| | ︽ᠨᠢᠭᠡᠨ ᠦᠶ᠎ᠡ ᠶᠢᠨ ᠲᠡᠭᠷᠢᠯᠢᠭ ᠬᠦᠪᠡᠭᠦᠨ︾ ᠬᠡᠮᠡᠭᠳᠡᠭᠰᠡᠨ ᠴᠢᠩᠭᠢᠰ ᠬᠠᠭᠠᠨ ᠲᠡᠮᠦᠵᠢᠨ ᠠᠤᠭ᠎ᠠ | ᠪᠤᠳᠣᠯᠭ᠎ᠠ ᠠᠷᠭ᠎ᠠ ᠡᠷᠳᠡᠮ ᠢᠶᠠᠷ ᠢᠶᠠᠨ ᠾᠦᠩᠨᠤ᠂ ᠲᠦᠷᠦᠭ᠂ ᠳ᠋ᠦᠩᠬᠤ ᠤᠭᠰᠠᠭ᠎ᠠ ᠲᠠᠢ ᠮᠤᠩᠭᠤᠯ ᠤᠨ ᠦᠨᠳᠦᠷᠯᠢᠭ | ᠲᠡᠭᠡᠷᠡᠬᠢ ᠲᠠᠷᠠᠬᠠᠢ ᠪᠤᠳᠠᠷᠬᠠᠢ ᠡᠯ᠎ᠡ ᠠᠶᠢᠮᠠᠭ ᠤᠳ ᠢ ᠨᠢᠭᠡᠳᠭᠡᠵᠦ ᠮᠤᠩᠭᠤᠯ ᠦᠨᠳᠣᠰᠣᠳᠡᠨ ᠢ ᠪᠦᠷᠢᠯᠳᠦᠭᠦᠯᠥᠨ᠂ | ᠠᠽᠢᠶ᠎ᠠ ᠡᠸᠦ᠋ᠷᠦᠫᠡ ᠶᠢ ᠰᠤᠨᠳᠠᠯᠠᠭᠰᠠᠨ ᠮᠤᠨᠳᠠᠭ ᠲᠤᠮᠤ ᠶᠡᠭᠡ ᠮᠤᠩᠭᠤᠯ ᠤᠯᠣᠰ ᠢ ᠪᠠᠶᠢᠭᠤᠯᠤᠭᠠᠳ᠂ ᠲᠡᠯᠡᠭᠡᠢ ᠶᠢᠨ | ᠲᠡᠣᠭᠡᠨ ᠲᠡᠭᠡᠷᠡᠬᠢ ᠶᠢᠰᠦᠨ ᠶᠡᠭᠡ ᠬᠠᠭᠠᠨᠳᠣ ᠤᠯᠤᠰ ᠤᠨ ᠨᠢᠭᠡ ᠨᠢ ᠪᠤᠯᠤᠭᠰᠠᠨ ᠪᠠᠶᠢᠨ᠎ᠠ᠃ ᠴᠢᠩᠭᠢᠰ ᠬᠠᠭᠠᠨ ᠤ | ᠡᠨᠡ ᠮᠡᠳᠦ ᠠᠭᠤᠤ ᠦᠢᠯᠡᠰ ᠤᠨ ᠠᠮᠵᠢᠯᠳᠠ ᠤᠯᠤᠭᠰᠠᠨ ᠨᠢ ᠲᠡᠭᠦᠨ ᠳᠤ ︽ᠣᠷᠣᠪᠠᠯ ᠬᠠᠮᠠᠭᠠᠯᠠᠭᠴᠢ ᠭᠠᠷᠪᠠᠯ | ᠭᠠᠪᠰᠢᠭᠠᠶᠢᠯᠠᠭᠴᠢ︾ ᠪᠤᠯᠵᠦ ᠪᠠᠶᠢᠭᠰᠠᠨ ᠣᠤᠭᠠᠨ ᠲᠡᠭᠦᠦ ᠬᠠᠪᠤᠳᠣ ᠬᠠᠰᠠᠷ ᠤᠨ ᠬᠢᠨᠢ ᠴᠢᠳᠠᠪᠤᠷᠢᠳᠠᠢ | ᠬᠠᠪᠰᠣᠷᠣᠭᠴᠢ᠂ ᠢᠳᠡᠪᠬᠢᠳᠡᠢ ᠲᠡᠮᠵᠢᠭᠴᠢ᠂ ᠰᠦᠯᠳᠡ ᠲᠤᠭ ᠤᠨ ᠲᠤᠤᠷᠠᠬᠢ ᠭᠤᠤᠯ ᠬᠦᠴᠦᠨ ᠤ ᠵᠠᠩᠵᠤᠨ᠂ | ᠬᠠᠮᠤᠭ ᠤᠨ ᠢᠳᠡᠭᠡᠮᠵᠢ ᠨᠡᠶᠢᠳᠠᠪᠤᠷᠢᠳᠠᠢ ︽ᠬᠤᠯᠪᠤᠭᠠᠳᠠᠨ︾ ᠪᠤᠯᠤᠭᠰᠠᠨ ᠠᠴᠠ ᠰᠢᠯᠳᠠᠭᠠᠯᠠᠭᠳᠠᠭᠰᠠᠨ ᠶᠤᠮ᠃ ︽ | ᠶᠤᠸᠠᠨ ᠤ ᠲᠡᠤᠭᠡ︾ ᠳᠤ ᠴᠢᠩᠭᠢᠰ ᠬᠠᠭᠠᠨ᠄ ︽ᠪᠡᠯᠭᠦᠳᠡᠢ ᠶᠢᠨ ᠪᠦᠭᠡ᠂ ᠬᠠᠰᠠᠷ ᠤᠨ ᠬᠠᠪᠤ ᠪᠠᠷ ᠮᠡᠭᠦᠰ ᠪᠢ | ᠲᠡᠯᠡᠭᠡᠢ ᠳ᠋ᠡᠬᠢᠨ ᠢ ᠤᠯᠣᠭᠰᠠᠨ ᠪᠤᠯᠠᠢ︾ ᠭᠡᠵᠤ ᠬᠡᠯᠡᠳᠡᠭ ᠪᠢᠯᠡ᠃ ᠫᠧᠷᠰ ᠤᠨ ᠲᠡᠤᠭᠡᠴᠢᠨ ᠷᠠᠰᠢᠳ᠋ ᠠᠳ᠋ ᠳ᠋ᠢᠨ ᠤ ︽ | ᠰᠣᠳᠣᠷ ᠤᠨ ᠴᠢᠭᠤᠯᠭᠠᠨ︾ ᠳᠤ ᠬᠡᠯᠡᠬᠦ ᠳᠤ ᠪᠠᠨ᠄ ︽ᠴᠢᠩᠭᠢᠰ ᠬᠠᠭᠠᠨ ᠤ ᠲᠡᠭᠦᠦ ᠨᠠᠷ ᠪᠠ ᠠᠴᠢ ᠭᠡᠦᠭᠡᠳ ᠤᠨ | ᠲᠤᠳᠣᠷ᠎ᠠ᠂ ᠭᠠᠭᠴᠠ ᠭᠦ ᠬᠠᠰᠠᠷ ᠪᠠ ᠲᠡᠭᠦᠨ ᠤ ᠬᠦᠪᠡᠭᠦᠳ ᠨᠢ ᠤᠯᠠᠨ ᠸᠠᠩ ᠨᠠᠷ ᠤᠨ ᠲᠡᠷᠢᠭᠦᠨ ᠳᠤ ᠤᠷᠣᠳᠠᠭ︾ | ᠭᠡᠵᠡᠢ᠃ ᠬᠠᠰᠠᠷ ᠤᠨ ᠭᠠᠪᠢᠶ᠎ᠠ ᠵᠢᠳᠭᠦᠯ ᠨᠢ ᠦᠯᠡᠮᠵᠢ ᠪᠤᠯᠬᠤᠷ ᠲᠡᠤᠭᠡᠨ ᠨᠤᠮ ᠪᠢᠴᠢᠭ ᠲᠤ ᠮᠠᠰᠢ ᠤᠯᠠᠨ | ᠲᠡᠮᠳᠡᠭᠯᠡᠭᠳᠡᠭᠰᠡᠨ ᠪᠠᠶᠢᠳᠠᠭ᠃ ︽ᠮᠤᠩᠭᠤᠯ ᠤᠨ ᠨᠢᠭᠤᠴᠠ ᠲᠤᠪᠴᠢᠶᠠᠨ︾ ᠨᠢ ᠨᠡᠶᠢᠳᠡ 282 ᠭᠡᠰᠡᠭ ᠢᠶᠠᠷ | ᠪᠦᠷᠢᠯᠳᠦᠵᠦ᠂ ᠲᠡᠭᠦᠨ ᠤ ᠲᠤᠳᠣᠷᠠᠬᠢ 29 ᠭᠡᠰᠡᠭ ᠲᠤ ᠬᠠᠰᠠᠷ ᠤᠨ ᠨᠡᠷ᠎ᠡ ᠶᠢ 65 ᠤᠳᠠᠭ᠎ᠠ ᠠᠳᠠᠯᠢ ᠪᠤᠰᠣ | ᠲᠠᠯ᠎ᠠ ᠠᠴᠠ ᠨᠢ ᠲᠦᠷᠰᠦᠯᠡᠭᠰᠡᠨ ᠪᠠ ᠲᠤᠷᠠᠳᠣᠭᠰᠠᠨ ᠪᠠᠶᠢᠳᠠᠭ᠃ ᠮᠢᠩ ᠤᠯᠤᠰ ᠤᠨ ᠲᠤᠮᠳᠠᠴᠢ ᠪᠠᠷ ᠪᠢᠴᠢᠭᠳᠡᠭᠰᠡᠨ | ︽ᠮᠤᠩᠭᠤᠯ ᠤᠨ ᠬᠤᠷᠢᠶᠠᠩᠭᠤᠢ ᠠᠯᠳᠠᠨ ᠲᠤᠪᠴᠢ︾ ᠳᠤ ᠬᠠᠰᠠᠷ ᠪᠠ ᠬᠤᠷᠴᠢᠨ ᠠᠶᠢᠮᠠᠭ ᠢ 83 ᠤᠳᠠᠭ᠎ᠠ | ᠲᠤᠷᠠᠳᠣᠭᠰᠠᠨ ᠪᠠᠶᠢᠳᠠᠭ᠃ ᠡᠭᠦᠨ ᠠᠴᠠ ᠪᠢᠳᠡ ᠬᠠᠰᠠᠷ ᠤᠨ ᠮᠤᠩᠭᠤᠯ ᠤᠨ ᠲᠡᠤᠭᠡᠨ ᠲᠡᠭᠡᠷᠡᠬᠢ ᠴᠢᠬᠤᠯᠠ ᠪᠠᠶᠢᠷᠢ | ᠰᠠᠭᠤᠷᠢ ᠶᠢ ᠮᠡᠳᠡᠵᠦ ᠪᠤᠯᠤᠨ᠎ᠠ᠃ | | ᠨᠢᠭᠡ᠂ ᠬᠠᠰᠠᠷ ᠤᠨ ᠨᠡᠷᠡᠶᠢᠳᠦᠯ | ᠬᠠᠰᠠᠷ ᠪᠣᠯ ᠶᠢᠰᠦᠭᠡᠢ ᠪᠠᠭᠠᠳᠣᠷ ᠤᠨ ᠵᠢᠷᠭᠤᠭᠠᠨ ᠬᠦᠪᠡᠭᠦᠳ ᠤᠨ ᠲᠤᠳᠣᠷᠠᠬᠢ ᠬᠤᠶᠠᠳᠣᠭᠠᠷ ᠬᠦᠦ ᠮᠥᠨ᠃ | ᠴᠢᠩᠭᠢᠰ ᠬᠠᠭᠠᠨ ᠤ ᠲᠦᠷᠦᠭᠰᠡᠨ ᠲᠡᠭᠦᠦ ᠪᠤᠯᠤᠨ᠎ᠠ᠃ ︽ᠮᠤᠩᠭᠤᠯ ᠤᠨ ᠨᠢᠭᠤᠴᠠ ᠲᠤᠪᠴᠢᠶᠠᠨ︾ ᠤ 60 ᠳ᠋ᠣᠭᠠᠷ | ᠬᠡᠰᠡᠭ ᠪᠠ ᠷᠠᠰᠢᠳ᠋ ᠠᠳ᠋ ᠳ᠋ᠢᠨ ᠤ ︽ᠰᠣᠳᠣᠷ ᠤᠨ ᠴᠢᠭᠤᠯᠭᠠᠨ︾ ᠳᠤ ︽ᠵᠦᠴᠢ ᠬᠠᠰᠠᠷ︾ ᠭᠡᠵᠡᠢ᠃ ᠵᠦᠴᠢ | ᠭᠡᠳᠡᠭ ᠨᠢ ᠦᠨᠳᠣᠷ ᠰᠦᠷᠯᠢᠭ ᠭᠡᠬᠦ ᠣᠳᠬ᠎ᠠ ᠲᠠᠢ ᠦᠭᠡ ᠮᠦᠨ᠃ ︽ᠰᠣᠳᠣᠷ ᠤᠨ ᠴᠢᠭᠤᠯᠭᠠᠨ︾ ᠢ | ᠦᠨᠳᠣᠰᠣᠯᠡᠪᠡᠯ᠂ ︽ᠬᠠᠰᠠᠷ︾ ᠭᠡᠳᠡᠭ ᠨᠢ ᠲᠤᠭᠰᠢᠨ ᠠᠷᠢᠶᠠᠳᠠᠨ ᠪᠤᠶᠤ ᠠᠷᠰᠯᠠᠨ ᠬᠡᠰᠡᠨ ᠤᠳᠬ᠎ᠠ ᠲᠠᠢ ᠦᠭᠡ | ᠮᠦᠨ᠃ ︽ᠰᠣᠳᠣᠷ ᠤᠨ ᠴᠢᠭᠤᠯᠭᠠᠨ︾ ᠳᠤ ᠬᠠᠰᠠᠷ ᠤᠨ ᠪᠠᠶ᠎ᠠ ᠪᠠᠶᠢᠳᠠᠯ ᠢ ᠲᠦᠷᠰᠦᠯᠡᠬᠦ ᠳᠤ ᠪᠠᠨ ︽ᠲᠡᠭᠦᠨ ᠤ | ᠮᠦᠷᠦ ᠦᠷᠭᠡᠨ᠂ ᠴᠡᠭᠡᠵᠢ ᠠᠭᠤᠳᠠᠮ ᠪᠤᠯᠪᠠᠴᠤ ᠨᠢᠷᠣᠭᠤ ᠨᠢ ᠮᠠᠰᠢ ᠨᠠᠷᠢᠨ ᠪᠤᠯᠬᠤᠷ ᠬᠠᠵᠠᠭᠤᠯᠠᠵᠤ ᠬᠡᠪᠳᠡᠬᠦ ᠳᠤ | ᠬᠠᠪᠢᠷᠭᠠᠨ ᠲᠤᠭᠤᠤᠷ ᠨᠢ ᠨᠤᠬᠠᠢ ᠰᠢᠷᠭᠤᠵᠤ ᠪᠠᠭᠳᠠᠳᠠᠭ︾ ᠭᠡᠵᠠᠢ᠃ ︽ᠰᠣᠳᠣᠷ ᠤᠨ ᠴᠢᠭᠤᠯᠭᠠᠨ︾ ᠳᠤ | ᠬᠠᠰᠠᠷ ᠤᠨ ᠬᠦᠴᠦ ᠴᠢᠳᠠᠯ ᠢ ᠲᠦᠷᠰᠦᠯᠡᠬᠦ ᠳᠤ ᠪᠠᠨ ︽ᠪᠢᠷ᠎ᠡ ᠴᠢᠳᠠᠯ ᠶᠡᠭᠡᠳᠡᠢ᠂ ᠬᠤᠶᠡᠷ ᠭᠠᠷ ᠢᠶᠠᠷ ᠢᠶᠠᠨ ᠠᠮᠢᠳᠣ | ᠬᠦᠮᠦᠨ ᠢ ᠮᠤᠳᠣᠨ ᠰᠠᠯᠠᠭ᠎ᠠ ᠰᠢᠭ᠋ ᠬᠤᠶᠡᠷ ᠠᠩᠭᠢ ᠪᠤᠯᠭᠠᠨ᠂ ᠲᠡᠬᠦᠨ ᠤ ᠨᠢᠷᠣᠭᠤ ᠶᠢ ᠨᠢ ᠬᠤᠭᠤᠯᠵᠤ ᠬᠠᠶᠠᠳᠠᠭ︾ | ᠬᠡᠵᠡᠢ᠃ ᠵᠢᠮᠪᠠᠳᠣᠷᠵᠢ ᠶᠢᠨ ︽ᠪᠤᠯᠤᠷ ᠲᠤᠯᠢ︾ ᠳᠤ ︽ᠬᠠᠰᠠᠷ ᠤᠨ ᠨᠢᠭᠤᠷ ᠴᠢᠷᠠᠢ ᠠᠨᠤ ᠤᠯᠠᠭᠠᠨ᠂ ᠪᠠᠭᠠᠳᠣᠷ ᠤᠨ | ᠰᠢᠨᠵᠢ ᠲᠡᠭᠦᠰ᠂ ᠦᠨᠳᠣᠷ ᠢᠨᠦ ᠨᠠᠢᠮᠠᠨ ᠴᠢᠽᠢ ︵ᠴᠢ — ᠲᠤᠬᠤᠢ︶᠂ ᠰᠠᠬᠠᠯ ᠠᠨᠤ ᠤᠷᠳᠣ ᠠᠮᠤᠢ᠃ | ᠵᠢᠳᠠ ᠪᠠᠷ ᠠᠯᠠᠯᠳᠣᠬᠤᠢ ᠪᠠᠰᠢᠷ ᠲᠤᠷ ᠮᠡᠷᠭᠡᠨ︾ ᠭᠡᠵᠤ ᠲᠡᠮᠳᠡᠭᠯᠡᠵᠡᠢ᠃ ᠬᠠᠰᠠᠷ ︽ᠨᠤᠮᠤ ᠪᠠᠨ ᠬᠦᠴᠦᠳᠡᠢ ᠲᠠᠳᠠᠪᠠᠯ | ᠶᠢᠰᠤᠨ ᠵᠠᠭᠤᠨ ᠠᠯᠬᠤᠮ ᠤᠨ ᠴᠠᠭᠠᠨ᠎ᠠ᠂ ᠬᠦᠩᠭᠡᠨ ᠲᠠᠳᠠᠪᠠᠯ ᠲᠠᠪᠤᠨ ᠵᠠᠭᠤᠨ ᠠᠯᠬᠤᠮ ᠤᠨ ᠴᠠᠭᠠᠨ᠎ᠠ ᠠᠴᠠ | ᠤᠨᠤᠭᠠᠳᠠᠭ︾ ᠭᠡᠵᠡᠢ᠃ ᠡᠨᠡ ᠪᠣᠯ 833.3 — 1500 ᠮᠧᠲᠷ ᠪᠤᠯᠬᠤ ᠶᠤᠮ᠃ ᠡᠨᠡ ᠨᠢ ᠠᠳᠠᠭ ᠲᠠᠭᠠᠨ | 450 — 810 ᠵᠢᠩ ᠤᠨ ᠬᠦᠴᠦ ᠪᠠᠶᠢᠬᠤ ᠭᠡᠷᠡᠭᠳᠡᠢ ᠶᠤᠮ᠃ ᠡᠨᠡ ᠪᠣᠯ ᠵᠦᠪᠬᠡᠨ ᠬᠤᠶᠡᠷ ᠭᠠᠷ ᠤᠨ ᠬᠦᠴᠦ | ᠯᠠ ᠲᠡᠳᠦᠢ ᠪᠤᠯᠬᠤ ᠶᠤᠮ᠃ ᠬᠠᠰᠠᠷ ᠬᠦᠳᠡᠷ ᠲᠤᠮᠤ ᠪᠦᠭᠡᠳ ᠬᠦᠴᠦ ᠴᠢᠳᠠᠯ ᠶᠡᠭᠡᠳᠢ᠂ ᠬᠠᠷᠪᠤᠵᠤ | ᠨᠠᠮᠨᠠᠬᠤ ᠳᠤ ᠪᠠᠨ ᠮᠡᠷᠭᠡᠨ ᠪᠦᠭᠡᠳ ᠤᠨᠤᠴᠠ ᠬᠠᠪᠤ ᠰᠠᠶᠢᠳᠠᠢ ᠪᠤᠯᠬᠤᠷ ᠬᠤᠵᠢᠮ ᠤᠨ ᠬᠦᠮᠦᠰ ︽ᠬᠠᠪᠤᠳᠣ ᠬᠠᠰᠠᠷ︾ | ᠭᠡᠵᠤ ᠲᠠᠭᠤᠳᠠᠬᠤ ᠪᠤᠯᠵᠤ ᠤᠣᠯ ᠤᠨ ᠨᠡᠷ᠎ᠡ ︽ᠵᠦᠴᠢ︾ ᠭᠡᠭᠴᠢ ᠨᠢ ᠠᠶᠠᠨᠳᠠᠭᠠᠨ ᠬᠠᠶᠠᠭᠳᠠᠭᠰᠠᠨ ᠪᠤᠶᠤ | ᠮᠠᠷᠳᠠᠭᠳᠠᠭᠰᠠᠨ ᠪᠠᠶᠢᠨ᠎ᠠ᠃ ᠴᠢᠩ ᠤᠯᠤᠰ ᠤᠨ ᠦᠶ᠎ᠡ ᠠᠴᠠ ᠡᠬᠢᠯᠡᠨ ᠬᠠᠪᠤᠳᠣ ᠬᠠᠰᠠᠷ ᠭᠡᠵᠤ ᠪᠢᠴᠢᠭᠳᠡᠬᠦ ᠪᠤᠯᠪᠠ᠃ | | | ᠬᠤᠶᠡᠷ᠂ ᠬᠠᠰᠠᠷ ᠤᠨ ᠪᠠᠭ᠎ᠠ ᠨᠠᠰᠤ | ᠬᠠᠪᠤᠳᠣ ᠬᠠᠰᠠᠷ 1164 ᠤᠨ ︵ᠬᠦᠭᠡ ᠪᠠᠴᠢᠨ ᠵᠢᠯ︶ ᠳᠤ ᠤᠳᠣᠬᠢ ᠮᠤᠩᠭᠤᠯ ᠤᠯᠤᠰ ᠤᠨ | ᠬᠢᠯᠢ ᠳᠠᠬᠢ ᠤᠨᠤᠨ ᠮᠦᠷᠡᠨ ᠤ ᠡᠬᠢ ᠪᠤᠷᠬᠠᠨ ᠬᠠᠯᠳᠣᠨ ᠠᠭᠤᠯᠠᠨ ᠤ ᠲᠡᠯᠢᠭᠦᠨ ᠪᠤᠯᠳᠠᠭ ᠲᠤ ᠲᠦᠷᠦᠵᠦ᠂ | ᠲᠤᠯᠤᠭᠠᠨ ᠨᠠᠰᠣᠳᠠᠢ ᠵᠢᠯ ᠳᠤ ᠲᠠᠷᠣᠢ 1170 ᠤᠨ ᠳᠤ ᠬᠠᠮᠤᠭ ᠮᠤᠩᠭᠤᠯ ᠤᠨ ᠠᠬᠠᠯᠠᠭᠴᠢ ᠪᠠᠶᠢᠭᠰᠠᠨ ᠶᠢᠰᠦᠭᠡᠢ | ᠪᠠᠭᠠᠳᠣᠷ ᠲᠠᠲ᠋ᠠᠷ ᠠᠶᠢᠮᠠᠭ ᠲᠤ ᠬᠤᠤᠷᠯᠠᠭᠳᠠᠭᠰᠠᠨ ᠠᠴᠠ ᠪᠤᠯᠵᠦ᠂ ᠬᠠᠮᠤᠭ ᠮᠤᠩᠭᠤᠯ ᠤᠯᠤᠰ ᠤᠨ ︽ᠬᠤᠯᠪᠤᠭ᠎ᠠ︾ | ᠵᠠᠳᠠᠷᠠᠭᠠᠳ᠂ ︽ᠬᠠᠨ︾ ᠤ ᠣᠷᠣ ᠬᠤᠭᠤᠰᠣᠨ ᠪᠤᠯᠵᠠᠢ᠃ ᠡᠨᠡ ᠦᠶ᠎ᠡ ᠳᠤ ᠶᠢᠰᠦᠭᠡᠢ ᠪᠠᠭᠠᠳᠣᠷ ᠤᠨ ᠤᠣᠯ ᠤᠨ | ᠲᠠᠭᠠᠯᠳᠠ ᠨᠤᠭᠤᠳ ᠨᠢ ᠡᠬᠦᠨ ᠢ ᠵᠠᠪᠰᠢᠵᠦ ᠬᠠᠮᠤᠭ ᠮᠤᠩᠭᠤᠯ ᠤᠯᠤᠰ ᠤᠨ ᠠᠷᠠᠳ ᠢᠷᠭᠡᠳ ᠪᠠ ᠠᠳᠣᠭᠤ ᠮᠠᠯ ᠢ ᠨᠢ | ᠲᠤᠰ ᠲᠤᠰ ᠲᠠᠭᠠᠨ ᠬᠤᠪᠢᠶᠠᠯᠴᠠᠵᠦ ᠵᠠᠶᠢᠯᠠᠨ ᠤᠳᠣᠭᠰᠠᠨ ᠪᠠᠶᠢᠨ᠎ᠠ᠃ ᠲᠤᠬᠠᠶᠢᠯᠠᠪᠠᠯ᠂ ᠲᠠᠶᠢᠴᠢᠭᠤᠳ ᠠᠶᠢᠮᠠᠭ ᠤᠨ | ᠠᠬᠠᠯᠠᠭᠴᠢ ᠲᠠᠷᠭᠤᠳᠠᠢ ᠬᠢᠷᠢᠯᠳᠤᠭ ᠰᠠᠯᠵᠦ ᠶᠠᠪᠤᠭᠰᠠᠨ ᠪᠠ ᠪᠤᠷᠵᠢᠬᠢᠨ ᠤᠪᠤᠭᠳᠠᠨ ᠤ ᠶᠢᠰᠦᠭᠡᠢ ᠪᠠᠭᠠᠳᠣᠷ ᠤᠨ | ᠲᠡᠬᠦᠦ ᠲᠠᠷᠢᠳᠠᠢ ᠤᠳᠴᠢᠬᠢᠨ᠂ ᠶᠢᠰᠦᠭᠡᠢ ᠪᠠᠭᠠᠳᠣᠷ ᠤᠨ ᠠᠬ᠎ᠠ ᠨᠡᠬᠦᠨ ᠲᠠᠶᠢᠵᠢ ᠶᠢᠨ ᠬᠦᠦ ᠬᠤᠴᠠᠷ᠂ ᠬᠤᠳᠠᠯᠠ | ᠬᠠᠭᠠᠨ ᠤ ᠬᠦᠦ ᠠᠯᠳᠠᠨ᠂ ᠬᠠᠪᠤᠯ ᠬᠠᠭᠠᠨ ᠤ ᠦᠷᠡᠰ ᠵᠦᠷᠬᠢᠨ ᠤᠪᠤᠭ ᠤᠨ ᠰᠡᠴᠡ ᠪᠠᠬᠢ᠂ ᠲᠠᠶᠢᠴᠦ ᠠᠬ᠎ᠠ | ᠲᠡᠬᠦᠦ ᠬᠤᠶᠠᠭᠤᠯᠠ ᠦᠪᠡᠷ ᠦᠪᠡᠷ ᠤᠨ ᠬᠤᠪᠢ ᠢᠷᠭᠡᠳ ᠢᠶᠠᠨ ᠲᠠᠭᠠᠭᠤᠯᠵᠦ ᠵᠠᠳᠠᠷᠠᠨ ᠠᠶᠢᠮᠠᠭ ᠤᠨ ᠵᠠᠮᠤᠬ᠎ᠠ ᠶᠢ | ᠲᠦᠰᠢᠬᠦ ᠪᠠᠷ ᠤᠴᠢᠵᠠᠭᠠᠵᠡᠢ᠃ ᠨᠡᠩ ᠢᠯᠠᠩᠭᠤᠶ᠎ᠡ ᠲᠠᠶᠢᠴᠢᠭᠤᠳ ᠢᠷᠭᠡᠳ ︽ᠴᠡᠭᠡᠯ ᠤᠨ ᠤᠰᠣ ᠰᠢᠷᠬᠢᠵᠦ᠂ | ᠴᠡᠭᠡᠨ ᠴᠢᠯᠠᠭᠤ ᠬᠠᠭᠠᠷᠠᠪᠠ︾ ᠭᠡᠵᠤ ᠬᠠᠰᠠᠷ ᠤᠨ ᠨᠢᠭᠡ ᠭᠡᠷ ᠢ ᠪᠤᠷᠬᠠᠨ ᠬᠠᠯᠳᠣᠨ ᠠᠭᠤᠯᠠ ᠶᠢᠨ ᠡᠩᠭᠡᠷ ᠲᠠᠬᠢ | ᠦᠨᠦᠴᠢᠨ ᠪᠠᠭᠤᠴᠠᠨ ᠳᠤᠨᠢ ᠤᠷᠬᠢᠵᠦ ᠨᠡᠬᠦᠵᠦ ᠶᠠᠪᠤᠭᠰᠠᠨ ᠨᠢ ᠲᠤᠩ ᠬᠠᠷᠠᠰᠠᠯᠳᠠᠢ ᠭᠡᠷᠡᠭ ᠪᠤᠯᠤᠨ᠎ᠠ᠃ | ᠠᠶᠢᠮᠠᠭ ᠤᠨ ᠤᠯᠠᠨ ᠨᠢ ᠰᠠᠷᠨᠢᠨ ᠪᠤᠳᠠᠷᠠᠭᠰᠠᠨ ᠠᠴᠠ ᠲᠡᠭᠵᠢᠷᠡᠨ ᠮᠠᠨᠳᠣᠵᠦ ᠪᠠᠶᠢᠭᠰᠠᠨ ᠪᠤᠷᠵᠢᠬᠢᠨ | ᠤᠪᠤᠭᠳᠠᠨ ᠨᠡᠢᠮᠠᠨ ᠰᠢᠷᠭ᠎ᠠ ᠪᠠ ᠨᠢᠭᠡ ᠣᠭᠤᠳᠣᠷ ᠲᠠᠷᠭᠢ ᠬᠤᠩᠭᠤᠷ ᠨᠡᠶᠢᠳᠡ ᠶᠢᠰᠦᠨ ᠮᠤᠷᠢ᠂ ᠨᠢᠭᠡ ᠮᠤᠩᠭᠤᠯ ᠭᠡᠷ | ᠂ ᠦᠪᠡᠷ ᠢᠶᠠᠨ ᠵᠤᠬᠢᠶᠡᠵᠦ ᠦᠢᠯᠡᠳᠦᠭᠰᠡᠨ ᠨᠤᠮᠤ ᠰᠣᠮᠤ ᠦᠯᠡᠳᠡᠭᠡᠳ ᠠᠮᠢᠳᠣᠷᠠᠯ ᠨᠢ ᠲᠦᠢᠯ ᠤᠨ ᠬᠦᠴᠢᠷᠳᠡᠢ | ᠪᠤᠯᠤᠭᠰᠠᠨ ᠪᠠᠶᠢᠨ᠎ᠠ᠃ ᠰᠡᠭᠦᠯᠡᠷ ᠨᠢ ᠪᠤᠷᠬᠠᠨ ᠬᠠᠯᠳᠣᠨ ᠤ ᠦᠪᠤᠷ ᠬᠦᠷᠡᠯᠬᠦ ᠲᠤᠳᠣᠷᠡ ᠣᠷᠣᠰᠬᠤ ᠰᠡᠩᠭᠦᠷ | ᠭᠤᠷᠣᠬᠠᠨ ᠤ ᠬᠠᠷ᠎ᠠ ᠵᠢᠷᠦᠭᠡᠨ ᠤ ᠬᠦᠭᠡ ᠨᠠᠭᠤᠷ ᠲᠤ ᠤᠴᠢᠵᠦ ᠨᠤᠳᠣᠭᠯᠠᠨ᠂ ᠠᠯᠠᠭᠳᠠᠭ᠎ᠠ ᠲᠠᠷᠪᠠᠭ᠎ᠠ ᠠᠯᠠᠵᠤ᠂ | ᠶᠢᠰᠦᠨ ᠮᠤᠷᠢ ᠪᠠᠨ ᠠᠷᠠᠴᠢᠯᠠᠨ᠂ ᠠᠶᠢᠯ ᠢᠶᠠᠷ ᠮᠠᠯᠵᠢᠵᠦ ᠪᠠᠶᠢᠪᠠ᠃ ᠡᠶᠢᠮᠦᠷᠬᠦ ᠪᠠᠶᠢᠳᠠᠯ ᠲᠤᠤᠷ᠎ᠠ᠂ ᠦᠭᠡᠯᠥᠨ | ᠦᠵᠢᠨ ᠡᠭᠡ ᠭᠡᠣᠭᠡᠳ ᠢᠶᠠᠨ ᠦᠰᠭᠡᠵᠦ ᠬᠦᠮᠦᠵᠢᠭᠦᠯᠬᠦ ᠶᠢᠨ ᠲᠦᠯᠥᠭᠡ ᠠᠭᠤᠯᠠᠨ ᠠᠴᠠ ᠵᠢᠮᠢᠰ ᠲᠡᠭᠦᠵᠦ ᠵᠡᠷᠯᠢᠭ | ᠨᠤᠭᠤᠭ᠎ᠠ ᠤᠬᠤᠵᠦ ᠪᠠᠶᠢᠭᠰᠠᠨ ᠨᠢ ᠭᠡᠣᠭᠡᠳ ᠲᠡᠭᠡᠨ ᠲᠤᠩ ᠶᠡᠭᠡ ᠵᠤᠷᠢᠭᠵᠢᠭᠤᠯᠤᠯ ᠪᠤᠯᠤᠭᠰᠠᠨ ᠪᠠᠶᠢᠨ᠎ᠠ᠃ ᠬᠠᠰᠠᠷ | ᠠᠬ᠎ᠠ ᠲᠡᠮᠦᠵᠢᠨ ᠢᠶᠠᠨ ᠲᠠᠭᠠᠵᠤ ᠲᠡᠭᠦᠦ ᠨᠡᠷ ᠢᠶᠠᠨ ᠲᠠᠭᠠᠭᠤᠯᠤᠨ ᠤᠨᠤᠨ ᠮᠦᠷᠡᠨ ᠤ ᠬᠦᠪᠡᠭᠡᠨ ᠳᠤ ᠵᠢᠭᠠᠰᠣ | ᠬᠦᠭᠢᠳᠡᠬᠦ ᠪᠠ ᠠᠭᠤᠯᠠᠨ ᠤ ᠤᠢ ᠠᠴᠠ ᠠᠩ ᠠᠩᠨᠠᠵᠤ ᠡᠨᠡᠷᠢᠯᠳᠣ ᠡᠭᠡ ᠪᠠᠨ ᠠᠰᠠᠷᠠᠨ ᠲᠡᠵᠢᠭᠡᠵᠦ ᠪᠠᠶᠢᠪᠠ᠃ | ᠨᠢᠭᠡᠨ ᠡᠳᠣᠷ ᠳᠡᠮᠥᠵᠢᠨ᠂ ᠬᠠᠰᠠᠷ᠂ ᠪᠡᠭᠳᠡᠷ᠂ ᠪᠡᠯᠭᠦᠳᠠᠢ ᠲᠦᠷᠪᠡᠭᠦᠯᠡ ᠪᠠᠨ ᠭᠦᠳᠡᠭᠡ ᠶᠠᠪᠤᠵᠤ ᠪᠠᠶᠢᠭᠠᠳ | ᠳᠡᠭᠡᠭᠦᠷ ᠨᠢ ᠨᠢᠰᠴᠤ ᠭᠠᠷᠬᠤ ᠨᠢᠭᠡᠨ ᠰᠢᠪᠠᠭᠤ ᠶᠢ ᠦᠪᠡᠷ ᠦᠪᠡᠷ ᠤᠨ ᠨᠤᠮᠤ ᠰᠣᠮᠤ ᠪᠠᠷ ᠢᠶᠠᠨ ᠲᠦᠷᠪᠡᠭᠦᠯᠡ | ᠬᠠᠷᠪᠤᠵᠠᠭᠠᠵᠠᠢ᠃ ᠬᠠᠰᠠᠷ ᠤᠨ ᠰᠣᠮᠤ ᠬᠠᠮᠤᠭ ᠤᠨ ᠤᠨᠤᠪᠴᠢᠳᠠᠢ ᠪᠠᠶᠢᠵᠤ ᠰᠢᠪᠠᠭᠤᠨ ᠤ ᠬᠦᠵᠤᠬᠦᠨ ᠳᠤ ᠤᠨᠤᠵᠤ | ᠳᠠᠯᠠᠪᠴᠢ ᠪᠠᠨ ᠰᠠᠪᠠᠯᠠᠭᠰᠠᠭᠠᠷ ᠪᠠᠭᠤᠵᠤ ᠢᠷᠡᠬᠦ ᠳᠤ᠂ ᠪᠡᠭᠳᠡᠷ ᠨᠢ᠄ ︽ᠮᠢᠨᠦ ᠰᠤᠮᠤ ᠤᠨᠤᠵᠠᠢ᠂ ᠬᠠᠰᠠᠷ ᠤᠨ ᠰᠤᠮᠤ | ᠤᠨᠤᠵᠠᠢ︾ ᠬᠡᠵᠦ ᠬᠠᠰᠬᠢᠷᠤᠭᠰᠠᠭᠠᠷ ᠤᠷᠢᠳᠠᠪᠡᠷ ᠬᠦᠶᠦᠵᠦ ᠬᠦᠷᠦᠭᠡᠳ ᠠᠪᠴᠢᠬᠠᠪᠠ᠃ ᠳᠡᠮᠦᠵᠢᠨ᠂ ᠪᠡᠭᠳᠡᠷ | ᠳᠡᠭᠦᠦ ᠳᠡᠭᠡᠨ᠄ ︽ᠴᠢᠨᠦ ᠰᠤᠮᠤ ᠪᠢᠰᠢ᠂ ᠬᠠᠰᠠᠷ ᠤᠨ ᠰᠤᠮᠤ ᠤᠨᠤᠵᠠᠢ︾ ᠬᠡᠵᠦ ᠬᠡᠯᠡᠬᠦ ᠳᠤ ᠪᠡᠭᠳᠡᠷ᠄ ︽ᠴᠢ ᠨᠢᠭᠡ | ᠡᠬᠡ ᠠᠴᠠ ᠳᠦᠷᠦᠭᠰᠡᠨ ᠳᠡᠭᠦᠦ ᠪᠠᠨ ᠬᠡᠵᠦ ᠬᠠᠰᠠᠷ ᠢ ᠦᠮᠦᠭᠯᠡᠵᠦ ᠪᠠᠶᠢᠨ᠎ᠠ ᠤᠤ︖︾ ᠬᠡᠳ ᠦᠨᠦᠬᠢ ᠰᠢᠪᠠᠭᠤ ᠶᠢ | ᠠᠪᠤᠭᠠᠳ ᠶᠠᠪᠤᠴᠢᠬᠠᠪᠠ᠃ | ᠳᠠᠷᠠᠭ᠎ᠠ ᠡᠳᠦᠷ ᠨᠢ ᠳᠡᠳᠡ ᠳᠦᠷᠪᠡᠭᠦᠯᠡ ᠤᠨᠤᠨ ᠮᠦᠷᠡᠨ ᠤ ᠬᠦᠪᠡᠭᠡᠨ ᠳᠤ ᠤᠴᠢᠵᠦ ᠵᠢᠭᠠᠰᠤ ᠬᠦᠬᠢᠳᠡᠪᠡ | ᠃ ᠰᠠᠯᠬᠢ ᠶᠡᠭᠡ ᠲᠠᠢ ᠪᠤᠯᠬᠤᠷ ᠬᠡᠨ ᠤ ᠬᠢᠨᠢ ᠬᠦᠬᠢᠨ ᠳᠤ ᠴᠦ ᠳᠡᠮᠡᠢ ᠵᠢᠭᠠᠰᠤ ᠤᠷᠤᠭᠰᠠᠨ ᠦᠭᠡᠢ᠂ ᠬᠠᠷᠢᠨ | ᠳᠡᠮᠦᠵᠢᠨ ᠤ ᠬᠦᠬᠢᠨ ᠳᠤ ᠤᠯᠠᠨ ᠠᠴᠠ ᠤᠨᠴᠠᠭᠠᠢ ᠨᠢᠬᠡᠨ ᠪᠦᠳᠦᠭᠦᠨ ᠠᠯᠳᠠᠨ ᠵᠢᠭᠠᠰᠤ ᠮᠡᠳᠦ ᠭᠤᠶᠤ ᠰᠢᠷᠭᠠᠯ | ᠵᠢᠭᠠᠰᠤ ᠤᠷᠤᠵᠠᠢ᠃ ᠪᠡᠭᠳᠡᠷ ᠦᠵᠡᠮᠡᠭᠴᠡ ᠪᠠᠷᠢᠵᠦ ᠠᠪᠤᠭᠠᠳ ᠦᠪᠡᠷᠤᠨ ᠰᠠᠭᠰᠤᠨ ᠳᠠᠭᠠᠨ ᠬᠢᠴᠢᠭᠡᠪᠡ᠃ | ᠳᠡᠮᠦᠵᠢᠨ᠄ ︽ᠡᠨᠡ ᠪᠤᠯ ᠮᠢᠨᠦ ᠪᠠᠷᠢᠭᠰᠠᠨ ᠵᠢᠭᠠᠰᠤ︾ ᠬᠡᠰᠡᠨ ᠳᠤ ᠪᠡᠭᠳᠡᠷ ᠶᠠᠭᠠᠬᠢᠪᠡᠴᠦ ᠦᠭᠬᠦ ᠦᠬᠡᠢ ᠬᠡᠷ | ᠵᠦᠭ ᠢᠶᠠᠨ ᠬᠦᠶᠦᠯ᠎ᠡ᠃ ᠲᠡᠮᠦᠵᠢᠨ ᠳᠦᠢᠯ ᠢᠶᠠᠷ ᠠᠭᠤᠷᠯᠠᠵᠦ ᠬᠠᠰᠠᠷ ᠢ ᠳᠠᠭᠠᠭᠤᠯᠤᠨ ᠬᠤᠶᠢᠨ᠎ᠠ ᠠᠴᠠ ᠨᠢ | ᠨᠡᠬᠡᠬᠦ ᠳᠤ ᠪᠡᠭᠳᠡᠷ ᠬᠦᠯ ᠬᠤᠷᠳᠤᠨ ᠲᠤᠯᠠ ᠬᠦᠢᠴᠡᠭᠰᠡᠨ ᠦᠬᠡᠢ᠃ | ᠲᠡᠮᠦᠵᠢᠨ ᠬᠠᠰᠠᠷ ᠬᠤᠶᠠᠷ ᠭᠡᠷ ᠲᠡᠭᠡᠨ ᠬᠠᠷᠢᠭᠠᠳ ︽ᠮᠠᠨ ᠤ ᠬᠦᠬᠢ ᠳᠤ ᠤᠷᠤᠭᠰᠠᠨ ᠨᠢᠭᠡᠨ ᠰᠢᠷᠭᠠᠯ | ᠭᠤᠶᠤ ᠵᠢᠭᠠᠰᠤ ᠶᠢ ᠪᠡᠭᠳᠡᠷ ᠪᠤᠯᠢᠶᠠᠵᠠᠢ︾ ᠬᠡᠵᠦ ᠦᠭᠡᠯᠦᠨ ᠦᠵᠢᠨ ᠡᠬᠡ ᠳᠤ ᠵᠠᠭᠠᠯᠳᠤᠪᠠ᠃ ᠦᠭᠡᠯᠦᠨ ᠦᠵᠢᠨ | ᠤᠶᠤᠵᠦ ᠪᠠᠶᠢᠭᠰᠠᠨ ᠢᠮᠠᠭᠠᠨ ᠠᠷᠠᠰᠤᠨ ᠴᠠᠭᠠᠮᠠᠯ ᠳᠠᠬᠤ ᠪᠠᠨ ᠲᠠᠯᠪᠢᠵᠦ᠄ ︽ᠲᠠᠨᠠᠷ ᠨᠢᠭᠡ ᠡᠴᠢᠬᠡ ᠶᠢᠨ ᠬᠦᠪᠡᠭᠦᠳ | ᠠᠳᠠᠯ᠎ᠠ ᠶᠠᠭᠤᠨ ᠳᠤ ᠢᠩᠬᠢᠵᠦ ᠮᠠᠷᠭᠤᠯᠳᠤᠬᠤ ᠪᠤᠢ᠂ ᠡᠶᠢᠮᠦ ᠪᠤᠯ ᠪᠢᠳᠡ ᠲᠠᠲ᠋ᠠᠷ ᠪᠤᠯᠤᠨ ᠲᠠᠶᠢᠴᠢᠭᠤᠳ ᠠᠴᠠ | ᠬᠡᠷᠬᠢᠨ ᠦᠰᠢᠶ᠎ᠡ ᠪᠠᠨ ᠠᠪᠬᠤ ᠪᠤᠢ︖ ᠲᠠᠬᠢᠵᠦ ᠪᠢᠳᠡᠭᠡᠢ ᠬᠡᠷᠡᠯᠳᠦ︾ ᠬᠡᠵᠦ ᠰᠤᠷᠭᠠᠪᠠ᠃ ᠲᠡᠮᠦᠵᠢᠨ ᠬᠠᠰᠠᠷ | ᠬᠤᠶᠠᠭᠤᠯᠠ ᠡᠬᠡ ᠶᠢᠨ ᠢᠶᠠᠨ ᠦᠬᠡ ᠶᠢ ᠦᠯᠦ ᠤᠶᠢᠰᠢᠶᠠᠨ᠄ ︽ᠦᠴᠦᠬᠡᠳᠦᠷ ᠮᠠᠨ ᠤ ᠬᠠᠷᠪᠤᠵᠦ ᠤᠨᠠᠭᠠᠭᠰᠠᠨ | ᠰᠢᠪᠠᠭᠤ ᠶᠢ ᠮᠦᠨ ᠲᠡᠷᠡ ᠪᠤᠯᠢᠶᠠᠵᠦ ᠠᠪᠤᠪᠠ᠂ ᠡᠨᠡ ᠡᠳᠦᠷ ᠪᠠᠰᠠ ᠵᠢᠭᠠᠰᠤ ᠶᠢ ᠪᠤᠯᠢᠶᠠᠯ᠎ᠠ᠂ ᠡᠶᠢᠮᠦ ᠪᠤᠯ | ᠲᠡᠬᠦᠨ ᠲᠠᠢ ᠶᠠᠭᠠᠬᠢᠵᠦ ᠬᠠᠮᠳᠤ ᠠᠮᠢᠳᠤᠷᠠᠬᠤ ᠪᠤᠢ︖︾ ᠬᠡᠳ ᠬᠠᠭᠠᠯᠭ᠎ᠠ ᠰᠠᠪᠠᠨ ᠭᠠᠷᠪᠠ᠃ | | ᠳᠡᠮᠥᠵᠢᠨ ᠬᠠᠰᠠᠷ ᠬᠤᠶᠠᠭᠤᠯᠠ᠄ ︽ᠪᠡᠭᠳᠡᠷ ᠲᠤ ᠪᠢᠳᠡ ᠭᠠᠶᠢᠭᠤᠢ ᠰᠠᠶᠢᠨ ᠠᠮᠳᠠ ᠦᠵᠡᠭᠦᠯᠦᠶ᠎ᠡ︾ ᠬᠡᠵᠦ | ᠵᠦᠪᠳᠡᠭᠡᠳ ᠮᠠᠷᠭᠠᠰᠢ ᠨᠢ ᠡᠷᠢᠵᠦ ᠤᠴᠢᠯ᠎ᠠ᠃ ᠪᠡᠭᠳᠡᠷ ᠨᠢᠭᠡᠨ ᠳᠤᠪᠤᠴᠠᠭ ᠳᠡᠭᠡᠷ᠎ᠡ ᠠᠳᠤᠭᠤ ᠬᠠᠷᠢᠭᠤᠯᠤᠨ | ᠵᠤᠭᠰᠤᠵᠦ ᠪᠠᠶᠢᠯ᠎ᠠ᠃ ᠲᠡᠮᠦᠵᠢᠨ ᠬᠠᠰᠠᠷ ᠬᠤᠶᠠᠭᠤᠯᠠ ᠨᠤᠮᠤ ᠰᠤᠮᠤ ᠪᠠᠨ ᠤᠨᠢᠯᠠᠨ ᠢᠷᠡᠬᠦ ᠶᠢ ᠦᠵᠡᠮᠡᠭᠴᠡ ᠪᠡᠭᠳᠡᠷ᠄ | ︽ᠲᠠᠲ᠋ᠠᠷ ᠪᠤᠯᠤᠨ ᠲᠠᠶᠢᠴᠢᠭᠤᠳ ᠠᠴᠠ ᠦᠰᠢᠶ᠎ᠡ ᠪᠠᠨ ᠠᠪᠴᠦ ᠴᠢᠳᠠᠭᠠᠳᠤᠢ ᠪᠠᠶᠢᠳᠠᠯ᠎ᠠ ᠲᠠᠨᠠᠷ ᠶᠠᠭᠤᠨ ᠳᠤ | ᠨᠠᠮ᠎ᠠ ᠶᠢ ᠠᠳᠡ ᠦᠵᠡᠵᠦ ᠪᠠᠶᠢᠨ᠎ᠠ ᠪᠤᠢ᠂ ᠭᠤᠯᠤᠮᠳᠠ ᠶᠢ ᠮᠢᠨᠢ ᠪᠤᠤ ᠬᠠᠷᠠᠯᠠᠭᠤᠯ᠂ ᠪᠡᠯᠬᠦᠳᠠᠢ ᠶᠢ ᠮᠢᠨᠢ ᠪᠤᠤ | ᠬᠦᠨᠦᠭᠡᠭᠳᠦᠨ︾ ᠬᠡᠵᠦ ᠬᠡᠯᠡᠭᠡᠳ ᠵᠠᠪᠢᠯᠠᠨ ᠰᠠᠭᠤᠵᠦ ᠬᠦᠯᠢᠶᠡᠪᠡ᠃ ᠲᠡᠮᠦᠵᠢᠨ ᠬᠠᠰᠠᠷ ᠬᠤᠶᠠᠭᠤᠯᠠ ᠲᠡᠬᠦᠨ ᠤ | ᠦᠬᠡ ᠶᠢ ᠰᠤᠨᠤᠰᠤᠭᠰᠠᠨ ᠦᠭᠡᠢ ᠬᠤᠶᠢᠨ᠎ᠠ ᠡᠮᠦᠨ᠎ᠡ ᠠᠴᠠ ᠨᠢ ᠬᠠᠷᠪᠤᠨ ᠤᠨᠠᠭᠠᠪᠠ᠃ ᠦᠭᠡᠯᠥᠨ ᠦᠵᠢᠨ ᠬᠤᠶᠠᠷ | ᠬᠡᠣᠬᠡᠳ ᠤᠨ ᠢᠶᠠᠨ ᠭᠡᠷ ᠲᠡᠭᠡᠨ ᠢᠷᠡᠬᠦ ᠶᠢᠨ ᠵᠡᠷᠭᠡ ᠴᠢᠷᠠᠢ ᠠᠴᠠ ᠨᠢ ᠤᠴᠢᠷ ᠢ ᠮᠡᠳᠡᠵᠤ ᠶᠡᠭᠡᠳᠡ ᠬᠢᠯᠢᠩᠯᠡᠨ᠄ ︽ | ᠳᠠᠶᠢᠴᠢᠭᠤᠳ ᠤᠨ ᠬᠦᠨᠦᠭᠡᠯ ᠮᠥᠨ ᠳᠠᠭᠤᠰᠣᠭᠠᠳᠣᠢ᠂ ᠦᠰᠢᠶ᠎ᠡ ᠪᠠᠨ ᠬᠡᠷᠬᠢᠨ ᠠᠪᠬᠤ ᠭᠡᠵᠤ ᠪᠠᠶᠢᠬᠤ ᠳᠤ᠂ ᠲᠠ | ᠨᠡᠷ ᠶᠠᠭᠤ ᠭᠡᠵᠤ ᠡᠶᠢᠮᠤ ᠬᠡᠷᠡᠭ ᠬᠢᠬᠦ ᠪᠤᠢ︖︾ ᠭᠡᠵᠤ ᠪᠤᠷᠣᠭᠤᠰᠢᠶᠠᠨ ᠵᠢᠮᠡᠯᠡᠪᠡ᠃ | ︽ᠪᠡᠭᠳᠡᠷ ᠢ ᠠᠯᠠᠵᠦ᠂ ᠪᠡᠯᠭᠦᠳᠡᠢ ᠶᠢ ᠨᠤᠮᠤᠬᠠᠳᠬᠠᠭᠰᠠᠨ︾ ᠲᠡᠣᠭᠡᠳᠦ ᠶᠠᠪᠤᠳᠠᠯ ᠪᠣᠯ ᠬᠠᠰᠠᠷ ᠬᠢᠭᠡᠳ | ᠲᠡᠮᠦᠵᠢᠨ ᠤ ︽ᠬᠤᠯᠪᠤᠭ᠎ᠠ︾ ᠡᠬᠦᠰᠴᠦ ᠪᠦᠷᠢᠯᠳᠦᠬᠦ ᠳᠤ ᠡᠬᠢᠯᠡᠯᠳᠡ ᠪᠤᠯᠤᠭᠰᠠᠨ ᠶᠤᠮ᠃ ᠮᠦᠨ ᠴᠦ ᠲᠡᠳᠡ | ᠬᠤᠶᠠᠭᠤᠯᠠ ᠶᠢᠨ ᠬᠠᠮᠳᠣ ᠶᠢᠨ ᠦᠢᠯᠡᠰ ᠤᠨ ᠪᠤᠰᠬᠠᠯᠳᠠ ᠶᠢᠨ ᠠᠩᠬᠠᠨ ᠤ ᠬᠦᠰᠢᠭᠡ ᠶᠢ ᠨᠢ ᠢᠷᠠᠭᠰᠠᠨ ᠶᠠᠪᠤᠳᠠᠯ | ᠤᠴᠢᠷ ᠪᠤᠯᠤᠨ᠎ᠠ᠃ ᠡᠨᠡ ᠨᠢ ᠭᠡᠳᠦ᠋ᠢᠪᠡᠷ ᠠᠬ᠎ᠠ ᠲᠡᠭᠦᠦ ᠨᠡᠷ ᠦᠪᠡᠷ ᠵᠠᠭᠤᠷ᠎ᠠ ᠪᠠᠨ ᠠᠯᠠᠯᠳᠣᠵᠦ ᠬᠢᠳᠣᠯᠴᠠᠭᠰᠠᠨ | ᠶᠠᠪᠤᠳᠠᠯ ᠪᠤᠯᠬᠤ ᠪᠤᠯᠪᠠᠴᠤ᠂ ᠭᠡᠷᠡᠭ ᠤᠨ ᠰᠡᠭᠦᠯᠡᠷᠬᠢ ᠦᠭᠡᠯᠥᠨ ᠡᠭᠡ ᠶᠢᠨ ᠴᠢᠩᠭ᠎ᠠ ᠬᠠᠳᠠᠭᠤ ᠰᠣᠷᠭᠠᠯ ᠠᠴᠠ ᠲᠡᠳᠡ | ᠨᠦᠬᠦᠷ ᠠᠨᠳᠠ ᠴᠤᠭᠯᠠᠭᠤᠯᠵᠦ ᠬᠦᠴᠦᠨ ᠢᠶᠠᠨ ᠪᠦᠷᠢᠯᠳᠦᠬᠦᠯᠬᠦ ᠪᠠ ᠬᠤᠯᠪᠤᠭᠠᠯᠠᠯ ᠪᠦᠯᠬᠦᠮᠳᠡᠯ ᠤᠨ ᠴᠢᠬᠤᠯᠠ | ᠴᠢᠨᠡᠷ ᠢ ᠲᠤᠳᠣ ᠲᠠᠨᠢᠵᠦ ᠤᠯᠤᠭᠰᠠᠨ ᠨᠢ ᠲᠤᠰ ᠶᠠᠪᠤᠳᠠᠯ ᠠᠴᠠ ᠠᠪᠴᠢᠷᠠᠭᠰᠠᠨ ᠪᠤᠰᠣᠳᠴᠢ ᠲᠠᠯ᠎ᠠ ᠶᠢᠨ ᠢᠳᠡᠪᠬᠢ | ᠦᠷ᠎ᠡ ᠳ᠋ᠦᠩ ᠪᠤᠯᠬᠤ ᠶᠤᠮ᠃ ᠪᠡᠭᠳᠡᠷ ᠠᠯᠠᠭᠳᠠᠭᠰᠠᠨ ᠤ ᠲᠠᠷᠠᠭ᠎ᠠ ᠪᠡᠯᠬᠦᠳᠡᠢ ᠴᠦ ᠨᠤᠮᠤᠬᠠᠷᠠᠵᠦ᠂ ᠬᠠᠰᠠᠷ ᠲᠡᠮᠦᠵᠢᠨ | ᠨᠡᠷ ᠢ ᠲᠦᠰᠢᠨ᠂ ᠲᠡᠳᠡᠨ ᠲᠠᠢ ᠠᠮᠢᠳᠣᠷᠠᠯ ᠦᠢᠯᠡᠰ ᠢᠶᠠᠨ ᠨᠢᠭᠡᠳᠭᠡᠵᠦ᠂ ᠤᠯᠠᠨ ᠤᠳᠠᠭ᠎ᠠ ᠴᠢᠬᠤᠯᠠ ᠭᠠᠪᠢᠶ᠎ᠡ | ᠪᠠᠶᠢᠭᠤᠯᠵᠠᠢ᠃ ᠬᠤᠵᠢᠮ ᠨᠢ ᠲᠠᠶᠢᠴᠢᠭᠤᠳ ᠠᠶᠢᠮᠠᠭ ᠤᠨ ᠠᠬ᠎ᠠ ᠲᠡᠭᠦᠦ ᠨᠠᠷ ᠤᠨ ᠬᠠᠯᠳᠠᠯᠭ᠎ᠠ ᠲᠤᠪᠳᠣᠯᠭᠠ ᠳᠤ | ᠤᠴᠠᠷᠠᠭᠰᠠᠨ ᠳᠤ᠂ ᠬᠠᠰᠠᠷ ᠠᠬ᠎ᠠ ᠪᠠᠨ ᠬᠠᠪᠰᠣᠷᠣᠨ ᠬᠠᠯᠳᠠᠬᠤ ᠪᠠᠷ ᠢᠷᠡᠭᠰᠡᠨ ᠲᠠᠶᠢᠰᠣᠨ ᠢ ᠬᠠᠷᠪᠤᠨ | ᠤᠬᠤᠷᠢᠭᠤᠯᠤᠭᠠᠳ ᠭᠡᠷ ᠨᠤᠳᠤᠭ ᠢᠶᠠᠨ ᠬᠠᠮᠠᠭᠠᠯᠠᠬᠤ ᠪᠤᠯᠤᠭᠰᠠᠨ ᠶᠤᠮ᠃ ᠬᠠᠰᠠᠷ ᠲᠤᠯᠤᠭᠠᠨ ᠨᠠᠰᠣᠨ ᠠᠴᠠ ᠪᠠᠨ | ᠡᠭᠢᠯᠡᠵᠦ ᠡᠭᠡ ᠪᠠᠨ ᠲᠦᠰᠢᠵᠦ ᠠᠬ᠎ᠠ ᠪᠠᠨ ᠲᠠᠭᠠᠭᠠᠳ ᠮᠤᠩᠭᠤᠯ ᠤᠨ ᠦᠨᠳᠦᠷᠯᠢᠭ ᠤᠨ ᠤᠯᠤᠰ ᠲᠦᠷᠦ ᠶᠢᠨ | ᠲᠠᠪᠴᠠᠩ ᠳᠤ ᠠᠯᠬᠤᠨ ᠭᠠᠷᠣᠭᠰᠠᠨ ᠨᠢ ᠦᠨᠡᠨᠳᠡᠭᠡᠨ ᠶᠢᠰᠦᠬᠡᠢ ᠪᠠᠭᠠᠳᠣᠷ ᠤᠨ ᠦᠯᠡᠳᠡᠭᠡᠭᠰᠡᠨ ᠤᠯᠤᠰ ᠲᠦᠷᠦ ᠶᠢᠨ | ᠦᠪ ᠭᠦᠷᠦᠩᠭᠡ ᠶᠢ ᠵᠠᠯᠭᠠᠮᠵᠢᠯᠠᠭᠰᠠᠨ ᠶᠠᠪᠤᠳᠠᠯ ᠪᠤᠯᠬᠤ ᠶᠤᠮ᠃ | | ᠭᠤᠷᠪᠠ᠂ ᠬᠠᠰᠠᠷ ᠤᠨ ᠭᠠᠪᠢᠶ᠎ᠠ ᠵᠢᠳᠭᠦᠯ | ᠬᠠᠰᠠᠷ ᠨᠢᠭᠡ ᠨᠠᠰᠤᠨ ᠳᠤ ᠪᠠᠨ ᠲᠤᠭᠠᠯᠠᠰᠢ ᠦᠭᠡᠢ ᠤᠯᠠᠨ ᠲᠠᠶᠢᠨ ᠳᠤ ᠤᠷᠣᠯᠴᠠᠵᠤ ᠭᠠᠶᠢᠬᠠᠯᠳᠠᠢ ᠭᠠᠪᠢᠶ᠎ᠠ | ᠪᠠᠶᠢᠭᠤᠯᠵᠤ ᠦᠩᠭᠡᠷᠡᠭᠰᠡᠨ ᠶᠤᠮ᠃ ᠮᠤᠩᠭᠤᠯ ᠲᠡᠤᠭᠡᠨ ᠨᠤᠮ ᠳᠤ ᠲᠡᠮᠦᠵᠢᠨ ᠬᠢᠭᠡᠳ ᠬᠠᠰᠠᠷ ᠢ ᠮᠤᠩᠭᠤᠯ ᠤᠨ ᠲᠠᠯ᠎ᠠ | ᠨᠤᠳᠤᠭ ᠢ ᠬᠡᠷᠡᠯᠳᠦᠬᠦᠯᠥᠭᠰᠡᠨ ︽ᠬᠤᠶᠠᠷ ᠨᠠᠷᠠ︾ ᠭᠡᠰᠡᠨ ᠪᠦᠭᠡᠳ ᠮᠤᠩᠭᠤᠯ ᠤᠨ ᠨᠡᠶᠢᠭᠡᠮ ᠢ ᠲᠦᠯᠬᠢᠨ | ᠤᠷᠣᠭᠰᠢᠯᠠᠭᠤᠯᠤᠭᠰᠠᠨ ︽ᠬᠤᠶᠠᠷ ᠬᠦᠷᠳᠦ︾ ᠭᠡᠰᠡᠨ ᠶᠤᠮ᠃ ᠬᠠᠰᠠᠷ ᠪᠣᠯ ᠮᠤᠩᠭᠤᠯ ᠤᠨ ᠲᠡᠣᠭᠡᠨ ᠲᠡᠭᠡᠷᠡᠬᠢ | ᠨᠢᠭᠡᠨ ᠠᠯᠳᠠᠷᠳᠣ ᠤᠯᠤᠰ ᠲᠦᠷᠦᠴᠢᠨ᠂ ᠴᠡᠷᠢᠭ ᠤᠨ ᠡᠷᠳᠡᠮᠳᠡᠨ᠂ ᠪᠠᠶᠢᠯᠳᠣᠬᠤ ᠪᠤᠳᠣᠯᠭᠠᠳᠠᠨ᠂ ︽ᠬᠤᠪᠢᠯᠭᠠᠨ︾ | ᠬᠠᠷᠪᠤᠭᠠᠴᠢ ᠭᠡᠮᠡᠨ ᠨᠡᠷᠡᠯᠡᠭᠳᠡᠭᠰᠡᠨ ᠪᠠᠶᠢᠨ᠎ᠠ᠃ | ᠬᠠᠰᠠᠷ ᠬᠢᠭᠡᠳ ᠲᠡᠮᠦᠵᠢᠨ ᠠᠩᠬ᠎ᠠ ᠤᠳᠠᠭ᠎ᠠ ᠮᠡᠷᠭᠢᠳ ᠠᠶᠢᠮᠠᠭ ᠢ ᠲᠤᠪᠳᠣᠯᠤᠭᠰᠠᠨ ᠪᠤᠭᠤᠷ᠎ᠠ ᠭᠡᠭᠡᠷ᠎ᠡ ᠶᠢᠨ | ᠪᠠᠶᠢᠯᠳᠣᠭᠠᠨ ᠢ ᠬᠢᠭᠰᠡᠨ ᠨᠢ | ᠮᠡᠷᠬᠢᠳ ᠠᠶᠢᠮᠠᠭ ᠰᠡᠯᠡᠩᠭᠡ ᠮᠦᠷᠡᠨ ᠤ ᠣᠷᠣᠰᠬᠠᠯ ᠲᠠᠭᠠᠤ ᠤᠷᠣᠨ ᠢᠶᠠᠷ ᠠᠮᠢᠳᠣᠷᠠᠵᠦ ᠪᠠᠶᠢᠵᠠᠢ᠃ | ᠲᠡᠤᠭᠡᠨ ᠳᠤ ᠭᠤᠷᠪᠡᠨ ᠮᠡᠷᠭᠢᠳ ᠭᠡᠵᠤ ᠠᠯᠳᠠᠷᠰᠢᠨ᠂ ᠤᠳᠦ᠋ᠢᠳ᠂ ᠤᠸᠠᠰ᠂ ᠬᠠᠭᠠᠳ ᠭᠡᠬᠦ ᠭᠤᠷᠪᠠᠨ | ᠤᠪᠤᠭᠳᠠᠨ ᠢᠶᠠᠷ ᠪᠦᠷᠢᠯᠳᠦᠵᠡᠢ᠃ ᠡᠳᠡᠨ ᠢ ᠲᠤᠭᠳᠤᠭ᠎ᠠ ᠪᠠᠬᠢ᠂ ᠲᠠᠶᠢᠷ ᠤᠰᠣᠨ᠂ ᠬᠠᠭᠠᠳᠠᠢ ᠲᠠᠷᠠᠮᠠᠯᠠ ᠨᠡᠷ ᠲᠤᠰ | ᠲᠤᠰ ᠤᠳᠣᠷᠢᠳᠴᠦ ᠪᠠᠶᠢᠵᠡᠢ᠃ ᠣᠷᠬᠤᠨ ᠭᠤᠤᠯ ᠤᠨ ᠠᠳᠠᠭ ᠪᠤᠭᠤᠷ᠎ᠠ ᠭᠡᠭᠡᠷ᠎ᠡ ᠳᠤ ᠤᠳᠦ᠋ᠢᠳ ᠮᠡᠷᠬᠢᠳ︔ | ᠣᠷᠬᠤᠨ᠂ ᠰᠡᠯᠡᠩᠭᠡ ᠶᠢᠨ ᠪᠢᠯᠴᠢᠷ ᠲᠠᠯᠬᠤᠨ ᠠᠷᠠᠯ ᠢᠶᠠᠷ ᠣᠸᠠᠰ ᠮᠡᠷᠬᠢᠳ︔ ᠰᠡᠯᠡᠩᠭᠡ ᠶᠢᠨ ᠰᠡᠷᠡᠵᠢ ᠭᠡᠭᠡᠷ᠎ᠡ ᠳᠤ | ᠬᠠᠭᠠᠳ ᠮᠡᠷᠬᠢᠳ ᠨᠤᠳᠣᠭᠯᠠᠵᠦ ᠪᠠᠶᠢᠵᠠᠢ᠃ ᠮᠠᠷᠬᠢᠳ ᠠᠶᠢᠮᠠᠭ ᠮᠠᠯᠵᠢᠬᠤ ᠪᠠᠷ ᠭᠤᠤᠯ ᠪᠤᠯᠭᠠᠵᠦ᠂ ᠪᠠᠰᠠ ᠨᠡᠯᠢᠶᠡᠳ | ᠡᠷᠳᠡ ᠠᠴᠠ ᠲᠠᠷᠢᠶᠠᠯᠠᠩ ᠡᠷᠬᠢᠯᠡᠭᠡᠳ᠂ ᠬᠤᠳᠠᠯᠳᠤᠭ᠎ᠠ ᠰᠣᠯᠢᠯᠴᠠᠭᠠᠨ ᠤ ᠭᠡᠷ ᠪᠠᠶᠢᠭᠤᠯᠵᠦ ᠪᠠᠷᠠᠭ᠎ᠠ ᠶᠢ ᠪᠠᠷᠠᠭ᠎ᠠ ᠪᠠᠷ | ᠰᠣᠯᠢᠯᠴᠠᠬᠤ ᠬᠤᠳᠠᠯᠳᠤᠭ᠎ᠠ ᠬᠢᠵᠦ ᠪᠠᠶᠢᠯ᠎ᠠ᠃ ᠬᠤᠷᠢᠨ ᠵᠢᠯ ᠤᠨ ᠡᠮᠦᠨ᠎ᠡ ᠲᠤᠭᠳᠤᠭ᠎ᠠ ᠪᠠᠬᠢ ᠶᠢᠨ ᠲᠡᠭᠦᠦ ᠶᠡᠭᠡ | ᠴᠢᠯᠡᠳᠦ ᠣᠯᠬᠤᠨᠤᠳ ᠠᠶᠢᠮᠠᠭ ᠠᠴᠠ ᠦᠭᠡᠯᠥᠨ ᠭᠡᠣᠭᠡᠨ ᠢ ᠭᠤᠶᠤᠵᠦ ᠬᠤᠷᠢᠮᠯᠠᠬᠤ ᠪᠠᠷ ᠠᠪᠴᠦ ᠶᠠᠪᠤᠳᠠᠯ᠎ᠠ ᠶᠢᠰᠦᠭᠡᠢ | ᠪᠠᠭᠠᠳᠣᠷ ᠵᠠᠮ ᠲᠤᠮᠳᠠ ᠠᠴᠠ ᠨᠢ ᠪᠤᠯᠢᠶᠠᠵᠦ ᠡᠭᠡᠨᠡᠷ ᠢᠶᠠᠨ ᠪᠤᠯᠭᠠᠭᠰᠠᠨ ᠦᠰᠢᠶ᠎ᠡ ᠶᠢ ᠠᠪᠬᠤ ᠶᠢᠨ ᠲᠦᠯᠥᠭᠡ᠂ | ᠲᠡᠮᠦᠵᠢᠨ ᠨᠡᠷ ᠰᠡᠩᠭᠦᠷ ᠭᠤᠷᠣᠬᠠᠨ ᠠᠴᠠ ᠨᠡᠬᠦᠵᠦ ᠭᠡᠷᠦᠯᠥᠨ ᠮᠦᠷᠡᠨ ᠤ ᠡᠬᠢ ᠪᠦᠷᠬᠢ ᠡᠷᠬᠢ ᠳᠤ ᠨᠤᠳᠣᠭᠯᠠᠵᠦ | ᠪᠠᠶᠢᠬᠤ ᠦᠶ᠎ᠡ ᠳᠤ᠂ 1179 ᠤᠨ ᠳᠤ ᠭᠤᠷᠪᠠᠨ ᠮᠡᠷᠬᠢᠳ ᠬᠤᠯᠪᠤᠭᠠᠯᠠᠨ ᠭᠤᠷᠪᠠᠨ ᠵᠠᠭᠤᠨ ᠴᠡᠷᠢᠭ ᠠᠪᠴᠥ | ᠲᠡᠮᠦᠵᠢᠨ ᠨᠡᠷ ᠢ ᠲᠤᠪᠳᠣᠯᠤᠭᠠᠳ᠂ ᠴᠢᠩᠭᠢᠰ ᠬᠠᠭᠠᠨ ᠤ ᠰᠢᠨ᠎ᠡ ᠪᠠᠭᠤᠯᠭᠠᠵᠦ ᠠᠪᠤᠭᠰᠠᠨ ᠪᠦᠷᠳᠡ ᠦᠵᠢᠨ | ᠬᠠᠳᠣᠨ ᠢ ᠨᠢ ᠪᠤᠯᠢᠶᠡᠵᠦ ᠠᠪᠠᠴᠢᠭᠠᠳ ᠶᠡᠭᠡ ᠴᠢᠯᠡᠳᠦ ᠶᠢᠨ ᠲᠡᠬᠦᠦ ᠴᠢᠯᠭᠡᠷ ᠪᠦᠭᠡ ᠳᠤ ᠦᠭᠪᠡ᠃ ᠡᠶᠢᠨᠬᠦ ᠬᠠᠰᠠᠷ | ᠠᠬ᠎ᠠ ᠪᠠᠨ ᠲᠠᠭᠠᠵᠤ ᠬᠡᠷᠡᠶᠢᠳ ᠠᠶᠢᠮᠠᠭ ᠲᠤ ᠬᠤᠶᠡᠷ ᠤᠳᠠᠭ᠎ᠠ ᠬᠦᠷᠴᠦ ᠲᠤᠭᠤᠷᠢᠯ ᠬᠠᠨ ᠳᠤ ᠪᠤᠯᠠᠭᠠᠨ | ᠠᠷᠠᠰᠤᠨ ᠲᠠᠬᠤ ᠶᠢᠨ ᠬᠦᠨᠳᠦ ᠪᠡᠯᠡᠭ ᠬᠦᠷᠭᠡᠭᠰᠡᠨ ᠳᠤ ᠬᠡᠷᠡᠶᠢᠳ ᠠᠶᠢᠮᠠᠭ ᠬᠤᠶᠡᠷ ᠲᠦᠮᠡᠨ ᠮᠤᠷᠢᠳᠣ ᠴᠡᠷᠢᠭ | ᠮᠤᠷᠳᠠᠨ ᠪᠠᠷᠠᠭᠤᠨ ᠭᠠᠷ ᠪᠤᠯᠬᠤ ᠶᠢᠨ ᠬᠠᠮᠳᠣ ᠵᠠᠮᠤᠬ᠎ᠠ ᠲᠠᠢ ᠬᠤᠯᠪᠤᠭᠠᠯᠠᠬᠤ ᠶᠢ ᠰᠠᠨᠠᠭᠤᠯᠤᠭᠰᠠᠨ ᠪᠠᠶᠢᠨ᠎ᠠ᠃ ᠬᠠᠰᠠᠷ | ᠠᠬ᠎ᠠ ᠶᠢᠨ ᠢᠶᠠᠨ ᠲᠤᠮᠢᠯᠠᠯᠳᠠ ᠪᠠᠷ ᠲᠡᠭᠦᠦ ᠪᠡᠯᠭᠦᠳᠡᠢ ᠲᠠᠢ ᠪᠠᠨ ᠬᠤᠶᠠᠭᠤᠯᠠ ᠬᠤᠷᠬᠤᠴᠠᠭ ᠪᠤᠯᠳᠤᠭ ᠲᠤ ᠤᠴᠢᠵᠦ᠂ | ᠠᠬ᠎ᠠ ᠲᠡᠮᠦᠵᠢᠨ ᠪᠠ ᠵᠠᠮᠤᠬ᠎ᠠ ᠶᠢᠨ ᠪᠠᠭ᠎ᠠ ᠶᠢᠨ ᠦᠶ᠎ᠡ ᠶᠢᠨ ᠠᠨᠳᠠ ᠪᠤᠯᠤᠯᠴᠠᠭᠰᠠᠨ ᠦᠭᠡᠰ ᠬᠢᠭᠡᠳ ᠸᠠᠩ ᠬᠠᠨ ᠤ | ᠪᠤᠯᠵᠤᠭ᠎ᠠ ᠶᠢ ᠲᠠᠮᠵᠢᠭᠤᠯᠤᠭᠰᠠᠨ ᠳᠤ ᠵᠠᠮᠤᠬ᠎ᠠ ᠨᠠᠶᠢᠵᠠ ᠶᠢᠨ ᠨᠦᠭᠦᠷᠯᠡᠯ ᠢ ᠪᠤᠳᠣᠵᠤ᠂ ᠮᠡᠷᠭᠢᠳ ᠲᠤ | ᠪᠠᠷᠢᠪᠴᠢᠯᠠᠭᠳᠠᠭᠰᠠᠨ ᠪᠦᠷᠳᠡ ᠦᠵᠢᠨ ᠤ ᠦᠰᠢᠶ᠎ᠡ ᠶᠢ ᠨᠢ ᠠᠪᠴᠦ ᠦᠭᠬᠦ ᠪᠠᠷ ᠬᠤᠶᠡᠷ ᠲᠦᠮᠡᠨ ᠮᠤᠷᠢᠳᠦ ᠴᠡᠷᠢᠭ | ᠭᠠᠷᠭᠠᠵᠤ ᠵᠡᠭᠦᠨ ᠭᠠᠷ ᠪᠤᠯᠵᠤ ᠮᠤᠷᠳᠠᠪᠠ᠃ ᠢᠩᠭᠢᠭᠡᠳ ᠭᠤᠷᠪᠠᠨ ᠲᠠᠯ᠎ᠠ ᠶᠢᠨ ᠬᠤᠯᠪᠤᠭ᠎ᠠ ᠶᠢ ᠪᠠᠶᠢᠭᠤᠯᠬᠤ ᠳᠤ | ᠬᠠᠰᠠᠷ ᠬᠡᠯᠡᠮᠦᠷᠴᠢ ᠶᠢᠨ ᠬᠦᠴᠦ ᠪᠠᠨ ᠨᠡᠯᠢᠶᠡᠳ ᠭᠠᠷᠭᠠᠭᠰᠠᠨ ᠪᠠᠶᠢᠨ᠎ᠠ᠃ 1185 ᠤᠨ ᠤ ᠪᠤᠭᠤᠷ᠎ᠠ ᠭᠡᠭᠡᠷ᠎ᠡ ᠶᠢᠨ | ᠲᠠᠶᠢᠨ ᠳᠤ ᠴᠢᠩᠭᠢᠰ ᠬᠠᠭᠠᠨ ᠭᠤᠷᠪᠠᠨ ᠵᠠᠭᠤᠨ ᠮᠡᠷᠬᠢᠳ ᠢ ᠨᠢᠭᠡᠳᠭᠡᠵᠦ᠂ ᠪᠤᠯᠢᠶᠠᠭᠳᠠᠭᠰᠠᠨ ᠡᠭᠡᠨᠡᠷ ᠢᠶᠠᠨ | ᠠᠪᠤᠷᠠᠭᠠᠳ᠂ ᠮᠠᠰᠢ ᠤᠯᠠᠨ ᠠᠳᠣᠭᠤ ᠮᠠᠯ᠂ ᠡᠳ᠋ ᠪᠤᠳᠠᠰ ᠵᠡᠷᠭᠡ ᠲᠠᠶᠢᠨ ᠤ ᠠᠰᠢᠭ ᠤᠯᠪᠠ᠃ ᠨᠡᠩ ᠴᠢᠬᠤᠯᠠ ᠨᠢ | ᠦᠪᠡᠷ ᠤᠨ ᠬᠦᠴᠦᠨ ᠢᠶᠠᠨ ᠪᠤᠵᠠᠭᠠᠶᠢᠷᠠᠭᠤᠯᠵᠤ ᠮᠤᠩᠭᠤᠯ ᠠᠶᠢᠮᠠᠭ ᠤᠨ ᠨᠡᠷ᠎ᠡ ᠲᠦᠷᠦ ᠪᠠᠨ ᠮᠠᠨᠳᠣᠭᠤᠯᠤᠭᠰᠠᠨ ᠠᠴᠠ | ᠪᠤᠰᠣᠳ ᠠᠶᠢᠮᠠᠭ ᠤᠨ ᠭᠦᠮᠦᠰ ᠠᠷᠤ ᠠᠷᠣ ᠠᠴᠠ ᠪᠠᠨ ᠬᠦᠷᠦᠯᠴᠡᠨ ᠢᠷᠡᠵᠡᠭᠡᠵᠦ ᠪᠤᠳᠠᠷᠠᠭᠰᠠᠨ ᠠᠶᠢᠮᠠᠭ ᠤᠳ ᠲᠠᠬᠢᠨ | ᠨᠡᠶᠢᠯᠡᠭᠡᠳ ᠬᠢᠶᠡᠳ ᠶᠠᠰᠣᠳᠠᠨ ᠤ ᠬᠤᠯᠪᠤᠭ᠎ᠠ ᠪᠠᠶᠢᠭᠤᠯᠬᠤ ᠳᠤ ᠰᠠᠭᠤᠷᠢ ᠲᠠᠯᠪᠢᠭᠰᠠᠨ ᠪᠠᠶᠢᠨ᠎ᠠ᠃ | | ᠬᠠᠰᠠᠷ ᠬᠠᠭᠤᠷᠮᠠᠭ ᠢᠶᠠᠷ ᠪᠠᠭᠤᠨ ᠦᠭᠴᠦ ᠬᠡᠷᠡᠶᠢᠳ ᠠᠶᠢᠮᠠᠭ ᠢ ᠮᠦᠬᠦᠭᠡᠭᠰᠡᠨ ᠨᠢ | ᠲᠦᠷᠦᠭ ᠤᠭᠰᠠᠭᠠᠳᠠᠨ ᠬᠡᠷᠡᠶᠢᠳ ᠠᠶᠢᠮᠠᠭ ᠨᠢ ᠬᠠᠩᠭᠠᠢ᠂ ᠭᠡᠨᠳᠡᠢ ᠬᠤᠶᠡᠷ ᠠᠭᠤᠯᠠ ᠶᠢᠨ ᠬᠤᠭᠤᠷᠣᠨᠳᠣ | ᠣᠷᠬᠤᠨ᠂ ᠲᠤᠤᠯᠠ ᠭᠤᠤᠯ ᠤᠨ ᠬᠦᠨᠳᠡᠢ ᠪᠠᠷ ᠨᠤᠳᠣᠭᠯᠠᠳᠠᠭ ᠪᠠᠶᠢᠯ᠎ᠠ᠃ ︽ᠭᠡᠷᠡᠶᠢᠳ︾ ᠭᠡᠳᠡᠭ ᠨᠢ ︽ᠭᠡᠷᠢᠶᠡ᠊ | + ᠤᠨ︾ ᠭᠡᠵᠤ ᠪᠦᠳᠦᠭᠰᠡᠨ ᠪᠦᠭᠡᠳ ᠤᠯᠠᠨ ᠭᠡᠷᠢᠶ᠎ᠡ ᠭᠡᠰᠡᠨ ᠤᠳᠬ᠎ᠠ ᠲᠠᠢ᠃ ᠤᠴᠢᠷ ᠨᠢ ᠭᠡᠷᠡᠶᠢᠳ ᠪᠣᠯ | ᠤᠣᠯ ᠠᠴᠠ ᠪᠠᠨ ᠬᠡᠷᠢᠶ᠎ᠡ ᠰᠢᠳᠦᠳᠡᠭ ᠪᠦᠭᠡᠳ ᠬᠡᠷᠢᠶ᠎ᠡ ᠪᠠᠷ ᠲᠡᠳᠡᠨ ᠤ ᠲᠤᠲ᠋ᠧᠮ ᠰᠢᠳᠦᠯᠭᠡ ᠪᠠᠨ ᠪᠤᠯᠭᠠᠳᠠᠭ | ᠵᠠᠩᠰᠢᠯ ᠲᠠᠢ ᠪᠠᠶᠢᠵᠠᠢ᠃ ᠡᠷᠳᠡ ᠦᠶ᠎ᠡ ᠶᠢᠨ ᠭᠡᠷᠡᠶᠢᠳ ᠤᠨ ᠨᠢᠭᠡ ᠨᠤᠶᠠᠨ ᠨᠢ ᠲᠤᠯᠤᠭᠠᠨ ᠬᠦᠦ ᠲᠠᠢ ᠪᠠᠶᠢᠭᠰᠠᠨ | ᠪᠦᠭᠡᠳ ᠮᠢᠬ᠎ᠠ ᠠᠷᠠᠰᠤ ᠲᠤᠩ ᠬᠠᠷ᠎ᠠ ᠤᠴᠢᠷ ᠭᠡᠷᠡᠶᠢᠳ ᠭᠡᠮᠡᠭᠳᠡᠭᠰᠡᠨ ᠭᠡᠳᠡᠭ᠃ ᠬᠠᠨ ᠤ ᠤᠷᠳᠣᠨ ᠨᠢ ᠲᠤᠤᠯᠠ | ᠭᠤᠤᠯ ᠤᠨ ᠬᠠᠷ᠎ᠠ ᠲᠦᠩ ︵ᠰᠢᠭᠤᠢ︶ ᠪᠤᠯᠤᠨ᠎ᠠ᠃ ᠤᠩ ᠬᠠᠨ ᠤ ᠵᠤᠰᠠᠯᠠᠩ ᠨᠢ ᠲᠠᠯᠠᠨ ᠬᠤᠰᠠᠭᠤᠷ᠂ ᠳ᠋ᠠᠪᠠᠨ | ᠨᠠᠭᠤᠷ ᠲᠤ᠂ ᠡᠪᠤᠯᠵᠢᠶ᠎ᠡ ᠨᠢ ᠦᠲ᠋ᠧᠬᠢᠨ ᠮᠦᠷᠡᠨ᠂ ᠦᠷᠦᠩᠭᠦᠷᠺᠢᠨ ᠵᠡᠷᠭᠡ ᠭᠠᠵᠠᠷ ᠲᠤ ᠪᠠᠶᠢᠵᠦ᠂ ᠪᠠᠰᠠ ᠵᠡᠬᠦᠨ | ᠪᠠᠷᠠᠭᠤᠨ ᠵᠢᠭᠦᠷ ᠤᠨ ᠴᠡᠷᠢᠭ ᠤᠨ ᠲᠤᠰᠬᠠᠢ ᠰᠠᠭᠤᠳᠠᠭ ᠭᠠᠵᠠᠷ ᠲᠠᠢ ᠪᠠᠶᠢᠪᠠ᠃ ᠭᠡᠷᠡᠶᠢᠳ ᠨᠡᠷ ᠨᠡᠯᠢᠶᠡᠳ ᠡᠷᠳᠡ | ᠤᠯᠤᠰ ᠪᠠᠶᠢᠭᠤᠯᠵᠠᠢ᠃ ᠭᠡᠷᠡᠶᠢᠳ ᠠᠶᠢᠮᠠᠭ ᠲᠤᠤᠷ᠎ᠠ ᠪᠠᠨ ᠬᠡᠷᠡᠶᠢᠳ᠂ ᠲᠤᠩᠭᠠᠶᠢᠳ᠂ ᠵᠢᠷᠬᠢᠨ᠂ ᠰᠠᠬᠠᠶᠢᠳ᠂ | ᠲᠦᠮᠡᠨ ᠲᠦᠪᠡᠭᠡᠨ᠂ ᠡᠯᠢᠶᠡᠳ ᠵᠡᠷᠭᠡ ᠵᠢᠷᠭᠤᠭᠠᠨ ᠰᠠᠯᠪᠤᠷᠢ ᠤᠪᠤᠭ ᠢ ᠬᠠᠷᠢᠶᠠᠯᠠᠵᠦ ᠨᠢᠭᠡ ᠯᠠ ᠲᠤᠤᠷ᠎ᠠ ᠬᠤᠶᠡᠷ | ᠲᠦᠮᠡᠨ ᠴᠡᠷᠢᠭ ᠲᠠᠶᠢᠴᠢᠯᠠᠵᠦ ᠴᠢᠳᠠᠨ᠎ᠠ᠃ ᠸᠠᠩ ᠬᠠᠨ ᠲᠤᠭᠤᠷᠢᠯ ᠪᠣᠯ ᠭᠡᠷᠡᠶᠢᠳ ᠠᠶᠢᠮᠠᠭ ᠤᠨ ᠬᠤᠩᠭᠤᠵᠢᠨ | ᠤᠪᠤᠭ ᠤᠨ ᠭᠦᠮᠦᠨ᠃ ᠸᠠᠩ ᠬᠠᠨ ᠲᠤᠭᠤᠷᠢᠯ ᠤᠨ ᠡᠪᠦᠭᠡ ᠮᠠᠷᠭᠦᠰ ᠪᠤᠶᠢᠷᠤᠭ ᠬᠠᠨ ᠲᠠᠲ᠋ᠡᠷ ᠠᠶᠢᠮᠠᠭ ᠤᠨ | ᠲᠦᠷᠦᠭᠦᠦ ᠨᠠᠭᠤᠷ ᠲᠠᠢ ᠪᠠᠶᠢᠯᠳᠣᠵᠦ ᠲᠡᠶᠢᠯᠥᠭᠳᠡᠨ ᠠᠯᠳᠠᠨ ᠤᠯᠤᠰ ᠲᠤ ᠬᠦᠷᠭᠡᠭᠳᠡᠭᠰᠡᠨ ᠳᠤ᠂ ᠠᠯᠳᠠᠨ ᠤᠯᠤᠰ ︽ | ᠮᠤᠳᠣᠨ ᠡᠯᠵᠢᠭᠡ︾ ᠤᠨᠤᠭᠤᠯᠬᠤ ᠬᠤᠤᠷᠳᠠᠢ ᠡᠷᠡᠭᠦᠦ ᠪᠠᠷ ᠬᠤᠤᠷᠯᠠᠵᠠᠢ᠃ ᠡᠬᠦᠨ ᠳᠤ ᠮᠡᠷᠭᠦᠰ ᠬᠠᠨ ᠤ ᠡᠭᠡᠨᠡᠷ | ᠬᠤᠳᠣᠭᠳᠠᠢ ᠬᠠᠷᠢᠭᠴᠢ ᠠᠷᠭ᠎ᠠ ᠡᠭᠦᠰᠭᠡᠵᠦ ᠨᠠᠭᠤᠷ ᠬᠠᠨ ᠢ ᠠᠯᠠᠵᠦ ᠡᠷ᠎ᠡ ᠶᠢᠨ ᠢᠶᠠᠨ ᠦᠰᠢᠶ᠎ᠡ ᠶᠢ ᠠᠪᠴᠠᠢ᠃ | ᠮᠠᠷᠭᠦᠰ ᠪᠤᠶᠢᠷᠤᠭ ᠬᠠᠨ ᠳᠤ ᠬᠤᠶᠡᠷ ᠬᠦᠦ ᠲᠠᠢ᠃ ᠨᠢᠭᠡ ᠨᠢ ᠬᠤᠷᠴᠠᠬᠤᠰ ᠪᠤᠶᠢᠷᠤᠭ᠂ ᠨᠦᠭᠦᠭᠡ ᠨᠢ ᠬᠦᠷ ᠬᠠᠨ | ᠪᠤᠯᠤᠨ᠎ᠠ᠃ ᠲᠤᠭᠤᠷᠢᠯ ᠬᠠᠨ ᠤ ᠡᠴᠢᠭᠡ ᠨᠢ ᠬᠤᠷᠴᠠᠬᠤᠰ ᠪᠤᠶᠢᠷᠤᠭ ᠨᠠᠰᠣ ᠪᠠᠷᠠᠬᠤ ᠳᠤ ᠪᠠᠨ ᠨᠤᠳᠤᠭ ᠢᠶᠠᠨ ᠤᠯᠠᠨ | ᠬᠦᠪᠡᠭᠦᠨ ᠳᠤ ᠪᠠᠨ ᠬᠤᠪᠢᠶᠠᠨ ᠦᠭᠭᠦᠭᠰᠡᠨ ᠪᠤᠯᠪᠠᠴᠤ᠂ ᠡᠴᠢᠭᠡ ᠨᠢ ᠠᠮᠢᠰᠬᠤᠯ ᠬᠤᠷᠢᠶᠠᠮᠠᠭᠴᠠ ᠲᠡᠷᠡ ᠲᠦᠷᠦᠭᠰᠡᠨ | ᠬᠤᠶᠡᠷ ᠲᠡᠭᠦᠦ ᠪᠠᠨ ᠠᠯᠠᠵᠦ᠂ ᠡᠴᠢᠭᠡ ᠶᠢᠨ ᠢᠶᠠᠨ ᠬᠠᠨ ᠰᠠᠭᠤᠷᠢ ᠶᠢ ᠵᠠᠯᠭᠠᠮᠵᠢᠯᠠᠪᠠ᠃ ᠡᠭᠦᠨ ᠳᠤ ᠠᠪᠠᠭ᠎ᠠ ᠨᠢ ᠬᠦᠷ | ᠬᠠᠨ ︵ᠬᠠᠮᠤᠭ ᠤᠨ ᠬᠠᠨ ᠭᠡᠰᠡᠨ ᠤᠳᠬ᠎ᠠ ᠲᠠᠢ ᠲᠦᠷᠦᠭ ᠦᠭᠡ︶ ᠨᠠᠢᠮᠠᠨ ᠠᠶᠢᠮᠠᠭ ᠤᠨ ᠢᠨᠠᠭᠴᠠ ᠪᠢᠯᠭᠡ | ᠬᠠᠨ ᠲᠠᠢ ᠬᠤᠯᠪᠤᠭᠠᠯᠠᠨ ᠲᠡᠭᠦᠨ ᠢ ᠲᠠᠷᠣᠬᠤ ᠳᠤ ᠲᠤᠭᠤᠷᠢᠯ ᠵᠠᠭᠤᠭᠠᠳ ᠮᠤᠷᠢᠳᠠᠨ ᠢᠶᠠᠨ ᠲᠠᠭᠠᠭᠤᠯᠤᠨ ᠶᠢᠰᠦᠭᠡᠢ | ᠪᠠᠭᠠᠳᠣᠷ ᠠᠴᠠ ᠲᠤᠰᠠᠯᠠᠮᠵᠢ ᠭᠤᠶᠤᠵᠠᠢ᠃ ᠶᠢᠰᠦᠭᠡᠢ ᠪᠠᠭᠠᠳᠣᠷ ᠴᠡᠷᠢᠭ ᠲᠠᠶᠢᠴᠢᠯᠠᠨ ᠬᠦᠷ ᠬᠠᠨ ᠢ ᠬᠦᠭᠡᠭᠡᠵᠦ | ᠶᠠᠪᠤᠭᠤᠯᠤᠭᠠᠳ᠂ ᠲᠤᠭᠤᠷᠢᠯ ᠳᠤ ᠤᠯᠤᠰ ᠢᠷᠭᠡᠨ ᠢ ᠨᠢ ᠪᠤᠴᠠᠭᠠᠨ ᠠᠪᠴᠦ ᠦᠭᠴᠡᠢ᠃ ᠲᠡᠭᠡᠭᠡᠳ ᠸᠠᠩ ᠬᠠᠨ | ᠶᠢᠰᠦᠭᠡᠢ ᠪᠠᠭᠠᠳᠣᠷ ᠲᠠᠢ ᠦᠬᠦᠵᠦ ᠰᠡᠬᠡᠬᠦ ᠪᠠᠨ ᠬᠠᠮᠳᠣᠳᠬᠠᠭᠰᠠᠨ ᠠᠨᠳᠠ ᠪᠤᠯᠤᠯᠴᠠᠪᠠ᠃ ᠡᠶᠢᠨᠬᠦ ᠭᠡᠷᠡᠶᠢᠳ | ᠠᠶᠢᠮᠠᠭ ᠨᠢ ᠮᠤᠩᠭᠤᠯ ᠠᠶᠢᠮᠠᠭ ᠲᠠᠢ ᠡᠷᠳᠡᠨ ᠠᠴᠠ ᠪᠠᠨ ᠠᠪᠤᠭᠠᠳ ᠨᠠᠶᠢᠷᠳᠡᠢ ᠬᠤᠯᠪᠤᠭᠠᠨ ᠤ ᠤᠯᠤᠰ ᠪᠤᠯᠤᠭᠰᠠᠨ | ᠶᠤᠮ᠃ ᠲᠤᠭᠤᠷᠢᠯ ᠪᠠᠰᠠ ᠴᠢᠩᠭᠢᠰ ᠬᠠᠭᠠᠨ ᠲᠠᠢ ᠬᠠᠮᠳᠣ ᠲᠠᠶᠢᠴᠢᠭᠤᠳ ᠢ ᠲᠠᠶᠢᠯᠠᠵᠦ᠂ ᠠᠯᠳᠠᠨ ᠤᠯᠤᠰ ᠠᠴᠠ | ᠤᠷᠪᠠᠭᠰᠠᠨ ᠦᠰᠢᠶᠡᠳᠦ ᠲᠠᠲ᠋ᠡᠷ ᠤᠳ ᠢ ᠲᠤᠪᠳᠣᠯᠤᠨ᠂ ᠮᠡᠬᠦᠵᠢᠨ ᠰᠡᠭᠦᠯᠳᠦ ᠶᠢ ᠪᠠᠷᠢᠵᠦ ᠠᠯᠠᠪᠠ᠃ ᠠᠯᠳᠠᠨ | ᠤᠯᠤᠰ ᠤᠨ ᠸᠠᠩᠭᠢᠩ ᠴᠢᠩᠰᠠᠩ ᠡᠨᠡ ᠴᠢᠮᠡᠭᠡ ᠶᠢ ᠰᠤᠨᠤᠰᠣᠭᠠᠳ ᠲᠤᠭᠤᠷᠢᠯ ᠳᠤ ᠸᠠᠩ ︵ᠤᠩ︶ ᠴᠤᠯᠠ | ᠦᠭᠭᠦᠭᠰᠡᠨ ᠶᠤᠮ᠃ ᠡᠬᠦᠨ ᠠᠴᠠ ᠡᠬᠢᠯᠡᠨ ᠲᠤᠭᠤᠷᠢᠯ ᠢ ᠸᠠᠩ ᠬᠠᠨ ᠭᠡᠵᠤ ᠲᠠᠭᠤᠳᠠᠬᠤ ᠪᠤᠯᠪᠠ᠃ | ᠭᠡᠷᠡᠶᠢᠳ ᠠᠶᠢᠮᠠᠭ ᠤᠨ ᠸᠠᠩ ᠬᠠᠨ ᠲᠤᠭᠤᠷᠢᠯ ᠬᠦᠦ ᠰᠡᠩᠭᠦᠮ ᠲᠠᠢ ᠪᠠᠨ ᠵᠠᠮᠤᠬ᠎ᠠ ᠶᠢᠨ ᠬᠤᠪᠴᠢ | ᠦᠭᠡ ᠪᠠᠷ ᠴᠢᠩᠭᠢᠰ ᠬᠠᠭᠠᠨ ᠠᠴᠠ ᠬᠠᠭᠠᠴᠨᠨ ᠰᠠᠯᠤᠭᠠᠳ ᠭᠡᠷᠡᠭ ᠡᠳᠤᠨ ᠬᠤᠤᠷᠯᠠᠬᠤ ᠭᠡᠵᠤ 1203 ᠤᠨ ᠤ | ᠬᠠᠪᠤᠷ᠂ ᠸᠠᠩ ᠬᠠᠨ ᠤᠷᠤᠭ ᠤᠨ ᠪᠤᠯᠵᠤᠭ᠎ᠠ ᠬᠦᠢᠴᠡᠳᠭᠡᠬᠦ ᠨᠡᠷ᠎ᠡ ᠪᠠᠷ ᠲᠡᠮᠦᠵᠢᠨ ᠢ ᠬᠤᠤᠷᠯᠠᠬᠤ ᠭᠡᠰᠡᠨ ᠪᠤᠯᠪᠠᠴᠦ | ᠴᠢᠩᠭᠢᠰ ᠬᠠᠭᠠᠨ ᠳᠤ ᠰᠡᠷᠡᠭᠳᠡᠪᠡ᠃ ᠲᠡᠭᠡᠭᠡᠳ ᠸᠠᠩ ᠬᠠᠨ ᠶᠡᠭᠡ ᠴᠡᠷᠢᠭ ᠲᠠᠶᠢᠴᠢᠯᠠᠨ ᠴᠢᠩᠭᠢᠰ ᠬᠠᠭᠠᠨ ᠢ | ᠲᠠᠶᠢᠯᠠᠭᠰᠠᠨ ᠳᠤ ᠴᠢᠩᠭᠢᠰ ᠬᠠᠭᠠᠨ ᠴᠢᠮᠡᠭᠡ ᠶᠢ ᠤᠯᠤᠭᠰᠠᠨ ᠤ ᠲᠠᠷᠠᠭ᠎ᠠ ᠴᠡᠷᠢᠭ ᠮᠤᠷᠳᠠᠵᠦ᠂ ᠬᠤᠶᠡᠷ ᠡᠳᠡᠭᠡᠳ ᠮᠤᠤ | ᠦᠨᠳᠣᠷ ᠤᠨ ᠤᠶᠢᠷᠠᠯᠴᠠᠭᠠᠬᠢ ᠬᠠᠷ᠎ᠠ ᠬᠠᠯᠵᠢᠳ ︵ᠤᠳᠣᠬᠢ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ | ᠬᠤᠰᠢᠭᠤᠨ ᠤ ᠬᠤᠶᠢᠳᠣ ᠭᠡᠰᠡᠭ ᠲᠤ ᠪᠤᠢ︶ ᠭᠡᠬᠦ ᠭᠠᠵᠠᠷ ᠲᠤ ᠪᠠᠶᠢᠯᠳᠣᠪᠠ᠃ ᠲᠤᠰ ᠣᠳᠠᠭᠠᠨ ᠤ ᠲᠠᠶᠢᠨ ᠨᠢ | ᠴᠢᠩᠭᠢᠰ ᠬᠠᠭᠠᠨ ᠤ ᠭᠤᠷᠪᠡᠨ ᠮᠢᠩᠭᠠᠨ ᠴᠡᠷᠢᠭ ᠢᠶᠠᠷ ᠲᠠᠶᠢᠰᠣᠨ ᠤ ᠲᠦᠮᠡᠨ ᠴᠡᠷᠢᠭ ᠲᠠᠢ ᠪᠠᠶᠢᠯᠳᠣᠭᠰᠠᠨ ᠲᠤᠯᠠ | ᠬᠤᠶᠡᠷ ᠡᠳᠡᠭᠡᠳ ᠤᠨ ᠬᠦᠴᠦᠨ ᠤ ᠵᠦᠷᠢᠶ᠎ᠡ ᠲᠤᠩ ᠶᠡᠭᠡ ᠪᠠᠶᠢᠭᠰᠠᠨ ᠶᠤᠮ᠃ ᠲᠡᠮᠦᠵᠢᠨ ᠨᠠᠷ ᠢᠯᠠᠭᠳᠠᠵᠦ ᠬᠠᠯᠬ᠎ᠠ | ᠭᠤᠤᠯ ᠢ ᠲᠠᠭᠠᠵᠦ ᠤᠬᠤᠷᠢᠬᠤ ᠳᠤ ᠬᠤᠶᠠᠷ ᠮᠢᠩᠭ᠎ᠠ ᠵᠢᠷᠭᠤᠭᠠᠨ ᠵᠠᠭᠤᠨ ᠬᠦᠮᠦᠨ ᠲᠠᠭᠠᠵᠦ ᠪᠠᠶᠢᠭᠰᠠᠨ ᠢᠶᠠᠨ | ᠪᠠᠯᠵᠤᠨ᠎ᠠ ᠨᠠᠭᠤᠷ ︵ᠣᠳᠣᠬᠢ ᠬᠦᠯᠥᠨ ᠨᠠᠭᠤᠷ ᠤᠨ ᠪᠠᠷᠠᠭᠤᠨ ᠡᠮᠦᠨᠡᠳᠦ ᠳᠤ ᠪᠤᠢ︶ ᠲᠤ ᠬᠦᠷᠬᠦ ᠦᠶ᠎ᠡ ᠳᠤ | ᠲᠡᠮᠦᠵᠢᠨ ᠤ ᠲᠠᠭᠠᠯᠳᠠ ᠴᠡᠷᠢᠭ ᠨᠢ ᠵᠦᠪᠬᠡᠨ ᠠᠷᠪᠠ ᠶᠢᠰᠦᠬᠡᠨ ᠬᠦᠮᠦᠨ ᠯᠠ ᠦᠯᠡᠳᠡᠵᠠᠢ᠃ ᠲᠤᠬᠠᠢ ᠶᠢᠨ ᠦᠶ᠎ᠡ ᠳᠤ | ᠬᠠᠰᠠᠷ ᠤᠨ ᠬᠢᠨ ᠴᠢᠩᠭᠢᠰ ᠬᠠᠭᠠᠨ ᠠᠴᠠ ᠰᠠᠯᠵᠦ ᠬᠠᠷᠠᠭᠤᠨ ᠵᠢᠳᠦᠨ ︵ᠬᠢᠩᠭᠠᠨ ᠲᠠᠪᠠᠭ᠎ᠠ︶ ᠳᠤ ᠲᠤᠰ ᠲᠠᠭᠠᠨ | ᠠᠮᠢᠳᠣᠷᠠᠵᠦ ᠪᠠᠶᠢᠳᠠᠯ᠎ᠠ ᠬᠡᠷᠡᠶᠢᠳ ᠴᠡᠷᠢᠭ ᠲᠤ ᠲᠤᠪᠳᠤᠯᠤᠭᠳᠠᠪᠠ᠃ ᠲᠠᠶᠢᠨ ᠳᠤ ᠶᠡᠭᠡ ᠴᠡᠷᠢᠭ ᠠᠴᠠ ᠪᠠᠨ ᠪᠤᠳᠠᠷᠠᠨ | ᠰᠠᠯᠤᠭᠰᠠᠨ ᠬᠠᠰᠠᠷ ᠭᠠᠭᠴᠠ ᠤᠳᠬᠤᠨ ᠬᠦᠦ ᠲᠤᠬᠤ ᠭᠡᠭᠴᠢ ᠪᠠᠨ ᠰᠤᠭᠤᠪᠴᠢᠯᠡᠨ ᠬᠡᠳᠦᠨ ᠬᠦᠮᠦᠨ ᠲᠠᠭᠠᠭᠤᠯᠤᠨ | ᠠᠬ᠎ᠠ ᠲᠡᠮᠦᠵᠢᠨ ᠢ ᠡᠷᠢᠵᠦ᠂ ᠬᠠᠷᠠᠭᠤᠨ ᠵᠢᠳᠣᠨ ᠤ ᠨᠢᠷᠣᠭᠤ ᠨᠤᠭᠤᠳ ᠢᠶᠠᠷ ᠶᠠᠪᠤᠭᠰᠠᠨ ᠪᠤᠯᠪᠠᠴᠤ ᠤᠯᠤᠭᠰᠠᠨ | ᠦᠭᠡᠢ ᠦᠯᠥᠰᠦᠨ ᠶᠠᠳᠠᠩᠭᠤᠶᠢᠷᠠᠭᠠᠳ᠂ ᠰᠢᠷᠢ ᠰᠢᠷᠪᠤᠰᠣ ᠢᠳᠡᠨ ᠪᠠᠶᠢᠵᠦ ᠲᠡᠨᠦᠭᠦᠴᠢᠯᠡᠨ ᠶᠠᠪᠤᠭᠰᠠᠭᠠᠷ ᠪᠠᠯᠵᠤᠨ᠎ᠠ | ᠨᠠᠭᠤᠷ ᠲᠤ ᠠᠬ᠎ᠠ ᠲᠠᠢ ᠪᠠᠨ ᠠᠭᠤᠯᠵᠠᠭᠰᠠᠨ ᠳᠤ ᠵᠤᠪᠠᠵᠦ ᠵᠦᠳᠡᠵᠦ ᠪᠠᠶᠢᠭᠰᠠᠨ ᠲᠡᠮᠦᠵᠢᠨ ᠮᠠᠰᠢᠳᠠ ᠪᠠᠶᠠᠰᠴᠦ | ᠬᠠᠰᠠᠷ ᠲᠠᠢ ᠬᠠᠮᠳᠤ ᠬᠡᠷᠡᠶᠢᠳ ᠠᠶᠢᠮᠠᠭ ᠢ ᠲᠦᠢᠯᠪᠤᠷᠢᠳᠠᠢ ᠮᠦᠬᠦᠭᠡᠬᠦ ᠴᠡᠷᠢᠭ ᠲᠠᠶᠢᠨ ᠤ ᠠᠷᠭ᠎ᠠ ᠪᠤᠳᠤᠯᠭ᠎ᠠ ᠶᠢ | ᠵᠦᠪᠳᠡᠯᠴᠡᠪᠡ᠃ ᠬᠠᠰᠠᠷ ᠨᠢᠬᠡᠨ ᠬᠤᠯᠠᠨ ᠴᠢᠬᠢᠳᠠᠢ ︵ᠭᠡᠭᠡᠷ᠎ᠡ ᠶᠢᠨ ᠵᠡᠷᠯᠢᠭ ᠮᠤᠷᠢ︶ ᠶᠢ ᠬᠠᠷᠪᠤᠨ ᠠᠯᠠᠵᠦ | ᠪᠦᠭᠦᠳᠡᠭᠡᠷ ᠬᠤᠭᠤᠯᠠᠯᠠᠵᠦ᠂ ᠪᠠᠯᠵᠤᠨ᠎ᠠ ᠨᠠᠭᠤᠷ ᠤᠨ ᠪᠤᠷᠵᠠᠩᠳᠦ ᠤᠰᠤ ᠶᠢ ᠠᠮᠰᠠᠨ᠄ ︽ᠢᠰᠡᠭᠡᠢ ᠳᠤᠭᠤᠷᠭᠠᠳᠠᠨ ᠢ | ᠭᠠᠭᠴᠠ ᠵᠢᠯᠤᠭᠤ ᠳᠤ ᠤᠷᠤᠭᠤᠯᠬᠤ ᠠᠤᠭ᠎ᠠ ᠦᠢᠯᠡᠰ ᠤᠨ ᠲᠦᠯᠦᠭᠡ ᠵᠤᠷᠢᠭ ᠨᠢᠭᠡᠳᠴᠦ ᠬᠠᠮᠳᠦ ᠪᠠᠷ ᠲᠡᠮᠡᠴᠡᠶ᠎ᠡ︾ | ᠬᠡᠵᠦ ᠳᠠᠩᠭᠠᠷᠢᠭᠯᠠᠵᠠᠭᠠᠵᠠᠢ᠃ ᠳᠣᠰ ᠵᠢᠯ ᠤᠨ ᠨᠠᠮᠤᠷ ᠳᠡᠮᠣᠵᠢᠨ ᠬᠠᠰᠠᠷ ᠬᠤᠶᠠᠭᠤᠯᠠ ᠵᠥᠪᠳᠡᠯᠴᠡᠭᠡᠳ ᠬᠠᠰᠠᠷ ᠤᠨ | ᠭᠡᠷ ᠡᠷᠣᠭᠡ ᠤᠩ ᠬᠠᠨ ᠤ ᠬᠠᠷᠢᠶᠠᠨ ᠳᠤ ︽ᠪᠠᠷᠢᠴᠠ︾ ᠪᠤᠯᠵᠤ ᠪᠠᠶᠢᠭ᠎ᠠ ᠪᠠᠶᠢᠳᠠᠯ ᠢ ᠠᠰᠢᠭᠯᠠᠵᠣ᠂ ᠬᠠᠰᠠᠷ ᠤᠨ ︽ | ᠡᠯᠴᠢ︾ ᠶᠢ ᠤᠩ ᠬᠠᠨ ᠤ ᠠᠭᠠᠷᠤᠭ ᠪᠠᠭᠤᠴᠠᠨ ᠳᠤ ᠳᠣᠮᠢᠯᠠᠵᠤ ᠪᠠᠶᠢᠳᠠᠯ ᠢ ᠤᠶᠢᠯᠠᠭᠠᠭᠤᠯᠬᠤ ᠶᠢᠨ ᠬᠠᠮᠳᠣ | ᠵᠡᠬᠦᠷᠡᠶᠢᠳ ᠤᠨ ᠬᠠᠯᠢᠭᠤᠳᠠᠷ᠂ ᠤᠷᠢᠶᠠᠩᠬᠠᠢ ᠶᠢᠨ ᠴᠠᠭᠤᠷᠬᠠᠨ ᠬᠤᠶᠡᠷ ᠢ ᠲᠤᠮᠢᠯᠡᠨ᠄ ︽ᠮᠢᠨᠤ ᠡᠮᠡᠰ ᠭᠡᠣᠭᠡᠳ | ᠴᠦᠮ ᠬᠠᠨ ᠡᠴᠢᠭᠡ ᠶᠢᠨ ᠲᠡᠨᠳᠡ ᠪᠠᠶᠢᠬᠤ ᠲᠤᠯᠠ ᠥᠩ ᠬᠠᠨ ᠢ ᠳᠠᠭᠠᠬᠤ ᠪᠠᠷ ᠬᠠᠰᠠᠷ ᠢᠷᠡᠬᠦ ᠪᠠᠷ ᠪᠠᠶᠢᠨ᠎ᠠ᠂ | ᠢᠳᠡᠭᠡᠯ ᠨᠡᠶᠢᠳᠠᠪᠤᠷᠢᠳᠠᠢ ᠬᠦᠮᠦᠨ ᠢ ᠶᠠᠪᠤᠭᠤᠯᠪᠠᠯ ᠪᠢ ᠤᠴᠢᠶ᠎ᠡ᠂ ᠪᠤᠯᠳᠠᠭ ᠪᠣᠯ ᠭᠡᠷᠦᠯᠥᠨ ᠮᠦᠷᠡᠨ ᠤ ᠠᠷᠭᠠᠯ | ᠬᠦᠬᠢ ᠳᠤ ᠠᠭᠤᠯᠵᠠᠶᠡ︾ ᠭᠡᠵᠤ ᠥᠭᠡ ᠳᠠᠮᠵᠢᠭᠤᠯᠵᠠᠢ᠃ ᠤᠩ ᠬᠠᠨ ᠬᠠᠰᠠᠷ ᠬᠢᠭᠡᠳ ᠳᠡᠮᠥᠵᠢᠨ ᠤ ︽ᠵᠥᠷᠢᠴᠡᠯ︾ | ᠤᠨ ᠶᠠᠪᠤᠳᠠᠯ ᠢ ᠮᠡᠳᠡᠳᠡᠭ ᠪᠥᠭᠡᠳ ᠬᠠᠰᠠᠷ ᠢ ᠪᠡᠶ᠎ᠡ ᠳᠡᠭᠡᠨ ᠳᠡᠳᠡᠵᠤ ᠠᠪᠤᠪᠠᠯ ᠨᠢᠭᠡ ᠳᠠᠯ᠎ᠠ ᠪᠠᠷ ᠳᠡᠮᠤᠵᠢᠨ ᠤ ᠰᠥᠷ | ᠬᠥᠴᠥᠨ ᠢ ᠪᠠᠭᠤᠷᠠᠭᠤᠯᠵᠤ᠂ ᠨᠥᠭᠦᠭᠡ ᠳᠠᠯ᠎ᠠ ᠪᠠᠷ ᠤᠯᠳᠠᠰᠢ ᠦᠭᠡᠢ ᠨᠢᠭᠡᠨ ᠪᠠᠭᠠᠳᠣᠷ ᠵᠠᠩᠵᠤᠨ ᠲᠠᠢ ᠪᠤᠯᠤᠨ᠎ᠠ | ᠭᠡᠵᠤ ᠥᠵᠡᠭᠡᠳ᠂ ᠡᠳᠡᠭᠡᠷ ᠥᠭᠡ ᠶᠢ ᠥᠨᠡᠮᠰᠢᠨ ᠵᠥᠪᠰᠢᠶᠡᠷᠡᠵᠤ ᠦᠪᠡᠷ ᠤᠨ ︽ᠢᠳᠡᠭᠡᠮᠵᠢᠳᠣ ᠬᠥᠮᠥᠨ︾ | ᠢᠳᠣᠷᠭᠡᠨ ᠭᠡᠭᠴᠢ ᠪᠠᠷ ᠬᠠᠰᠠᠷ ᠢ ᠳᠣᠰᠣᠭᠤᠯᠬᠤ ᠪᠠᠷ ᠤᠴᠢᠭᠤᠯᠪᠠ᠃ ᠢᠳᠣᠷᠭᠡᠨ ᠳᠡᠮᠤᠵᠢᠨ ᠤ ᠴᠡᠷᠢᠭ ᠤᠨ ᠤᠶᠢᠷ᠎ᠠ | ᠢᠷᠡᠮᠡᠭᠴᠡ ᠳᠡᠮᠥᠵᠢᠨ ᠤ ᠴᠡᠷᠢᠭ ᠤᠨ ᠰᠥᠷ ᠬᠥᠴᠤᠨ ᠠᠴᠠ ᠠᠶᠤᠭᠠᠳ ᠪᠤᠷᠣᠭᠤᠯᠠᠨ ᠳᠣᠳᠠᠭᠠᠪᠠ᠃ ᠴᠡᠷᠢᠭ ᠤᠳ | ᠳᠡᠭᠦᠨ ᠢ ᠪᠠᠷᠢᠵᠤ ᠳᠡᠮᠥᠵᠢᠨ ᠳᠤ ᠠᠪᠴᠢᠷᠠᠵᠤ ᠥᠭᠭᠦᠭᠰᠡᠨ ᠳᠤ ᠳᠡᠮᠥᠵᠢᠨ ᠢᠳᠣᠷᠭᠡᠨ ᠢ ᠬᠠᠰᠠᠷ ᠲᠤ ᠳᠣᠰᠢᠶᠠᠨ | ᠠᠯᠠᠭᠤᠯᠪᠠ᠃ ᠬᠠᠰᠠᠷ ᠤᠨ ᠡᠯᠴᠢ ᠠᠴᠠ ᠳᠣᠭᠤᠷᠢᠯ ᠤᠩ ᠬᠠᠨ ᠠᠯᠳᠠᠨ ᠳᠠᠷᠠᠮ᠎ᠠ ︵ᠠᠯᠳᠠᠨ ᠬᠠᠨ᠎ᠠ ᠲᠠᠢ ᠭᠡᠷ︶ | ᠪᠤᠰᠬᠠᠵᠤ ᠨᠠᠶᠢᠷᠯᠠᠵᠤ ᠪᠠᠶᠢᠨ᠎ᠠ ᠭᠡᠳᠡᠭ ᠢ ᠰᠣᠨᠤᠰᠴᠣ ᠳᠡᠮᠥᠵᠢᠨ᠂ ᠬᠠᠰᠠᠷ ᠨᠡᠷ ᠳᠣᠬᠢᠶᠠᠯ ᠢ ᠠᠰᠢᠭᠯᠠᠨ ᠵᠡᠵᠢᠭᠢᠷ | ᠥᠨᠳᠣᠷ ︵ᠭᠡᠷᠦᠯᠥᠨ ᠮᠦᠷᠡᠨ ᠤ ᠲᠡᠭᠡᠳᠦ ᠣᠷᠣᠰᠬᠠᠯ ᠳᠤ ᠪᠤᠢ︶ ᠲᠤ ᠪᠠᠶᠢᠭᠰᠠᠨ ᠤᠩ ᠬᠠᠨ ᠤ ᠪᠠᠭᠤᠴᠠ ᠶᠢ | ᠲᠦᠮᠡ ᠰᠢᠬᠠᠮ ᠴᠡᠷᠢᠭ ᠢᠶᠠᠷ ᠰᠡᠮᠡᠭᠡᠷ ᠪᠥᠰᠡᠯᠡᠪᠠ᠃ ᠭᠤᠷᠪᠡᠨ ᠰᠥᠨᠢ ᠭᠤᠷᠪᠡᠨ ᠡᠳᠣᠷ ᠤᠨ ᠰᠢᠷᠣᠬᠦᠨ ᠳᠡᠶᠢᠨ ᠢᠶᠠᠷ | ᠳᠠᠮᠵᠢᠨ ᠮᠢᠩᠭ᠎ᠠ ᠭᠠᠷᠣᠢ ᠴᠡᠷᠢᠭ ᠲᠠᠢ ᠪᠠᠶᠢᠭᠰᠠᠨ ᠮᠦᠷᠳᠡᠭᠡᠨ ᠲᠤᠭᠤᠷᠢᠭᠠᠳ ᠭᠡᠷᠡᠮ ᠬᠠᠰᠢᠶᠠᠨ ᠤ ᠪᠠᠬᠢᠯᠡᠯᠳᠡ | ᠰᠠᠶᠢᠳᠠᠢ ᠬᠡᠷᠡᠶᠢᠳ ᠤᠨ ᠴᠡᠷᠢᠭ ᠢ ᠳᠣᠣᠱᠳᠠᠢ ᠢᠯᠠᠵᠠᠢ᠃ ᠤᠩ ᠬᠠᠨ ᠬᠥᠥ ᠨᠢᠯᠬ᠎ᠠ ᠰᠡᠩᠭᠦᠮ ᠲᠠᠢ ᠪᠠᠨ ᠳᠣᠳᠠᠭᠠᠵᠤ | ᠭᠠᠷᠣᠭᠠᠳ᠂ ᠣᠩ ᠬᠠᠨ ᠨᠠᠢᠮᠠᠨ ᠤ ᠴᠡᠷᠢᠭ ᠲᠤ ᠠᠯᠠᠭᠳᠠᠵᠦ᠂ ᠰᠡᠩᠭᠦᠮ ᠺᠥᠴᠧ ᠤᠯᠤᠰ ︵ᠤᠳᠣᠬᠢ | ᠰᠢᠨᠵᠢᠶᠠᠩ ᠤᠨ ᠺᠥᠴᠧ︶ ᠲᠤ ᠬᠦᠷᠦᠭᠡᠳ ᠠᠯᠠᠭᠳᠠᠪᠠ᠃ | ᠳᠡᠮᠥᠵᠢᠨ ᠬᠡᠷᠡᠶᠢᠳ ᠠᠶᠢᠮᠠᠭ ᠢ ᠮᠥᠬᠦᠭᠡᠭᠰᠡᠨ ᠤ ᠰᠡᠬᠦᠯᠡᠷ᠂ ᠬᠡᠷᠡᠶᠢᠳ ᠠᠶᠢᠮᠠᠭ ᠤᠨ ᠠᠷᠠᠳ ᠤᠨ | ᠤᠯᠠᠩᠭᠢ ᠶᠢ ᠨᠢ ᠬᠠᠰᠠᠷ ᠤᠨ ᠥᠮᠴᠢ ᠪᠤᠯᠭᠠᠵᠤ ᠥᠭᠴᠠᠢ᠃ ᠡᠶᠢᠮᠤ ᠠᠴᠠ ᠤᠳᠣ ᠶᠢᠨ ᠬᠤᠷᠴᠢᠨ ᠤ ᠰᠠᠭᠤᠭᠠᠯᠢ | ᠠᠷᠠᠳ ᠤᠨ ᠳᠣᠳᠣᠷᠠᠬᠢ 何᠂ 和᠂ 郝᠂ 贺᠂ 洪᠂ 齐᠂ 奇᠂ 旗᠂ 网᠂ 瑶 | ᠤᠪᠤᠭᠳᠣ ᠬᠥᠮᠥᠰ ᠤᠨ ᠤᠯᠠᠩᠭᠢ ᠨᠢ ᠪᠥᠷ ᠤᠣᠯ ᠤᠨ ᠬᠡᠷᠡᠶᠢᠳ ᠠᠶᠢᠮᠠᠭ ᠤᠨ ᠤᠯᠤᠰ ᠪᠤᠯᠤᠨ᠎ᠠ᠃ | ᠬᠠᠰᠠᠷ ᠴᠡᠷᠢᠭ ᠵᠠᠬᠢᠷᠴᠦ ᠨᠠᠢᠮᠠᠨ ᠢ ᠲᠦᠪᠰᠢᠳᠭᠡᠨ ᠳᠠᠳᠠᠲᠤᠩᠭᠠ ᠶᠢ ᠤᠯᠵᠠᠯᠠᠭᠰᠠᠨ ᠨᠢ | ᠨᠠᠢᠮᠠᠨ ᠪᠣᠯ ᠲᠦᠷᠦᠭ ᠤᠭᠰᠠᠭᠠᠳᠠᠨ᠂ ᠨᠡᠯᠢᠶᠡᠳ ᠲᠠᠪᠰᠢᠭᠰᠠᠨ ᠠᠶᠢᠮᠠᠭ ᠮᠦᠨ᠃ ᠨᠠᠢᠮᠠᠨ ᠭᠡᠳᠡᠭ ᠨᠢ | ᠲᠤᠭᠠᠨ ᠤ 8 ᠲᠠᠢ ᠠᠳᠠᠯᠢ ᠤᠳᠬ᠎ᠠ ᠲᠠᠢ ᠪᠦᠭᠡᠳ ᠲᠡᠬᠦᠨ ᠠᠴᠠ ᠡᠭᠦᠰᠴᠠᠢ᠃ 11 ᠳ᠋ᠣᠭᠡᠷ ᠵᠠᠭᠤᠨ ᠠᠴᠠ ᠡᠬᠢᠯᠡᠨ | ︽ᠨᠠᠢᠮᠠᠨ︾ ᠭᠡᠳᠡᠭ ᠨᠡᠷᠡᠶᠢᠳᠦᠯ ᠢᠶᠠᠷ ᠲᠡᠮᠳᠡᠭᠯᠡᠭᠳᠡᠵᠦ ᠡᠬᠢᠯᠡᠵᠡᠢ᠃ 8 ᠳ᠋ᠣᠭᠠᠷ ᠵᠠᠭᠤᠨ ᠤ ᠦᠶ᠎ᠡ ᠪᠠᠷ ᠬᠠᠩᠭᠠᠢ | ᠠᠭᠤᠯᠠ ᠶᠢᠨ ᠪᠠᠷᠠᠭᠤᠨᠳᠠᠢ ᠠᠴᠠ ᠠᠯᠳᠠᠢ ᠠᠭᠤᠯᠠ ᠬᠦᠷᠳᠡᠯᠡᠬᠢ ᠦᠷᠭᠡᠨ ᠠᠭᠤᠳᠠᠮ ᠭᠠᠵᠠᠷ ᠤᠷᠣᠨ ᠳᠤ | ᠨᠤᠳᠣᠭᠰᠢᠵᠦ ᠪᠠᠶᠢᠵᠠᠢ᠃ 12 ᠳ᠋ᠣᠭᠠᠷ ᠵᠠᠭᠤᠨ ᠤ ᠦᠶ᠎ᠡ ᠪᠠᠷ ᠠᠯᠳᠠᠢ᠂ ᠬᠠᠷᠠᠬᠤᠷᠣᠮ᠂ ᠠᠯᠤᠢ ᠰᠢᠷᠢᠰ᠂ ᠬᠦᠭᠡ | ᠡᠷᠴᠢᠰ᠂ ᠡᠷᠴᠢᠰ ᠮᠦᠷᠡᠨ ᠬᠠᠪᠢ ᠪᠠᠷ ᠨᠤᠳᠣᠭᠯᠠᠵᠦ ᠪᠠᠶᠢᠵᠠᠢ᠃ ᠲᠡᠳᠡ ᠤᠶᠢᠭᠤᠷ ᠦᠰᠦᠭ ᠭᠡᠷᠡᠭᠯᠡᠵᠦ᠂ ᠬᠠᠴᠢ | ᠤᠰᠣᠨ ᠳᠤ ᠰᠠᠭᠤᠵᠤ ᠪᠠᠶᠢᠪᠠ᠃ ᠲᠠᠯᠠᠭ ᠭᠡᠳᠡᠭ ᠭᠠᠵᠠᠷ ᠡᠵᠡᠨ ᠤ ᠵᠤᠨ ᠤ ᠤᠷᠳᠣ ᠪᠠᠶᠢᠭᠰᠠᠨ ᠪᠦᠭᠡᠳ ᠵᠠᠵᠸᠠᠨ | ᠨᠠᠭᠤᠷ ᠭᠡᠳᠡᠭ ᠭᠠᠵᠠᠷ ᠲᠤ ᠦᠷᠭᠦᠭᠡ ᠮᠠᠶᠢᠬᠠᠨ ᠲᠠᠢ ᠪᠠᠶᠢᠵᠦ᠂ ᠠᠳᠠᠷᠢ ᠡᠪᠺᠧ ᠠᠭᠤᠯᠠ᠂ ᠪᠠᠺᠠᠷᠠᠰ ᠤᠯᠤᠮ ᠵᠡᠷᠭᠡ | ᠭᠠᠵᠠᠷ ᠡᠪᠦᠯᠵᠢᠵᠦ ᠪᠠᠶᠢᠭᠰᠠᠨ ᠭᠡᠳᠡᠭ᠃ ᠨᠠᠢᠮᠠᠨ ᠤ ᠢᠨᠠᠭᠴᠠ ᠪᠢᠯᠭᠡ ᠬᠠᠨ ᠨᠢᠭᠡᠨᠳᠡ ᠦᠬᠦᠵᠦ ᠲᠡᠬᠦᠨ ᠤ ᠠᠬᠠᠮᠠᠳ | ᠭᠦᠦ ᠲᠠᠶᠢᠪᠤᠭᠠ ᠨᠠᠢᠮᠠᠨ ᠤ ᠬᠠᠨ ᠤᠷᠣ ᠳᠤ ᠰᠠᠭᠤᠭᠰᠠᠨ ᠤ ᠲᠠᠷᠠᠭ᠎ᠠ ᠠᠯᠳᠠᠨ ᠤᠯᠤᠰ ᠤᠨ ᠬᠠᠭᠠᠨ ᠲᠡᠬᠦᠨ ᠳᠤ | ᠶᠡᠭᠡ ᠸᠠᠩ ᠤᠨ ᠴᠤᠯᠠ ᠰᠣᠶᠤᠷᠬᠠᠪᠠ᠃ ᠡᠨᠡᠬᠦ ᠬᠢᠳᠡᠳ ᠭᠡᠯᠡᠨ ᠤ ︽ᠳ᠋ᠠ ᠸᠠᠩ︾ ᠭᠡᠬᠦ ᠴᠤᠯᠠ ᠨᠢ | ᠮᠤᠩᠭᠤᠯᠴᠤᠳ ᠤᠨ ᠠᠶᠠᠯᠭᠤ ᠶᠢ ᠲᠠᠭᠠᠯᠳᠣᠨ ︽ᠲᠠᠶᠠᠨ ᠬᠠᠨ︾ ᠪᠤᠯᠵᠦ ᠤᠯᠠᠷᠢᠵᠠᠢ᠃ ᠲᠠᠶᠠᠨ ᠬᠠᠨ ᠪᠣᠯ | ᠰᠢᠨᠤᠬᠠᠢ᠂ ᠶᠡᠭᠡ ᠰᠠᠨᠠᠭ᠎ᠠ ᠲᠠᠢ ᠪᠦᠭᠡᠳ ᠠᠶᠤᠮᠠᠳᠠᠭᠠᠢ᠂ ᠲᠤᠷᠣᠢ ᠪᠠᠭᠤᠷᠠᠢ ᠬᠦᠮᠦᠨ ᠶᠤᠮ᠃ ᠲᠡᠷᠡ ᠦᠪᠡᠷ ᠢᠶᠠᠨ | ᠨᠡᠢᠮᠠᠨ ᠠᠶᠢᠮᠠᠭ ᠤᠨ ᠬᠠᠨ ᠪᠤᠯᠴᠢᠬᠠᠭᠠᠳ ᠲᠡᠭᠷᠢ ᠲᠡᠭᠡᠷ᠎ᠡ ᠨᠢᠭᠡ ᠨᠠᠷᠠ ᠪᠠᠶᠢᠨ᠎ᠡ᠂ ᠭᠠᠵᠠᠷ ᠲᠡᠭᠡᠷ᠎ᠡ ᠭᠡᠷᠬᠢᠨ ᠬᠤᠶᠡᠷ | ᠬᠠᠭᠠᠨ ᠪᠠᠶᠢᠵᠦ ᠪᠤᠯᠬᠤ ᠪᠤᠢ᠂ ᠪᠢᠳᠡ ᠤᠴᠢᠵᠦ ᠲᠤᠷᠣᠨᠠ ᠵᠦᠭ ᠤᠨ ᠮᠤᠩᠭᠤᠯᠴᠣᠳ ᠢ ᠡᠵᠡᠯᠡᠨ ᠠᠪᠤᠶᠡ ᠭᠡᠳ | 1204 ᠤᠨ ᠳᠤ ᠬᠦᠷᠰᠢ ᠵᠡᠷᠭᠡᠯᠡᠳᠡᠭᠡ ᠤᠩᠭᠤ ᠠᠶᠢᠮᠠᠭ ᠲᠠᠢ ᠬᠤᠯᠪᠤᠭᠠᠯᠠᠨ ᠲᠡᠮᠦᠵᠢᠨ ᠲᠠᠢ ᠪᠠᠶᠢᠯᠳᠣᠬᠤ ᠪᠠᠷ | ᠪᠤᠯᠵᠤᠪᠠ᠃ ᠡᠭᠦᠨ ᠳᠤ ᠤᠩᠭᠤ ᠠᠶᠢᠮᠠᠭ ᠴᠡᠷᠢᠭ ᠭᠠᠷᠭᠠᠭᠰᠠᠨ ᠦᠭᠡᠢ ᠮᠦᠷᠳᠡᠭᠡᠨ ᠬᠠᠷᠢᠨ ᠡᠨᠡᠬᠦ ᠴᠢᠮᠡᠭᠡ ᠶᠢ | ᠲᠡᠮᠦᠵᠢᠨ ᠳᠤ ᠮᠡᠳᠡᠭᠳᠡᠬᠦ ᠶᠢᠨ ᠬᠠᠮᠳᠣ ᠲᠡᠮᠦᠵᠢᠨ ᠢ ᠬᠠᠪᠰᠣᠷᠣᠨ ᠨᠠᠢᠮᠠᠨ ᠢ ᠲᠠᠶᠢᠯᠠᠬᠤ ᠪᠠᠷ ᠪᠤᠯᠪᠠ᠃ ᠲᠡᠮᠦᠵᠢᠨ | ᠴᠢᠮᠡᠭᠡ ᠶᠢ ᠤᠯᠤᠮᠠᠭᠴᠠ ᠤᠷᠢᠳᠠᠪᠠᠷ ᠴᠡᠷᠢᠭ ᠬᠦᠳᠡᠯᠭᠡᠵᠦ ᠰᠠᠭᠠᠷᠢ ᠭᠡᠭᠡᠷ᠎ᠡ ᠬᠦᠷᠴᠦ ᠪᠠᠭᠤᠳᠠᠯᠯᠠᠭᠠᠳ ᠰᠦᠨᠢᠵᠢᠨ | ᠤᠯᠠᠨ ᠲᠦᠳᠡᠭ ᠭᠠᠯ ᠨᠤᠴᠤᠭᠠᠵᠤ ᠭᠡᠷᠡᠯᠳᠦᠭᠦᠯᠥᠭᠰᠡᠨ ᠳᠤ ᠲᠠᠶᠢᠰᠣᠨ ᠤ ᠴᠡᠷᠢᠭ ᠶᠡᠭᠡᠳᠡ ᠰᠡᠵᠢᠭᠯᠡᠪᠡ᠃ ᠨᠠᠢᠮᠠᠨ ᠤ | ᠲᠠᠶᠠᠨ ᠬᠠᠨ ᠰᠠᠷᠢ ᠠᠭᠤᠯᠠ ᠶᠢᠨ ᠨᠠᠬᠤ ᠬᠤᠨ ᠳᠤ ᠴᠡᠴᠡᠷ ᠮᠠᠶᠢᠬᠠᠨ ᠵᠠᠰᠠᠵᠤ᠂ ᠭᠤᠤᠯ ᠬᠦᠴᠦᠨ ᠢᠶᠠᠨ ᠠᠭᠤᠯᠠᠨ | ᠦᠪᠤᠷ᠂ ᠬᠤᠶᠡᠷ ᠵᠢᠭᠦᠷ ᠢᠶᠠᠨ ᠵᠡᠭᠦᠨ ᠪᠠᠷᠠᠭᠤᠨ ᠳᠤ ᠪᠠᠭᠤᠯᠭᠠᠪᠠ᠃ ᠮᠤᠩᠭᠤᠯ ᠠᠶᠢᠮᠠᠭ ᠤᠨ ᠬᠠᠰᠠᠷ ᠴᠡᠷᠢᠭ | ᠲᠠᠶᠢᠴᠢᠯᠠᠵᠤ ᠭᠡᠰᠡᠭᠯᠡᠨ ᠪᠦᠰᠡᠯᠡᠭᠡᠳ ᠴᠢᠬᠤᠯᠠ ᠭᠠᠵᠠᠷ ᠪᠦᠭᠭᠦᠯᠳᠡ ᠬᠢᠪᠡ᠃ ᠪᠠᠶᠢᠯᠳᠣᠭᠠᠨ ᠡᠬᠢᠯᠡᠮᠡᠭᠴᠡ ᠴᠢᠩᠭᠢᠰ | ᠬᠠᠭᠠᠨ ᠦᠪᠡᠷ ᠤᠨ ᠪᠡᠶ᠎ᠡ ᠪᠠᠷ ᠬᠤᠰᠢᠭᠤᠴᠢᠯᠠᠵᠤ ᠭᠤᠷᠪᠠᠨ ᠲᠠᠯ᠎ᠠ ᠠᠴᠠ ᠬᠠᠪᠴᠢᠨ ᠰᠢᠷᠦᠭᠦᠨ ᠲᠠᠭᠠᠷᠢᠭᠰᠠᠨ ᠳᠤ | ᠨᠠᠢᠮᠠᠨ ᠤ ᠴᠡᠷᠢᠭ ᠲᠤᠯᠤᠭᠠᠢ ᠰᠡᠭᠦᠯ ᠢᠶᠠᠨ ᠬᠠᠮᠠᠭᠠᠯᠠᠨ ᠴᠢᠳᠠᠬᠤ ᠦᠭᠡᠢ ᠪᠤᠯᠤᠭᠠᠳ ᠠᠭᠤᠯᠠᠨ ᠲᠡᠭᠡᠷ᠎ᠡ ᠰᠢᠬᠠᠭᠳᠠᠨ | ᠭᠠᠷᠣᠭᠰᠠᠨ ᠳᠤ ᠤᠯᠠᠨ ᠴᠡᠷᠢᠭ ᠠᠭᠤᠯᠠᠨ ᠵᠢᠯᠠᠭ᠎ᠠ ᠳᠤ ᠰᠢᠬᠠᠯᠳᠣᠨ ᠤᠨᠠᠭᠠᠳ ᠲᠤᠭᠠᠯᠠᠰᠢ ᠦᠭᠡᠢ ᠣᠯᠠᠨ ᠦᠬᠦᠵᠦ᠂ | ᠬᠤᠷᠢᠨ ᠲᠦᠮᠡᠨ ᠨᠠᠢᠮᠠᠨ ᠤ ᠴᠡᠷᠢᠭ ᠪᠤᠳᠠ ᠨᠢᠷᠭᠡᠭᠳᠡᠨ᠂ ᠡᠯ᠎ᠡ ᠠᠶᠢᠮᠠᠭ ᠤᠨ ᠵᠠᠩᠵᠤᠨ ᠨᠠᠷ ᠪᠠᠭᠤᠵᠤ ᠦᠭᠭᠦᠭᠡᠳ | ᠮᠤᠩᠭᠤᠯ ᠤᠨ ᠴᠡᠷᠢᠭ ᠢᠯᠠᠯᠳᠠ ᠤᠯᠪᠠ᠃ ᠮᠤᠩᠭᠤᠯ ᠤᠨ ᠴᠡᠷᠢᠭ ᠨᠠᠢᠮᠡᠨ ᠠᠶᠢᠮᠠᠭ ᠢ ᠢᠯᠠᠭᠰᠠᠨ ᠤ ᠲᠠᠷᠠᠭ᠎ᠠ᠂ | ᠲᠠᠶᠠᠨ ᠬᠠᠭᠠᠨ ᠤ ᠠᠶᠢᠮᠠᠭ ᠤᠨ ᠨᠢᠭᠡ ᠬᠦᠮᠦᠨ ᠲᠤᠳᠠᠭᠠᠪᠠ᠃ ᠬᠠᠰᠠᠷ ᠲᠡᠭᠦᠨ ᠢ ᠠᠮᠢᠳᠤ ᠪᠠᠷ ᠪᠠᠷᠢ ᠭᠡᠰᠡᠨ ᠳᠤ | ᠪᠠᠳᠦ ᠲᠡᠷᠡ ᠬᠦᠮᠦᠨ ᠢ ᠬᠦᠭᠡᠭᠡᠵᠦ ᠭᠦᠢᠴᠡᠭᠡᠳ ᠠᠮᠢᠳᠦ ᠪᠠᠷ ᠪᠠᠷᠢᠵᠦ ᠢᠷᠡᠪᠡ᠂ ᠦᠵᠡᠭᠰᠡᠨ ᠴᠢᠨᠢ ᠡᠪᠦᠷ ᠲᠤᠨᠢ | ᠨᠢᠭᠡ ᠲᠠᠮᠠᠭ᠎ᠠ ᠪᠠᠶᠢᠵᠠᠢ᠃ ᠬᠠᠰᠠᠷ᠄ ︽ᠲᠠᠨ ᠤ ᠤᠯᠠᠨ ᠠᠶᠢᠮᠠᠭ ᠴᠡᠷᠢᠭ ᠴᠦᠮ ᠮᠠᠨ ᠢ ᠲᠠᠭᠠᠵᠦ ᠪᠠᠶᠢᠬᠤ ᠳᠤ᠂ ᠴᠢ | ᠡᠨᠡ ᠶᠠᠭᠤᠮ᠎ᠠ ᠶᠢ ᠡᠪᠦᠷᠯᠡᠵᠦ ᠬᠠᠮᠢᠭ᠎ᠠ ᠤᠴᠢᠬᠤ ᠪᠤᠢ︖︾ ᠬᠡᠰᠡᠨ ᠳᠤ᠂ ᠲᠡᠷᠡ ᠬᠦᠮᠦᠨ᠄ ︽ᠮᠢᠨᠦ ᠪᠡᠶ᠎ᠡ | ᠲᠤᠰᠢᠶᠠᠯ ᠤᠨ ᠭᠠᠵᠠᠷ ᠢᠶᠠᠨ ᠦᠬᠦᠳᠡᠯ᠎ᠡ ᠰᠠᠬᠢᠨ᠎ᠠ᠃ ᠡᠨᠡ ᠲᠠᠮᠠᠭ᠎ᠠ ᠶᠢ ᠬᠠᠭᠤᠴᠢᠨ ᠡᠵᠡᠨ ᠳᠡᠭᠡᠨ ᠬᠦᠷᠭᠡᠵᠦ | ᠦᠭᠬᠦᠶ᠎ᠡ ᠬᠡᠰᠡᠨ ᠶᠤᠮ᠃ ᠠᠵᠠ ᠲᠤᠳᠠᠵᠤ ᠲᠠᠨ ᠳᠤ ᠪᠠᠷᠢᠭᠳᠠᠪᠠ︾ ᠬᠡᠪᠡ᠃ ᠬᠠᠰᠠᠷ᠄ ︽ᠴᠢ ᠠᠯᠢ ᠤᠪᠤᠭ ᠤᠨ | ᠬᠦᠮᠦᠨ᠂ ᠶᠠᠮᠠᠷ ᠲᠤᠰᠢᠶᠠᠯ ᠲᠠᠢ ᠪᠠᠶᠢᠭᠰᠠᠨ ᠪᠤᠢ︖︾ ᠭᠡᠰᠡᠨ ᠳᠤ ᠲᠡᠷᠡ ᠬᠦᠮᠦᠨ᠄ ︽ᠪᠢ ᠪᠤᠯ ᠤᠶᠢᠭᠤᠷ | ᠬᠦᠮᠦᠨ᠂ ᠮᠢᠨᠦ ᠨᠠᠷ᠎ᠡ ᠲᠠᠲᠠᠳᠤᠩᠭ᠎ᠠ ᠭᠡᠳᠡᠭ᠃ ᠮᠢᠨᠦ ᠡᠵᠡᠨ ᠡᠨᠡ ᠲᠠᠮᠠᠭ᠎ᠠ ᠶᠢ ᠨᠠᠳᠠ ᠳᠤᠰᠢᠶᠠᠵᠦ᠂ ᠢᠲᠡᠰᠢ ᠶᠢ | ᠭᠠᠷᠭᠠᠬᠤ ᠪᠠ ᠤᠷᠤᠭᠤᠯᠬᠤ ᠶᠠᠪᠤᠳᠠᠯ ᠢ ᠨᠠᠳᠠᠳᠦ ᠳᠤᠰᠢᠶᠠᠭᠰᠠᠨ ᠪᠢᠯᠡ︾ ᠭᠡᠪᠡ᠃ ᠬᠠᠰᠠᠷ᠄ ︽ᠡᠨᠡ ᠲᠠᠮᠠᠭ᠎ᠠ ᠶᠢ | ᠶᠠᠭᠤᠨ ᠳᠤ ᠬᠡᠷᠡᠭᠯᠡᠬᠦ ᠪᠤᠢ︖︾ ᠭᠡᠰᠡᠨ ᠳᠤ ᠲᠠᠲᠠᠳᠤᠩᠭ᠎ᠠ᠄ ︽ᠰᠠᠶᠢᠨ ᠬᠦᠮᠦᠨ ᠢ ᠰᠤᠩᠭᠤᠵᠦ ᠵᠠᠷᠯᠢᠭ ᠪᠢᠴᠢᠭ | ᠶᠠᠪᠤᠭᠤᠯᠬᠤ ᠠᠯᠢᠪᠠ ᠥᠢᠯᠡᠰ ᠲᠤ ᠬᠡᠷᠡᠭᠯᠡᠳᠡᠭ︾ ᠭᠡᠪᠡ᠃ ᠬᠠᠰᠠᠷ ᠮᠠᠭᠳᠠᠨ ᠰᠠᠶᠢᠰᠢᠶᠠᠵᠤ᠂ ᠰᠢᠳᠣᠷᠭᠤ ᠡᠯᠪᠡᠷᠢᠯᠳᠣ | ᠬᠥᠮᠥᠨ ᠭᠡᠮᠡᠨ ᠳᠡᠮᠤᠵᠢᠨ ᠳᠤ ᠮᠡᠳᠡᠬᠦᠯᠵᠤ᠂ ᠠᠯᠢᠪᠠ ᠪᠢᠴᠢᠭ ᠶᠠᠪᠤᠭᠤᠯᠬᠤ ᠳᠤ ᠬᠡᠷᠡᠭᠯᠡᠬᠦ ᠪᠠᠷ ᠳᠡᠷᠡ ᠳᠡᠮᠠᠭᠠ ᠶᠢ | ᠮᠥᠨ ᠬᠦ ᠳᠠᠳᠠᠳᠣᠩᠭᠠ ᠳᠤ ᠳᠣᠰᠢᠶᠠᠪᠠ᠃ ᠬᠠᠰᠠᠷ ᠳᠠᠳᠠᠳᠣᠩᠭᠠ ᠶᠢ ᠪᠠᠭᠰᠢ ᠪᠠᠷᠢᠵᠤ ᠪᠢᠴᠢᠭ ᠬᠠᠤᠯᠢ᠂ | ᠴᠡᠷᠢᠭ ᠤᠨ ᠪᠤᠳᠣᠯᠭ᠎ᠠ ᠵᠡᠷᠭᠡ ᠪᠢᠴᠢᠭ ᠤᠨ ᠡᠷᠳᠡᠮ ᠵᠢᠭᠠᠯᠭᠠᠪᠠ᠃ ᠪᠠᠰᠠ ᠳᠠᠶᠢᠽᠢ᠂ ᠸᠠᠩ ᠨᠡᠷ ᠲᠤ ᠪᠢᠴᠢᠭ ᠡᠷᠳᠡᠮ | ᠵᠢᠭᠠᠯᠭᠠᠪᠠ᠃ | ᠮᠤᠩᠭᠤᠯ ᠠᠶᠢᠮᠠᠭ ᠤᠨ ᠬᠢᠨ 1204 ᠤᠨ ᠠᠴᠠ ᠡᠬᠢᠯᠡᠵᠤ ᠳᠠᠮᠠᠭ᠎ᠠ ᠶᠢ ᠬᠡᠷᠡᠭᠯᠡᠵᠤ ᠰᠣᠷᠴᠠᠢ᠃ ᠡᠨᠡ ᠪᠣᠯ | ᠮᠤᠩᠭᠤᠯ ᠤᠨ ᠨᠡᠶᠢᠭᠡᠮ ᠪᠤᠯᠪᠠᠰᠣᠨ ᠱᠠᠳᠣᠨ ᠵᠥᠭ ᠲᠤ ᠳᠡᠮᠡᠤᠯᠥᠭᠰᠡᠨ ᠤ ᠨᠢᠭᠡᠨ ᠴᠢᠬᠤᠯᠠ ᠢᠯᠡᠳᠭᠡᠮᠵᠢ ᠪᠤᠶᠤ | ᠠᠯᠬᠤᠮ ᠪᠤᠯᠤᠨ᠎ᠠ᠃ ᠳᠠᠳᠠᠳᠣᠩᠭᠠ ᠶᠢᠨ ᠳᠠᠮᠠᠭ᠎ᠠ ᠳᠡᠭᠡᠷᠡᠬᠢ ᠥᠰᠥᠭ ᠤᠨ ᠤᠳᠬ᠎ᠠ ᠨᠢ ︽ᠳᠡᠭᠷᠢ ᠳᠡᠭᠡᠷ᠎ᠡ | ᠰᠠᠬᠢᠭᠤᠯᠰᠣᠨ ᠪᠤᠢ᠂ ᠳᠡᠯᠡᠭᠡᠢ ᠳᠡᠭᠡᠷ᠎ᠡ ᠬᠠᠭᠠᠨ ᠪᠤᠢ᠂ ᠰᠠᠬᠢᠭᠤᠯᠰᠣᠨ ᠢᠪᠡᠭᠡᠳᠣᠭᠡᠢ᠃ ᠪᠥᠭᠦ ᠬᠥᠮᠥᠨ | ᠲᠥᠷᠥᠯᠬᠢᠳᠠᠨ ᠤ ᠡᠵᠡᠨ ᠤ ᠳᠠᠮᠠᠭ᠎ᠠ︾ ᠭᠡᠳᠡᠭ ᠶᠤᠮ᠃ ᠴᠢᠩᠭᠢᠰ ᠬᠠᠭᠠᠨ ᠤ ᠳᠥᠷᠤ ᠶᠢᠨ ᠬᠠᠰ ᠳᠠᠮᠠᠭᠠᠨ ᠳᠡᠭᠡᠷᠡᠬᠢ | ᠥᠰᠦᠭ ᠨᠢ ︽ᠮᠥᠩᠭᠡ ᠲᠡᠭᠷᠢ ᠶᠢᠨ ᠬᠥᠴᠤᠨ ᠢᠶᠠᠷ ᠶᠡᠭᠡ ᠮᠤᠩᠭᠤᠯ ᠤᠯᠤᠰ ᠤᠨ ᠳᠠᠯᠠᠢ ᠬᠠᠭᠠᠨ ᠤ ᠵᠠᠷᠯᠢᠭ ᠵᠢᠯ | ᠪᠤᠯᠭᠠᠨ ᠢᠷᠭᠡᠨ ᠳᠤ ᠬᠥᠷᠪᠡᠰᠣ ᠪᠢᠰᠢᠷᠡᠳᠣᠭᠡᠢ᠂ ᠠᠶᠣᠳᠣᠭᠠᠢ︾ ᠭᠡᠵᠤ ᠤᠶᠢᠭᠤᠷᠵᠢᠨ ᠮᠤᠩᠭᠤᠯ ᠦᠰᠥᠭ ᠢᠶᠠᠷ | ᠪᠢᠴᠢᠭᠰᠡᠨ ᠶᠤᠮ᠃ | ᠬᠠᠰᠠᠷ ᠠᠯᠳᠠᠨ ᠤᠯᠤᠰ ᠢ ᠲᠠᠶᠢᠯᠠᠨ ᠲᠠᠭᠠᠭᠤᠯᠬᠤ ᠲᠠᠶᠢᠨ ᠳᠤ ᠤᠷᠣᠯᠴᠠᠭᠰᠠᠨ ᠨᠢ | ᠵᠦᠷᠴᠢᠨ ᠦᠨᠳᠦᠰᠦᠳᠡᠨ ᠢ ᠴᠢᠨ ᠤᠯᠤᠰ ᠠᠴᠠ ᠡᠮᠦᠨ᠎ᠡ ᠰᠤ᠋ ᠱᠧᠨ ︵肃慎︶᠂ ᠪᠠᠷᠠᠭᠤᠨ ᠬᠠᠨ | ᠤᠯᠤᠰ ᠤᠨ ᠦᠶ᠎ᠡ ᠳᠤ ᠢ ᠯᠸᠤ ︵挹娄︶᠂ ᠰᠦᠢ ᠲᠠᠩ ᠤᠯᠤᠰ ᠤᠨ ᠦᠶ᠎ᠡ ᠳᠤ ᠮᠦᠸᠧ ᠾᠧ ︵靺鞨 | ︶᠂ ᠲᠠᠪᠤᠨ ᠲᠦᠷᠦ ᠶᠢᠨ ᠦᠶ᠎ᠡ ᠳᠤ ᠵᠦᠷᠴᠢᠨ ᠭᠡᠵᠤ ᠨᠡᠷᠡᠯᠡᠳᠡᠭ ᠪᠤᠯᠪᠠ᠃ 1115 ᠤᠨ ᠳᠤ ᠵᠦᠷᠴᠢᠨ | ᠦᠨᠳᠣᠰᠣᠳᠡᠨ ᠤ ᠸᠠᠨᠶᠠᠨ ᠠᠭᠤᠳᠠ ᠠᠯᠳᠠᠨ ᠤᠯᠤᠰ ᠢ ᠪᠠᠶᠢᠭᠤᠯᠵᠦ᠂ ᠨᠡᠶᠢᠰᠯᠡᠯ ᠢᠶᠠᠨ ᠾᠦᠢ ᠨᠢᠩ ︵ᠣᠳᠣᠬᠢ | ᠬᠠᠷᠠᠮᠦ᠋ᠷᠡᠨ ᠤ ᠠ ᠴᠧᠩ ᠤᠨ ᠡᠮᠦᠨ᠎ᠡ︶ ᠠᠴᠠ ᠵᠦᠩᠳᠦ ᠳᠤ᠂ ᠲᠠᠭᠢᠭᠠᠳ ᠪᠢᠶᠠᠨᠵᠢᠩ ︵ᠣᠳᠣᠬᠢ ᠾᠧᠨᠠᠨ ᠤ | ᠺᠠᠶᠢᠹᠧᠩ︶ ᠳᠤ ᠰᠢᠯᠵᠢᠬᠦᠯᠵᠡᠢ᠃ 1211 ᠤᠨ ᠳᠤ ᠴᠢᠩᠭᠢᠰ ᠬᠠᠭᠠᠨ ᠬᠠᠰᠠᠷ ᠢᠶᠠᠷ ᠵᠡᠭᠦᠨ ᠭᠠᠷ ᠤᠨ ᠴᠡᠷᠢᠭ ᠢ | ᠵᠠᠬᠢᠷᠣᠭᠤᠯᠵᠤ ᠠᠯᠳᠠᠨ ᠤᠯᠤᠰ ᠢ ᠪᠠᠶᠢᠯᠳᠣᠭᠤᠯᠪᠠ᠃ ᠬᠠᠰᠠᠷ ᠬᠤᠩᠭᠢᠷᠠᠳ ᠠᠶᠢᠮᠠᠭ ᠤᠨ ᠠᠯᠠᠴᠢ᠂ ᠪᠦᠴᠡ᠂ | ᠵᠦᠷᠴᠢᠳᠡᠢ ᠲᠠᠢ ᠬᠠᠮᠳᠣ ᠲᠠᠯᠠᠢ ᠲᠠᠭᠠᠤ ᠵᠡᠭᠦᠨᠰᠢᠯᠡᠭᠡᠳ ᠠᠯᠳᠠᠨ ᠤᠯᠤᠰ ᠤᠨ ᠵᠢᠢ ᠵᠸᠤ᠂ ᠢᠵᠸᠤ ᠶᠢ ᠪᠠᠶᠢᠯᠳᠣᠵᠤ | ᠡᠪᠳᠡᠵᠡᠢ᠃ 1213 ᠤᠨ ᠤ ᠨᠠᠮᠤᠷ ᠤᠳᠴᠢᠬᠢᠨ ᠨᠤᠶᠠᠨ ᠪᠠ ᠵᠦᠷᠴᠢᠳᠡᠢ ᠲᠠᠢ ᠬᠠᠮᠳᠣ ᠠᠯᠳᠠᠨ ᠤᠯᠤᠰ ᠤᠨ ᠵᠢᠢ | ᠵᠸᠤ ︵ᠾᠧᠪᠸᠢ ᠶᠢᠨ ᠵᠢᠢ ᠰᠢᠶᠠᠨ︶᠂ ᠫᠢᠩ ᠵᠸᠤ ︵ᠾᠧᠪᠸᠢ ᠶᠢᠨ ᠯᠤ᠋ ᠯᠥᠩ︶᠂ ᠯᠤᠸᠠᠨ ᠵᠸᠤ ︵ᠾᠧᠪᠸᠢ ᠶᠢᠨ | ᠯᠤᠸᠠᠨ ᠰᠢᠶᠠᠨ︶᠂ ᠯᠢᠶᠤᠤ ᠰᠢ ᠶᠢᠨ ᠤᠯᠠᠨ ᠵᠸᠤ ᠶᠢᠨ ᠭᠠᠵᠠᠷ ᠢ ᠲᠠᠶᠢᠯᠠᠬᠤ ᠪᠦᠷᠢ ᠲᠡᠶᠢᠯᠵᠦ ᠪᠠᠶᠢᠯᠳᠣᠬᠤ ᠪᠦᠷᠢ | ᠢᠯᠠᠭᠠᠳ ᠬᠠᠨᠳᠣᠭᠰᠠᠨ ᠵᠦᠭ ᠲᠤ ᠲᠠᠶᠢᠰᠣᠨ ᠦᠭᠡᠢ ᠬᠠᠷᠪᠤᠭᠰᠠᠨ ᠰᠤᠮᠤ ᠬᠤᠭᠤᠰᠣᠨ ᠦᠭᠡᠢ ᠲᠤᠯᠠ ᠠᠯᠳᠠᠨ | ᠤᠯᠤᠰ ᠤᠨ ᠴᠡᠷᠢᠭ ᠪᠠᠷ᠎ᠠ ᠶᠢ ᠨᠢ ᠬᠠᠷᠠᠮᠠᠭᠴᠠ ᠪᠤᠳᠠᠷᠠᠨ ᠰᠠᠷᠨᠢᠵᠦ ᠪᠠᠭᠤᠨ ᠦᠭᠭᠦᠭᠡᠳ ᠱᠠᠨᠳᠦ᠋ᠩ ᠾᠧᠪᠸᠢ ᠶᠢᠨ | ᠡᠯ᠎ᠡ ᠵᠢᠶᠦ᠋ᠨ ᠢ ᠪᠠᠶᠢᠯᠳᠣᠨ ᠲᠠᠭᠠᠭᠤᠯᠵᠤ ᠪᠤᠴᠠᠪᠠ᠃ 1214 ᠤᠨ ᠳᠤ ᠠᠯᠠᠴᠢ᠂ ᠵᠦᠷᠴᠢᠳᠡᠢ᠂ ᠲᠤᠯᠤᠨ | ᠴᠠᠷᠪᠢ ᠲᠠᠢ ᠬᠠᠮᠳᠣ ᠬᠠᠰᠠᠷ ᠵᠡᠭᠦᠨ ᠭᠠᠷ ᠤᠨ ᠴᠡᠷᠢᠭ ᠢ ᠵᠠᠬᠢᠷᠴᠦ ᠠᠯᠳᠠᠨ ᠤᠯᠤᠰ ᠤᠨ ᠤᠮᠠᠷᠠᠳᠣ ᠨᠡᠶᠢᠰᠯᠡᠯ ᠳ᠋ᠠ | ᠨᠢᠩ ᠹᠥ᠋ ︵ᠤᠳᠣᠬᠢ ᠦᠪᠤᠷ ᠮᠤᠩᠭᠤᠯ ᠤᠨ ᠨᠢᠩ ᠴᠧᠩ ᠬᠤᠳᠠ ᠶᠢᠨ ᠳ᠋ᠠ ᠮᠢᠩ ᠴᠧᠩ ᠬᠤᠳᠠ︶ ᠶᠢ ᠪᠠᠶᠢᠯᠳᠣᠨ | ᠡᠵᠡᠯᠡᠭᠡᠳ᠂ ᠵᠦᠷᠴᠢᠨ ᠤ ᠲᠦᠷᠦᠭᠦᠦ ᠹᠦᠬᠠᠨᠤ ︵ᠹᠦ᠋ ᠰᠢᠶᠡᠨ ᠸᠠᠨ ᠨᠤ᠋︶ ᠶᠢ ᠪᠠᠭᠤᠯᠭᠠᠨ ᠠᠪᠴᠤ᠂ ᠨᠠᠭᠤ ᠮᠦᠷᠡᠨ | ︵ᠤᠳᠣᠬᠢ ᠨᠤᠨ ᠮᠦᠷᠡᠨ︶᠂ ᠤᠯᠠ ᠮᠦᠷᠡᠨ ︵ᠰᠤᠩᠭᠠᠷᠢ ᠮᠦᠷᠡᠨ︶ ᠲᠠᠭᠠᠤ ᠤᠷᠣᠭᠰᠢᠯᠠᠵᠤ᠂ ᠠᠯᠳᠠᠨ | ᠤᠯᠤᠰ ᠤᠨ ᠵᠡᠭᠦᠨ ᠬᠤᠶᠢᠳᠣ ᠤᠷᠣᠨ ᠤ ᠤᠯᠠᠨ ᠬᠤᠳᠠᠳ ᠢ ᠪᠠᠭᠤᠯᠭᠠᠨ ᠠᠪᠤᠭᠠᠳ᠂ ᠲᠤᠭᠤᠷ ᠤᠨ ᠭᠤᠤᠯ ᠢ | ᠦᠭᠰᠣᠨ ᠮᠤᠩᠭᠤᠯ ᠨᠤᠳᠤᠭ ᠲᠤ ᠪᠠᠨ ᠪᠤᠴᠠᠭᠰᠠᠨ ᠪᠠᠶᠢᠨ᠎ᠠ᠃ ︵ᠦᠷᠭᠦᠯᠵᠢᠯᠡᠯ ᠪᠣᠢ︶ | | | | | | | | | | | | |