| | | | ᠨᠣᠮ ᠤᠨ ᠨᠡᠷ᠎ᠡ᠄ ︽ᠡᠳᠦᠷᠵᠢᠨ ᠰᠥᠨᠢᠵᠢᠨ︾ | ᠵᠣᠬᠢᠶᠠᠭᠴᠢ᠄ ᠺᠤᠰᠲ᠋ᠠᠨᠲ᠋ᠢᠨ ᠰᠢᠮᠦᠨᠤᠧ | ᠬᠡᠪᠯᠡᠭᠳᠡᠭᠰᠡᠨ ᠴᠠᠭ᠄ 2016 ᠣᠨ ᠤ 1 ᠰᠠᠷ᠎ᠠ ᠳᠤ | ᠬᠡᠪᠯᠡᠭᠦᠯᠦᠨ ᠲᠠᠷᠬᠠᠭᠠᠭᠰᠠᠨ ᠨᠢ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ | ᠥᠰᠦᠭ ᠤᠨ ᠲᠤᠭ᠎ᠠ᠄ 362 ᠮᠢᠩᠭ᠎ᠠ | ᠦᠨ᠎ᠡ᠄ 52.00 ᠲᠥᠭᠦᠷᠢᠭ | ᠲᠠᠨᠢᠯᠴᠠᠭᠤᠯᠤᠭᠰᠠᠨ ᠨᠢ᠄ ᠰᠢᠨᠬᠤᠧᠠ ᠮᠤᠩᠭᠤᠯ ᠨᠧᠲ | ᠢᠮᠢᠨ ᠤ ᠣᠷᠴᠢᠭᠤᠯᠤᠭᠰᠠᠨ ︽ᠡᠳᠦᠷᠵᠢᠨ ᠰᠥᠨᠢᠵᠢᠨ︾ ᠬᠡᠮᠡᠬᠦ ᠨᠣᠮ ᠣᠷᠴᠢᠮᠬᠠᠨ ᠥᠪᠥᠷ | ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ ᠬᠡᠪᠯᠡᠭᠳᠡᠨ ᠭᠠᠷᠴᠤ᠂ ᠤᠩᠰᠢᠭᠴᠢ ᠳᠠ ᠪᠦᠬᠦᠨ ᠤ ᠪᠠᠨ | ᠬᠠᠯᠠᠭᠤᠨ ᠠᠯᠠᠭᠠᠨ ᠳᠤ ᠳᠡᠯᠭᠡᠭᠳᠡᠬᠦ ᠪᠣᠯᠤᠯ᠎ᠠ᠃ ᠲᠣᠰ ᠨᠣᠮ ︽ᠰᠲ᠋ᠠᠯᠢᠩᠭ᠍ᠷᠠᠳ᠋ ᠲᠤ ᠪᠣᠯᠤᠭᠰᠠᠨ ᠪᠠᠭᠠᠲᠤᠷᠯᠢᠭ | ᠲᠤᠯᠤᠯᠳᠤᠭᠠᠨ ᠢ ᠨᠢᠳᠦ ᠪᠠᠷ ᠦᠵᠡᠭᠰᠡᠨ ᠤ ᠠᠮᠢᠳᠤ ᠪᠠᠷᠢᠮᠲᠠ︾ ᠭᠡᠮᠡᠨ ᠨᠡᠷᠡᠯᠡᠭᠳᠡᠵᠠᠢ᠃ ᠳᠤᠰ ᠪᠦᠳᠦᠬᠡᠯ ᠢᠶᠠᠷ ᠢᠶᠠᠨ | ᠵᠣᠬᠢᠶᠠᠭᠴᠢ ᠺᠣᠰᠲ᠋ᠠᠨᠲ᠋ᠢᠨ ᠰᠢᠮᠤᠨᠤᠧ 1946 ᠣᠨ ᠳᠤ ᠰᠲ᠋ᠠᠯᠢᠨ ᠤ ᠨᠡᠷᠡᠮᠵᠢᠲᠦ ᠱᠠᠩᠨᠠᠯ ᠢ ᠭᠥᠷᠳᠡᠭᠰᠡᠨ ᠪᠢᠯᠡ᠃ | ᠹᠠᠱᠢᠰ ᠢ ᠡᠰᠡᠷᠭᠦᠴᠡᠬᠦ ᠳᠠᠶᠢᠨ ᠤ ᠢᠯᠠᠯᠲᠠ ᠶᠢᠨ ᠳᠠᠯᠠᠨ ᠵᠢᠯ ᠤᠨ ᠣᠢ ᠰᠠᠶ᠋᠊ᠢᠬᠠᠨ ᠪᠣᠯᠵᠤ ᠦᠩᠬᠡᠷᠡᠭᠰᠡᠨ ᠡᠨᠡᠬᠦ | ᠳᠠᠰᠢᠷᠠᠮ ᠳᠤ ᠲᠣᠰ ᠨᠣᠮ ᠳᠠᠬᠢᠨ ᠬᠡᠪᠯᠡᠭᠳᠡᠭᠰᠡᠨ ᠨᠢ ᠦᠨᠡᠨ ᠪᠣᠳᠠᠲᠤ ᠠᠴᠢ ᠬᠤᠯᠪᠣᠭᠳᠠᠯ ᠲᠠᠢ ᠶᠤᠮ᠃ | ᠲᠣᠰ ᠷᠣᠮᠠᠨ ᠤ ᠵᠣᠬᠢᠶᠠᠭᠴᠢ ᠺᠣᠰᠲ᠋ᠠᠨᠲ᠋ᠢᠨ ᠰᠢᠮᠤᠨᠤᠧ ᠪᠣᠯ ᠡᠭᠡ ᠣᠷᠣᠨ ᠤ ᠪᠠᠨ ᠠᠭᠤᠤ ᠳᠠᠶᠢᠨ ᠤ | ᠠᠩᠬᠠᠨ ᠤ ᠡᠳᠦᠷ ᠠᠴᠠ ᠡᠬᠢᠯᠡᠭᠡᠳ ᠲᠡᠭᠦᠰᠬᠡᠯ ᠤᠨ ