ᠦᠪᠦᠷ ᠮᠤᠩᠭᠤᠯ ᠤᠷᠤᠨ ᠤ ᠳᠡᠦᠬᠡᠨ ᠳᠤ ᠳᠡᠮᠳᠡᠭᠯᠡᠯ ᠲᠠᠢ ᠪᠠᠶᠢᠭ᠎ᠠ ᠮᠢᠩᠭᠠᠨ ᠪᠦᠬᠡ ᠪᠠᠷᠢᠯᠳᠤᠭᠤᠯᠤᠭᠰᠠᠨ | ᠨᠠᠶᠢᠷ ᠤᠨ ᠳᠤᠬᠠᠢ ᠳᠤᠪᠴᠢᠬᠠᠨ ᠪᠦᠷᠢᠳᠬᠡᠪᠡᠯ᠄ | ᠮᠠᠨᠵᠥ ᠴᠢᠩ ᠬᠥᠷᠥᠨ ᠤ ᠥᠶ᠎ᠡ ᠳᠤ ᠥᠪᠥᠷᠯᠡᠭᠴᠢᠳ ᠤᠨ ᠲᠡᠤᠭᠡᠨ ᠳᠤ 1024 ᠪᠥᠭᠡ ᠪᠠᠷᠢᠯᠳᠤᠭᠤᠯᠤᠭᠰᠠᠨ | ᠲᠤᠭᠠᠳᠠᠢ ᠳᠥᠷᠪᠡᠭᠡᠨ ᠲᠤᠮᠤ ᠨᠠᠶᠢᠷ ᠢ ᠴᠥᠮ ᠲᠤᠯᠤᠨ ᠨᠠᠭᠤᠷ ᠬᠤᠶᠢᠨ ᠭᠤᠤᠯ ︵ᠬᠤᠵᠢᠮ ᠨᠢ ᠬᠡᠶᠢᠪᠤᠡᠭ ᠭᠤᠤᠯ | ᠬᠡᠵᠥ ᠲᠡᠮᠳᠡᠭᠯᠡᠬᠦ ᠪᠤᠯᠵᠠᠢ︶ ᠤᠨ ᠲᠠᠨᠵᠢᠨᠠ ᠬᠢᠵᠠᠢ᠃ ᠡᠶᠢᠮᠥ ᠪᠠᠷ ᠢᠶᠠᠨ ︽ᠬᠡᠶᠢᠪᠤᠡᠭ ᠤᠨ ᠨᠠᠶᠢᠷ︾ ᠬᠡᠮᠡᠨ | ᠲᠡᠤᠭᠡᠨ ᠳᠤ ᠠᠯᠳᠠᠷᠰᠢᠭᠰᠠᠨ ᠪᠠᠶᠢᠨ᠎ᠠ᠃ | ᠤᠤᠭᠠᠨ ᠨᠠᠶᠢᠷ ᠨᠢ ᠭᠠᠯ ︵ᠤᠯᠠᠭᠠᠨ︶ ᠮᠤᠷᠢᠨ ᠵᠢᠯ ︵1666 ᠤᠨ︶ ᠡᠩᠭᠡ ᠠᠮᠤᠭᠤᠯᠠᠩ ᠤᠨ | ᠲᠠᠪᠤᠳᠤᠭᠠᠷ ᠤᠨ ᠳᠤ ᠤᠯᠤᠰ ᠤᠨ ᠶᠡᠭᠡ ᠨᠠᠶᠢᠷ ᠤᠨ 1024 ᠪᠥᠭᠡ ᠳᠤ ᠥᠵᠥᠮᠥᠴᠢᠨ ᠪᠠᠶᠢᠯ᠎ᠠ ᠶᠢᠨ | ᠬᠤᠰᠢᠭᠤᠨ ᠤ ᠡᠩᠡ ᠶᠢᠨ ᠰᠤᠮᠤᠨ ᠤ ᠬᠠᠪᠠᠭᠴᠢᠨ ᠤᠪᠤᠭ ᠤᠨ ᠲᠠᠰᠢᠮᠠ ᠬᠢᠶ᠎ᠡ ᠶᠢᠨ ᠤᠤᠭᠠᠨ ᠬᠥᠪᠡᠬᠦᠨ ᠠᠨᠵᠤᠤ | ᠬᠡᠭᠴᠢ ᠪᠥᠭᠡ ᠲᠡᠷᠢᠬᠦᠯᠡᠭᠰᠡᠨ ᠪᠠᠶᠢᠨᠠᠮ᠃ | ᠬᠤᠶᠠᠳᠤᠭᠠᠷ ᠨᠠᠶᠢᠷ ᠨᠢ ᠰᠢᠷᠤᠢ ︵ᠰᠢᠷ᠎ᠠ︶ ᠮᠤᠷᠢᠨ ᠵᠢᠯ ︵1858 ᠤᠨ︶ ᠲᠥᠭᠡᠮᠡᠯ ᠡᠯᠪᠡᠭᠳᠥ ᠶᠢᠨ | ᠨᠠᠢᠮᠠᠳᠤᠭᠠᠷ ᠤᠨ ᠳᠤ ᠲᠤᠯᠤᠨ ᠨᠠᠭᠤᠷ ᠬᠠᠯᠢᠭᠤᠳᠠᠢ ᠶᠢᠨ ᠲᠠᠯ᠎ᠠ ᠶᠢᠨ ᠬᠥᠯ᠂ ᠵᠠᠩᠬᠢᠶ᠎ᠠ ᠬᠡᠬᠡᠨ ᠴᠠᠭᠠᠨ ᠤᠪᠤᠭ᠎ᠠ ᠶᠢᠨ | ᠵᠡᠬᠦᠨᠭᠡᠨᠡ ᠠᠷᠪᠠᠨ ᠲᠤᠯᠤᠳᠤᠭᠠᠷ ᠳᠥᠷᠢ ᠶᠢᠨ ᠵᠠᠩᠬᠢᠶ᠎ᠠ ᠬᠤᠳᠤᠭᠳᠥ ᠢᠰᠢᠳᠠᠮᠪᠢᠨᠢᠮᠠ ︵1849 — 1875 | ᠤᠨ︶ ᠳᠤ ᠳ᠋ᠠᠩᠰᠢᠭ ᠡᠷᠬᠦᠨ 1024 ᠪᠥᠭᠡ ᠪᠠᠷᠢᠯᠳᠤᠭᠤᠯᠤᠭᠰᠠᠨ ᠳᠤ ᠬᠠᠭᠤᠴᠢᠳ ᠬᠤᠰᠢᠭᠤᠨ ᠤ ᠬᠤᠶᠠᠷ | ᠰᠤᠩᠳᠤᠢ ᠥᠵᠥ ︵ᠲᠡᠷᠢᠬᠦᠨ︶ ᠵᠠᠢ ︵ᠳᠡᠳ᠋︶ ᠶᠢ ᠠᠪᠴᠠᠢ᠃ | ᠭᠤᠷᠪᠠᠳᠤᠭᠠᠷ ᠨᠠᠶᠢᠷ ᠨᠢ ᠰᠢᠷᠤᠢ ︵ᠰᠢᠷ᠎ᠠ︶ ᠬᠤᠯᠤᠭᠠᠨ᠎ᠠ ᠵᠢᠯ ︵1888 ᠤᠨ︶ ᠪᠠᠳᠠᠷᠠᠭᠤᠯᠳᠥ | ᠳᠥᠷᠥ ᠶᠢᠨ ᠠᠷᠪᠠᠨ ᠳᠥᠷᠪᠡᠳᠥᠬᠡᠷ ᠤᠨ ᠳᠤ ᠬᠡᠶᠢᠪᠤᠡᠭ ᠬᠠᠯᠢᠭᠤᠳᠤ ᠳᠤ ᠠᠷᠪᠠᠨ ᠨᠠᠢᠮᠠᠳᠤᠭᠠᠷ ᠳᠥᠷᠢ ᠶᠢᠨ ᠵᠠᠩᠬᠢᠶ᠎ᠠ | ᠬᠤᠳᠤᠭᠳᠥ ᠯᠤᠪᠰᠠᠩᠳᠠᠨᠵᠢᠨᠵᠠᠮᠰᠤ ︵1878 — 1888 ᠤᠨ︶ ᠳᠤ ᠳ᠋ᠠᠩᠰᠢᠭ ᠡᠷᠬᠦᠭᠰᠡᠨ ᠶᠡᠭᠡ ᠨᠠᠶᠢᠷ ᠤᠨ | 1024 ᠪᠥᠭᠡ ᠳᠤ ᠥᠵᠥᠮᠥᠴᠢᠨ ᠪᠠᠷᠠᠭᠤᠨ ᠬᠤᠰᠢᠭᠤᠨ ᠤ ︽ᠳᠡᠭᠡᠳᠥ ᠰᠢᠳᠢᠰ ᠤᠨ ᠬᠡᠶᠢᠳ︾ ᠪᠤᠶᠤ ᠤᠯᠠᠭᠠᠨ | ᠬᠠᠭᠠᠯᠭ᠎ᠠ ᠰᠥᠮ᠎ᠡ ᠶᠢᠨ ᠤᠨᠠᠭᠠᠨ ᠱᠠᠪᠢ ᠰᠢᠷ᠎ᠡ ᠲᠡᠮᠡᠭᠡᠴᠢᠨ ᠤᠪᠤᠭ ᠲᠠᠢ ᠪᠠᠭᠰᠢ ᠶᠢᠨ ᠤᠯᠠᠭᠠᠨ ᠬᠡᠭᠴᠢ ᠪᠥᠭᠡ | ᠲᠡᠷᠢᠬᠦᠯᠡᠵᠥ᠂ ᠠᠷᠤ ᠬᠤᠷᠴᠢᠨ ᠬᠠᠨ ᠰᠥᠮ᠎ᠡ ᠶᠢᠨ ᠤᠯᠠᠭᠠᠨ ᠭᠤᠳᠤᠯᠳᠥ ᠭᠤᠮᠪᠤᠵᠠᠪ ︵ᠭᠤᠮᠪᠤᠵᠠᠭᠠᠨ ᠴᠤ ᠬᠡᠳᠡᠭ | ︶ ᠲᠡᠳ᠋ᠯᠡᠭᠰᠡᠨ ᠪᠠᠶᠢᠨ᠎ᠠ᠃ | ᠤᠳᠬᠤᠨ ᠨᠠᠶᠢᠷ ᠨᠢ ᠤᠰᠤ ︵ᠬᠠᠷᠠᠭᠴᠢᠨ︶ ᠲᠠᠤᠯᠠᠢ ᠵᠢᠯ ︵1903 ᠤᠨ︶ ᠪᠠᠳᠠᠷᠠᠭᠤᠯᠳᠥ | ᠳᠥᠷᠥ ᠶᠢᠨ ᠬᠤᠷᠢ ᠶᠢᠰᠥᠳᠥᠬᠡᠷ ᠤᠨ ᠳᠤ ᠬᠡᠶᠢᠪᠤᠡᠭ ᠭᠤᠤᠯ ᠤᠨ ᠪᠠᠷᠠᠭᠤᠨᠳᠠᠢ ᠠᠯᠳᠠᠨ ᠰᠢᠷᠡᠭᠡᠳᠥ ᠶᠢᠨ ᠲᠠᠯ᠎ᠠ ᠳᠤ | ᠠᠷᠪᠠ ᠶᠢᠰᠥᠳᠥᠬᠡᠷ ᠳᠥᠷᠢ ᠶᠢᠨ ᠵᠠᠩᠬᠢᠶ᠎ᠠ ᠬᠤᠳᠤᠭᠳᠥ ᠶᠢᠨ 13 ᠨᠠᠰᠤᠨ ᠰᠡᠬᠦᠳᠡᠷ ᠲᠤ ᠲᠤᠬᠢᠶᠠᠯᠳᠤᠭᠤᠯᠤᠨ | ᠠᠪᠢᠰᠢᠭ ᠲᠠᠯᠪᠢᠬᠤ ᠳ᠋ᠠᠩᠰᠢᠭ ᠨᠠᠶᠢᠷ ᠤᠨ 1024 ᠪᠥᠭᠡ ᠳᠤ ᠲᠤᠯᠤᠨ ᠨᠠᠭᠤᠷ ᠤᠨ ᠰᠢᠷᠡᠭᠡᠳᠥ ᠬᠡᠬᠡᠨ ᠱᠠᠪᠢᠨᠠᠷ ᠤᠨ | ︽ᠤᠭᠰᠠᠷᠠᠭ᠎ᠠ ᠲᠤᠯᠤᠭᠠᠨ ᠮᠡᠭᠡᠳᠥ︾ ᠰᠤᠳᠨᠠᠮ ᠭᠡᠭᠴᠢ ᠪᠥᠭᠡ ᠲᠡᠷᠢᠬᠦᠯᠡᠭᠰᠡᠨ ᠳᠤ ᠵᠠᠩᠬᠢᠶ᠎ᠠ ᠬᠡᠬᠡᠨᠳᠡᠨ ︽ | ᠪᠥᠭᠡ ᠶᠢᠨ ᠲᠡᠭᠷᠢ ᠬᠡᠶᠢᠮᠤᠷᠢ ᠬᠤᠷᠦ᠋ᠢᠯᠠᠨ ᠰᠤᠶᠤᠷᠬ᠎ᠠ︕︾ ᠬᠡᠮᠡᠨ ᠲᠡᠬᠦᠨ ᠳᠤ ︽ᠱᠠᠵᠢᠨᠬᠡᠷᠡᠯ︾ ᠬᠡᠮᠡᠬᠦ ᠨᠡᠷ᠎ᠡ | ᠬᠠᠶᠢᠷᠠᠯᠠᠭᠰᠠᠨ ᠭᠡᠳᠡᠭ ᠪᠢᠯᠡ᠃ | ᠤᠯᠤᠰ ᠪᠠᠶᠢᠭᠤᠯᠤᠭᠳᠠᠭᠰᠠᠨ ᠠᠴᠠ ᠨᠠᠭᠠᠰᠢ ᠮᠢᠩᠭᠠᠨ ᠪᠦᠬᠡ ᠶᠢᠨ ᠨᠠᠶᠢᠷ ᠤᠨ ᠦᠵᠦ ᠵᠠᠢ ᠶᠢᠨ ᠪᠦᠬᠡᠴᠤᠳ | 1982 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 6 ᠳ᠋ᠤᠭᠠᠷ ᠤᠳᠠᠭᠠᠨ ᠤ ᠶᠡᠭᠡ ᠨᠠᠭᠠᠳᠤᠮ ᠢᠶᠠᠷ | 1024 ᠪᠦᠬᠡ ᠪᠠᠷᠢᠯᠳᠤᠵᠤ᠂ ᠬᠦᠯᠦᠨ ᠪᠦᠢᠷ ᠤᠨ ᠪᠠᠽᠠᠷᠭᠠᠨᠳ᠋ ᠳᠡᠷᠢᠬᠦᠯᠡᠵᠦ᠂ ᠰᠢᠯᠢᠨ ᠭᠤᠤᠯ ᠤᠨ ᠪᠠᠶᠠᠨ ᠰᠢᠯᠢ | ᠮᠠᠯᠵᠢᠯ ᠤᠨ ᠲᠠᠯᠠᠪᠠᠢ ᠶᠢᠨ ᠪᠠᠭᠠᠨ᠎ᠠ ᠳᠡᠳ᠋ᠯᠡᠭᠰᠡᠨ᠃ | 1990 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 7 ᠳ᠋ᠤᠭᠠᠷ ᠤᠳᠠᠭᠠᠨ ᠤ ᠶᠡᠭᠡ | ᠨᠠᠭᠠᠳᠤᠮ ᠢᠶᠠᠷ ᠮᠦᠨ 1024 ᠪᠦᠬᠡ ᠪᠠᠷᠢᠯᠳᠤᠵᠤ᠂ ᠵᠡᠬᠦᠨ ᠦᠵᠦᠮᠦᠴᠢᠨ ᠤ ᠴᠠᠭᠠᠨᠵᠠᠭᠠᠨ ᠳᠡᠷᠢᠬᠦᠯᠡᠵᠦ᠂ ᠪᠠᠶᠠᠨ | ᠰᠢᠯᠢ ᠮᠠᠯᠵᠢᠯ ᠤᠨ ᠲᠠᠯᠠᠪᠠᠢ ᠶᠢᠨ ᠪᠠᠭᠠᠨ᠎ᠠ ᠳᠡᠳ᠋ᠯᠡᠭᠰᠡᠨ᠃ | 1996 ᠤᠨ ᠳᠤ ᠪᠤᠯᠤᠭᠰᠠᠨ ᠵᠡᠬᠦᠨ ᠦᠵᠦᠮᠦᠴᠢᠨ ᠬᠤᠰᠢᠭᠤ ᠪᠠᠶᠢᠭᠤᠯᠤᠭᠳᠠᠭᠰᠠᠨ 40 ᠵᠢᠯ ᠤᠨ | ᠤᠢ ᠶᠢᠨ ᠶᠡᠭᠡ ᠨᠠᠶᠢᠷ ᠢᠶᠠᠷ 1024 ᠪᠦᠬᠡ ᠪᠠᠷᠢᠯᠳᠤᠵᠤ᠂ ᠵᠡᠬᠦᠨ ᠦᠵᠦᠮᠦᠴᠢᠨ ᠤ ᠵᠢᠷᠭᠠᠯ ᠳᠡᠷᠢᠬᠦᠯᠡᠵᠦ᠂ ᠵᠡᠬᠦᠨ | ᠦᠵᠦᠮᠦᠴᠢᠨ ᠤ ᠰᠡᠴᠡᠨᠪᠡᠶᠡᠷ ᠳᠡᠳ᠋ᠯᠡᠭᠰᠡᠨ᠃ | 2006 ᠤᠨ ᠳᠤ ᠵᠡᠬᠦᠨ ᠦᠵᠦᠮᠦᠴᠢᠨ ᠬᠤᠰᠢᠭᠤ ᠪᠠᠶᠢᠭᠤᠯᠤᠭᠳᠠᠭᠰᠠᠨ 50 ᠵᠢᠯ ᠤᠨ ᠤᠢ ᠶᠢᠨ ᠶᠡᠭᠡ | ᠨᠠᠭᠠᠳᠤᠮ ᠢᠶᠠᠷ ᠮᠦᠨ 1024 ᠪᠦᠬᠡ ᠪᠠᠷᠢᠯᠳᠤᠵᠤ᠂ ᠵᠡᠬᠦᠨ ᠦᠵᠦᠮᠦᠴᠢᠨ ᠤ ᠪᠠᠳᠤᠰᠦ᠋ᠬᠡ ᠳᠡᠷᠢᠬᠦᠯᠡᠵᠦ᠂ ᠵᠡᠬᠦᠨ | ᠦᠵᠦᠮᠦᠴᠢᠨ ᠤ ᠪᠠᠶᠠᠷᠪᠠᠭᠠᠳᠤᠷ ᠳᠡᠳ᠋ᠯᠡᠭᠰᠡᠨ᠃ | 2007 ᠤᠨ ᠳᠤ ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠵᠡᠬᠦᠨ ᠬᠤᠰᠢᠭᠤᠨ ᠳᠤ ᠪᠤᠯᠤᠭᠰᠠᠨ ︽ | ᠪᠠᠽᠠᠷᠭᠠᠨᠳ᠋ ᠬᠤᠨᠳᠠᠭᠠᠳᠤ︾ ᠮᠤᠩᠭᠤᠯ ᠪᠦᠬᠡ ᠶᠢᠨ ᠤᠷᠤᠯᠳᠤᠭᠠᠨ ᠳᠤ 1024 ᠪᠦᠬᠡ ᠪᠠᠷᠢᠯᠳᠤᠵᠤ᠂ ᠪᠠᠳᠤ | ᠳᠡᠷᠢᠬᠦᠯᠡᠨ᠂ ᠪᠢᠰᠢᠷᠡᠯᠳᠦ ᠳᠡᠳ᠋ᠯᠡᠵᠡᠢ᠃ | 2004 ᠤᠨ ᠳᠤ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤ 2048 ᠪᠦᠬᠡ | ᠪᠠᠷᠢᠯᠳᠤᠭᠤᠯᠤᠭᠰᠠᠨ ᠳᠤᠮᠤ ᠨᠠᠶᠢᠷ ᠬᠢᠵᠦ᠂ ᠤᠯᠠᠨ ᠪᠦᠬᠡ ᠪᠠᠷᠢᠯᠳᠤᠭᠰᠠᠨ ᠢᠶᠠᠷ ᠢᠶᠠᠨ ︽ᠬᠢᠨᠢᠰ ᠤᠨ ᠳᠡᠯᠡᠬᠡᠢ ᠶᠢᠨ | ᠳᠡᠮᠳᠡᠭᠯᠡᠯ︾ ᠳᠤ ᠳᠡᠮᠳᠡᠭᠯᠡᠬᠦᠯᠦᠭᠰᠡᠨ ᠪᠢᠯᠡ᠃ ᠡᠨᠡ ᠨᠠᠶᠢᠷ ᠲᠤ ᠪᠠᠷᠠᠭᠤᠨ ᠦᠵᠦᠮᠦᠴᠢᠨ ᠤ ᠮᠢ᠊ · ᠰᠤᠶᠤᠯ | ᠳᠡᠷᠢᠬᠦᠯᠡᠵᠦ᠂ ᠪᠠᠷᠠᠭᠤᠨ ᠦᠵᠦᠮᠦᠴᠢᠨ ᠤ ᠤᠶᠤᠨᠪᠠᠳᠤ ᠳᠡᠳ᠋ᠯᠡᠭᠰᠡᠨ ᠪᠢᠯᠡ᠃ | 2010 ᠤᠨ ᠤ 8 ᠰᠠᠷ᠎ᠠ ᠳᠤ ᠪᠤᠯᠤᠭᠰᠠᠨ ᠤᠯᠠᠭᠠᠨᠬᠠᠳᠠ ᠬᠤᠳᠠ ᠶᠢᠨ ᠠᠷᠤ ᠬᠤᠷᠴᠢᠨ ᠤ ᠮᠢᠩᠭᠠᠨ | ᠪᠦᠬᠡ ᠶᠢᠨ ᠨᠠᠶᠢᠷ ᠲᠤ ᠵᠡᠬᠦᠨ ᠦᠵᠦᠮᠦᠴᠢᠨ ᠤ ᠪᠠᠶᠠᠷᠪᠠᠭᠠᠳᠤᠷ ᠲᠡᠷᠢᠬᠦᠯᠡᠵᠦ᠂ ᠠᠷᠤ ᠬᠤᠷᠴᠢᠨ ᠤ ᠰᠠᠷᠠᠨᠮᠠᠨᠳᠤᠯ᠎ᠠ | ᠲᠡᠳ᠋ᠯᠡᠭᠰᠡᠨ᠃ | 2011 ᠤᠨ ᠤ 7 ᠰᠠᠷ᠎ᠠ ᠳᠤ ᠪᠤᠯᠤᠭᠰᠠᠨ ᠰᠢᠯᠢᠨ ᠭᠤᠤᠯ ᠠᠶᠢᠮᠠᠭ ᠤᠨ ᠰᠢᠯᠤᠭᠤᠨ ᠬᠦᠬᠡ | ᠬᠤᠰᠢᠭᠤᠨ ᠤ ᠮᠢᠩᠭᠠᠨ ᠪᠦᠬᠡ ᠶᠢᠨ ᠨᠠᠶᠢᠷ ᠲᠤ ᠵᠡᠬᠦᠨ ᠪᠠᠭᠠᠷᠢᠨ ᠤ ᠠᠯᠳᠠᠨᠰᠦ᠋ᠬᠡ ᠲᠡᠷᠢᠬᠦᠯᠡᠵᠦ᠂ ᠰᠢᠯᠤᠭᠤᠨ | ᠬᠦᠬᠡ ᠶᠢᠨ ᠤᠶᠠᠩᠭ᠎ᠠ ᠲᠡᠳ᠋ᠯᠡᠭᠰᠡᠨ᠃ | 2011 ᠤᠨ ᠤ 7 ᠰᠠᠷ᠎ᠠ ᠳᠤ ᠪᠤᠯᠤᠭᠰᠠᠨ ᠵᠢᠷᠭᠠᠯᠠᠩᠳᠦ ᠲᠠᠯ᠎ᠠ ᠨᠤᠳᠤᠭ ᠰᠢᠯᠢ ᠶᠢᠨ ᠭᠤᠤᠯ ᠤᠨ ᠶᠡᠭᠡ | ᠨᠠᠭᠠᠳᠤᠮ ᠳᠤ ᠵᠡᠬᠦᠨ ᠦᠵᠦᠮᠦᠴᠢᠨ ᠤ ᠪᠠᠶᠠᠷᠪᠠᠭᠠᠳᠤᠷ ᠠᠷᠪᠠ ᠲᠠᠪᠠᠵᠤ ᠲᠡᠷᠢᠬᠦᠯᠡᠨ᠂ ᠵᠡᠬᠦᠨ ᠦᠵᠦᠮᠦᠴᠢᠨ ᠤ | ᠪᠠᠳᠤᠵᠢᠷᠭᠠᠯ ᠶᠢᠰᠦ ᠲᠠᠪᠠᠵᠤ ᠲᠡᠳ᠋ᠯᠡᠵᠡᠢ᠃ | | |