᠯᠴᠣᠳ | ᠲᠡᠭᠡᠳᠦ ᠶᠢᠨ ᠨᠣᠳᠤᠬ ᠢᠶᠠᠨ ᠰᠠᠨᠠᠨ ᠰᠠᠨᠠᠨ ᠬᠠᠮᠦᠷᠴᠦ᠂ ᠠᠯᠢ ᠨᠢᠭᠡᠨ ᠡᠳᠦᠷ ᠮᠣᠩᠭᠤᠯ ᠨᠣᠳᠤᠭ ᠲᠠᠭᠠᠨ ᠬᠦᠷᠬᠦ | ᠬᠦᠰᠡᠯ ᠪᠣᠳᠣᠯ ᠢᠶᠠᠨ ᠦᠷ᠎ᠡ ᠬᠤᠶᠢᠴᠢᠰ ᠲᠠᠭᠠᠨ ᠵᠠᠬᠢᠵᠦ᠂ ᠦᠬᠦᠬᠦ ᠶᠢᠨ ᠦᠶ᠎ᠡ ᠳᠡᠭᠡᠨ ᠴᠦ ︽ᠬᠤᠶᠢᠳᠦ ᠵᠦᠭ ᠲᠤ | ᠲᠡᠭᠡᠳᠦ ᠶᠢᠨ ᠨᠣᠳᠤᠬ ᠮᠢᠨᠢ ᠪᠣᠢ︕ ᠦᠬᠦᠭᠰᠡᠨ ᠤ ᠮᠢᠨᠢ ᠲᠠᠷᠠᠭ᠎ᠠ ᠲᠣᠯᠣᠭᠠᠢ ᠶᠢ ᠮᠢᠨᠢ ᠲᠡᠭᠡᠳᠦ ᠶᠢᠨ ᠨᠣᠳᠤᠬ | ᠵᠦᠭ ᠮᠢᠨᠢ ᠬᠠᠨᠳᠣᠭᠤᠯᠵᠦ ᠲᠠᠯᠪᠢᠭᠠᠷᠠᠢ︕︾ ᠭᠡᠵᠦ ᠭᠡᠷᠢᠶᠡᠰᠦᠯᠡᠭᠡᠳ ᠪᠣᠷᠬᠠᠨ ᠤ ᠣᠷᠣᠨ ᠳᠠᠭᠠᠨ ᠮᠣᠷᠳᠠᠳᠠᠬ | ᠪᠠᠶᠢᠭᠰᠠᠨ ᠭᠡᠳᠡᠭ᠃ ᠲᠡᠶᠢᠮᠦ ᠪᠣᠯᠬᠤᠷ ᠦᠨᠦᠳᠦᠷ ᠲᠡᠭᠡᠳᠦ ᠶᠢᠨ ᠨᠣᠳᠤᠬ ᠢᠶᠠᠨ ᠡᠷᠭᠢᠵᠦ ᠦᠵᠡᠬᠦ ᠪᠠᠷ ᠢᠷᠡᠭᠰᠡᠨ | ᠡᠯᠢᠭᠡ ᠵᠢᠷᠦᠬᠡᠨ ᠤ ᠲᠠᠰᠣᠷᠬᠠᠢ ᠡᠯᠢᠭᠡᠨ ᠬᠠᠶᠢᠷᠠᠳᠦ ᠶᠦᠨᠨᠠᠨ ᠮᠣᠩᠭᠤᠯᠴᠣᠳ ᠢᠡᠭᠭᠢᠵᠦ ᠲᠣᠭᠳᠣᠯᠬᠤ ᠨᠢ ᠲᠠᠭᠠᠷᠠᠨ᠎ᠠ᠃ | | ᠡᠮᠦᠨ᠎ᠡ ᠣᠮᠠᠷ᠎ᠠ ᠶᠢᠨ ᠮᠣᠩᠭᠤᠯᠴᠣᠳ ᠤᠨ ᠬᠠᠷᠢᠯᠴᠠᠭ᠎ᠠ ᠶᠠᠪᠣᠯᠴᠠᠭ᠎ᠠ ᠣᠯᠠᠮ ᠢᠶᠠᠷ ᠴᠢᠩᠭᠠᠷᠠᠵᠦ᠂ ᠰᠢᠩ | ᠮᠧᠡᠭ ᠠᠴᠠ ᠦᠪᠦᠷ ᠮᠣᠩᠭᠤᠯ ᠳᠤ ᠲᠣᠮᠢᠯᠠᠨ ᠢᠷᠡᠭᠦᠯᠵᠦ ᠲᠠᠷᠢᠶᠠᠯᠠᠩ ᠮᠠᠰᠢᠨ᠂ ᠲᠠᠷᠢᠶᠠᠯᠠᠬᠤ ᠮᠡᠷᠭᠡᠵᠢᠯ᠂ | ᠪᠠᠷᠢᠯᠭ᠎ᠠ ᠶᠢᠨ ᠮᠡᠷᠭᠡᠵᠢᠯ᠂ ᠦᠭᠡ ᠬᠡᠯᠡ ᠵᠠᠩ ᠵᠠᠩᠰᠢᠯ ᠵᠡᠷᠭᠡ ᠶᠢ ᠰᠣᠷᠣᠯᠴᠠᠭᠰᠠᠨ ᠰᠣᠷᠣᠭᠴᠢᠳ ᠤᠨ ᠲᠤᠭ᠎ᠠ 8 | ᠣᠳᠠᠭ᠎ᠠ ᠳᠤ ᠬᠦᠷᠴᠦ ᠰᠣᠷᠣᠯᠴᠠᠭᠰᠠᠨ ᠬᠦᠮᠦᠨ ᠤ ᠲᠤᠭ᠎ᠠ 40 ᠭᠠᠷᠣᠢ ᠬᠦᠮᠦᠨ ᠳᠤ ᠬᠦᠷᠪᠡ᠃ 1982 | ᠣᠨ ᠳᠤ ᠰᠢᠩ ᠮᠧᠡᠭ ᠪᠠᠷᠢᠭᠠᠳᠠ ᠶᠢᠨ ᠨᠠᠮ ᠤᠨ ᠬᠤᠷᠢᠶᠠᠨ ᠤ ᠱᠦᠵᠢ ᠸᠠᠩ ᠢᠦᠢ ᠯᠦᠡᠭ ᠦᠪᠡᠷ ᠤᠨ | ᠪᠡᠶ᠎ᠡ ᠪᠠᠷ ᠢᠶᠠᠨ 22 ᠪᠠᠷᠢᠯᠭ᠎ᠠ ᠶᠢᠨ ᠠᠵᠢᠯᠴᠢᠳ ᠢ ᠲᠠᠭᠠᠭᠤᠯᠵᠦ ᠦᠪᠦᠷ ᠮᠣᠩᠭᠤᠯ ᠤᠨ ᠰᠢᠯᠢ ᠶᠢᠨ ᠭᠤᠣᠯ ᠳᠤ | ᠬᠦᠷᠴᠦ ᠮᠡᠷᠭᠡᠵᠢᠯ ᠢᠶᠠᠨ ᠰᠣᠯᠢᠯᠴᠠᠨ᠂ ᠰᠢᠯᠢ ᠶᠢᠨ ᠭᠤᠣᠯ ᠳᠤ ᠨᠢᠭᠡᠨ ᠰᠠᠭᠤᠷᠢ ᠰᠣᠷᠭᠠᠨ ᠬᠦᠮᠦᠵᠢᠯ ᠤᠨ ᠠᠰᠠᠷ ︵ | ᠣᠳᠣ ᠶᠢᠨ ᠰᠣᠷᠭᠠᠨ ᠬᠦᠮᠦᠵᠢᠯ ᠤᠨ ᠲᠣᠪᠴᠢᠶ᠎ᠠ ᠶᠢᠨ ᠠᠰᠠᠷ︶ ᠢ ᠪᠣᠰᠬᠠᠨ ᠠᠯᠠᠬ ᠮᠢᠬᠠᠨ ᠤ ᠲᠠᠰᠣᠷᠬᠠᠢ ᠶᠢᠨ | ᠠᠶᠣᠣᠯᠢᠬᠠᠢ ᠨᠢᠭᠡᠳᠡᠢ ᠪᠠᠶᠢᠬᠤ ᠬᠠᠶᠢᠷ᠎ᠠ ᠰᠡᠳᠬᠢᠯᠭᠡ ᠶᠢ ᠢᠯᠡᠳᠭᠡᠵᠦ᠂ ᠰᠢᠩ ᠮᠧᠡᠭ ᠪᠠᠷᠢᠭᠠᠳᠠ ᠠᠴᠠ 8 | ᠰᠣᠷᠣᠭᠴᠢ ᠶᠢ ᠦᠪᠦᠷ ᠮᠣᠩᠭᠤᠯ ᠳᠤ ᠢᠷᠡᠭᠦᠯᠵᠦ ᠮᠣᠩᠭᠤᠯ ᠦᠨᠳᠦᠰᠦᠳᠡᠨ ᠤ ᠪᠠᠨ ᠰᠣᠶᠣᠯ ᠣᠷᠠᠯᠢᠬ᠂ | ᠣᠯᠠᠮᠵᠢᠯᠠᠯᠳᠦ ᠵᠠᠩ ᠵᠠᠩᠰᠢᠯ ᠵᠡᠷᠭᠡ ᠶᠢ ᠰᠣᠷᠣᠯᠴᠠᠭᠤᠯᠪᠠ᠃ ᠲᠡᠳᠡ ᠬᠠᠭᠠᠰᠬᠠᠨ ᠵᠢᠯ ᠤᠨ ᠣᠬᠤᠷᠬᠠᠨ | ᠬᠤᠭᠤᠴᠠᠭᠠᠨ ᠳᠤ ᠮᠣᠩᠭᠤᠯᠴᠣᠳ ᠤᠨ ᠣᠯᠠᠮᠵᠢᠯᠠᠯᠳᠦ ᠶᠣᠰᠣ ᠰᠣᠷᠳᠠᠬᠤᠨ᠂ ᠵᠠᠩ ᠵᠠᠩᠰᠢᠯ᠂ ᠰᠣᠶᠣᠯ ᠣᠷᠠᠯᠢᠬ | ᠵᠡᠷᠭᠡ ᠲᠠᠯ᠎ᠠ ᠪᠠᠷ ᠮᠠᠷᠳᠠᠭᠰᠠᠨ ᠢᠶᠠᠨ ᠰᠡᠷᠭᠦᠭᠡᠵᠦ ᠣᠮᠠᠷᠳᠠᠭᠰᠠᠨ ᠢᠶᠠᠨ ᠨᠦᠬᠦᠵᠦ᠂ ᠨᠣᠳᠤᠬ ᠲᠠᠭᠠᠨ ᠪᠣᠴᠠᠵᠦ | ᠣᠯᠠᠭᠠᠨᠮᠦ᠋ᠴᠢᠷ ᠪᠠᠶᠢᠭᠤᠯᠣᠭᠠᠳ ᠴᠢᠯᠠᠭᠤᠨᠨᠠᠭᠤᠷ ᠤᠨ ᠬᠦᠪᠡᠭᠡ ᠪᠠᠷ ᠡᠰᠢ ᠲᠡᠰᠢ ᠵᠣᠷᠴᠢᠨ ᠣᠳᠣ ᠪᠣᠯᠳᠠᠯ᠎ᠠ ᠬᠡᠳᠦᠨ | ᠵᠠᠭᠤᠨ ᠳᠠᠯᠠᠪᠤᠷ ᠤᠨ ᠲᠣᠭᠯᠠᠯᠳᠠ ᠭᠠᠷᠭᠠᠭᠰᠠᠨ ᠮᠦᠷᠳᠡᠭᠡᠨ ᠮᠣᠩᠭᠤᠯᠴᠣᠳ ᠤᠨ ︽ᠨᠠᠭᠠᠳᠣᠮ ᠤᠨ ᠬᠤᠷᠠᠯ︾ ᠢᠶᠠᠨ | ᠴᠦ ᠲᠠᠬᠢᠨ ᠰᠡᠷᠭᠦᠭᠡᠪᠡ᠃ | ᠦᠪᠦᠷ ᠮᠣᠩᠭᠤᠯ ᠠᠴᠠ ᠶᠦᠨᠨᠠᠨ ᠮᠣᠩᠭᠤᠯᠴᠣᠳ ᠲᠤ ᠡᠬᠡ ᠬᠡᠯᠡ ᠪᠠᠨ ᠵᠢᠭᠠᠬᠤ ᠪᠠᠷ ᠢᠷᠡᠭᠰᠡᠨ | ᠰᠠᠷᠠᠨᠳᠣᠯᠭᠠ ᠪᠠᠭᠰᠢ ᠬᠦᠴᠢᠷ ᠪᠡᠷᠬᠡᠰᠢᠶᠡᠯ ᠲᠠᠢ ᠪᠠᠶᠢᠭᠠᠯᠢ ᠶᠢᠨ ᠣᠷᠴᠢᠨ ᠲᠣᠭᠤᠷᠢᠨ ᠤ ᠨᠦᠬᠦᠴᠡᠯ ᠢ ᠢᠯᠠᠨ | ᠲᠠᠪᠠᠵᠦ ᠣᠳᠠᠭᠠᠨ ᠵᠢᠯ ᠢᠶᠠᠷ ᠡ᠊ᠨᠳᠡ ᠰᠠᠭᠤᠵᠦ ᠡ᠊ᠨᠳᠡᠬᠢ ᠬᠡᠦᠬᠡᠳ ᠲᠤ ᠡᠬᠡ ᠬᠡᠯᠡ ᠦᠰᠦᠭ ᠪᠢᠴᠢᠭ ᠢᠶᠠᠨ | ᠣᠯᠠᠮᠵᠢᠯᠠᠪᠠ᠃ ᠦᠪᠦᠷ ᠮᠣᠩᠭᠤᠯ ᠠᠴᠠ ᠣᠷᠢᠳ ᠬᠤᠵᠢᠳ ᠰᠢᠩ ᠮᠧᠡᠭ ᠰᠢᠶᠠᠩ ᠳᠤ ᠬᠡᠯᠡᠨ ᠤ ᠪᠠᠭᠰᠢ᠂ | ᠲᠠᠭᠤᠤ ᠶᠢᠨ ᠪᠠᠭᠰᠢ᠂ ᠪᠦᠵᠢᠭ ᠤᠨ ᠪᠠᠭᠰᠢ᠂ ᠮᠣᠷᠢᠨ ᠬᠤᠭᠤᠷ ᠤᠨ ᠪᠠᠭᠰᠢ ᠭᠡᠵᠦ ᠣᠯᠠᠨ ᠡᠷᠳᠡᠮᠳᠡᠡ ᠢᠷᠡᠵᠦ ᠭᠠᠷ | ᠭᠠᠷ ᠢᠶᠠᠷ ᠲᠠᠮᠵᠢᠨ ᠡᠬᠡ ᠬᠡᠯᠡ ᠪᠠᠨ ᠵᠢᠭᠠᠵᠦ ᠣᠳᠣᠮ ᠤᠨ ᠰᠣᠶᠣᠯ ᠢᠶᠠᠨ ᠣᠯᠠᠮᠵᠢᠯᠠᠭᠰᠠᠨ ᠳᠤ ᠴᠢᠰᠣ ᠨᠢᠭᠡᠳᠡᠢ | ᠰᠢᠩ ᠮᠧᠡᠭ ᠤᠨ ᠮᠣᠩᠭᠤᠯᠴᠣᠳ ᠣᠶᠠᠷᠠᠵᠦ ᠬᠠᠶᠢᠯᠠᠳᠠᠯᠠ ᠲᠣᠭᠳᠣᠯᠵᠦ᠂ ᠣᠳᠣᠮᠳᠦ ᠮᠣᠩᠭᠤᠯ ᠤᠨ ᠲᠣᠳᠣᠨᠣ | ᠬᠦᠮᠦᠰ ᠤᠨ ᠬᠠᠶᠢᠷ᠎ᠠ ᠰᠡᠳᠭᠢᠯᠭᠡ ᠶᠢ ᠣᠷᠣᠰᠬᠤ ᠮᠦᠷᠡᠨ ᠰᠢᠭ ᠰᠢᠯᠣᠭᠤᠳᠬᠠᠭᠰᠠᠨ ᠪᠢᠯᠡ᠃ ᠭᠤᠴᠢᠨ ᠵᠢᠯ ᠤᠨ | ᠲᠣᠷᠰᠢ ᠦᠪᠦᠷ ᠮᠣᠩᠭᠤᠯ ᠤᠨ ᠡᠯ᠎ᠡ ᠰᠠᠯᠠᠭ᠎ᠠ ᠮᠦᠴᠢᠷ ᠠᠴᠠ ᠰᠢᠩ ᠮᠧᠡᠭ ᠳᠤ ᠬᠦᠷᠴᠦ ᠪᠠᠶᠢᠴᠠᠭᠠᠨ ᠰᠣᠳᠣᠯᠣᠯᠳᠠ | ᠬᠢᠭᠰᠡᠨ᠂ ᠲᠣᠭᠯᠠᠯᠳᠠ ᠭᠠᠷᠭᠠᠭᠰᠠᠨ᠂ ᠬᠠᠷᠢᠴᠠᠵᠦ ᠶᠠᠪᠣᠯᠴᠠᠭᠰᠠᠨ ᠲᠤᠭ᠎ᠠ 1200 ᠬᠦᠮᠦᠨ ︵ᠣᠳᠠᠭ᠎ᠠ︶ ᠳᠤ | ᠬᠦᠷᠴᠦ᠂ ᠰᠢᠩ ᠮᠧᠡᠭ ᠠᠴᠠ ᠦᠪᠦᠷ ᠮᠣᠩᠭᠤᠯ ᠣᠷᠣᠨ ᠳᠤ ᠠᠶᠢᠯᠴᠢᠯᠠᠷ᠎ᠠ ᠢᠷᠡᠭᠰᠡᠨ ᠲᠤᠭ᠎ᠠ 780 ᠭᠠᠷᠣᠢ | ᠬᠦᠮᠦᠨ ︵ᠣᠳᠠᠭ᠎ᠠ︶ ᠳᠤ ᠲᠣᠯᠵᠦ᠂ ᠬᠤᠶᠠᠷ ᠲᠠᠯ᠎ᠠ ᠶᠢᠨ ᠮᠣᠩᠭᠤᠯᠴᠣᠳ ᠤᠨ ᠭᠤᠯᠣᠮᠳᠠ ᠨᠢᠭᠡᠳᠡᠨ ᠤ ᠡᠷᠬᠢᠮ | ᠬᠠᠶᠢᠷ᠎ᠠ ᠬᠠᠳᠠᠨ ᠤ ᠴᠢᠯᠠᠭᠤ ᠰᠢᠬ ᠪᠠᠳᠦ᠂ ᠬᠠᠨ ᠲᠡᠭᠷᠢ ᠰᠢᠭ ᠮᠦᠡᠭᠬᠡ ᠪᠠᠶᠢᠬᠤ ᠶᠢ ᠢᠯᠡᠷᠡᠭᠦᠯᠪᠡ᠃ | ᠦᠭᠡᠷᠡᠴᠢᠯᠡᠯᠳᠡ ᠨᠡᠬᠡᠬᠡᠯᠳᠡ ᠶᠢᠨ ᠠᠭᠤᠤ ᠥᠶ᠎ᠡ ᠢᠷᠡᠬᠦᠶ᠎ᠡ | ᠦᠭᠡᠳᠡᠯᠡᠨ ᠮᠠᠨᠳᠤᠭᠰᠠᠨ ᠰᠢᠨ᠎ᠡ ᠡᠷᠡᠨ ᠢᠶᠠᠨ ᠤᠭᠳᠤᠮᠤᠢ | ᠰᠢᠩ ᠮᠧᠡᠭ ᠤᠨ ᠮᠤᠩᠭᠤᠯᠴᠤᠳ 760 ᠭᠠᠷᠣᠢ ᠵᠢᠯ ᠤᠨ ᠲᠡᠦᠬᠡ ᠶᠢᠨ ᠲᠠᠪᠠᠯᠭᠠᠨ ᠢ ᠦᠡᠭᠭᠡᠷᠡᠭᠡᠬᠦ ᠳᠡᠭᠡᠨ | ᠡᠷᠡᠯᠬᠡᠭ ᠪᠠᠭᠠᠳᠣᠷᠯᠢᠬ ᠰᠦᠰᠦ ᠵᠣᠷᠢᠬ ᠢᠶᠠᠷ ᠢᠶᠠᠨ ᠠᠶᠣᠯ ᠲᠠᠶᠢᠨ ᠢ ᠲᠣᠭᠤᠯᠵᠦ ᠠᠵᠢᠯᠴᠢ ᠬᠦᠳᠡᠯᠮᠦᠷᠢᠴᠢ | ᠠᠷᠠᠨᠰᠢᠨ ᠢᠶᠠᠷ ᠢᠶᠠᠨ ᠪᠠᠶᠢᠭᠠᠯᠢ ᠣᠷᠴᠢᠨ ᠢᠶᠠᠨ ᠡᠷᠬᠡᠰᠢᠶᠡᠭᠰᠡᠭᠡᠷ ᠢᠷᠡᠪᠡ᠃ ᠲᠡᠳᠡ ᠶᠣᠧᠡᠨ ᠣᠯᠣᠰ ᠤᠨ ᠦᠶ᠎ᠡ ᠳᠤ | ᠠᠷᠠᠨᠵᠢᠠ ᠬᠦᠯᠦᠭ ᠲᠤ ᠮᠣᠷᠳᠠᠮᠠᠭᠴᠠ ᠴᠡᠷᠢᠭ ᠵᠠᠩᠵᠣᠨ ᠪᠣᠯᠵᠦ ᠲᠠᠶᠢᠨ ᠪᠠᠶᠢᠯᠳᠣᠭᠠᠨ ᠳᠤ ᠮᠣᠷᠳᠠᠭᠠᠳ ᠠᠭᠳᠠ | ᠬᠦᠯᠦᠭ ᠠᠴᠠ ᠪᠠᠭᠤᠮᠠᠭᠴᠠ ᠡᠭᠡᠯ ᠠᠷᠠᠳ ᠤᠨ ᠠᠮᠢᠳᠣᠷᠠᠯ ᠢᠶᠠᠨ ᠬᠢᠵᠦ᠂ ᠣᠮᠠᠷᠠᠳᠦ ᠶᠢᠨ ᠨᠡᠭᠦᠳᠡᠯᠴᠢᠨ | ᠦᠨᠳᠦᠰᠦᠳᠡᠨ ᠪᠠᠶᠢᠭᠰᠠᠨ ᠠᠴᠠ ᠪᠠᠨ ᠴᠢᠯᠠᠭᠤᠨᠨᠠᠭᠤᠷ ᠤᠨ ᠵᠢᠭᠠᠰᠣᠴᠢᠨ ᠬᠦᠮᠦᠰ ᠪᠣᠯᠣᠭᠰᠠᠨ ᠪᠢᠯᠡ᠃ ᠰᠡᠭᠦᠯᠡᠷ ᠨᠢ | ᠵᠢᠭᠠᠰᠣᠴᠢᠨ ᠠᠴᠠ ᠪᠠᠨ ᠲᠠᠷᠢᠶᠠᠴᠢᠨ᠂ ᠳᠠᠷᠢᠶᠠᠴᠢᠨ ᠠᠴᠠ ᠸᠠᠭᠠᠷᠴᠢᠨ᠂ ᠸᠠᠭᠠᠷᠴᠢᠨ ᠠᠴᠠ ᠪᠠᠨ ᠰᠠᠭᠤᠭᠠᠯᠢ ᠠᠷᠠᠳ | ᠪᠤᠯᠵᠤ᠂ ᠲᠤᠬᠠᠢ ᠶᠢᠨ ᠭᠠᠵᠠᠷ ᠤᠨ ᠪᠠᠶᠢᠭᠠᠯᠢ ᠣᠷᠴᠢᠨ ᠪᠤᠯᠤᠨ ᠡᠯ᠎ᠡ ᠦᠨᠳᠦᠰᠦᠳᠡᠨ ᠶᠠᠰᠤᠳᠠᠨ ᠲᠠᠢ ᠪᠠᠨ | ᠠᠭᠤᠰᠤᠯᠴᠠᠵᠤ᠂ ᠪᠠᠰᠠ ᠦᠪᠡᠷ ᠤᠨ ᠮᠤᠩᠭᠤᠯ ᠬᠦᠮᠦᠨ ᠤ ᠣᠨᠴᠠᠯᠢᠭ ᠢᠶᠠᠨ ᠬᠠᠳᠠᠭᠠᠯᠠᠨ ᠢᠷᠡᠭᠰᠡᠨ ᠠᠭᠤᠤ | ᠲᠡᠤᠬᠡ ᠶᠢ ᠡᠭᠦᠳᠴᠤ᠂ ᠣᠳᠣ ᠪᠤᠯᠬᠤ ᠳᠤ ︽ᠠᠮᠳᠠᠳᠤ ᠭᠤᠸ᠎ᠠ ᠶᠢᠨ ᠨᠤᠳᠤᠭ︾᠂ ︽ᠪᠠᠷᠢᠯᠭᠠᠴᠢᠨ ᠤ ᠨᠤᠳᠤᠭ︾᠂ | ︽ᠲᠠᠭᠤᠤ ᠪᠦᠵᠢᠭ ᠤᠨ ᠨᠤᠳᠤᠭ︾ ᠬᠡᠮᠡᠬᠦ ᠰᠠᠶᠢᠬᠠᠨ ᠨᠡᠷ᠎ᠠ ᠪᠠᠷ ᠲᠡᠯᠡᠭᠡᠢ ᠳᠤ ᠠᠯᠳᠠᠷᠰᠢᠵᠤ ᠪᠠᠶᠢᠨ᠎ᠠ᠃ | ᠣᠳᠣ ᠶᠢᠨ ᠰᠢᠩ ᠮᠧᠩ ᠰᠢᠶᠠᠩ ᠪᠤᠯ ᠲᠠᠷᠢᠶᠠᠯᠠᠩ ᠤᠢᠯᠡᠳᠪᠦᠷᠢᠯᠡᠯ ᠢᠶᠠᠷ ᠭᠤᠤᠯᠳᠠᠭᠤᠯᠤᠭᠰᠠᠨ ᠰᠢᠶᠠᠩ | ᠪᠤᠯᠤᠨ᠎ᠠ᠃ ᠪᠦᠬᠦ ᠰᠢᠶᠠᠩ ᠤᠨ ᠲᠠᠷᠢᠶᠠᠨ ᠭᠠᠵᠠᠷ ᠤᠨ ᠲᠠᠯᠠᠪᠠᠢ 3308 