ᠲᠠᠶᠠᠨ ᠬᠠᠭᠠᠨ ᠡᠯ᠎ᠡ ᠲᠦᠮᠡᠨ ᠳᠤ ︽ᠬᠦᠪᠡᠭᠦᠨ ᠢᠶᠠᠨ ᠡᠷᠭᠦᠮᠵᠢᠯᠡᠭᠰᠡᠨ︾ ᠲᠤᠬᠠᠢ ᠦᠭᠦᠯᠡᠬᠦ ᠨᠢ
ᠨᠡᠶᠢᠲᠡᠯᠡᠭᠰᠡᠨ ᠴᠠᠭ᠄
2017-06-23
       ᠳᠠᠶᠠᠨ ᠬᠠᠭᠠᠨ ᠮᠤᠩᠭᠤᠯ ᠤᠨ ᠡᠯ᠎ᠡ ᠲᠦᠮᠡᠨ ᠳᠤ ︽ᠬᠦᠪᠡᠭᠦᠨ ᠢᠶᠠᠨ ᠡᠷᠭᠦᠮᠵᠢᠯᠡᠭᠰᠡᠨ︾ ᠤᠴᠢᠷ ᠪᠤᠯ ᠤᠮᠠᠷᠠᠲᠤ ᠶᠤᠸᠠᠨ ᠤᠯᠤᠰ ᠤᠨ ᠲᠡᠦᠬᠡᠨ ᠳᠡᠭᠡᠷᠡᠬᠢ ᠴᠢᠬᠤᠯᠠ ᠨᠢᠭᠡᠨ ᠶᠠᠪᠤᠳᠠᠯ ᠪᠤᠯᠬᠤ ᠪᠦᠭᠡᠳ ᠲᠡᠭᠦᠨ ᠤ ᠲᠡᠦᠬᠡᠲᠦ ᠨᠦᠯᠦᠭᠡ ᠨᠢ ᠴᠢᠩ ᠤᠯᠤᠰ ᠤᠨ ᠰᠡᠭᠦᠯᠴᠢ ᠲᠡᠭᠦᠨᠴᠢᠯᠡᠨ ᠢᠷᠭᠡᠨ ᠤᠯᠤᠰ ᠤᠨ ᠦᠶ᠎ᠡ ᠪᠤᠯᠲᠠᠯ᠎ᠠ ᠳᠦᠷᠪᠡᠨ ᠵᠠᠭᠤ ᠭᠠᠷᠤᠢ ᠵᠢᠯ ᠦᠷᠭᠦᠯᠵᠢᠯᠡᠭᠰᠡᠨ ᠪᠢᠯᠡ᠃ ᠵᠠᠷᠢᠮ ᠬᠦᠮᠦᠰ ᠲᠠᠶᠠᠨ ᠬᠠᠭᠠᠨ ᠭᠤᠤᠯ ᠤᠨ ᠮᠤᠩᠭᠤᠯ ᠤᠨ ᠡᠯ᠎ᠡ ᠲᠦᠮᠡᠨ ᠳᠤ ᠬᠦᠪᠡᠭᠦᠳ ᠢᠶᠠᠨ ᠡᠷᠭᠦᠮᠵᠢᠯᠡᠭᠰᠡᠨ ᠠᠴᠠ ᠪᠤᠯᠵᠤ ᠮᠤᠩᠭᠤᠯ ᠤᠨ ᠨᠡᠶᠢᠭᠡᠮ ᠳᠤ ᠲᠠᠬᠢᠨ ᠵᠠᠳᠠᠷᠠᠯ ᠭᠠᠷᠤᠭᠰᠠᠨ ᠭᠡᠵᠦ ᠶᠠᠷᠢᠳᠠᠭ᠃ ᠬᠤᠯᠪᠤᠭᠳᠠᠯ ᠪᠦᠬᠦᠢ ᠲᠡᠦᠬᠡᠨ ᠮᠠᠲ᠋ᠧᠷᠢᠶᠠᠯ ᠢ ᠦᠨᠳᠦᠰᠦᠯᠡᠪᠡᠯ ᠲᠡᠷᠡ ᠨᠢ ᠲᠡᠶᠢᠮᠦ ᠬᠢᠯᠪᠠᠷᠬᠠᠨ ᠤᠴᠢᠷ ᠪᠢᠰᠢ ᠬᠠᠷᠢᠨ ᠮᠤᠩᠭᠤᠯ ᠬᠠᠭᠠᠳ ᠤᠨ ᠵᠢᠨᠦᠩ ᠨᠤᠶᠠᠨ ᠲᠤᠮᠢᠯᠠᠳᠠᠭ ᠵᠤᠷᠰᠢᠯ ᠲᠠᠢ ᠰᠢᠭᠤᠳ ᠬᠤᠯᠪᠤᠭᠳᠠᠯ ᠲᠠᠢ ᠨᠢ ᠲᠤᠳᠤᠷᠬᠠᠢ ᠪᠠᠶᠢᠨ᠎ᠠ᠃        ᠨᠢᠭᠡ᠂ ᠴᠢᠩᠭᠢᠰ ᠬᠠᠭᠠᠨ ᠮᠤᠬᠤᠯᠠᠢ ᠶᠢ ᠵᠢᠨᠦᠩ ᠲᠤᠮᠢᠯᠠᠭᠰᠠᠨ        ᠢᠨᠵᠠᠨᠨᠠᠰᠢ ᠠᠪᠤ ᠬᠦᠦ ᠬᠤᠶᠠᠭᠤᠯᠠ ᠶᠢᠨ ᠵᠢᠷᠭᠤᠭᠠᠨ ᠵᠢᠯ ︽ᠤᠨᠲᠠᠬᠤ ᠨᠤᠶᠢᠷ ᠢᠳᠡᠬᠦ ᠬᠤᠭᠤᠯᠠ ᠦᠭᠡᠢ ᠪᠠᠷ ᠡᠳᠦᠷ ᠰᠦᠨᠢ ᠵᠠᠯᠭᠠᠯᠳᠤᠨ ᠴᠢᠩ ᠦᠨᠡᠨ ᠢᠶᠠᠷ ᠠᠷᠪᠠᠨ ᠠᠩᠭᠢ ᠰᠤᠳᠤᠷ ᠢ ᠠᠩᠬᠠᠷᠤᠨ ᠨᠡᠶᠢᠴᠡᠭᠦᠯᠵᠦ᠂ ᠬᠤᠤᠰᠯᠠᠭᠤᠯᠤᠨ ᠡᠷᠢᠭ᠍ᠰᠡᠭᠡᠷ ᠁ ᠦᠰᠦᠨ ᠴᠠᠶᠢᠵᠤ ᠴᠢᠷᠠᠢ ᠠᠲᠤᠷᠢᠨ ᠮᠢᠬ᠎ᠠ ᠲᠤᠷᠠᠵᠤ ᠰᠢᠷᠪᠤᠰᠤ ᠰᠤᠨᠲᠠᠯ᠎ᠠ︾ ᠴᠢᠷᠮᠠᠶᠢᠵᠤ ᠪᠠᠶᠢᠭᠠᠳ ᠪᠢᠴᠢᠵᠦ ᠲᠡᠭᠦᠰᠬᠡᠭᠰᠡᠨ ᠮᠤᠩᠭᠤᠯ ᠲᠡᠦᠬᠡ ᠶᠢᠨ ᠮᠤᠨᠳᠠᠭ ᠪᠦᠲᠦᠭᠡᠯ ᠪᠤᠯᠬᠤ ︽ᠶᠡᠭᠡ ᠶᠤᠸᠠᠨ ᠤᠯᠤᠰ ᠤᠨ ᠮᠠᠨᠳᠤᠭᠰᠠᠨ ᠲᠦᠷᠦ ᠶᠢᠨ ᠬᠦᠬᠡ ᠰᠤᠳᠤᠷ︾ ᠲᠤ ᠴᠢᠩᠭᠢᠰ ᠬᠠᠭᠠᠨ ᠮᠤᠬᠤᠯᠠᠢ ᠶᠢ ᠵᠢᠨᠦᠩ ᠨᠤᠶᠠᠨ ᠡᠷᠭᠦᠮᠵᠢᠯᠡᠯ᠎ᠡ ᠭᠡᠰᠡᠨ ᠪᠠᠶᠢᠨ᠎ᠠ ①᠃ ᠢᠨᠵᠠᠨᠨᠠᠰᠢ ᠶᠢᠨ ᠭᠡᠷ ᠲᠤ ᠬᠡᠳᠦᠨ ᠲᠡᠷᠭᠡ ᠲᠡᠦᠬᠡᠨ ᠰᠤᠳᠤᠷ ᠪᠠᠶᠢᠭᠰᠠᠨ ᠲᠤᠯᠠ ᠠᠯᠢ ᠨᠢᠭᠡᠨ ᠳᠡᠪᠲᠡᠷ ᠲᠤᠨᠢ ᠡᠶᠢᠮᠦ ᠲᠡᠮᠳᠡᠭᠯᠡᠯ ᠪᠠᠶᠢᠭᠰᠠᠨ ᠴᠦ ᠮᠠᠭᠠᠳ ᠪᠢᠯᠡ᠃ ᠭᠤ᠂ ᠪᠤᠶᠠᠨᠳᠤᠭᠲᠠᠬᠤ ᠶᠢᠨ ︽ᠵᠢᠨᠦᠩ ᠮᠤᠬᠤᠯᠠᠢ︾ ᠭᠡᠰᠡᠨ ᠨᠤᠮ ᠳᠤ ︽ᠴᠢᠩᠭᠢᠰ ᠬᠠᠭᠠᠨ ᠮᠤᠬᠤᠯᠠᠢ ᠶᠢ ᠵᠢᠨᠦᠩ ᠨᠤᠶᠠᠨ ᠡᠷᠭᠦᠮᠵᠢᠯᠡᠵᠦ ᠪᠦᠬᠦ ᠴᠡᠷᠢᠭ ᠤᠨ ᠵᠢᠯᠤᠭᠤᠳᠬᠤ ᠡᠷᠬᠡ ᠶᠢ ᠲᠤᠰᠢᠶᠠᠭᠰᠠᠨ︾ ② ᠭᠡᠵᠡᠢ᠃ ᠬᠠᠷᠢᠨ ︽ᠮᠤᠩᠭᠤᠯ ᠤᠨ ᠨᠢᠭᠤᠴᠠ ᠲᠤᠪᠴᠢᠶᠠᠨ︾ ᠳᠤ ᠴᠢᠩᠭᠢᠰ ᠬᠠᠭᠠᠨ ᠮᠤᠬᠤᠯᠠᠢ ᠶᠢ ᠭᠦᠸᠧ ᠸᠠᠩ ᠡᠷᠭᠦᠮᠵᠢᠯᠡᠵᠦ ᠲᠠᠢ ᠬᠠᠩ ᠱᠠᠨ ᠠᠭᠤᠯᠠᠨ ᠠᠴᠠ ᠡᠮᠦᠨᠡᠰᠢᠬᠢ ᠭᠠᠵᠠᠷ ᠤᠷᠤᠨ ᠤ ᠴᠡᠷᠢᠭ ᠵᠠᠰᠠᠭ ᠤᠨ ᠶᠡᠭᠡ ᠡᠷᠬᠡ ᠶᠢ ᠤᠯᠭᠤᠭᠰᠠᠨ ᠭᠡᠵᠦ ᠲᠤᠳᠤᠷᠬᠠᠢ ᠳᠤᠷᠠᠳᠤᠭᠰᠠᠨ ᠶᠤᠮ ③᠃ ᠳᠠᠷᠤᠢ ᠮᠤᠬᠤᠯᠠᠢ ᠲᠡᠷᠡ ᠶᠡᠭᠡ ᠭᠠᠵᠠᠷ ᠤᠷᠤᠨ ᠢ ᠲᠦᠪᠰᠢᠳᠬᠡᠨ ᠵᠠᠰᠠᠬᠤ ᠲᠠᠯ᠎ᠠ ᠪᠠᠷ ᠴᠢᠩᠭᠢᠰ ᠬᠠᠭᠠᠨ ᠢ ᠲᠦᠯᠦᠭᠡᠯᠡᠵᠦ ᠪᠤᠯᠬᠤ ᠤᠨᠴᠠ ᠡᠷᠬᠡ ᠶᠢ ᠤᠯᠵᠠᠢ᠃ ᠵᠢᠨᠦᠩ ᠴᠦ ᠲᠡᠷᠡ ᠭᠦᠸᠧ ᠸᠠᠩ ᠴᠦ ᠲᠡᠷᠡ᠂ ᠮᠤᠬᠤᠯᠠᠢ ᠶᠢᠨ ᠡᠭᠦᠷᠭᠡ ᠲᠤᠰᠢᠶᠠᠯ ᠨᠢ ᠰᠡᠭᠦᠯᠴᠢ ᠦᠶ᠎ᠡ ᠶᠢᠨ ᠵᠢᠨᠦᠩ ᠲᠠᠢ ᠠᠳᠠᠯᠢ ᠪᠠᠶᠢᠭᠰᠠᠨ ᠪᠢᠯᠡ᠃        ᠬᠤᠶᠠᠷ᠂ ᠬᠤᠪᠢᠯᠠᠢ ᠰᠡᠴᠡᠨ ᠬᠠᠭᠠᠨ ᠵᠢᠨᠦᠩ ᠲᠤᠮᠢᠯᠠᠭᠰᠠᠨ        ᠨᠤᠮᠤᠬᠠᠨ ᠪᠤᠯ ᠬᠤᠪᠢᠯᠠᠢ ᠰᠡᠴᠡᠨ ᠬᠠᠭᠠᠨ ᠤ ᠤᠳᠬᠤᠨ ᠬᠦᠪᠡᠭᠦᠨ ᠪᠢᠯᠡ᠃ ᠮᠤᠩᠭᠤᠯ ᠲᠦᠷᠦ ᠶᠢᠨ ᠵᠤᠷᠰᠢᠯ ᠢᠶᠠᠷ ᠬᠤᠪᠢᠯᠠᠢ ᠰᠡᠴᠡᠨ ᠬᠠᠭᠠᠨ 1266 ᠤᠨ ᠳᠤ ᠨᠤᠮᠤᠬᠠᠨ ᠢ ︽ᠮᠤᠩᠭᠤᠯ ᠤᠨ ᠤᠤᠭᠠᠯ ᠨᠤᠲᠤᠭ ᠢ ᠵᠠᠬᠢᠷᠬᠤ ᠪᠠᠷ ᠲᠤᠮᠢᠯᠠᠵᠤ ︿ᠴᠢᠩᠭᠢᠰ ᠬᠠᠭᠠᠨ ᠤ ᠳᠦᠷᠪᠡᠨ ᠶᠡᠭᠡ ᠤᠷᠳᠤ ᠬᠢᠭᠡᠳ ᠴᠡᠷᠢᠭ ᠮᠤᠷᠢ ᠵᠢᠴᠢ ᠪᠦᠬᠦ ᠮᠤᠩᠭᠤᠯ ᠢ ᠡᠵᠡᠯᠡᠭᠦᠯᠦᠭᠰᠡᠨ ᠪᠠᠶᠢᠨ᠎ᠠ﹀︾ ④᠃ 1292 ᠤᠨ ᠳᠤ ᠨᠤᠮᠤᠬᠠᠨ ᠨᠠᠰᠤ ᠪᠠᠷᠠᠭᠰᠠᠨ ᠳᠤ ᠬᠤᠪᠢᠯᠠᠢ ᠰᠡᠴᠡᠨ ᠬᠠᠭᠠᠨ ᠠᠬᠠᠮᠠᠳ ᠤᠮᠪᠤᠯᠤ ᠭᠠᠮᠠᠯᠠ ᠶᠢ ᠶᠢᠨ ᠸᠠᠩ ᠡᠷᠭᠦᠮᠵᠢᠯᠡᠵᠦ ᠮᠤᠩᠭᠤᠯ ᠤᠨ ᠤᠤᠭᠠᠯ ᠨᠤᠲᠤᠭ ᠴᠢᠩᠭᠢᠰ ᠬᠠᠭᠠᠨ ᠤ ᠳᠦᠷᠪᠡᠨ ᠶᠡᠭᠡ ᠤᠷᠳᠤ ᠶᠢ ᠡᠵᠡᠮᠰᠢᠭᠦᠯᠦᠭᠰᠡᠨ ᠶᠤᠮ ⑤᠃ ᠶᠢᠨ ᠸᠠᠩ ᠢ ᠵᠢᠨᠦᠩ ᠠᠴᠠ ᠢᠷᠡᠯᠲᠡ ᠲᠠᠢ ᠭᠡᠯᠴᠡᠳᠡᠭ᠃ ᠪᠠᠰᠠ ᠵᠠᠷᠢᠮ ᠨᠢ ᠵᠢᠨᠦᠩ ᠢ ᠶᠢᠨ ᠸᠠᠩ ᠠᠴᠠ ᠡᠭᠦᠰᠦᠯ ᠲᠠᠢ ᠭᠡᠮᠡᠳᠡᠭ᠃ ᠮᠤᠩᠭᠤᠯ ᠤᠨ ᠤᠤᠭᠠᠯ ᠨᠤᠲᠤᠭ ᠢᠶᠠᠨ ᠨᠤᠶᠠᠷᠬᠠᠵᠤ ᠪᠠᠶᠢᠭᠰᠠᠳ ᠤᠨ ᠡᠷᠭᠦᠮᠵᠢᠯᠡᠯ ᠨᠡᠷ᠎ᠡ ᠨᠢ ᠬᠡᠳᠦᠶᠢᠪᠡᠷ ᠬᠤᠪᠢᠷᠠᠵᠤ ᠪᠠᠶᠢᠭᠰᠠᠨ ᠪᠤᠯᠪᠠᠴᠤ ᠶᠤᠸᠠᠨ ᠤᠯᠤᠰ ᠤᠨ ᠲᠦᠷᠦ ᠳᠠᠬᠢ ᠪᠠᠶᠢᠷᠢ ᠰᠠᠭᠤᠷᠢ ᠨᠢ ᠶᠡᠷᠦᠳᠡᠭᠡᠨ ᠦᠨᠳᠦᠷ ᠪᠠᠶᠢᠭᠰᠠᠨ ᠶᠤᠮ᠃ ᠦᠯᠵᠡᠶᠢᠲᠦ ᠬᠠᠭᠠᠨ᠂ ᠬᠦᠯᠦᠭ ᠬᠠᠭᠠᠨ᠂ ᠶᠢᠰᠦᠨᠲᠡᠮᠦᠷ ᠬᠠᠭᠠᠨ ᠴᠦᠮ ᠵᠢᠨᠦᠩ ᠨᠤᠶᠠᠨ ᠪᠤᠯᠵᠤ᠂ ᠰᠢᠯᠢᠳᠡᠭ ᠴᠡᠷᠢᠭ ᠵᠠᠬᠢᠷᠴᠤ᠂ ᠲᠦᠷᠦ ᠮᠠᠨᠳᠤᠭᠰᠠᠨ ᠤᠤᠭᠠᠯ ᠨᠤᠲᠤᠭ ᠢᠶᠠᠨ ᠨᠤᠶᠠᠷᠬᠠᠵᠤ ᠪᠠᠶᠢᠭᠰᠠᠨ ᠶᠤᠮ᠃        ᠭᠤᠷᠪᠠ᠂ ᠤᠮᠠᠷᠠᠲᠤ ᠶᠤᠸᠠᠨ ᠤᠯᠤᠰ ᠤᠨ ᠡᠬᠢᠨ ᠤ ᠦᠶ᠎ᠡ ᠳᠠᠬᠢ ᠵᠢᠨᠦᠩ ᠨᠤᠶᠠᠨ        ᠠᠷᠪᠠᠨ ᠲᠠᠪᠤᠳᠤᠭᠠᠷ ᠵᠠᠭᠤᠨ ᠤ ᠳᠤᠮᠳᠠᠴᠢ ᠦᠶ᠎ᠡ ᠳᠤ ᠮᠤᠩᠭᠤᠯ ᠤᠨ ᠲᠠᠶᠢᠰᠦᠩ ᠬᠠᠭᠠᠨ ᠲᠤᠭᠲᠠᠪᠤᠬ᠎ᠠ ᠳᠡᠭᠦᠦ ᠠᠭᠪᠠᠷᠵᠢ ᠶᠢ ᠵᠢᠨᠦᠩ ᠢᠶᠠᠷ ᠲᠤᠮᠢᠯᠠᠨ ︽ᠲᠡᠭᠷᠢ ᠳᠡᠭᠡᠷ᠎ᠡ ᠨᠠᠷᠠ ᠰᠠᠷ᠎ᠠ ᠬᠤᠶᠠᠷ᠂ ᠭᠠᠵᠠᠷ ᠳᠡᠭᠡᠷ᠎ᠡ ᠬᠠᠭᠠᠨ ᠵᠢᠨᠦᠩ ᠬᠤᠶᠠᠷ︾ ᠭᠡᠮᠡᠨ ᠲᠦᠷᠦ ᠭᠦᠷᠦᠨ ᠢᠶᠠᠨ ᠮᠡᠳᠡᠵᠦ ᠪᠠᠶᠢᠭᠰᠠᠨ ᠢᠶᠠᠷ ᠦᠵᠡᠬᠦ ᠳᠤ ᠵᠢᠨᠦᠩ ᠤᠨ ᠡᠷᠬᠡ ᠮᠡᠳᠡᠯ ᠵᠦᠪᠬᠡᠨ ᠬᠠᠭᠠᠨ ᠤ ᠳᠠᠷᠠᠭ᠎ᠠ ᠯᠠ ᠤᠷᠤᠳᠠᠭ ᠶᠡᠭᠡ ᠲᠤᠰᠢᠶᠠᠯ ᠪᠠᠶᠢᠵᠠᠢ᠃ ᠲᠠᠶᠢᠰᠦᠩ ᠬᠠᠭᠠᠨ ᠠᠯᠠᠭᠳᠠᠭᠰᠠᠨ ᠤ ᠳᠠᠷᠠᠭ᠎ᠠ ᠲᠡᠭᠦᠨ ᠤ ᠳᠡᠭᠦᠦ ᠮᠠᠨᠳᠤᠭᠤᠯᠢ ᠬᠠᠭᠠᠨ ᠤᠷᠤ ᠳᠤᠷ ᠰᠠᠭᠤᠭᠠᠳ 1468 ᠤᠨ ᠤ ᠦᠶ᠎ᠡ ᠳᠤ ᠲᠦᠷᠦᠯ ᠤᠨ  ᠠᠬᠤᠯ ᠠᠴᠢ ᠪᠠᠶᠠᠨᠮᠦ᠋ᠩᠬᠡ ᠶᠢ ᠪᠤᠯᠬᠤ ᠵᠢᠨᠦᠩ ᠢᠶᠠᠷ ᠡᠷᠭᠦᠮᠵᠢᠯᠡᠨ ︽ᠬᠠᠭᠠᠨ ᠵᠢᠨᠦᠩ ᠬᠤᠶᠠᠷ ᠵᠢᠷᠭᠤᠭᠠᠨ ᠲᠦᠮᠡᠨ ᠢ ᠲᠤᠪᠴᠢᠯᠠᠨ᠎ᠠ ᠶᠠᠪᠤᠵᠤ︾ ⑥ ᠪᠠᠶᠢᠵᠠᠢ᠃        ᠳᠦᠷᠪᠡ᠂ ᠳᠠᠶᠠᠨ ᠬᠠᠭᠠᠨ ᠤ ᠦᠶ᠎ᠡ ᠳᠠᠬᠢ ᠵᠢᠨᠦᠩ        1482 ᠤᠨ ᠳᠤ ᠪᠤᠯᠬᠤ ᠵᠢᠨᠦᠩ ᠪᠠᠶᠠᠨᠮᠦ᠋ᠩᠬᠡ ᠶᠦᠩᠰᠢᠶᠡᠪᠦ ᠶᠢᠨ ᠬᠡᠷᠢᠶ᠎ᠡ ᠴᠠᠭᠠᠨ ᠨᠠᠷ ᠲᠤ ᠬᠦᠨᠦᠭᠡᠭᠳᠡᠭᠰᠡᠨ ᠤ ᠳᠠᠷᠠᠭ᠎ᠠ ᠲᠡᠭᠦᠨ ᠤ ᠬᠦᠪᠡᠭᠦᠨ ᠪᠠᠲᠤᠮᠦ᠋ᠩᠭᠡ ᠬᠠᠭᠠᠨ ᠤᠷᠤ ᠳᠤ ᠰᠠᠭᠤᠨ ᠳᠠᠶᠠᠨ ᠬᠠᠭᠠᠨ ᠭᠡᠮᠡᠪᠡ ᠃ ᠡᠭᠦᠨ ᠤ ᠰᠡᠭᠦᠯᠡᠷ ︽᠁ ᠪᠠᠷᠠᠬᠤᠨ ᠲᠦᠮᠡᠨ ᠠᠴᠠ ᠤᠷᠳᠤᠰ ᠤᠨ ᠬᠠᠷᠠᠭᠲᠠᠨ ᠤ ᠪᠠᠶᠢᠴᠤᠬᠤᠷ ᠳᠠᠷᠬᠠᠨ᠂ ᠶᠦᠩᠰᠢᠶᠡᠪᠤ ᠪᠦᠷᠦᠶᠢᠳ ᠤᠨ ᠵᠢᠷᠬᠤᠬᠠᠳᠠᠢ ᠮᠡᠷᠭᠡᠨ᠂ ᠲᠦᠮᠡᠳ ᠮᠠᠩᠬᠤ ᠮᠢᠩᠬᠠᠨ ᠤ ᠲᠤᠬᠤᠯᠠᠨ ᠠᠬᠠᠯᠠᠬᠤ ᠡᠳᠡ ᠬᠤᠷᠪᠠᠨ ᠰᠠᠶᠢᠳ ᠬᠤᠴᠢᠨ ᠨᠦᠭᠦᠳ ᠳ᠋ᠠᠢ ᠢᠷᠡᠵᠦ ᠵᠠᠶᠠᠭᠠᠲᠤ ᠡᠵᠡᠨ ᠮᠠᠨᠤ ᠬᠠᠨ ᠤᠷᠤᠨ ᠲᠤᠷ ᠢᠶᠠᠨ ᠰᠠᠬᠤᠵᠤ᠂ ᠵᠠᠬᠤᠷᠠᠳ ᠤᠨ ᠠᠲᠠᠭᠲᠠᠨ ᠦᠰᠲᠡᠨ ᠢ ᠳᠤᠷᠤᠶᠢᠲᠠᠬᠤᠯᠵᠤ ᠵᠠᠯᠬᠠᠵᠤ ᠤᠴᠠᠷᠠᠭᠰᠠᠨ ᠮᠠᠨᠳᠤᠬᠠᠢ ᠰᠡᠴᠡᠨ ᠬᠠᠲᠤᠨ ᠠᠴᠠ ᠰᠠᠯᠵᠤ ᠵᠠᠯᠪᠠᠷᠢᠭᠰᠠᠨ ᠶᠤᠰᠤᠬᠠᠷ ᠳᠤᠯᠤᠬᠠᠨ ᠪᠤᠯᠤᠳ ᠡᠰᠢᠯᠡᠭᠰᠡᠨ ᠲᠤᠷ ᠡᠵᠡᠨ ᠪᠤᠭᠳᠠ ᠶᠢᠨ ᠠᠢᠮᠠᠨ ᠴᠠᠬᠠᠨ ᠭᠡᠷ  ᠲᠤᠷ ᠭᠡᠷᠡᠯ ᠲᠤ ᠶᠡᠭᠡ ᠵᠤᠯᠠ ᠦᠨᠦᠷ ᠲᠤ ᠶᠡᠭᠡ ᠬᠦᠵᠢ ᠢᠡᠦ ᠰᠢᠲᠠᠬᠠᠵᠤ ᠵᠢᠷᠬᠤᠬᠠᠨ ᠲᠦᠮᠡᠨ ᠶᠡᠭᠡ ᠤᠯᠤᠰᠤᠨ ᠠᠯᠪᠠᠨ ᠢ ᠬᠤᠪᠴᠢᠬᠤᠷ ᠶᠤᠰᠤᠲᠤ ᠵᠢᠡᠦᠩ ᠪᠤᠯᠬᠠᠨ ᠨᠢᠭᠡ ᠦᠷ᠎ᠡ ᠶᠢ ᠴᠢᠡᠢ ᠵᠠᠯᠠᠷᠠᠨ ᠢᠷᠡᠯᠦᠭᠡ ᠭᠡᠮᠡᠭᠰᠡᠨ ᠲᠤᠷ ᠬᠠᠭ᠋ᠠᠨ ᠬᠠᠲᠤᠨ ᠬᠤᠶᠠᠷ ᠡᠬᠢᠯᠡᠨ ᠬᠤᠲᠠᠯᠠᠬᠠᠷ ᠵᠦᠪᠰᠢᠶᠡᠷᠡᠵᠦ ᠤᠯᠤᠨ ᠪᠤᠯᠤᠳ ᠢ ᠬᠤᠷᠪᠠᠨ ᠲᠤᠷ ᠵᠢᠡᠦᠩ ᠪᠤᠯᠬᠤᠷ᠎ᠠ ᠬᠤᠷᠯᠠᠳ ᠤᠨ ᠪᠠᠪᠠᠭ᠋ᠠᠢ ᠦᠷᠯᠦᠭ ᠢ ᠲᠠᠬᠠᠬᠤᠯᠤᠨ ᠢᠯᠡᠭᠡᠪᠡ︾᠃        ︽ᠲᠡᠨᠳᠡᠴᠡ ᠠᠪᠠᠭ᠋ᠠᠢ ᠬᠦᠷᠴᠦ ᠡᠵᠡᠨ ᠤ ᠡᠮᠦᠨ᠎ᠡ ᠠᠴᠠ ᠵᠢᠡᠦᠩ ᠪᠤᠯᠤᠷᠤᠨ᠂ ᠮᠠᠭᠬᠠᠷ ᠡᠵᠡᠨ ᠲᠤᠷ ᠮᠦᠷᠭᠦᠶ᠎ᠡ ᠭᠡᠮᠡᠭᠰᠡᠨ ᠲᠤᠷ ᠶᠦᠩᠰᠢᠶᠡᠪᠦ ᠶᠢᠨ ᠢᠪᠡᠷᠢ ᠲᠠᠶᠢᠰᠢ᠂ ᠤᠷᠳᠤᠰ ᠤᠨ ᠮᠠᠨᠳᠤᠯᠠᠢ ᠠᠬᠠᠯᠠᠬᠤ ᠬᠤᠶᠠᠷ ᠵᠦᠪᠰᠢᠶᠡᠯᠳᠦᠨ ᠪᠢᠳᠡ ᠳᠡᠭᠡᠷᠡᠪᠡᠨ ᠤᠶᠠᠨ ᠠᠪᠬᠤ ᠬᠡᠷᠡᠭ ᠠᠠᠤ ᠶᠠᠬᠤᠨ᠂ ᠦᠪᠡᠷᠦᠨ ᠲᠡᠷᠢᠭᠦᠪᠡᠨ ᠦᠪᠡᠰᠦᠪᠡᠨ ᠮᠡᠳᠡᠵᠦ ᠶᠠᠪᠤᠬᠤ ᠪᠤᠢ ‍ᠶ᠎ᠡ᠂ ᠡᠨᠡ ᠠᠪᠠᠭ᠋ᠠᠢ ᠶᠢ ᠡᠳᠦᠭᠡ ᠲᠡᠪᠴᠢᠶ᠎ᠡ ᠭᠡᠮᠡᠯᠳᠦᠭᠡᠳ︾ ⑦ ᠠᠷᠭ᠎ᠠ ᠡᠭᠦᠰᠬᠡᠨ ᠤᠯᠤᠰ ᠪᠤᠯᠤᠳ ᠢ ᠬᠦᠨᠦᠭᠡᠭᠰᠡᠨ ᠪᠠᠶᠢᠨ᠎ᠠ᠃ ᠳᠡᠭᠡᠷᠡᠬᠢ ᠪᠠᠶᠢᠳᠠᠯ ᠠᠴᠠ ᠪᠠᠷᠠᠭᠤᠨ ᠭᠤᠷᠪᠠᠨ ᠲᠦᠮᠡᠨ ᠳᠤ ᠤᠯᠤᠰ ᠪᠤᠯᠤᠳ ᠵᠢᠨᠦᠩ ᠢᠶᠠᠷ ᠤᠴᠢᠭᠰᠠᠨ ᠨᠢ ᠳᠠᠶᠠᠨ ᠬᠠᠭᠠᠨ ᠲᠤᠮᠢᠯᠠᠭᠰᠠᠨ ᠪᠢᠰᠢ᠂ ᠬᠠᠷᠢᠨ ᠪᠠᠷᠠᠭᠤᠨ ᠭᠤᠷᠪᠠᠨ ᠲᠦᠮᠡᠨ ᠤ ᠲᠦᠯᠦᠭᠡᠯᠡᠭᠴᠢ ᠨᠤᠶᠠᠳ ᠰᠠᠶᠢᠳ ᠬᠠᠭᠠᠨ ᠡᠵᠡᠨ ᠠᠴᠠ ᠪᠠᠨ ᠵᠠᠯᠠᠵᠤ ᠠᠪᠠᠴᠢᠭᠠᠳ ᠶᠤᠰᠤᠯᠠᠯ ᠳᠦᠷᠢᠮ ᠢ ᠴᠢᠩᠭᠢᠰ ᠬᠠᠭᠠᠨ ᠤ ᠨᠠᠢᠮᠠᠨ ᠴᠠᠭᠠᠨ ᠭᠡᠷ ᠤᠨ ᠡᠮᠦᠨ᠎ᠡ ᠭᠦᠢᠴᠡᠳᠬᠡᠭᠰᠡᠨ ᠪᠠᠶᠢᠵᠠᠢ᠃ ᠮᠤᠩᠭᠤᠯ ᠤᠨ ᠨᠢᠭᠡᠳᠦᠯ ᠪᠦᠯᠬᠦᠮᠳᠡᠯ ᠢ ᠡᠪᠳᠡᠭᠰᠡᠨ ᠢᠪᠡᠷᠢ ᠲᠠᠶᠢᠰᠢ᠂ ᠮᠠᠨᠳᠤᠯᠠᠢ ᠠᠬᠠᠯᠠᠬᠤ ᠬᠤᠶᠠᠷ  ᠤᠯᠤᠰ ᠪᠤᠯᠤᠳ ᠢ ᠬᠦᠨᠦᠭᠡᠵᠦ ᠳᠠᠶᠠᠨ ᠬᠠᠭᠠᠨ ᠠᠴᠠ ᠤᠷᠪᠠᠭᠰᠠᠨ ᠪᠠᠶᠢᠨ᠎ᠠ᠃ ᠲᠠᠶᠠᠨ ᠬᠠᠭᠠᠨ ᠵᠡᠭᠦᠨ ᠭᠤᠷᠪᠠᠨ ᠲᠦᠮᠡᠨ ᠪᠠ ᠬᠤᠷᠴᠢᠨ ᠢ ᠳᠠᠶᠢᠴᠢᠯᠠᠵᠤ ᠤᠷᠪᠠᠯᠭᠠᠨ ᠢ ᠲᠦᠪᠰᠢᠳᠬᠡᠭᠡᠳ ᠤᠯᠤᠰ ᠪᠤᠯᠤᠳ ᠤᠨ ᠤᠷᠤᠨ ᠳᠤ ᠲᠠᠬᠢᠵᠤ ᠪᠠᠷᠰᠪᠤᠯᠤᠳ ᠢ ᠵᠢᠨᠦᠩ ᠢᠶᠠᠷ ᠲᠤᠮᠢᠯᠠᠨ ᠪᠦᠬᠦ ᠮᠤᠩᠭᠤᠯ ᠤᠨ ᠨᠢᠭᠡᠲᠦᠯ ᠢ ᠬᠠᠮᠠᠭᠠᠯᠠᠭᠰᠠᠨ ᠶᠤᠮ᠃ ᠬᠤᠵᠢᠮ ᠨᠢ ᠪᠠᠷᠰᠪᠤᠯᠤᠳ ᠵᠢᠨᠦᠩ ᠤᠷᠳᠤᠰ᠂ ᠲᠦᠮᠡᠳ᠂ ᠶᠦᠩᠰᠢᠶᠡᠪᠤ ᠶᠢᠨ ᠪᠠᠷᠠᠭᠤᠨ ᠭᠤᠷᠪᠠᠨ ᠲᠦᠮᠡᠨ ᠳᠤ ᠦᠪᠡᠷ ᠤᠨ ᠦᠷ᠎ᠡ ᠬᠡᠦᠬᠡᠳ ᠢᠶᠠᠨ ᠲᠤᠮᠢᠯᠠᠨ ᠵᠠᠬᠢᠷᠤᠭᠤᠯᠤᠭᠰᠠᠨ ᠲᠡᠦᠬᠡᠨ ᠶᠠᠪᠤᠳᠠᠯ ᠳᠠᠶᠠᠨ ᠬᠠᠭᠠᠨ ᠲᠠᠢ ᠬᠤᠯᠪᠤᠭ᠎ᠠ ᠦᠭᠡᠢ ᠪᠢᠯᠡ᠃        ︽ᠭᠡᠷᠰᠡᠨᠵᠡ ᠶᠢᠨ ᠳᠤᠯᠤᠬᠠᠨ ᠬᠤᠰᠢᠬᠤᠨ ᠲᠤ ᠰᠠᠬᠤᠭᠰᠠᠨ ᠤᠴᠢᠷ ᠢᠡᠦ᠄ ᠳᠠᠶᠠᠨ ᠬᠠᠭ᠋ᠠᠨ᠎ᠠ ᠴᠢᠠᠤᠰᠤᠨ ᠤᠳᠠ ᠪᠤᠯᠤᠳ ᠵᠢᠯ ᠪᠦᠷᠢ ᠲᠠᠬᠢ ᠴᠢᠬᠢᠲᠡᠢ ᠠᠯᠠᠵᠤ ᠬᠠᠳᠠᠬᠠᠮᠠᠯ ᠬᠦᠷᠭᠡᠨ ᠠᠵᠤᠬᠤ ᠢᠬᠡᠨ ᠤᠳᠠᠬᠤᠢ ᠳᠠᠬᠠᠨ ᠬᠠᠷᠠᠴᠤ ᠬᠦᠮᠦᠨ ᠵᠠᠯᠠᠶᠢᠷ ᠬᠡᠷᠦᠳ ᠤᠨ ᠰᠢᠭᠴᠢᠨᠡᠷ ᠮᠡᠳᠡᠵᠦ ᠶᠠᠪᠤᠨ᠂ ᠲᠡᠳᠡᠨ᠎ᠡ ᠭᠡᠷ ᠮᠡᠳᠡᠭᠦᠯ ᠤᠨ ᠪᠦᠯᠦᠭᠡ᠂ ᠡᠳᠦᠭᠡ ᠬᠠᠨ ᠡᠵᠡᠨ ᠡᠴᠡᠭᠡᠨ ᠨᠢᠭᠡᠨ ᠬᠦᠪᠡᠭᠦᠨ ᠬᠤᠶᠤᠷ᠎ᠠ ᠢᠷᠡᠯᠦᠭᠡ ᠪᠢ ᠭᠡᠮᠡᠨ ᠦᠴᠢᠪᠡᠰᠦ᠂ ᠬᠠᠭᠠᠨ ᠵᠦᠪᠰᠢᠶᠡᠷᠡᠵᠦ ᠵᠢᠯᠢᠰᠬᠢᠨ ᠬᠠᠲᠤᠨ ᠤ ᠶᠡᠭᠡ ᠬᠦᠪᠡᠭᠦᠨ ᠬᠡᠷᠡ ᠪᠤᠯᠤᠳ ᠢ ᠦᠭᠪᠡᠢ᠃ ᠤᠳᠠ ᠪᠤᠯᠤᠳ ᠨᠦᠭᠦᠭᠡ ᠵᠢᠯ ᠬᠡᠷᠡ ᠪᠤᠯᠤᠳ ᠢ ᠬᠠᠭ᠋ᠠᠨ᠎ᠠ ᠠᠪᠤᠨ ᠤᠳᠴᠤ ᠦᠴᠢᠷᠦᠨ᠄ ᠡᠵᠡᠨ ᠬᠠᠭ᠋ᠠᠨ ᠤ ᠬᠦᠪᠡᠭᠦᠨ ᠤ ᠡᠷᠬᠡ ᠢᠡᠦ ᠶᠡᠭᠡ᠂ ᠡᠬᠢ ᠦᠭᠡᠢ ᠬᠠᠯᠬ᠎ᠠ ᠶᠢᠨ ᠠᠪᠤᠷᠢ ᠢᠡᠦ ᠲᠤᠭᠰᠢᠨ᠂ ᠠᠰᠠᠷᠠᠭᠳᠠᠭᠰᠠᠨ ᠠᠯᠪᠠᠲᠤ ᠴᠢᠡᠦ ᠡᠭᠦᠨ ᠠᠴᠠ ᠬᠤᠶᠢᠨ᠎ᠠ ᠡᠷᠡᠭᠦᠲᠦ ᠤᠷᠤᠬᠤᠵᠠᠢ ᠪᠢ ᠭᠡᠮᠡᠨ ᠦᠭᠴᠦ ᠢᠷᠡᠬᠦᠢ ᠳᠡᠭᠡᠨ ᠨᠠᠬᠠᠳᠤᠨ ᠶᠠᠪᠤᠬᠤ ᠭᠡᠷᠡᠰᠡᠨᠵᠡ ᠠᠷᠠᠲᠤ ᠬᠦᠪᠡᠭᠦᠨ ᠢ ᠠᠪᠴᠤ ᠶᠠᠪᠤᠪᠠ︾ ⑧ ᠭᠡᠵᠡᠢ᠃ ᠦᠵᠡᠲᠡᠯ᠎ᠡ ᠬᠠᠯᠬ᠎ᠠ ᠲᠦᠮᠡᠨ ᠤ ᠳᠤᠯᠤᠭᠠᠨ ᠤᠲᠤᠭ ᠲᠤ ᠭᠡᠷᠡᠰᠡᠨᠵᠡ ᠶᠢ ᠳᠠᠶᠠᠨ ᠬᠠᠭᠠᠨ ᠲᠤᠮᠢᠯᠠᠭᠰᠠᠨ ᠪᠢᠰᠢ ᠬᠠᠷᠢᠨ ᠬᠠᠯᠬ᠎ᠠ ᠴᠢᠨᠤᠰ ᠤᠨ ᠤᠳᠠᠪᠤᠯᠤᠳ ᠨᠤᠶᠠᠨ ᠬᠡᠦᠬᠡᠳ ᠪᠠᠶᠢᠭ᠎ᠠ ᠦᠶ᠎ᠡ ᠳᠤᠨᠢ ᠭᠤᠶᠤᠵᠤ ᠠᠪᠠᠴᠢᠭᠰᠠᠨ ᠪᠠᠶᠢᠵᠠᠢ᠃ ᠬᠡᠳᠦᠶᠢᠪᠡᠷ ᠲᠡᠦᠬᠡᠨ ᠲᠡᠮᠳᠡᠭᠯᠡᠯ ᠢ ᠨᠢ ᠤᠯᠤᠭ᠎ᠠ ᠦᠭᠡᠢ ᠴᠦ ᠲᠤᠬᠠᠢ ᠶᠢᠨ ᠦᠶ᠎ᠡ ᠶᠢᠨ ᠮᠤᠩᠭᠤᠯ ᠨᠡᠶᠢᠭᠡᠮ ᠤᠨ ᠠᠬᠤᠢ ᠪᠠᠶᠢᠳᠠᠯ ᠠᠴᠠ ᠦᠵᠡᠪᠡᠯ ᠲᠠᠪᠤᠨ ᠬᠠᠯᠬ᠎ᠠ ᠶᠢᠨ ᠨᠤᠶᠠᠳ ᠴᠦ ᠳᠠᠶᠠᠨ ᠬᠠᠭᠠᠨ ᠠᠴᠠ ᠠᠯᠴᠤᠪᠤᠯᠤᠳ ᠢ ᠵᠠᠯᠠᠵᠤ ᠠᠪᠠᠴᠢᠭᠰᠠᠨ ᠪᠠᠶᠢᠵᠤ ᠮᠡᠳᠡᠨ᠎ᠡ᠃        ᠤᠷᠢᠶᠠᠩᠬᠠᠢ ᠲᠦᠮᠡᠨ ᠤ ᠪᠠᠶᠢᠳᠠᠯ ᠪᠤᠯ ᠤᠨᠴᠠᠭᠠᠢ ᠪᠠᠶᠢᠳᠠᠭ᠃ ᠳᠠᠶᠠᠨ ᠬᠠᠭᠠᠨ ᠤᠷᠢᠶᠠᠩᠬᠠᠢ ᠲᠦᠮᠡᠨ ᠳᠤ ᠶᠡᠷᠦ ᠠᠴᠠ ᠬᠦᠪᠡᠭᠦᠳ ᠢᠶᠠᠨ ᠲᠤᠮᠢᠯᠠᠭᠰᠠᠨ ᠦᠭᠡᠢ ᠪᠦᠭᠡᠳ ᠪᠤᠳᠢ ᠠᠯᠠᠭ ᠬᠠᠭᠠᠨ ᠤ ᠦᠶ᠎ᠡ ᠳᠤ ᠤᠷᠢᠶᠠᠩᠬᠠᠢ ᠶᠢᠨ ᠨᠤᠶᠠᠳ ᠤᠨ ᠤᠷᠪᠠᠯᠭᠠᠨ ᠢ ᠳᠠᠷᠤᠩᠭᠤᠶᠢᠯᠠᠵᠤ ᠪᠦᠬᠦ ᠲᠦᠮᠡᠨ ᠢ ᠨᠢ ᠨᠦᠭᠦᠭᠡ ᠲᠠᠪᠤᠨ ᠲᠦᠮᠡᠨ ᠪᠠ ᠬᠤᠷᠴᠢᠨ ᠳᠤ ᠬᠤᠪᠢᠶᠠᠨ ᠠᠪᠤᠭᠰᠠᠨ ᠪᠠᠶᠢᠨ᠎ᠠ᠃ ᠴᠠᠬᠠᠷ ᠪᠤᠯ ᠳᠠᠶᠠᠨ ᠬᠠᠭᠠᠨ ᠤ ᠬᠠᠷᠢᠶᠠᠲᠤ ᠲᠦᠮᠡᠨ ᠪᠤᠯᠬᠤᠷ ᠬᠡᠰᠢᠭᠲᠡᠨ᠂ ᠬᠠᠭᠤᠴᠢᠳ᠂ ᠨᠠᠢᠮᠠᠨ᠂ ᠠᠤᠬᠠᠨ ᠵᠡᠷᠭᠡ ᠤᠲᠤᠭ ᠤᠳ ᠲᠤ ᠬᠦᠪᠡᠭᠦᠳ ᠢᠶᠠᠨ ᠲᠤᠮᠢᠯᠠᠨ ᠮᠡᠳᠡᠭᠦᠯᠦᠭᠰᠡᠨ ᠪᠠᠶᠢᠳᠠᠭ᠃ ᠭᠡᠪᠡᠴᠦ ᠡᠨᠡ ᠪᠤᠯ ᠴᠠᠬᠠᠷ ᠲᠦᠮᠡᠨ ᠤ ᠲᠤᠲᠤᠭᠠᠳᠤ ᠶᠢᠨ ᠬᠡᠷᠡᠭ ᠤᠴᠢᠷ ᠪᠤᠯᠬᠤᠷ ᠮᠠᠨ ᠤ ᠦᠭᠦᠯᠡᠵᠦ ᠪᠦᠬᠦᠢ ᠭᠤᠤᠯ ᠰᠡᠳᠦᠪ ᠲᠤ ᠬᠤᠯᠪᠤᠭᠳᠠᠬᠤ ᠦᠭᠡᠢ ᠪᠢᠯᠡ᠃        ᠡᠮᠦᠨ᠎ᠡ ᠳᠤᠷᠠᠳᠤᠭᠰᠠᠨ ᠲᠤᠯᠭᠤᠷ ᠪᠢᠴᠢᠭ ᠤᠨ ᠠᠭᠤᠯᠭ᠎ᠠ ᠨᠤᠭᠤᠳ ᠠᠴᠠ ᠦᠵᠡᠪᠡᠯ ᠪᠠᠷᠰᠪᠤᠯᠤᠳ ᠤᠨ ᠵᠢᠨᠦᠩ ᠢᠶᠠᠷ ᠲᠤᠮᠢᠯᠠᠭᠳᠠᠭᠰᠠᠨ ᠶᠠᠪᠤᠳᠠᠯ ᠨᠢ ᠳᠠᠶᠠᠨ ᠬᠠᠭᠠᠨ ᠠᠴᠠ ᠡᠬᠢᠯᠡᠭᠰᠡᠨ ᠪᠢᠰᠢ ᠬᠠᠷᠢᠨ ᠠᠯᠢ ᠡᠷᠲᠡ ᠴᠢᠩᠭᠢᠰ ᠬᠠᠭᠠᠨ ᠠᠴᠠ ᠡᠬᠢᠯᠡᠵᠦ ᠬᠤᠪᠢᠯᠠᠢ ᠰᠡᠴᠡᠨ ᠬᠠᠭᠠᠨ᠂ ᠲᠠᠶᠢᠰᠦᠩ ᠬᠠᠭᠠᠨ᠂ ᠮᠠᠨᠳᠤᠭᠤᠯᠢ ᠬᠠᠭᠠᠨ ᠵᠡᠷᠭᠡ ᠤᠯᠠᠨ ᠦᠶ᠎ᠡ ᠶᠢᠨ ᠮᠤᠩᠭᠤᠯ ᠬᠠᠭᠠᠳ ᠤᠨ ᠨᠡᠶᠢᠳᠡᠮ ᠬᠡᠷᠡᠭᠵᠢᠭᠦᠯᠵᠦ ᠪᠠᠶᠢᠭᠰᠠᠨ ᠲᠦᠷᠦ ᠶᠢᠨ ᠪᠠᠶᠢᠭᠤᠯᠤᠯ ᠤᠨ ᠶᠤᠰᠤ ᠵᠢᠷᠤᠮ ᠪᠠᠶᠢᠭᠰᠠᠨ ᠪᠦᠭᠡᠳ ᠤᠷᠳᠤᠰ᠂ ᠲᠦᠮᠡᠳ᠂ ᠶᠦᠩᠰᠢᠶᠡᠪᠤ᠂ ᠳᠤᠯᠤᠭᠠᠨ ᠬᠠᠯᠬ᠎ᠠ ᠶᠢᠨ ᠨᠤᠶᠠᠳ ᠴᠦᠮ ᠳᠠᠶᠠᠨ ᠬᠠᠭᠠᠨ ᠠᠴᠠ ᠬᠦᠪᠡᠭᠦᠳ ᠢ ᠨᠢ ᠵᠠᠯᠠᠵᠤ ᠠᠪᠠᠴᠢᠭᠠᠳ ᠲᠦᠮᠡᠨ ᠢᠶᠠᠨ ᠮᠡᠳᠡᠭᠦᠯᠦᠭᠰᠡᠨ ᠪᠠᠶᠢᠨ᠎ᠠ᠃ ᠠᠯᠴᠤᠪᠤᠯᠤᠳ ᠤᠨ ᠲᠠᠪᠤᠨ ᠬᠠᠯᠬ᠎ᠠ ᠳᠤ ᠤᠴᠢᠭᠰᠠᠨ ᠪᠠᠶᠢᠳᠠᠯ ᠲᠤᠳᠤᠷᠬᠠᠢ ᠲᠡᠮᠳᠡᠭᠯᠡᠯ ᠦᠭᠡᠢ ᠪᠦᠭᠡᠳ ᠤᠷᠢᠶᠠᠩᠬᠠᠢ ᠲᠦᠮᠡᠨ ᠳᠤ ᠪᠤᠯ ᠶᠡᠷᠦ ᠠᠴᠠ ᠬᠦᠪᠡᠭᠦᠳ ᠢᠶᠠᠨ ᠲᠤᠮᠢᠯᠠᠭᠰᠠᠨ ᠦᠭᠡᠢ ᠲᠤᠯᠠ ︽ᠳᠠᠶᠠᠨ ᠬᠠᠭᠠᠨ ᠵᠢᠷᠭᠤᠭᠠᠨ ᠲᠦᠮᠡᠨ ᠳᠤ ᠬᠦᠪᠡᠭᠦᠳ ᠢᠶᠠᠨ ᠲᠤᠮᠢᠯᠠᠨ ᠨᠤᠶᠠᠷᠬᠠᠵᠠᠢ︾ ᠭᠡᠳᠡᠭ ᠨᠢ ᠲᠡᠦᠬᠡᠨ ᠦᠨᠡᠨ ᠲᠠᠢ ᠨᠡᠶᠢᠴᠡᠬᠦ ᠦᠭᠡᠢ ᠰᠠᠨ᠃        ᠵᠡᠭᠦᠯᠲᠡ᠄        ① ᠢᠨᠵᠠᠨᠨᠠᠰᠢ᠄ ︽ᠶᠡᠭᠡ ᠶᠤᠸᠠᠨ ᠤᠯᠤᠰ ᠤᠨ ᠮᠠᠨᠳᠤᠭᠰᠠᠨ ᠲᠦᠷᠦ ᠶᠢᠨ ᠬᠦᠬᠡ ᠰᠤᠳᠤᠷ︾ ︵ᠲᠡᠷᠢᠭᠦᠨ ᠳᠡᠪᠲᠡᠷ︶᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 2004 ᠤᠨ ᠤ 8 ᠳ᠋ᠤᠭᠠᠷ ᠰᠠᠷ᠎ᠠ ᠳᠤ ᠠᠩᠬ᠎ᠠ ᠬᠡᠪᠯᠡᠪᠡ᠃ 162 ᠳ᠋ᠤᠭᠠᠷ ᠨᠢᠭᠤᠷ᠃        ② ᠭᠤ᠂ ᠪᠤᠶᠠᠨᠳᠤᠭᠲᠠᠬᠤ᠄ ︽ᠵᠢᠨᠦᠩ ᠮᠤᠬᠤᠯᠠᠢ︾᠂ ᠦᠪᠦᠷ ᠮᠤᠩᠭᠤᠯ ᠤᠨ ᠪᠠᠭᠠᠴᠤᠳ ᠬᠡᠦᠬᠡᠳ ᠤᠨ ᠬᠡᠪᠯᠡᠯ ᠤᠨ ᠬᠤᠷᠢᠶ᠎ᠠ᠂ 1983 ᠤᠨ ᠤ 5 ᠰᠠᠷ᠎ᠠ ᠳᠤ ᠠᠩᠬ᠎ᠠ ᠬᠡᠪᠯᠡᠪᠡ᠂ 17 ᠳ᠋ᠤᠭᠠᠷ ᠨᠢᠭᠤᠷ᠃        ③ ᠲᠠᠶᠢᠴᠢᠭᠤᠳ᠂ ᠮᠠᠨᠰᠠᠩ᠄ ︽ᠮᠤᠩᠭᠤᠯ ᠤᠨ ᠨᠢᠭᠤᠴᠠ ᠲᠤᠪᠴᠢᠶᠠᠨ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1985 ᠤᠨ ᠤ 6 ᠰᠠᠷ᠎ᠠ ᠳᠤ ᠠᠩᠬ᠎ᠠ ᠬᠡᠪᠯᠡᠪᠡ᠂ 253 ᠳ᠋ᠤᠭᠠᠷ ᠨᠢᠭᠤᠷ᠃        ④⑤ ᠯᠢ ᠸᠧᠢ᠄ ︽ᠬᠤᠪᠢᠯᠠᠢ ᠶᠢᠨ ᠨᠠᠮᠲᠠᠷ︾ ︵ᠬᠢᠲᠠᠳ ᠬᠡᠯᠡ︶ ᠶᠠᠨ ᠠᠨ ᠤ ᠠᠷᠠᠳ ᠤᠨ ᠬᠡᠪᠯᠡᠯ ᠤᠨ ᠬᠤᠷᠢᠶ᠎ᠠ᠂ 2008 ᠤᠨ ᠤ 1 ᠰᠠᠷ᠎ᠠ ᠳᠤ ᠬᠡᠪᠯᠡᠪᠡ᠂ 289᠂ 297 ᠳ᠋ᠤᠭᠠᠷ ᠨᠢᠭᠤᠷ᠃        ⑥ ᠯᠤᠪᠰᠠᠩᠳᠠᠨᠵᠠᠨ᠄ ︽ᠠᠯᠲᠠᠨ ᠲᠤᠪᠴᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1983 ᠤᠨ ᠤ 12 ᠰᠠᠷ᠎ᠠ ᠳᠤ ᠠᠩᠬ᠎ᠠ ᠬᠡᠪᠯᠡᠪᠡ᠂ 603 ᠳ᠋ᠤᠭᠠᠷ ᠨᠢᠭᠤᠷ᠃        ⑦ ᠰᠠᠭᠠᠩ ᠰᠡᠴᠡᠨ᠄ ︽ᠡᠷᠳᠡᠨᠢ ᠶᠢᠨ ᠲᠤᠪᠴᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2013 ᠤᠨ ᠤ 1 ᠰᠠᠷ᠎ᠠ ᠳᠤ ᠬᠤᠶᠠᠳᠤᠭᠠᠷ ᠬᠡᠪ ᠬᠢᠵᠦ ᠠᠩᠬ᠎ᠠ ᠬᠡᠪᠯᠡᠪᠡ᠂ 203 ᠳ᠋ᠤᠭᠠᠷ ᠨᠢᠭᠤᠷ᠃        ⑧ ᠳᠤᠪᠠ ᠲᠠᠶᠢᠵᠢ᠄ ︽ᠡᠷᠲᠡᠨ ᠤ ᠮᠤᠩᠭᠤᠯ ᠬᠠᠳ ᠤᠨ ᠦᠨᠳᠦᠰᠦᠨ ᠤ ᠶᠡᠭᠡ ᠰᠢᠷ᠎ᠠ ᠲᠤᠭᠤᠵᠢ ᠤᠷᠤᠰᠢᠪᠠ︾᠂ ᠦᠨᠳᠦᠰᠦᠲᠡᠨ ᠤ ᠬᠡᠪᠯᠡᠯ ᠤᠨ ᠬᠤᠷᠢᠶ᠎ᠠ᠂ 1983 ᠤᠨ ᠤ 10 ᠰᠠᠷ᠎ᠠ ᠳᠤ ᠠᠩᠬ᠎ᠠ ᠬᠡᠪᠯᠡᠪᠡ᠂ 158 ᠳ᠋ᠤᠭᠠᠷ ᠨᠢᠭᠤᠷ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号