ᠲᠦᠷᠪᠡ᠂ ᠴᠢᠩᠭᠢᠰ ᠬᠠᠭᠠᠨ ᠬᠢᠭᠡᠳ ᠬᠠᠰᠠᠷ ᠤᠨ ᠬᠤᠭᠤᠷᠣᠨᠳᠣᠭᠢ ᠵᠦᠷᠢᠴᠡᠯ | ᠲᠡᠮᠦᠵᠢᠨ ᠬᠠᠰᠠᠷ ᠬᠤᠶᠠᠭᠤᠯᠠ ᠪᠠᠷᠤᠭ ᠴᠤᠭ ᠲᠠᠭᠠᠨ ᠮᠤᠩᠭᠤᠯ ᠤᠨ ᠦᠨᠳᠦᠷᠯᠢᠭ ᠤᠨ ᠤᠯᠤᠰ | ᠲᠦᠷᠦ ᠶᠢᠨ ᠲᠠᠪᠴᠠᠩ ᠳᠤ ᠠᠯᠬᠤᠨ ᠭᠠᠷᠣᠭᠰᠠᠨ ᠪᠠᠶᠢᠵᠠᠢ᠃ ᠬᠠᠰᠠᠷ᠂ ᠲᠡᠮᠦᠵᠢᠨ ᠢ ᠭᠡᠳᠦᠨ ᠠᠷᠪᠠᠨ ᠵᠢᠯ ᠢᠶᠠᠷ | ᠴᠢᠷᠮᠡᠶᠢᠨ ᠲᠡᠳᠭᠦᠵᠦ᠂ ᠬᠠᠮᠳᠣ ᠶᠢᠨ ᠦᠢᠯᠡᠰ ᠢᠶᠠᠨ ᠪᠡᠶᠡᠯᠡᠬᠦᠯᠥᠭᠰᠡᠨ ᠪᠠᠶᠢᠳᠠᠭ᠃ ᠬᠠᠰᠠᠷ ᠬᠠᠷᠪᠤᠵᠦ | ᠨᠠᠮᠨᠠᠬᠤ ᠳᠤ ᠪᠠᠨ ᠮᠡᠷᠭᠡᠨ᠂ ᠬᠦᠴᠦ ᠴᠢᠳᠠᠯ ᠶᠡᠭᠡᠳᠡᠢ᠂ ᠠᠷᠭ᠎ᠠ ᠤᠬᠠᠭᠠᠨ ᠦᠯᠡᠮᠵᠢ ᠲᠤᠯᠠ ᠲᠡᠮᠦᠵᠢᠨ ᠲᠡᠬᠦᠨ ᠳᠤ | ᠭᠡᠷ ᠪᠦᠯᠢ᠂ ᠲᠦᠷᠦ ᠬᠦᠷᠦᠨ ᠤ ᠪᠠᠨ ᠴᠢᠬᠤᠯᠠ ᠶᠠᠪᠤᠳᠠᠯ ᠤᠳ ᠢ ᠲᠤᠰᠢᠶᠡᠵᠦ ᠪᠠᠶᠢᠵᠠᠢ᠃ ᠲᠡᠮᠦᠵᠢᠨ ᠢ ᠭᠡᠷ | ᠣᠷᠳᠣᠨ ᠳᠤ ᠪᠠᠨ ᠪᠠᠶᠢᠬᠤ ᠦᠭᠡᠢ ᠦᠶ᠎ᠡ ᠳᠤ ᠨᠢ ᠬᠠᠰᠠᠷ ᠭᠡᠷ ᠣᠷᠳᠣᠨ ᠤ ᠪᠠᠨ ᠴᠢᠬᠤᠯᠠ ︽ᠬᠠᠷᠢᠭᠤᠴᠠᠯᠭᠠᠳᠠᠨ︾ | ᠪᠤᠯᠵᠦ ᠪᠠᠶᠢᠭᠰᠠᠨ ᠶᠤᠮ᠃ ᠭᠡᠪᠡᠴᠦ ᠬᠠᠮᠢᠶ᠎ᠡ ᠪᠦᠬᠦᠢ ᠰᠣᠷᠪᠤᠯᠵᠢ ᠪᠢᠴᠢᠭ ᠤᠳ ᠤᠨ ᠲᠡᠮᠳᠡᠭᠯᠡᠯ ᠢ ᠦᠨᠳᠣᠰᠣᠯᠡᠪᠡᠯ᠂ | ᠬᠠᠰᠠᠷ ᠬᠢᠭᠡᠳ ᠲᠡᠮᠦᠵᠢᠨ ᠬᠤᠶᠠᠭᠤᠯᠠ ᠶᠠᠪᠤᠳᠠᠯ ᠪᠦᠬᠦᠨ ᠳᠤ ᠤᠰᠣ ᠰᠦ ᠰᠢᠭ ᠨᠡᠶᠢᠯᠡᠭᠰᠡᠨ ᠪᠢᠰᠢ᠂ ᠬᠠᠷᠢᠨ ᠪᠠᠶᠢᠨ | ᠲᠠᠬᠢᠨ ︽ᠵᠦᠷᠢᠴᠡᠯ︾ ᠡᠭᠦᠰᠴᠦ ᠪᠠᠶᠢᠭᠰᠠᠨ ᠪᠠᠶᠢᠳᠠᠯ ᠲᠠᠢ ᠠᠵᠢ᠃ | | ᠬᠤᠩᠭᠢᠷᠠᠳ ᠠᠶᠢᠮᠠᠭ ᠪᠣᠯ ᠠᠯᠳᠠᠨ ᠤᠯᠤᠰ ᠤᠨ ᠪᠤᠷᠣ ᠭᠡᠷᠡᠮ ᠤᠨ ᠤᠮᠠᠷᠠᠳᠠᠬᠢ ᠭᠠᠵᠠᠷ ᠣᠷᠣᠨ ︵ | ᠣᠳᠣ ᠶᠢᠨ ᠬᠠᠯᠬ᠎ᠠ ᠭᠤᠤᠯ ᠤᠨ ᠣᠷᠣᠰᠬᠠᠯ ᠲᠠᠭᠠᠤ ᠤᠷᠣᠨ︶ ᠢᠶᠠᠷ ᠨᠤᠳᠣᠭᠯᠠᠵᠦ ᠪᠠᠶᠢᠪᠠ᠃ ᠬᠤᠩᠭᠢᠷᠠᠳ | ᠠᠶᠢᠮᠠᠭ ᠲᠤ ᠢᠭᠢᠷᠡᠰ᠂ ᠭᠤᠷᠯᠤᠰ᠂ ᠤᠯᠬᠤᠨᠤᠳ᠂ ᠬᠠᠷᠠᠨᠤᠳ᠂ ᠬᠤᠩᠯᠢᠭᠤᠳ᠂ ᠡᠯᠵᠢᠭᠡᠨ ᠵᠡᠷᠭᠡ ᠤᠶᠢᠷ᠎ᠡ | ᠲᠦᠷᠦᠯ ᠤᠨ ᠤᠪᠤᠭ ᠶᠠᠰᠣᠳᠠᠨ ᠴᠦ ᠪᠠᠭᠳᠠᠳᠠᠭ᠃ ᠲᠠᠳᠠ ᠮᠠᠯᠵᠢᠬᠤ ᠪᠠᠷ ᠭᠤᠤᠯ ᠪᠤᠯᠭᠠᠵᠦ ᠪᠤᠰᠣᠳ ᠵᠦᠢᠯ ᠢ | ᠬᠠᠪᠰᠣᠷᠭᠠᠨ ᠡᠵᠡᠩᠨᠡᠳᠡᠭ᠃ ᠲᠤᠳᠣᠷ ᠣᠷᠣᠨ ᠲᠠᠢ ᠤᠶᠢᠷ᠎ᠡ ᠵᠡᠷᠭᠡᠯᠡᠳᠡᠭᠡ ᠪᠤᠯᠬᠤᠷ ᠠᠵᠦ ᠠᠬᠤᠢ ᠰᠣᠶᠤᠯ ᠤᠨ | ᠲᠠᠯ᠎ᠠ ᠪᠠᠷ ᠶᠡᠭᠡᠳᠡ ᠬᠦᠭᠵᠢᠵᠦ᠂ ᠨᠢᠭᠡ ᠦᠶ᠎ᠡ ᠬᠦᠴᠦᠷᠭᠡᠭᠵᠢᠪᠡ᠃ 1196 ᠤᠨ ᠳᠤ ᠪᠤᠰᠣᠳ ᠠᠶᠢᠮᠠᠭ ᠲᠠᠢ | ᠬᠤᠯᠪᠤᠭᠠᠯᠠᠨ ᠠᠯᠳᠠᠨ ᠤᠯᠤᠰ ᠢ ᠪᠠᠶᠢᠯᠳᠣᠨ ᠲᠡᠶᠢᠯᠥᠭᠰᠡᠨ ᠪᠤᠯᠪᠠᠴᠤ ᠡᠴᠦᠰ ᠲᠡᠭᠡᠨ ᠲᠠᠷᠣᠭᠳᠠᠵᠦ ᠠᠯᠳᠠᠨ | ᠤᠯᠤᠰ ᠤᠨ ᠡᠷᠭᠡᠰᠢᠶᠡᠯ ᠳᠤ ᠤᠷᠣᠭᠰᠠᠨ ᠪᠠᠶᠢᠨ᠎ᠠ᠃ ᠬᠤᠩᠭᠢᠷᠠᠳ ᠠᠶᠢᠮᠠᠭ ᠤᠨ ᠬᠦᠮᠦᠰ ᠦᠶ᠎ᠡ ᠤᠯᠠᠷᠢᠨ ᠴᠢᠩᠭᠢᠰ | ᠬᠠᠭᠠᠨ ᠤ ᠪᠤᠷᠵᠢᠬᠢᠨ ᠤᠪᠤᠭ ᠤᠨ ᠤᠷᠤᠭ ᠬᠤᠳᠠ ᠪᠤᠯᠳᠠᠭ ᠪᠤᠯᠬᠤᠷ ᠬᠤᠶᠡᠷ ᠠᠶᠢᠮᠠᠭ ᠣᠷᠳᠣ ᠣᠳᠠᠭᠠᠨ | ᠬᠤᠭᠤᠴᠠᠭᠠᠨ ᠳᠤ ᠡᠶ᠎ᠡ ᠨᠠᠶᠢᠷᠳᠠᠢ ᠶᠠᠪᠤᠯᠴᠠᠵᠦ ᠪᠠᠶᠢᠪᠠ᠃ 1201 ᠤᠨ ᠳᠤ ᠲᠡᠮᠦᠵᠢᠨ ᠮᠡᠷᠬᠢᠳ ᠤᠨ ᠠᠯᠠᠬᠢ | ᠦᠳᠣᠷ ᠢ ᠴᠤᠬᠢᠨ ᠢᠯᠠᠭᠰᠠᠨ ᠳᠤ᠂ ᠬᠤᠩᠭᠢᠷᠠᠳ ᠤᠨ ᠨᠢᠭᠡ ᠪᠦᠯᠥᠭ ᠢᠷᠭᠡᠳ ᠲᠡᠮᠦᠵᠢᠨ ᠳᠤ ᠲᠠᠭᠠᠬᠤ ᠪᠠᠷ ᠨᠡᠬᠦᠨ | ᠢᠷᠡᠭᠰᠡᠨ ᠳᠤ ᠬᠠᠰᠠᠷ ᠤᠴᠢᠷ ᠢ ᠯᠠᠪᠳᠠᠭᠤᠯᠤᠭᠰᠠᠨ ᠦᠭᠡᠢ ᠪᠠᠷ ᠲᠡᠳᠡᠨ ᠢ ᠪᠤᠯᠢᠶᠡᠨ ᠲᠡᠭᠡᠷᠡᠮᠳᠡᠭᠰᠡᠨ ᠲᠤᠯᠠ | ᠬᠤᠩᠭᠢᠷᠠᠳ ᠠᠶᠢᠮᠠᠭ ᠵᠠᠮᠤᠬ᠎ᠠ ᠳᠤ ᠲᠠᠭᠠᠵᠦ ᠲᠡᠮᠦᠵᠢᠨ ᠤ ᠲᠠᠶᠢᠰᠣᠨ ᠪᠤᠯᠪᠠ᠃ ᠡᠨᠡ ᠤᠴᠢᠷ ᠲᠤ ᠴᠢᠩᠭᠢᠰ ᠬᠠᠭᠠᠨ | ᠬᠠᠰᠠᠷ ᠲᠤ ᠶᠡᠭᠡᠳᠡ ᠠᠭᠤᠷᠯᠠᠭᠰᠠᠨ ᠪᠠᠶᠢᠨ᠎ᠠ᠃ ᠡᠨᠡ ᠪᠣᠯ ᠬᠠᠰᠠᠷ ᠬᠢᠭᠡᠳ ᠲᠡᠮᠦᠵᠢᠨ ᠤ ᠬᠤᠭᠤᠷᠣᠨᠳᠣᠬᠢ | ᠠᠩᠬᠠᠳᠠᠭᠴᠢ ᠤᠳᠠᠭᠠᠨ ᠤ ︽ᠵᠦᠷᠢᠴᠡᠯ︾ ᠪᠤᠯᠤᠨ᠎ᠠ᠃ | | ᠲᠠᠲ᠋ᠠᠷ ᠠᠶᠢᠮᠠᠭ ᠪᠣᠯ ᠳ᠋ᠦᠩᠬᠤ ᠭᠠᠷᠣᠯᠳᠠᠢ᠃ ᠲᠠᠲ᠋ᠡᠷ ᠭᠡᠳᠡᠭ ᠨᠢ ᠡᠷᠯᠢᠭ ᠤᠨ ᠲᠠᠮᠤ ᠭᠡᠰᠡᠨ ᠤᠳᠬ᠎ᠠ ᠲᠠᠢ | ᠥᠬᠡ ᠮᠦᠨ᠃ ︽ᠮᠤᠩᠭᠤᠯ ᠤᠨ ᠨᠢᠭᠤᠴᠠ ᠲᠤᠪᠴᠢᠶᠡᠨ︾ ᠢ ᠦᠨᠳᠦᠰᠦᠯᠡᠪᠡᠯ᠂ ᠲᠠᠲ᠋ᠠᠷ ᠠᠶᠢᠮᠠᠭ ᠲᠤ ᠠᠶᠢᠷᠭᠤᠳ | ᠂ ᠪᠤᠶᠢᠷᠭᠤᠳ᠂ ᠴᠠᠭᠠᠨ᠂ ᠠᠯᠴᠢ᠂ ᠲᠠᠳᠠᠭᠤᠳ᠂ ᠠᠯᠤᠬᠠᠢ ᠭᠡᠵᠤ ᠵᠢᠷᠭᠤᠭᠠᠨ ᠰᠠᠯᠪᠤᠷᠢ ᠤᠪᠤᠭ ᠲᠠᠢ᠃ ᠬᠦᠯᠥᠨ | ᠪᠤᠶᠢᠷ ᠤᠨ ᠦᠷᠭᠡᠨ ᠠᠭᠤᠳᠠᠮ ᠲᠠᠯ᠎ᠠ ᠨᠤᠳᠤᠭ ᠲᠤ ᠤᠳᠣᠷᠯᠠᠨ ᠮᠠᠯᠵᠢᠳᠠᠭ ᠪᠠᠶᠢᠯ᠎ᠠ᠃ ︽ᠰᠣᠳᠣᠷ ᠤᠨ ᠴᠢᠭᠤᠯᠭᠠᠨ︾ | ᠳᠤ ᠲᠤᠰ ᠠᠶᠢᠮᠠᠭ ᠨᠡᠶᠢᠳᠡ ᠲᠤᠯᠤᠭᠠᠨ ᠲᠦᠮᠡ ᠭᠠᠷᠣᠢ ᠬᠦᠮᠦᠨ ᠠᠮᠠ ᠲᠠᠢ ᠭᠡᠵᠤ ᠲᠡᠮᠳᠡᠭᠯᠡᠵᠡᠢ᠃ ᠲᠤᠰ ᠠᠶᠢᠮᠠᠭ | ᠮᠠᠯ ᠠᠵᠦ ᠠᠬᠤᠢ ᠲᠠᠢ ᠪᠠᠷ ᠪᠠᠷᠠᠬᠤ ᠦᠭᠡᠢ ᠪᠠᠰᠠ ᠡᠳᠣᠢ ᠲᠡᠳᠦᠢ ᠲᠠᠷᠢᠶᠠᠯᠠᠩ ᠲᠠᠢ ᠪᠠᠶᠢᠯ᠎ᠠ᠃ ᠲᠡᠳᠡ ᠪᠠᠰᠠ ᠭᠡᠷᠡᠮ | ᠬᠠᠰᠢᠶ᠎ᠡ ᠪᠠᠷᠢᠵᠦ ᠰᠠᠭᠤᠷᠢᠰᠢᠨ ᠰᠠᠭᠤᠳᠠᠭ ᠪᠠᠶᠢᠵᠠᠢ᠃ ᠠᠷᠪᠠᠨ ᠬᠤᠶᠠᠳᠣᠭᠠᠷ ᠵᠠᠭᠤᠨ ᠤ ᠲᠤᠮᠳᠠᠴᠢ ᠪᠠᠷ | ᠮᠤᠩᠭᠤᠯ ᠤᠨ ᠡᠯ᠎ᠡ ᠠᠶᠢᠮᠠᠭ ᠤᠳ ᠲᠠᠲ᠋ᠡᠷ ᠠᠶᠢᠮᠠᠭ ᠢᠶᠠᠷ ᠭᠤᠤᠯᠴᠢᠯᠠᠭᠰᠠᠨ ᠠᠶᠢᠮᠠᠭ ᠤᠨ ᠬᠤᠯᠪᠤᠭ᠎ᠠ ᠪᠤᠯᠤᠨ | ᠪᠦᠷᠢᠯᠳᠦᠵᠦ ᠠᠯᠳᠠᠨ ᠤᠯᠤᠰ ᠲᠤ ᠬᠦᠨᠳᠦ ᠨᠤᠴᠢᠳᠡᠢ ᠴᠤᠬᠢᠯᠳᠠ ᠦᠭᠪᠡ᠃ ᠡᠴᠦᠰ ᠲᠡᠭᠡᠨ ᠬᠦᠴᠦᠨ ᠮᠡᠭᠦᠰᠳᠡᠵᠦ | ᠴᠡᠷᠢᠭ ᠲᠠᠷᠣᠭᠳᠠᠭᠰᠠᠨ ᠪᠤᠯᠪᠠᠴᠤ ᠡᠬᠦᠨ ᠠᠴᠠ ᠡᠬᠢᠯᠡᠨ ᠲᠡᠲ᠋ᠡᠷ ᠤᠨ ᠨᠡᠷ᠎ᠡ ᠲᠡᠯᠡᠭᠡᠢ ᠳ᠋ᠠᠬᠢᠨ ᠳᠤ ᠮᠠᠨᠳᠣᠪᠠ᠃ ᠲᠠᠲ᠋ᠠᠷ | ᠠᠶᠢᠮᠠᠭ ᠶᠡᠷᠦᠨᠢ ᠠᠯᠳᠠᠨ ᠤᠯᠤᠰ᠂ ᠯᠢᠶᠤᠤ ᠤᠯᠤᠰ ᠤᠨ ᠤᠮᠠᠷᠠᠳᠣ ᠶᠢᠨ ᠲᠠᠯ᠎ᠠ ᠨᠤᠳᠤᠭ ᠲᠠᠬᠢ ᠡᠯ᠎ᠡ ᠠᠶᠢᠮᠠᠭ ᠢ | ᠲᠠᠷᠣᠩᠭᠤᠶᠢᠯᠠᠬᠤ ᠳᠤ ᠪᠠᠭᠠᠵᠢ ᠪᠤᠯᠤᠭᠰᠠᠭᠠᠷ ᠢᠷᠡᠵᠡᠢ᠃ ᠳᠠᠳᠠ ᠤᠷᠢᠳ ᠬᠤᠵᠢᠳ ᠬᠡᠷᠡᠶᠢᠳ ᠤᠨ ᠲᠦᠷᠦᠭᠦᠦ | ᠮᠠᠷᠺᠥᠰ ᠪᠤᠶᠢᠷᠤᠭ ᠬᠠᠨ᠂ ᠮᠤᠩᠭᠤᠯ ᠤᠨ ᠠᠮᠪᠠᠭᠠᠢ ᠬᠠᠨ ᠭᠡᠭᠦᠴᠢᠯᠡᠨ ᠮᠤᠩᠭᠤᠯ ᠤᠨ ᠤᠯᠠᠨ ᠲᠦᠷᠦᠭᠦᠦ ᠶᠢ ᠠᠯᠳᠠᠨ | ᠤᠯᠤᠰ ᠲᠤ ᠬᠦᠷᠭᠡᠵᠦ ︽ᠮᠤᠳᠣᠨ ᠡᠯᠵᠢᠭᠡᠨ ᠳᠤ ᠬᠠᠳᠠᠬᠤ ᠡᠷᠡᠭᠦᠦ︾ ᠪᠠᠷ ᠬᠤᠷᠣᠭᠠᠭᠰᠠᠨ ᠪᠤᠯᠬᠤᠷ ᠮᠤᠩᠭᠤᠯ ᠤᠨ | ᠡᠯ᠎ᠡ ᠠᠶᠢᠮᠠᠭ ᠲᠠᠢ ᠦᠰᠢᠶ᠎ᠡ ᠵᠠᠩᠭᠢᠳᠴᠠᠢ᠃ 1196 ᠤᠨ ᠳᠤ᠂ ᠴᠢᠩᠭᠢᠰ ᠬᠠᠭᠠᠨ ᠠᠯᠳᠠᠨ ᠤᠯᠤᠰ ᠤᠨ | ᠬᠦᠴᠦᠨ ᠢ ᠠᠰᠢᠭᠯᠠᠨ ᠸᠠᠩ ᠬᠠᠨ ᠤ ᠬᠠᠮᠳᠣ ᠬᠤᠰᠣᠳᠣ ᠰᠢᠳᠦᠭᠡᠨ ᠭᠡᠬᠦ ᠭᠠᠵᠠᠷ ᠲᠤ ᠲᠠᠲ᠋ᠡᠷᠴᠤᠳ ᠢ ᠶᠡᠭᠡ ᠪᠠᠷ | ᠢᠯᠡᠵᠦ᠂ ᠮᠡᠬᠦᠵᠢᠨ ᠰᠡᠬᠦᠯᠳᠦ ᠶᠢ ᠠᠯᠠᠭᠰᠠᠨ ᠪᠤᠯᠪᠠᠴᠤ ᠣᠳᠠᠭᠰᠠᠨ ᠦᠭᠡᠢ ᠲᠠᠬᠢᠨ ᠬᠦᠴᠦᠷᠭᠡᠭᠵᠢᠪᠡ᠃ 1202 | ᠤᠨ ᠳᠤ ᠲᠡᠮᠦᠵᠢᠨ ᠬᠤᠶᠡᠷ ᠲᠦᠮᠡᠨ ᠴᠡᠷᠢᠭ ᠠᠪᠴᠦ ᠭᠤᠷᠪᠠᠨ ᠵᠠᠮ ᠢᠶᠠᠷ ᠲᠠᠯᠠᠨ ᠨᠦᠮᠦᠷᠭᠡᠰ ᠭᠡᠬᠦ ᠭᠠᠵᠠᠷ ᠲᠤ | ᠲᠠᠲ᠋ᠠᠷ ᠠᠶᠢᠮᠠᠭ ᠢ ᠲᠦᠢᠯᠪᠤᠷᠢᠳᠡᠢ ᠢᠯᠠᠭᠰᠠᠨ ᠤ ᠲᠠᠷᠠᠭ᠎ᠠ᠂ ᠲᠡᠭᠡᠳᠦᠰ ᠤᠨ ᠦᠰᠢᠶ᠎ᠡ ᠪᠠᠨ ᠠᠪᠬᠤ ᠶᠢᠨ ᠲᠦᠯᠥᠭᠡ | ᠤᠯᠵᠠᠯᠠᠭᠳᠠᠭᠰᠠᠨ ᠲᠠᠲ᠋ᠡᠷ ᠢᠷᠭᠡᠳ ᠢ ᠬᠠᠩᠬᠠᠢ ᠲᠡᠷᠭᠡᠨ ᠤ ᠲᠡᠩᠭᠡᠯᠢᠭ ᠴᠦ᠋ ︵ᠭᠡᠭᠡᠰᠦ︶ ᠪᠠᠷ ᠬᠡᠮᠵᠢᠵᠦ ᠴᠢᠰᠣᠳᠣ | ᠬᠢᠳᠣᠯᠭ᠎ᠠ ᠶᠠᠪᠤᠭᠤᠯᠬᠤ ᠪᠠᠷ ᠵᠦᠪᠯᠡᠨ ᠲᠤᠭᠳᠠᠭᠠᠳ ᠨᠢᠭᠡ ᠮᠢᠩᠭᠠᠨ ᠲᠠᠲ᠋ᠠᠷ ᠢᠷᠭᠡᠨ ᠢ ᠬᠠᠰᠠᠷ ᠲᠤ ᠲᠤᠰᠢᠶᠠᠨ | ᠦᠭᠴᠦ ᠪᠦᠬᠦᠳᠠ ᠶᠢ ᠠᠯᠠᠭᠤᠯᠬᠤ ᠭᠡᠪᠡ᠃ ᠭᠡᠪᠡᠴᠦ ᠬᠠᠰᠠᠷ ᠤᠨ ᠬᠠᠳᠣᠨ ᠨᠢ ᠲᠠᠲ᠋ᠠᠷ ᠬᠦᠮᠦᠨ ᠪᠤᠯᠬᠤᠷ ᠲᠡᠪᠤᠨ | ᠵᠠᠭᠤᠨ ᠬᠦᠮᠦᠨ ᠢ ᠨᠢ ᠠᠯᠠᠭᠠᠳ᠂ ᠲᠠᠪᠤᠨ ᠵᠠᠭᠤᠨ ᠬᠦᠮᠦᠨ ᠢ ᠨᠢ ᠨᠢᠭᠤᠵᠦ ᠦᠯᠡᠳᠡᠭᠡᠭᠰᠡᠨ ᠳᠤ ᠴᠢᠩᠭᠢᠰ ᠬᠠᠭᠠᠨ | ᠬᠠᠰᠠᠷ ᠲᠤ ᠲᠤᠷ᠎ᠠ ᠦᠭᠡᠶᠢᠴᠡᠭᠰᠡᠨ ᠪᠠᠶᠢᠨ᠎ᠠ᠃ ᠡᠨᠡ ᠪᠣᠯ ᠬᠠᠰᠠᠷ ᠬᠢᠭᠡᠳ ᠲᠡᠮᠦᠵᠢᠨ ᠤ ᠬᠤᠭᠤᠷᠣᠨᠳᠣᠬᠢ | ᠬᠤᠶᠠᠳᠠᠭᠴᠢ ᠤᠳᠠᠭᠠᠨ ᠤ ︽ᠵᠦᠷᠢᠴᠡᠯ︾ ᠪᠤᠯᠤᠨ᠎ᠠ᠃ | | ᠬᠤᠩᠬᠤᠳᠠᠨ ᠤᠪᠤᠭ ᠤᠨ ᠢᠷᠡᠯ ᠡᠭᠦᠰᠦᠯ ᠤᠨ ᠲᠤᠬᠠᠢ ᠬᠤᠶᠡᠷ ᠵᠦᠢᠯ ᠤᠨ ᠬᠡᠯᠡᠯᠭᠡ ᠪᠠᠶᠢᠨ᠎ᠠ᠃ ︽ | ᠮᠤᠩᠭᠤᠯ ᠤᠨ ᠨᠢᠭᠤᠴᠠ ᠲᠤᠪᠴᠢᠶᠡᠨ︾ ᠢ ᠦᠨᠳᠦᠰᠦᠯᠡᠪᠡᠯ᠂ ᠴᠢᠩᠭᠢᠰ ᠬᠠᠭᠠᠨ ᠤ ᠵᠢᠷᠭᠤᠳᠣᠭᠠᠷ ᠦᠶ᠎ᠡ ᠶᠢᠨ | ᠲᠡᠭᠡᠳᠦᠰ ᠴᠠᠤᠵᠢᠨ ᠦᠷᠳᠡᠭᠡᠢ ᠶᠢᠨ ᠬᠤᠶᠠᠳᠣᠭᠠᠷ ᠬᠦᠦ ᠨᠢ ᠬᠤᠩᠬᠤᠳᠠᠨ ᠭᠡᠳᠡᠭ ᠨᠡᠷ᠎ᠡ ᠲᠠᠢ᠂ ᠲᠡᠭᠦᠨ ᠤ | ᠬᠤᠶᠢᠴᠢᠰ ᠨᠢ ᠬᠤᠩᠬᠤᠳᠠᠨ ᠤᠪᠤᠭᠳᠠᠨ ᠪᠤᠯᠵᠠᠢ ᠬᠡᠳᠡᠭ᠃ ︽ᠴᠢᠩᠭᠢᠰ ᠬᠠᠭᠠᠨ ᠤ ᠲᠤᠪᠴᠢᠶᠡᠨ︾ ᠢ | ᠦᠨᠳᠦᠰᠦᠯᠡᠪᠡᠯ᠂ ᠴᠠᠤᠵᠢᠨ ᠦᠷᠳᠡᠭᠡᠢ ᠶᠢᠨ ᠬᠤᠶᠠᠳᠣᠭᠠᠷ ᠬᠦᠦ ᠨᠢ ᠲᠦᠷᠯᠦ᠋ᠢᠳᠦ ᠭᠡᠳᠡᠭ ᠨᠡᠷ᠎ᠡ ᠲᠠᠢ᠃ | ᠲᠦᠷᠯᠦ᠋ᠢᠳᠦ ᠶᠢᠨ ᠵᠠᠮ ᠶᠠᠪᠤᠬᠤ ᠨᠢ ᠲᠦᠢᠯ ᠤᠨ ᠬᠤᠷᠳᠣᠨ᠂ ᠬᠠᠮᠠᠷ ᠢᠶᠠᠷ ᠢᠶᠠᠨ ᠠᠮᠢᠰᠬᠤᠬᠤ ᠨᠢ ᠬᠤᠩᠬᠤ | ᠲᠤᠤᠭᠠᠷᠬᠤ ᠲᠠᠢ ᠠᠳᠠᠯᠢ ᠪᠤᠯᠬᠤᠷ ᠲᠡᠭᠦᠨ ᠤ ᠬᠤᠶᠢᠴᠢᠰ ᠨᠢ ᠬᠤᠩᠬᠤᠳᠠᠨ ᠤᠪᠤᠭᠳᠠᠨ ᠪᠤᠯᠵᠠᠢ ᠭᠡᠪᠡ᠃ ᠶᠢᠰᠦᠭᠡᠢ | ᠪᠠᠭᠠᠳᠣᠷ ᠨᠠᠰᠤ ᠪᠠᠷᠠᠬᠤ ᠦᠶ᠎ᠡ ᠳᠤ ᠪᠠᠨ ᠭᠠᠷ ᠲᠤᠤᠷ᠎ᠠ ᠪᠠᠨ ᠵᠠᠷᠣᠭᠳᠠᠵᠦ ᠪᠠᠶᠢᠭᠰᠠᠨ ᠬᠤᠩᠬᠤᠳᠠᠨ ᠠᠶᠢᠮᠠᠭ ᠤᠨ | ᠮᠡᠩᠯᠢᠭ ᠲᠤ ᠪᠡᠯᠪᠡᠰᠦᠨ ᠡᠭᠡᠨᠡᠷ ᠦᠭᠡᠯᠥᠨ ᠦᠵᠢᠨ ᠪᠠ ᠦᠨᠦᠴᠢᠨ ᠭᠡᠣᠭᠡᠳ ᠢᠶᠠᠨ ᠲᠤᠰᠢᠶᠠᠵᠦ ᠦᠭᠭᠦᠭᠰᠡᠨ ᠶᠤᠮ᠃ | ᠡᠶᠢᠮᠤ ᠠᠴᠠ ᠲᠠᠮᠦᠵᠢᠨ ᠨᠡᠷ ᠲᠡᠭᠦᠨ ᠢ ᠡᠴᠢᠭᠡ ᠭᠡᠵᠤ ᠲᠠᠭᠤᠳᠠᠳᠠᠭ ᠪᠠᠶᠢᠵᠠᠢ᠃ ᠮᠡᠩᠯᠢᠭ ᠤᠨ ᠲᠦᠷᠪᠡᠳᠦᠭᠡᠷ ᠬᠦᠦ | ᠬᠦᠭᠡᠴᠦ ᠪᠣᠯ ᠲᠡᠪ ᠲᠡᠭᠷᠢ ᠴᠤᠯᠠ ᠲᠠᠢ ᠪᠦᠭᠡ ᠪᠠᠶᠢᠭᠰᠠᠨ ᠶᠤᠮ᠃ ᠮᠤᠩᠭᠤᠯᠴᠤᠳ ᠪᠦᠭᠡ ᠮᠦᠷᠭᠦᠯ ᠢ ᠰᠢᠳᠦᠳᠡᠭ | ᠤᠴᠢᠷ ᠠᠴᠠ ᠬᠦᠭᠡᠴᠦ ᠪᠦᠭᠡ ᠶᠢᠨ ᠪᠠᠶᠢᠷᠢ ᠰᠠᠭᠤᠷᠢ ᠨᠢ ᠮᠤᠩᠭᠤᠯᠴᠤᠳ ᠤᠨ ᠲᠤᠮᠳᠠ ᠨᠡᠯᠢᠶᠡᠳ ᠲᠡᠭᠡᠬᠦᠷ ᠪᠠᠶᠢᠵᠠᠢ | ᠃ ᠤᠨᠴᠠᠭᠠᠶᠢᠯᠠᠨ ᠲᠡᠷᠡ ᠡᠯᠳᠡᠪ ᠤᠪᠠᠳᠢᠰ ᠡᠷᠳᠡᠮ ᠡᠭᠦᠰᠭᠡᠨ ᠬᠦᠮᠦᠰ ᠤᠨ ᠪᠢᠰᠢᠷᠡᠯ ᠢᠳᠡᠭᠡᠯ ᠢ ᠤᠯᠳᠠᠭ | ᠤᠴᠢᠷ ᠠᠴᠠ ᠲᠡᠬᠦᠨ ᠤ ᠲᠤᠭᠤᠷᠢᠨ ᠳᠤ ᠨᠡᠯᠢᠶᠡᠳ ᠤᠯᠠᠨ ᠬᠦᠮᠦᠨ ᠲᠠᠢ ᠪᠠᠶᠢᠵᠡᠢ᠃ ᠴᠢᠩᠭᠢᠰ ᠬᠠᠭᠠᠨ ᠮᠤᠩᠭᠤᠯ ᠢ | ᠨᠢᠭᠡᠳᠭᠡᠬᠦ ᠠᠴᠠ ᠪᠠᠨ ᠡᠮᠦᠨ᠎ᠡ ᠬᠦᠭᠡᠴᠦ ᠪᠦᠭᠡ ᠶᠢᠨ ᠡᠨᠡᠬᠦ ᠢᠳᠡᠭᠡᠯ ᠬᠦᠨᠳᠣ ᠪᠠᠶᠢᠷᠢ ᠰᠠᠭᠤᠷᠢ ᠶᠢ ᠠᠰᠢᠭᠯᠠᠵᠦ᠂ | ᠦᠪᠡᠷ ᠤᠨ ᠢᠶᠠᠨ ᠲᠤᠬᠠᠢ ᠢᠳᠡᠪᠬᠢᠳᠡᠢ ᠤᠬᠠᠭᠤᠯᠭ᠎ᠠ ᠬᠢᠯᠭᠡᠪᠡ᠃ ᠡᠨᠡ ᠣᠬᠠᠭᠤᠯᠭ᠎ᠠ ᠨᠢ ᠦᠨᠡᠭᠡᠷ | ᠮᠤᠩᠭᠤᠯᠴᠤᠳ ᠤᠨ ᠲᠤᠮᠳᠠ ᠵᠤᠬᠢᠬᠤ ᠨᠦᠯᠥᠭᠡ ᠭᠠᠷᠭᠠᠵᠦ᠂ ᠮᠤᠩᠭᠤᠯ ᠬᠠᠭᠠᠨᠳᠣ ᠤᠯᠤᠰ ᠤᠨ | ᠪᠠᠶᠢᠭᠤᠯᠤᠭᠳᠠᠬᠤ ᠳᠤ ᠢᠳᠡᠪᠭᠢ ᠦᠢᠯᠡᠳᠦᠯ ᠦᠵᠡᠬᠦᠯᠥᠭᠰᠡᠨ ᠠᠴᠠ ᠡᠨᠡ ᠬᠦᠮᠦᠨ ︽ᠲᠡᠪ ᠲᠡᠭᠷᠢ︾ ᠭᠡᠰᠡᠨ | ᠴᠤᠯᠠ ᠲᠠᠢ ᠪᠤᠯᠵᠠᠢ᠃ ᠲᠡᠪ ᠲᠡᠭᠷᠢ ᠨᠢᠭᠡᠨ ᠦᠶ᠎ᠡ ᠴᠢᠩᠭᠢᠰ ᠬᠠᠭᠠᠨ ᠤ ᠢᠳᠡᠭᠡᠯ ᠢ ᠭᠦᠨ ᠤᠯᠵᠦ᠂ ︽ᠴᠢᠩᠭᠢᠰ︾ | ᠭᠡᠳᠡᠭ ᠴᠤᠯᠠ ᠶᠢ ᠮᠦᠨ ᠲᠡᠪ ᠲᠡᠭᠷᠢ ᠲᠡᠭᠷᠢ ᠶᠢᠨ ᠰᠠᠨᠠᠭ᠎ᠠ ᠪᠠᠷ ᠦᠭᠭᠦᠭᠰᠡᠨ ᠭᠡᠵᠤ ᠪᠠᠶᠢᠪᠠ᠃ | | ᠮᠡᠩᠯᠢᠭ ᠡᠴᠢᠭᠡ ᠶᠢᠨ ᠳᠣᠯᠤᠭᠠᠨ ᠬᠥᠥ ᠨᠢᠭᠡᠨ ᠡᠳᠣᠷ ᠬᠠᠰᠠᠷ ᠢ ᠵᠤᠳᠣᠪᠠ᠃ ᠬᠠᠰᠠᠷ ᠠᠬ᠎ᠠ | ᠳᠡᠮᠤᠵᠢᠨ ᠳᠤ ᠢᠷᠡᠵᠤ ᠤᠬᠢᠯᠠᠨ᠄ ︽ᠤᠷᠵᠢᠳᠣᠷ ᠮᠡᠩᠯᠢᠭ ᠡᠴᠢᠭᠡ ᠶᠢᠨ ᠬᠥᠥ ᠬᠥᠭᠡᠴᠤ ᠪᠥᠭᠡ ᠠᠬ᠎ᠠ ᠳᠡᠭᠦᠥ | ᠳᠣᠯᠤᠭᠤᠯᠠ ᠨᠠᠳᠠ ᠶᠢ ᠬᠡᠪᠳᠡᠷᠢ ᠳᠤ ᠤᠷᠣᠳᠠᠯᠠ ᠵᠤᠳᠣᠪᠠ︾ ᠭᠡᠵᠤ ᠵᠠᠭᠠᠯᠳᠣᠭᠰᠠᠨ ᠳᠤ ᠳᠡᠮᠥᠵᠢᠨ ᠶᠠᠭ ᠰᠠᠶ᠋ᠢᠬᠠᠨ | ᠠᠯᠳᠠᠨ ᠤᠯᠤᠰ ᠲᠤ ᠬᠤᠷᠣᠰᠣᠨ ᠬᠢᠯᠢᠩᠯᠡᠵᠤ ᠪᠠᠶᠢᠬᠤ ᠳᠡᠭᠡᠷ᠎ᠡ ᠳᠣᠬᠢᠶᠠᠯᠳᠣᠵᠤ ᠤᠴᠢᠷ ᠶᠠᠪᠤᠳᠠᠯ ᠢ ᠳᠣᠳᠣᠷᠬᠠᠢ | ᠠᠰᠠᠭᠤᠵᠤ ᠰᠣᠷᠠᠭᠰᠠᠨ ᠦᠭᠡᠢ ᠰᠢᠭᠤᠳ ᠠᠭᠤᠷ ᠬᠢᠯᠢᠩ ᠢᠶᠠᠨ ᠳᠡᠭᠦᠥ ᠳᠡᠭᠡᠨ ᠭᠠᠷᠭᠠᠵᠤ᠄ ︽ᠴᠢ ᠬᠡᠵᠢᠶᠡᠳᠡ | ᠪᠤᠰᠣᠳ ᠲᠤ ᠳᠡᠶᠢᠯᠥᠭᠳᠡᠳᠡᠭ ᠥᠭᠡᠢ ᠪᠢᠰᠢ ᠤᠤ︖ ᠥᠨᠤᠳᠣᠷ ᠶᠠᠭᠠᠬᠢᠭᠠᠳ ᠳᠡᠶᠢᠯᠥᠭᠳᠡᠴᠢᠬᠡᠪᠡ︖︾ ᠭᠡᠵᠤ | ᠬᠠᠰᠠᠷ ᠢ ᠶᠡᠬᠡᠳᠡ ᠪᠤᠷᠣᠭᠤᠰᠢᠶᠠᠨ ᠰᠢᠭᠦᠮᠵᠢᠯᠡᠪᠡ᠃ ᠬᠠᠰᠠᠷ ᠵᠤᠳᠣᠭᠳᠠᠭᠰᠠᠨ ᠤ ᠳᠡᠭᠡᠷ᠎ᠡ ᠠᠬ᠎ᠠ ᠳᠠᠭᠠᠨ | ᠰᠢᠭᠦᠮᠵᠢᠯᠡᠭᠳᠡᠭᠡᠳ ᠭᠤᠮᠤᠳᠠᠯᠳᠠᠢ ᠪᠠᠷ ᠨᠢᠳᠣᠨ ᠨᠢᠯᠪᠤᠰᠣ ᠪᠠᠨ ᠤᠨᠠᠭᠠᠭᠰᠠᠭᠠᠷ ᠭᠠᠷᠴᠤ ᠶᠠᠪᠤᠭᠠᠳ ᠭᠤᠷᠪᠠᠨ ᠡᠳᠣᠷ | ᠴᠢᠩᠭᠢᠰ ᠬᠠᠭᠠᠨ ᠳᠤ ᠪᠠᠷᠠᠭᠠᠳᠠᠭᠰᠠᠨ ᠦᠭᠡᠢ᠃ ᠡᠬᠦᠨ ᠢ ᠥᠵᠡᠭᠡᠳ ᠬᠥᠬᠡᠴᠤ ᠪᠥᠭᠡ ᠥᠪᠡᠷ ᠤᠨ ᠡᠷᠭᠡ ᠦᠭᠡᠢ | ᠪᠠᠶᠠᠷᠯᠠᠪᠠ᠃ ︽ᠴᠢᠩᠭᠢᠰ ᠬᠠᠭᠠᠨ ᠤ ᠭᠠᠷ ᠬᠥᠯ ᠢ ᠨᠢ ᠨᠢᠭᠡ ᠨᠢᠭᠡ ᠪᠠᠷ ᠬᠤᠭᠤᠴᠢᠵᠤ ᠬᠠᠶᠠᠪᠠᠯ ᠰᠠᠶ᠋ᠢ ᠮᠢᠨᠥ | ᠰᠠᠨᠠᠭᠠᠨ ᠳᠤ ᠬᠥᠷᠴᠤ ᠬᠥᠰᠡᠯ ᠪᠡᠶᠡᠯᠡᠭᠳᠡᠨ᠎ᠡ︾ ᠭᠡᠵᠤ ᠪᠤᠳᠣᠭᠠᠳ ᠵᠢᠷᠳᠡᠭᠡᠷ ᠨᠠᠷᠢᠨ ᠨᠢᠳᠣ ᠪᠠᠨ ᠠᠨᠢᠰᠬᠢᠵᠤ | ᠥᠷᠪᠠᠶᠢᠭ᠍ᠰᠡᠨ ᠵᠤᠵᠠᠭᠠᠨ ᠭᠡᠵᠢᠭᠡ ᠪᠠᠨ ᠠᠷᠣ ᠳᠡᠰᠢ ᠢᠯᠢᠵᠤ ᠶᠡᠭᠡ ᠶᠡᠭᠡ ᠠᠯᠬᠤᠭᠰᠠᠭᠠᠷ ᠴᠢᠩᠭᠢᠰ ᠬᠠᠭᠠᠨ ᠤ | ᠤᠷᠳᠣᠨ ᠳᠤ ᠤᠷᠣᠵᠤ ᠢᠷᠡᠪᠡ᠃ ᠴᠢᠩᠭᠢᠰ ᠬᠠᠭᠠᠨ ᠰᠠᠭᠤᠳᠠᠯ ᠬᠠᠶᠢᠷᠠᠯᠠᠵᠤ ︽ᠬᠥᠬᠡᠴᠤ ᠪᠥᠭᠡ ᠮᠢᠨᠢ᠂ ᠭᠠᠳᠠᠨ᠎ᠠ | ᠶᠠᠭᠤ ᠪᠤᠯᠵᠤ ᠪᠠᠶᠢᠬᠤ ᠪᠤᠢ᠂ ᠳᠡᠭᠡᠳᠣ ᠲᠡᠭᠷᠢ ᠵᠠᠷᠯᠢᠭ ᠲᠠᠢ ᠤᠤ︖︾ ᠭᠡᠵᠤ ᠬᠥᠨᠳᠣᠳᠭᠡᠨ ᠠᠰᠠᠭᠤᠪᠠ᠃ | ᠬᠥᠬᠡᠴᠤ ᠪᠥᠭᠡ ᠬᠤᠭᠤᠯᠠᠢ ᠪᠠᠨ ᠵᠠᠰᠠᠭᠠᠳ ᠴᠢᠩᠭᠢᠰ ᠬᠠᠭᠠᠨ ᠳᠤ᠄ ︽ᠬᠠᠭᠠᠨ ᠡᠵᠡᠨ ᠮᠢᠨᠢ᠂ ᠳᠡᠭᠡᠳᠣ ᠳᠡᠭᠷᠢ ᠶᠢᠨ | ᠰᠠᠬᠢᠭᠤᠯᠰᠣᠨ ᠠᠴᠠ ᠳᠡᠮᠤᠵᠢᠨ ᠨᠢᠭᠡᠨ ᠥᠶ᠎ᠡ ᠡᠵᠡᠨ ᠰᠠᠭᠤᠵᠣ᠂ ᠬᠠᠰᠠᠷ ᠨᠢᠭᠡᠨ ᠥᠶ᠎ᠡ ᠡᠵᠡᠨ ᠰᠠᠭᠤᠨ᠎ᠠ ᠭᠡᠵᠤ | ᠨᠠᠳᠠ ᠮᠡᠳᠡᠭᠡ ᠥᠭᠪᠡ᠃ ᠡᠵᠡᠨ ᠲᠠ ᠵᠠᠪᠳᠣᠵᠤ ᠬᠠᠰᠠᠷ ᠢ ᠰᠢᠳᠭᠡᠬᠦ ᠥᠭᠡᠢ ᠪᠣᠯ ᠬᠠᠭᠠᠨ ᠤ ᠰᠠᠭᠤᠷᠢ ᠪᠠᠨ | ᠳᠡᠭᠦᠨ ᠳᠤ ᠪᠤᠯᠢᠶᠠᠭᠳᠠᠨ᠎ᠠ︾ ᠭᠡᠵᠤ ᠵᠠᠪᠰᠠᠷᠳᠠᠭᠤᠯᠤᠨ ᠬᠡᠯᠡᠭᠰᠡᠨ ᠳᠤ ᠴᠢᠩᠭᠢᠰ ᠬᠠᠭᠠᠨ ᠳᠡᠭᠦᠨ ᠤ ᠡᠨᠡ ᠦᠭᠡ ᠶᠢ | ᠢᠳᠡᠭᠡᠵᠤ ᠬᠠᠰᠠᠷ ᠬᠡᠳᠤᠨ ᠡᠳᠣᠷ ᠢᠷᠡᠭᠰᠡᠨ ᠦᠬᠡᠢ ᠤᠴᠢᠷ ᠢ ᠰᠠᠨᠠᠭᠠᠯᠵᠠᠨ ᠰᠥᠨᠢ ᠲᠥᠯᠢ ᠪᠠᠷ ᠬᠥᠮᠥᠨ ᠵᠠᠷᠣᠵᠤ᠂ | ᠬᠠᠰᠠᠷ ᠢ ᠪᠠᠷᠢᠵᠤ ᠬᠥᠯᠢᠭᠡᠳ ᠮᠠᠯᠠᠭᠠᠢ ᠳᠡᠪᠡᠯ ᠢ ᠨᠢ ᠳᠠᠶᠢᠯᠵᠤ ᠠᠰᠠᠭᠤᠵᠤ ᠰᠢᠳᠭᠡᠵᠤ ᠪᠠᠶᠢᠭᠰᠠᠨ ᠢ ᠥᠭᠡᠯᠥᠨ | ᠥᠵᠢᠨ ᠤᠯᠵᠤ ᠰᠤᠨᠤᠰᠣᠭᠠᠳ ᠶᠡᠬᠡᠳᠡ ᠬᠢᠯᠢᠩᠯᠡᠵᠤ ᠴᠠᠭᠠᠨ ᠳᠡᠮᠡᠭᠡ ᠭᠥᠯᠥᠭᠰᠡᠨ ᠰᠡᠤᠭᠡ ᠳᠡᠷᠭᠡᠨ ᠳᠤ ᠰᠠᠭᠤᠵᠤ | ᠰᠥᠨᠢ ᠲᠥᠯᠢ ᠪᠠᠷ ᠶᠠᠪᠤᠭᠠᠳ ᠦᠷ ᠴᠠᠶᠢᠬᠤ ᠶᠢᠨ ᠥᠶ᠎ᠡ ᠪᠠᠷ ᠬᠥᠷᠴᠤ ᠢᠷᠡᠪᠡ᠃ ᠥᠭᠡᠯᠥᠨ ᠡᠭᠡ ᠬᠥᠷᠴᠤ | ᠢᠷᠡᠭᠰᠡᠨ ᠳᠤ ᠴᠢᠩᠭᠢᠰ ᠬᠠᠭᠠᠨ ᠬᠢᠷᠳᠡᠬᠢᠨ ᠠᠶᠤᠪᠠ᠃ ᠦᠭᠡᠯᠥᠨ ᠥᠵᠢᠨ ᠳᠡᠷᠭᠡᠨ ᠠᠴᠠ ᠪᠠᠨ ᠪᠠᠭᠤᠮᠠᠭᠴᠠ | ᠠᠭᠤᠷ ᠢᠶᠠᠨ ᠳᠠᠷᠣᠵᠤ ᠶᠠᠳᠠᠨ ᠬᠠᠰᠠᠷ ᠤᠨ ᠭᠥᠯᠢᠶᠡᠰᠣ ᠶᠢ ᠪᠡᠶ᠎ᠡ ᠪᠠᠷ ᠢᠶᠠᠨ ᠳᠠᠶᠢᠯᠵᠤ ᠮᠠᠯᠠᠭᠠᠢ ᠪᠥᠰᠡ ᠶᠢ ᠨᠢ | ᠪᠤᠴᠠᠭᠠᠵᠤ ᠥᠭᠭᠦᠭᠡᠳ ᠭᠠᠵᠠᠷ ᠳᠡᠭᠡᠷ᠎ᠡ ᠵᠠᠪᠢᠯᠠᠨ ᠰᠠᠭᠤᠵᠤ ᠬᠤᠶᠠᠷ ᠬᠥᠬᠦ ᠪᠠᠨ ᠭᠠᠷᠭᠠᠵᠤ ᠬᠤᠶᠠᠷ ᠭᠠᠷ ᠢᠶᠠᠷ ᠢᠶᠠᠨ | ᠪᠠᠷᠢᠭᠰᠠᠭᠠᠷ ᠬᠡᠯᠡᠭᠰᠡᠨ ᠨᠢ᠄ ︽ᠬᠠᠰᠠᠷ ᠲᠠ ᠬᠤᠶᠠᠭᠤᠯᠠ ᠬᠠᠷᠠᠰᠣᠭᠠᠢ᠂ ᠮᠢᠨᠥ ᠬᠤᠶᠠᠷ ᠬᠥᠬᠦ ᠶᠢ ᠬᠠᠮᠳᠣ | ᠬᠥᠬᠦᠭᠰᠡᠨ ᠪᠢᠰᠢ ᠤᠤ︖ ᠤᠳᠣ ᠳᠠᠶᠢᠰᠣᠨ ᠢᠶᠠᠨ ᠳᠠᠷᠣᠵᠤ ᠳᠠᠭᠤᠰᠪᠠ ᠭᠡᠵᠤ ᠬᠠᠰᠠᠷ ᠢᠶᠠᠨ ᠦᠵᠡᠨ ᠶᠠᠳᠠᠵᠤ | ᠲᠥᠷᠥᠭᠰᠡᠨ ᠠᠬ᠎ᠠ ᠳᠡᠭᠦᠥ ᠬᠤᠶᠠᠭᠤᠯᠠ ᠳᠠᠶᠢᠰᠤᠨ ᠪᠤᠯᠴᠢᠬᠠᠪᠠ ᠤᠤ︖︾ ᠭᠡᠵᠤ ᠴᠢᠩᠭᠢᠰ ᠬᠠᠭᠠᠨ ᠢ ᠰᠥᠷᠭᠡᠢ | ᠪᠤᠷᠣᠭᠤᠰᠢᠶᠠᠭᠰᠠᠨ ᠳᠤ ᠴᠢᠩᠭᠢᠰ ᠬᠠᠭᠠᠨ ᠮᠠᠰᠢ ᠢᠴᠢᠩᠭᠦᠷᠡᠵᠤ᠄ ︽ᠡᠭᠡ ᠶᠢᠨ ᠬᠢᠯᠢᠩᠯᠡᠭᠰᠡᠨ ᠳᠤ ᠠᠶᠤᠬᠤ ᠶᠢᠨ | ᠶᠡᠭᠡ ᠪᠠᠷ ᠠᠶᠣᠵᠤ ᠢᠴᠢᠬᠦ ᠶᠢᠨ ᠶᠡᠭᠡ ᠪᠠᠷ ᠢᠴᠢᠪᠠ᠂ ᠡᠬᠡ ᠪᠢᠳᠡᠭᠡᠢ ᠠᠭᠤᠷᠯᠠ᠂ ᠣᠳᠣ ᠪᠢᠳᠡ ᠬᠠᠷᠢᠶ᠎ᠠ︾ ᠭᠡᠳ | ᠬᠠᠰᠠᠷ ᠢ ᠲᠠᠯᠪᠢᠪᠠ ᠬᠡᠨ᠎ᠡ᠃ ᠭᠡᠪᠡᠴᠦ ᠴᠢᠩᠭᠢᠰ ᠬᠠᠭᠠᠨ ᠤ ᠰᠡᠵᠢᠭ ᠨᠢ ᠪᠦᠷᠢᠮᠦᠰᠦᠨ ᠲᠠᠶᠢᠯᠤᠭᠳᠠᠭᠰᠠᠨ ᠦᠭᠡᠢ | ᠲᠤᠯᠠ ᠦᠭᠡᠯᠥᠨ ᠡᠭᠡ ᠠᠴᠠ ᠲᠠᠯᠳᠠᠭᠤᠷ ᠬᠠᠰᠠᠷ ᠲᠤ ᠬᠤᠪᠢᠳᠡᠵᠤ ᠦᠭᠭᠦᠭᠰᠡᠨ ᠦᠮᠴᠢ ᠢᠷᠭᠡᠨ ᠢ ᠨᠢ ᠪᠤᠴᠠᠭᠠᠵᠤ | ᠠᠪᠤᠭᠠᠳ᠂ ᠵᠦᠪᠭᠡᠨ 1400 ᠡᠷᠦᠭᠡ ᠦᠯᠡᠳᠡᠭᠡᠵᠦ ᠦᠭᠪᠠ᠃ ᠡᠨᠡ ᠪᠣᠯ ᠬᠠᠰᠠᠷ ᠬᠢᠭᠡᠳ ᠲᠡᠮᠦᠵᠢᠨ ᠤ | ᠬᠤᠭᠤᠷᠣᠨᠳᠣᠬᠢ ᠭᠤᠷᠪᠠᠳᠠᠬᠢ ᠤᠳᠠᠭᠠᠨ ᠤ ︽ᠵᠦᠷᠢᠴᠡᠯ︾ ᠪᠤᠯᠤᠨ᠎ᠠ᠃ | | ᠠᠰᠢᠭᠯᠠᠭᠰᠠᠨ ᠨᠣᠮ᠄ ︽ᠮᠤᠩᠭᠤᠯ ᠤᠨ ᠲᠡᠣᠭᠡ ᠶᠢᠨ ᠲᠤᠯᠢ︾᠂ ︽ᠰᠢᠨ᠎ᠡ ᠪᠠᠷ ᠤᠷᠴᠢᠭᠤᠯᠵᠦ | ᠲᠠᠶᠢᠯᠪᠤᠷᠢᠯᠠᠭᠰᠠᠨ ᠮᠤᠩᠭᠤᠯ ᠤᠨ ᠨᠢᠭᠤᠴᠠ ᠲᠤᠪᠴᠢᠶᠠᠨ︾᠂ ︽ᠰᠢᠨ᠎ᠡ ᠪᠠᠷ ᠨᠠᠶᠢᠷᠠᠭᠤᠯᠤᠭᠰᠠᠨ ᠮᠤᠩᠭᠤᠯ | ᠦᠨᠳᠦᠰᠦᠳᠡᠨ ᠤ ᠲᠤᠪᠴᠢ ᠲᠡᠣᠭᠡ︾᠂ ︽ᠮᠤᠩᠭᠤᠯ ᠬᠠᠭᠠᠨᠳᠣ ᠤᠯᠤᠰ ᠤᠨ ᠲᠤᠪᠴᠢ ᠲᠡᠣᠭᠡ︾᠂ ︽ᠬᠠᠰᠠᠷ ᠤᠨ | ᠴᠠᠳᠢᠭ︾᠂ ︽ᠮᠤᠩᠭᠤᠯ ᠤᠨ ᠤᠪᠤᠭ ᠠᠶᠢᠮᠠᠭ ᠨᠡᠶᠢᠭᠡᠮ ᠤᠨ ᠪᠠᠶᠢᠭᠤᠯᠤᠯ ᠤᠨ ᠨᠡᠷᠡᠰ ᠤᠨ ᠲᠠᠶᠢᠯᠪᠤᠷᠢ︾᠂ ︽ | ᠬᠤᠷᠴᠢᠨ ᠲᠤᠪᠴᠢᠶᠠᠨ︾᠂ ︽ᠲᠡᠭᠷᠢᠯᠢᠭ ᠬᠦᠪᠡᠭᠦᠨ ᠴᠢᠩᠭᠢᠰ ᠬᠠᠭᠠᠨ︾᠂ ︽ᠨᠤᠷᠬᠠᠴᠢ ᠶᠢᠨ ᠵᠢᠵᠢᠭ ᠨᠠᠮᠳᠠᠷ︾ | ︵ᠬᠢᠳᠠᠳ ᠬᠡᠪᠯᠡᠯ︶᠂ ︽ᠬᠤᠷᠴᠢᠨ ᠪᠠᠷᠠᠭᠤᠨ ᠭᠠᠷᠣᠨ ᠲᠤᠮᠳᠠᠳᠣ ᠬᠤᠰᠢᠭᠤᠨ ᠤ ᠰᠣᠶᠤᠯ ᠲᠡᠣᠭᠡ︾ ︵ | ᠲᠤᠯᠤᠳᠣᠭᠠᠷ ᠡᠮᠬᠢᠳᠭᠡᠯ᠂ ᠬᠢᠳᠡᠳ ᠬᠡᠪᠯᠡᠯ︶᠃ | ᠮᠣᠩᠭᠤᠯ ᠰᠣᠳᠣᠯᠣᠯ ᠤᠨ ᠰᠣᠷᠠᠭ ᠵᠠᠩᠭᠢ ᠶᠢᠨ ᠰᠦᠯᠵᠢᠶ᠎ᠡ |