ᠮᠦ ᠯᠡ ᠪᠠᠶᠢᠵᠤ᠂ ᠬᠦᠮᠦᠨ ᠠᠮᠠ | ᠲᠡᠭᠰᠢᠳᠭᠡᠭᠡᠳ 0.58 ᠮᠦ ᠲᠠᠷᠢᠶ᠎ᠠ ᠲᠠᠢ᠃ ᠬᠡᠳᠦ᠋ᠢᠪᠡᠷ ᠲᠠᠷᠢᠶᠠᠨ ᠭᠠᠵᠠᠷ ᠲᠦᠢᠯ ᠤᠨ ᠪᠠᠭ᠎ᠠ ᠪᠤᠯᠪᠠᠴᠤ | ᠡᠪᠦᠯ ᠳᠡᠭᠡᠨ ᠬᠦᠯᠳᠡᠬᠦ ᠦᠭᠡᠢ᠂ ᠵᠤᠨ ᠳᠠᠭᠠᠨ ᠪᠦᠭᠴᠢᠮ᠎ᠠ ᠬᠠᠯᠠᠭᠤᠨ ᠪᠢᠰᠢ ᠪᠤᠯᠬᠤᠷ ᠨᠠᠪᠴᠢᠨ ᠲᠠᠮᠡᠬᠢ᠂ | ᠲᠤᠳᠤᠷᠭ᠎ᠠ᠂ ᠬᠦᠬᠡ ᠨᠤᠭᠤᠭ᠎ᠠ᠂ ᠠᠮᠳᠠᠳᠤ ᠭᠤᠸ᠎ᠠ ᠵᠡᠷᠭᠡ ᠲᠠᠷᠢᠮᠠᠯ ᠶᠡᠭᠡ ᠵᠣᠬᠢᠴᠠᠬᠤ ᠪᠦᠭᠡᠳ ᠵᠢᠯ ᠳᠤ | ᠬᠤᠶᠠᠷ ᠠᠴᠠ ᠭᠤᠷᠪᠠ ᠤᠳᠠᠭ᠎ᠠ ᠲᠠᠷᠢᠵᠤ ᠪᠤᠯᠳᠠᠭ᠃ ᠣᠯᠠᠨ ᠵᠢᠯ ᠤᠨ ᠲᠤᠷᠰᠢ ᠡ᠊ᠨᠳᠡᠬᠢ ᠮᠤᠩᠭᠤᠯᠴᠤᠳ ᠴᠠᠭ | ᠦᠶ᠎ᠡ ᠶᠢᠨ ᠬᠦᠭᠵᠢᠯᠳᠡ ᠶᠢ ᠲᠠᠭᠠᠯᠴᠠᠨ᠂ ︽ᠠᠮᠢ ᠠᠬᠤᠢ ᠪᠠᠷ ᠰᠢᠶᠠᠩ ᠢᠶᠠᠨ ᠪᠠᠶᠢᠭᠤᠯᠬᠤ᠂ ᠲᠠᠷᠢᠶᠠᠯᠠᠩ ᠢᠶᠠᠷ | ᠠᠷᠠᠳ ᠢᠶᠠᠨ ᠲᠤᠭᠳᠠᠪᠤᠷᠢᠵᠢᠭᠤᠯᠬᠤ᠂ ᠦᠪᠡᠷᠮᠢᠴᠡ ᠣᠨᠴᠠᠯᠢᠭ ᠢᠶᠠᠷ ᠢᠶᠠᠨ ᠰᠢᠶᠠᠩ ᠢᠶᠠᠨ ᠮᠠᠨᠳᠤᠭᠤᠯᠬᠤ᠂ | ᠰᠤᠶᠤᠯ ᠢᠶᠠᠷ ᠰᠢᠶᠠᠩ ᠢᠶᠠᠨ ᠠᠬᠢᠭᠤᠯᠬᠤ︾ ᠬᠦᠭᠵᠢᠯᠳᠡ ᠶᠢᠨ ᠰᠡᠳᠬᠢᠴᠡ ᠶᠢ ᠲᠤᠤᠱᠯᠠᠭᠤᠯᠬᠤ ᠶᠢ ᠪᠠᠷᠢᠮᠳᠠᠯᠠᠨ᠂ | ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠂ ᠤᠰᠤᠨ ᠠᠰᠢᠭᠯᠠᠯᠳᠠ ᠵᠡᠷᠭᠡ ᠦᠨᠳᠦᠰᠦᠨ ᠪᠠᠶᠢᠭᠤᠯᠤᠯᠳᠠ ᠶᠢᠨ | ᠬᠦᠴᠦᠯᠡᠴᠡ ᠶᠢ ᠴᠢᠩᠭᠠᠷᠠᠭᠤᠯᠵᠤ᠂ ᠲᠠᠷᠢᠶᠠᠯᠠᠩ ᠤᠢᠢᠯᠡᠳᠪᠦᠷᠢᠯᠡᠯ ᠤᠨ ᠨᠦᠬᠦᠴᠡᠯ ᠢ ᠲᠠᠰᠤᠷᠠᠯᠳᠠ ᠥᠭᠡᠢ | ᠰᠠᠶᠢᠵᠢᠷᠠᠭᠤᠯᠵᠠᠢ᠃ ᠣᠨᠴᠠᠭᠠᠢᠢᠯᠠᠨ ᠠᠮᠳᠠᠳᠤ ᠭᠤᠸ᠎ᠠ ᠪᠠᠷ ᠭᠤᠤᠯ ᠪᠤᠯᠭᠠᠭᠰᠠᠨ ᠦᠨᠳᠦᠷ ᠠᠰᠢᠭᠳᠤ | ᠲᠦᠭᠦᠭᠡᠷᠦᠮᠵᠢᠳᠦ ᠲᠠᠷᠢᠶᠠᠯᠠᠩ ᠢ ᠬᠦᠭᠵᠢᠭᠦᠯᠬᠦ ᠶᠢ ᠬᠦᠴᠦᠳᠡᠢ ᠠᠬᠢᠭᠤᠯᠵᠤ᠂ ᠬᠦᠬᠡ ᠨᠤᠭᠤᠭ᠎ᠠ᠂ ᠨᠠᠪᠴᠢᠨ | ᠲᠠᠮᠠᠬᠢ ᠶᠢᠨ ᠲᠠᠷᠢᠵᠤ ᠤᠷᠭᠤᠭᠤᠯᠬᠤ ᠪᠤᠯᠤᠨ ᠬᠠᠳᠤᠵᠤ ᠬᠤᠷᠢᠶᠠᠬᠤ ᠬᠢᠷᠢ ᠬᠡᠮᠵᠢᠶ᠎ᠡ ᠪᠠᠨ ᠲᠡᠭᠡᠭᠰᠢᠯᠡᠭᠦᠯᠦᠨ᠂ | ᠬᠡᠪᠴᠢᠶᠡᠵᠢᠬᠦᠯᠦᠨ ᠡᠵᠡᠩᠨᠡᠬᠦ᠂ ᠠᠵᠤ ᠤᠢᠢᠯᠡᠰᠴᠢᠭᠦᠯᠦᠨ ᠡᠵᠡᠩᠨᠡᠬᠦ ᠶᠢ ᠲᠦᠯᠬᠢᠨ ᠠᠬᠢᠭᠤᠯᠪᠠ᠃ 2013 ᠣᠨ ᠳᠤ | ᠂ ᠪᠦᠬᠦ ᠰᠢᠶᠠᠩ ᠤᠨ ᠲᠠᠷᠢᠶᠠᠯᠠᠭᠰᠠᠨ ᠲᠠᠯᠠᠪᠠᠢ 9651 ᠮᠦ ᠳᠤ ᠬᠦᠷᠴᠦ᠂ ᠲᠠᠷᠢᠶᠠᠨ ᠭᠠᠵᠠᠷ ᠤᠨ ᠲᠠᠬᠢᠵᠤ | ᠲᠠᠷᠢᠭᠰᠠᠨ ᠨᠤᠷᠮ᠎ᠠ 291.7% ᠳᠤ ᠲᠤᠯᠤᠭᠰᠠᠨ ᠪᠠᠶᠢᠨ᠎ᠠ᠃ ᠡᠭᠦᠨ ᠳᠤ ᠠᠮᠤ ᠪᠤᠳᠠᠭᠠᠨ ᠤ ᠲᠠᠷᠢᠮᠠᠯ ᠢ 737 ᠮᠦ | ᠲᠠᠷᠢᠵᠤ᠂ ᠶᠡᠷᠦᠩᠬᠡᠢ ᠤᠨᠠᠯᠳᠠ ᠨᠢ 29.3 ᠲᠦᠮᠡᠨ ᠺᠢᠯᠦᠺᠷᠠᠮ ᠳᠤ ᠲᠤᠯᠵᠤ᠂ ᠬᠦᠬᠡ ᠨᠤᠭᠤᠭ᠎ᠠ 6508 ᠮᠦ | ᠲᠠᠷᠢᠵᠤ᠂ 2356 ᠲᠦᠮᠡᠨ ᠲᠦᠭᠦᠷᠢᠭ ᠤᠨ ᠤᠷᠤᠯᠭ᠎ᠠ ᠡᠭᠦᠳᠦᠭᠰᠡᠨ ᠪᠠᠶᠢᠨ᠎ᠠ᠃ ᠤᠨᠠᠯᠳᠠ ᠶᠢ | ᠲᠤᠭᠳᠠᠪᠤᠷᠢᠵᠢᠭᠤᠯᠤᠨ ᠴᠢᠨᠠᠷ ᠴᠢᠨᠰᠠᠭ᠎ᠠ ᠶᠢ ᠲᠡᠭᠡᠭᠰᠢᠯᠡᠭᠦᠯᠬᠦ ᠡᠭᠦᠳᠡᠨ ᠠᠴᠠ ᠨᠠᠪᠴᠢᠨ ᠳᠠᠮᠠᠬᠢ ᠳᠠᠷᠢᠬᠤ ᠶᠢ | ᠰᠠᠶᠢᠳᠤᠷ ᠠᠳᠬᠤᠭᠠᠳ ᠥᠩᠭᠡᠷᠡᠭᠰᠡᠨ ᠵᠢᠯ ᠳᠤ 11.9 ᠲᠦᠮᠡᠨ ᠺᠢᠯᠦᠭᠷᠠᠮ ᠨᠠᠪᠴᠢᠨ ᠳᠠᠮᠠᠬᠢ ᠬᠤᠳᠠᠯᠳᠤᠵᠤ᠂ | 311 ᠲᠦᠮᠡᠨ ᠲᠦᠭᠦᠷᠢᠭ ᠤᠨ ᠠᠰᠢᠭ ᠤᠷᠤᠯᠭ᠎ᠠ ᠶᠢ ᠡᠭᠦᠳᠴᠠᠢ᠃ ᠲᠦᠭᠦᠭᠡᠷᠦᠮᠵᠢᠳᠦ ᠲᠠᠷᠢᠶᠠᠯᠠᠩ ᠢ | ᠦᠷᠬᠦᠯᠵᠢᠯᠡᠨ ᠬᠦᠭᠵᠢᠭᠦᠯᠵᠤ᠂ ᠣᠳᠣ ᠳᠤᠯᠠᠭᠠᠨ ᠬᠦᠯᠡᠮᠵᠢ ᠶᠢᠨ ᠲᠠᠯᠠᠪᠠᠢ 898.21 ᠮᠦ ᠳᠤ ᠲᠤᠯᠵᠤ᠂ ᠠᠮᠳᠠᠳᠤ | ᠭᠤᠸ᠎ᠠ ᠶᠢᠨ ᠲᠠᠯᠠᠪᠠᠢ 1208 ᠮᠦ ᠳᠤ ᠬᠦᠷᠴᠦ᠂ 1954 ᠲᠦᠮᠡᠨ ᠲᠦᠭᠦᠷᠢᠭ ᠤᠨ ᠤᠷᠤᠯᠭ᠎ᠠ ᠡᠭᠦᠳᠴᠦ᠂ 15. | 3% ᠪᠠᠷ ᠨᠡᠮᠡᠭᠳᠡᠭᠰᠡᠨ ᠪᠠᠶᠢᠨ᠎ᠠ᠃ | ᠤᠷᠳᠤ ᠤᠳᠠᠭᠠᠨ ᠲᠡᠤᠬᠡᠨ ᠬᠦᠭᠵᠢᠯᠳᠡ ᠶᠢᠨ ᠶᠠᠪᠤᠴᠠ ᠳᠤ᠂ ᠰᠢᠩ ᠮᠧᠩ ᠤᠨ ᠮᠤᠩᠭᠤᠯᠴᠤᠳ | ᠡᠬᠡ ᠠᠴᠠ ᠰᠠᠯᠤᠭᠰᠠᠨ ᠦᠨᠦᠴᠢᠨ ᠬᠡᠤᠬᠡᠳ ᠰᠢᠭ ᠮᠢᠩ ᠤᠨ ᠲᠦᠷᠦ ᠶᠢᠨ ᠬᠠᠷ᠎ᠠ ᠬᠢᠳᠦᠯᠭ᠎ᠠ᠂ ᠬᠠᠷᠢ | ᠦᠨᠳᠦᠰᠦᠳᠡᠨ ᠤ ᠬᠠᠷᠬᠢᠰ ᠲᠠᠷᠤᠯᠠᠯ ᠤᠨ ᠲᠤᠤᠷ᠎ᠠ ᠣᠷᠣᠰᠢᠨ ᠲᠤᠭᠳᠠᠨᠢᠵᠤ᠂ ᠬᠦᠭᠵᠢᠨ ᠮᠠᠨᠳᠤᠬᠤ ᠶᠢᠨ ᠲᠦᠯᠦᠭᠡ | ᠮᠤᠩᠭᠤᠯ ᠬᠦᠮᠦᠨ ᠤ ᠠᠵᠢᠯᠴᠢ ᠬᠦᠳᠡᠯᠮᠦᠷᠢᠴᠢ ᠪᠦᠭᠡᠳ ᠬᠤᠷᠴᠠ ᠰᠡᠷᠭᠡᠭ ᠡᠷᠳᠡᠮ ᠴᠢᠳᠠᠪᠤᠷᠢ ᠳᠠᠭᠠᠨ ᠲᠦᠰᠢᠭᠯᠡᠨ | ᠲᠤᠬᠠᠢ ᠶᠢᠨ ᠭᠠᠵᠠᠷ ᠤᠨ ᠤᠢᠢᠯᠡᠳᠪᠦᠷᠢᠯᠡᠯ ᠤᠨ ᠠᠷᠭ᠎ᠠ ᠮᠠᠶ᠋ᠢᠭ ᠢ ᠠᠯᠢ ᠲᠦᠷᠭᠡᠨ ᠢᠶᠠᠷ ᠰᠤᠷᠴᠤ ᠡᠵᠡᠮᠰᠢᠭᠰᠡᠨ | ᠪᠦᠭᠡᠳ ᠭᠡᠷ ᠪᠠᠷᠢᠯᠭ᠎ᠠ ᠶᠢᠨ ᠠᠵᠢᠯ ᠳᠤ ᠣᠯᠠᠨ ᠠᠴᠠ ᠣᠷᠦ᠋ᠢᠯᠠᠨ ᠴᠠᠭᠠᠷᠠᠭᠠᠳ ᠮᠢᠩ ᠴᠢᠩ ᠤᠨ ᠦᠶ᠎ᠡ ᠠᠴᠠ | ᠡᠬᠢᠯᠡᠨ ︽ᠪᠠᠷᠢᠯᠭᠠᠴᠢᠨ ᠤ ᠨᠤᠳᠤᠭ︾ ᠬᠡᠮᠡᠨ ᠠᠯᠳᠠᠷᠰᠢᠭᠰᠠᠨ ᠪᠠᠶᠢᠨ᠎ᠠ᠃ ᠡ᠊ᠨᠳᠡᠬᠢ ᠮᠤᠩᠭᠤᠯᠴᠤᠳ ᠵᠢᠯ ᠪᠦᠷᠢ | ᠪᠢᠯᠢᠭ ᠤᠨ ᠤᠯᠠᠷᠢᠯ ᠤᠨ ᠲᠦᠷᠪᠡᠨ ᠰᠠᠷ᠎ᠠ ᠶᠢᠨ ᠰᠢᠨ᠎ᠡ ᠶᠢᠨ ᠬᠤᠶᠠᠷ ᠲᠤ ᠤᠯᠠᠮᠵᠢᠯᠠᠯᠳᠤ ᠪᠠᠶᠠᠷ ᠤᠨ ᠡᠳᠤᠷ ︽ | ᠯᠦ ᠪᠠᠨ ᠪᠠᠶᠠᠷ︾ ᠢ ᠦᠩᠭᠡᠷᠡᠭᠦᠯᠳᠡᠭ᠃ ᠮᠢᠩ ᠤᠨ ᠲᠦᠷᠦ ᠠᠴᠠ ᠨᠠᠰᠢ᠂ ᠮᠤᠩᠭᠤᠯ ᠨᠡᠷᠡᠳᠦ ᠪᠠᠷᠢᠯᠭᠠᠴᠢᠨ ᠣᠯᠠᠨ | ᠴᠣᠯᠭᠤᠷᠠᠨ ᠭᠠᠷᠴᠤ᠂ ᠤᠯᠤᠰ ᠤᠨ ᠲᠤᠳᠤᠭᠠᠳᠤ ᠭᠠᠳᠠᠭᠠᠳᠤ ᠳᠤ ᠣᠯᠠᠨ ᠠᠷᠪᠢᠨ ᠨᠡᠷᠡᠳᠦ ᠪᠠᠷᠢᠯᠭ᠎ᠠ ᠶᠢ | ᠦᠯᠡᠳᠡᠭᠡᠭᠰᠡᠨ ᠪᠠᠶᠢᠨ᠎ᠠ᠃ ᠲᠦᠩᠬᠠᠢ ᠶᠢᠨ ᠡᠷᠳᠡᠨ ᠤ ᠠᠰᠠᠷ ᠵᠢᠤᠢ ᠺᠦᠢ ᠭᠧ᠂ ᠰᠢᠤ ᠱᠠᠨ ᠠᠭᠤᠯᠠᠨ ᠤ ᠡᠷᠳᠡᠨ ᠤ | ᠪᠠᠷᠢᠯᠭ᠎ᠠ ᠨᠤᠭᠤᠳ ᠵᠡᠷᠭᠡ ᠣᠯᠠᠨ ᠨᠡᠷᠡᠳᠦ ᠪᠠᠷᠢᠯᠭ᠎ᠠ ᠪᠤᠢ᠃ ᠣᠳᠣ ᠪᠤᠯᠳᠠᠯ᠎ᠠ ᠪᠠᠷᠢᠯᠭ᠎ᠠ ᠶᠢᠨ ᠤᠢᠢᠯᠡᠰ ᠨᠢ | ᠲᠡᠳᠡᠨᠡᠷ ᠤᠨ ᠤᠢᠢᠯᠡᠳᠪᠦᠷᠢᠯᠡᠯ ᠤᠨ ᠭᠤᠤᠯᠯᠠᠬᠤ ᠲᠦᠷᠦᠯ ᠵᠦᠢᠯ ᠪᠤᠯᠤᠭᠰᠠᠭᠠᠷ ᠢᠷᠡᠵᠡᠢ᠃ ᠰᠢᠶᠠᠩ ᠳᠠᠭᠠᠨ | ᠪᠠᠶᠢᠭᠤᠯᠣᠭᠰᠠᠨ ᠪᠠᠷᠢᠯᠭ᠎ᠠ ᠶᠢᠨ ᠺᠣᠮᠫᠠᠨᠢ ᠨᠢ 1965 ᠣᠨ ᠳᠤ ᠨᠢᠭᠡᠯᠡ ᠪᠠᠶᠢᠭᠰᠠᠨ ᠠᠴᠠ ᠪᠠᠨ ᠣᠳᠣᠬᠠᠨ ᠳᠤ 8 | ᠪᠣᠯᠵᠦ ᠬᠦᠭᠵᠢᠪᠡ᠃ 2013 ᠣᠨ ᠳᠤ᠂ ᠪᠦᠬᠦ ᠰᠢᠶᠠᠩ ᠤᠨ ᠠᠵᠤ ᠠᠬᠤᠢ ᠶᠢᠨ ᠶᠡᠷᠦᠩᠬᠡᠢ ᠣᠷᠣᠯᠭ᠎ᠠ 2.37 | ᠳ᠋ᠦ᠋ᠩᠰᠢᠭᠤᠷ ᠲᠦᠭᠦᠷᠢᠭ ᠲᠤ ᠲᠤᠯᠵᠤ᠂ ᠲᠡᠭᠡᠷ᠎ᠡ ᠵᠢᠯ ᠤᠨ ᠬᠢ ᠠᠴᠠ ᠪᠠᠨ 23.4% ᠪᠠᠷ ᠨᠡᠮᠡᠭᠳᠡᠵᠡᠢ᠃ | ᠲᠠᠷᠢᠶᠠᠴᠢᠳ ᠤᠨ ᠬᠦᠮᠦᠨ ᠪᠦᠷᠢ ᠶᠢᠨ ᠲᠡᠭᠰᠢᠳᠭᠡᠭᠰᠡᠨ ᠣᠷᠣᠯᠭ᠎ᠠ 7438 ᠲᠦᠭᠦᠷᠢᠭ ᠲᠤ ᠬᠦᠷᠴᠠᠢ᠃ | ᠠᠢ︕ ᠬᠦᠯᠦᠭ ᠤᠨ ᠲᠠᠪᠬᠢᠭ᠎ᠠ ᠶᠢᠨ ᠭᠢᠯᠪᠡᠭᠡᠨ ᠰᠣᠷᠪᠣᠯᠵᠢᠯᠠᠭ᠎ᠠ ᠮᠠᠨᠢ ᠢᠡᠭᠭᠢᠵᠦ ᠯᠡ ᠦᠨᠳᠦᠷᠯᠡᠬᠦ | ᠪᠣᠯᠣᠯ᠎ᠠ᠃ ᠬᠤᠶᠢᠨ᠎ᠠ ᠠᠴᠠ ᠮᠠᠨᠢ ᠭᠠᠷ ᠡᠷᠭᠦᠵᠦ᠂ ᠬᠠᠷᠠᠬᠤ ᠨᠢᠳᠦᠨ ᠠᠴᠠ ᠪᠠᠨ ᠨᠢᠯᠪᠣᠰᠣ ᠪᠦᠮᠪᠦᠷᠢᠭᠦᠯᠦᠨ | ᠮᠣᠷᠳᠠᠭᠤᠯᠤᠭᠠ ᠮᠣᠩᠭᠤᠯᠴᠣᠳ ᠲᠠᠭᠠᠨ ᠪᠢ ᠦᠯᠡᠳᠡᠭᠡᠬᠦ ᠶᠠᠭᠤᠮ᠎ᠠ ᠬᠤᠮᠰᠠᠳᠠᠭᠰᠠᠨ ᠳᠠᠭᠠᠨ ᠡᠯᠢᠭᠡ ᠵᠢᠷᠦᠬᠡᠨ ᠤ | ᠲᠣᠯᠬᠢᠰᠣᠯᠳᠠ ᠳᠤ ᠮᠠᠨᠢ᠄ | ᠵᠠᠭᠤᠨ ᠵᠠᠭᠤᠨ ᠢ ᠦᠡᠭᠭᠡᠷᠡᠭᠡᠭᠰᠡᠨ ᠴᠢᠯᠠᠭᠤᠨ ᠠᠭᠤᠯᠠ | ᠵᠢᠷᠤᠬ ᠤᠨ ᠮᠣᠷᠢᠨ ᠤ ᠲᠡᠯ ᠰᠢᠭ ᠰᠦᠨᠳᠡᠷᠯᠡᠨ ᠰᠦᠨᠳᠡᠷᠯᠡᠭᠰᠡᠭᠡᠷ | ᠵᠣᠷᠢᠬ ᠬᠠᠳᠠᠭᠤ ᠮᠣᠩᠭᠤᠯ ᠴᠡᠷᠢᠭ ᠤᠨ ᠲᠡᠮᠦᠷ ᠲᠣᠭᠤᠷᠠᠢ | ᠲᠡᠭᠷᠢᠯᠢᠭ ᠬᠦᠪᠡᠭᠦᠳ ᠤᠨ ᠲᠡᠦᠬᠡ ᠶᠢᠨ ᠦᠨᠡᠨ ᠢ ᠬᠦᠦᠷᠨᠢᠭᠰᠡᠭᠡᠷ | ᠡᠷᠡᠨ ᠵᠠᠭᠤᠨ ᠢ ᠡᠯᠡᠭᠡᠭᠰᠡᠨ ᠴᠢᠯᠠᠭᠤᠨᠨᠠᠭᠤᠷ | ᠡᠷᠭᠢ ᠲᠦᠭᠦᠷᠡᠩ ᠮᠡᠯᠳᠡᠶᠢᠨ ᠣᠷᠣᠰᠣᠭᠰᠠᠭᠠᠷ | ᠡᠯᠢᠭᠡ ᠵᠢᠷᠦᠬᠡᠨ ᠤ ᠡᠮᠳᠡᠷᠬᠡᠢ ᠶᠦᠨᠨᠠᠨ ᠮᠣᠩᠭᠤᠯᠴᠣᠳ ᠮᠢᠨᠢ | ᠦᠨᠳᠦᠷᠯᠢᠭ ᠤᠨ ᠦᠷᠦᠴᠡᠨ ᠳᠡᠭᠡᠨ ᠣᠷᠳᠣᠳᠠ ᠴᠡᠩᠬᠡᠨ ᠵᠢᠷᠭᠠᠬᠤ ᠪᠣᠯᠣᠭᠠᠰᠠᠢ︕ ᠭᠡᠵᠦ ᠨᠠᠮᠠᠨᠴᠢᠯᠠᠨ | ᠲᠠᠭᠠᠳᠬᠠᠵᠦ ᠨᠣᠳᠤᠬ ᠤᠨ ᠵᠠᠮ ᠢᠶᠠᠨ ᠡᠯᠬᠦᠯ᠎ᠡ᠃ | | |