ᠬᠠᠳᠠᠭ ᠤᠨ ᠲᠦᠷᠦᠯ ᠵᠦᠢᠯ ᠪᠠ ᠦᠩᠭᠡ ᠪᠤᠳᠤᠭ
ᠨᠡᠶᠢᠲᠡᠯᠡᠭᠰᠡᠨ ᠴᠠᠭ᠄
2017-06-01
       ᠬᠠᠳᠠᠭ ᠢ ᠲᠤᠷᠭᠠᠨ ᠬᠠᠳᠠᠭ᠂ ᠰᠠᠮᠪᠠᠢ ᠬᠠᠳᠠᠭ᠂ ᠪᠦᠰ ᠬᠠᠳᠠᠭ ᠭᠡᠵᠦ ᠬᠡᠳᠦᠨ ᠲᠦᠷᠦᠯ ᠵᠦᠢᠯ ᠬᠤᠪᠢᠶᠠᠳᠠᠭ᠃ ᠰᠠᠮᠪᠠᠢ ᠬᠠᠳᠠᠭ ᠭᠡᠳᠡᠭ ᠨᠢ ᠲᠤᠩ ᠨᠠᠷᠢᠯᠢᠭ ᠮᠢᠨᠳᠠᠰᠤ ᠪᠤᠶᠤ ᠲᠤᠷᠭᠠᠨ ᠤᠲᠠᠰᠤ ᠪᠠᠷ ᠬᠡᠯᠬᠢᠵᠦ ᠬᠢᠭᠰᠡᠨ ᠠᠷᠠᠮᠠᠭ ᠵᠢᠵᠢᠭᠬᠡᠨ ᠬᠠᠳᠠᠭ ᠢ ᠬᠡᠯᠡᠳᠡᠭ᠃ ᠰᠠᠮᠪᠠᠢ ᠶᠢᠨ ᠬᠡᠷᠡᠭᠴᠡᠭᠡ ᠴᠦ ᠮᠦᠨ ᠬᠠᠳᠠᠭ ᠲᠠᠢ ᠪᠠᠨ ᠠᠳᠠᠯᠢ ᠪᠠᠶᠢᠵᠤ᠂ ᠬᠤᠪᠢ ᠨᠡᠷ᠎ᠡ ᠦᠭᠬᠦ᠂ ᠵᠡᠭᠦᠯᠪᠤᠷᠢ ᠵᠡᠭᠦᠯᠭᠡᠬᠦ ᠳᠤ ᠨᠢᠭᠡ ᠬᠡᠰᠡᠭ ᠰᠠᠮᠪᠠᠢ ᠨᠢ ᠨᠢᠭᠡ ᠡᠮᠦᠰᠬᠡᠯ ᠲᠠᠢ ᠲᠡᠩᠴᠡᠳᠡᠭ᠃ ᠭᠡᠬᠦ ᠳᠡᠭᠡᠨ ᠬᠠᠳᠠᠭ ᠢ ᠦᠲᠡᠯᠦᠭᠡ ᠪᠤᠭᠤᠷᠤᠯ ᠨᠠᠰᠤᠲᠠᠨ᠂ ᠬᠤᠪᠢᠯᠭᠠᠨ ᠭᠡᠭᠡᠨ᠂ ᠶᠡᠭᠡ ᠯᠠᠮᠠ ᠳᠤ ᠵᠡᠭᠦᠯᠭᠡᠵᠦ ᠦᠭᠳᠡᠭ ᠠᠴᠠ ᠪᠢᠰᠢ᠂ ᠬᠠᠷᠢᠨ ᠬᠡᠨ ᠪᠤᠯᠭᠠᠨ ᠤ ᠬᠦᠵᠦᠭᠦᠨ ᠳᠤ ᠵᠡᠭᠦᠯᠭᠡᠵᠦ ᠦᠭᠳᠡᠭ ᠦᠭᠡᠢ᠃ ᠬᠠᠷᠢᠨ ᠦᠭᠬᠦ ᠬᠦᠮᠦᠨ ᠤ ᠪᠠᠨ ᠭᠠᠷ ᠲᠤᠨᠢ ᠪᠠᠷᠢᠭᠤᠯᠵᠤ ᠦᠭᠳᠡᠭ᠃ ᠠᠯᠳᠠ ᠲᠤᠷᠭᠠᠨ ᠬᠠᠳᠠᠭ ᠲᠠᠲᠠᠨ᠎ᠠ ᠭᠡᠭᠴᠢ ᠪᠠᠷᠤᠭ ᠯᠠ ᠬᠠᠭᠠᠳ ᠨᠤᠶᠠᠳ ᠪᠤᠶᠤ ᠭᠡᠭᠡᠨ ᠬᠤᠪᠢᠯᠭᠠᠨ ᠳᠤ ᠠᠮᠤᠷ ᠡᠷᠢᠨ ᠵᠤᠯᠭᠠᠯᠲᠠ ᠬᠢᠬᠦ ᠳᠤ ᠬᠡᠷᠡᠭᠯᠡᠳᠡᠭ ᠡᠷᠬᠢᠮ ᠨᠠᠨᠳᠢᠨ ᠪᠡᠯᠡᠭ ᠪᠠᠶᠢᠵᠠᠢ᠃ ᠮᠤᠩᠭᠤᠯᠴᠤᠳ ᠤᠨ ᠪᠠᠷᠢᠳᠠᠭ ᠬᠠᠳᠠᠭ ᠲᠤ ᠬᠦᠬᠡ᠂ ᠴᠠᠭᠠᠨ᠂ ᠰᠢᠷ᠎ᠠ ᠁ ᠦᠩᠭᠡ ᠪᠠᠶᠢᠵᠤ᠂ ᠦᠩᠭᠡ ᠦᠩᠭᠡ ᠶᠢᠨ ᠬᠠᠳᠠᠭ ᠲᠤ ᠭᠦᠨ ᠭᠦᠨᠵᠡᠭᠡᠢ ᠪᠡᠯᠭᠡᠳᠡᠯᠲᠦ ᠤᠳᠬ᠎ᠠ᠂ ᠠᠳᠠᠯᠢ ᠪᠤᠰᠤ ᠶᠢᠨ ᠰᠠᠨᠠᠭ᠎ᠠ ᠰᠡᠳᠬᠢᠯᠭᠡ ᠠᠭᠤᠯᠤᠭᠳᠠᠵᠤ ᠪᠠᠶᠢᠳᠠᠭ᠃
       ᠮᠤᠩᠭᠤᠯᠴᠤᠳ ᠬᠦᠬᠡ ᠦᠩᠭᠡ ᠶᠢ ᠬᠠᠮᠤᠭ ᠠᠴᠠ ᠡᠷᠬᠢᠮᠯᠡᠳᠡᠭ᠃ ᠲᠡᠷᠡ ᠨᠢ ᠮᠤᠩᠭᠤᠯᠴᠤᠳ ᠤᠨ ᠭᠤᠤᠯ ᠰᠢᠲᠦᠭᠡᠨ ᠪᠤᠯᠬᠤ ︽ᠮᠦᠩᠬᠡ ᠲᠡᠭᠷᠢ︾ ᠶᠢᠨ ᠰᠢᠲᠦᠭᠡᠨ ᠠᠴᠠ ᠢᠷᠡᠯᠲᠡᠢ ᠪᠢᠯᠡ᠃ ᠬᠦᠬᠡ ᠬᠠᠳᠠᠭ ᠨᠢ ᠡᠰᠡᠨ ᠮᠡᠨᠳᠦ᠂ ᠡᠷᠡᠭᠦᠯ ᠴᠢᠬᠢᠷᠠᠭ᠂ ᠦᠭᠡᠳᠡ ᠡᠰᠡᠷᠡᠭ᠂ ᠦᠯᠵᠡᠢ ᠮᠦᠷ ᠲᠠᠢ ᠪᠠᠶᠢᠬᠤ ᠶᠢ ᠵᠦᠩᠨᠡᠨ ᠪᠡᠯᠭᠡᠳᠡᠳᠡᠭ ᠲᠤᠯᠠ ᠴᠡᠩᠬᠡᠷ ᠬᠦᠬᠡ ᠬᠠᠳᠠᠭ ᠢ ᠡᠩ ᠤᠨ ᠶᠤᠰᠤᠨ ᠳᠤ ᠬᠡᠷᠡᠭᠯᠡᠵᠦ᠂ ᠴᠠᠭᠠᠨ ᠦᠩᠭᠡ ᠶᠢᠨ ᠬᠠᠳᠠᠭ ᠢ ᠠᠪᠤ ᠡᠵᠢ᠂ ᠠᠬᠠᠰ ᠵᠠᠬᠠᠰ᠂ ᠨᠤᠶᠠᠳ ᠢᠵᠠᠭᠤᠷᠲᠠᠳ ᠲᠤ ᠲᠠᠲᠠᠵᠤ᠂ ᠰᠢᠷ᠎ᠠ ᠦᠩᠭᠡ ᠶᠢᠨ ᠬᠠᠳᠠᠭ ᠢ ᠪᠤᠯ ᠭᠡᠭᠡᠨ ᠬᠤᠳᠤᠭᠲᠤ ᠯᠠᠮᠠ ᠬᠤᠸᠠᠷᠠᠭ ᠲᠤ ᠡᠷᠭᠦᠵᠦ ᠪᠡᠯᠡᠭᠯᠡᠳᠡᠭ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号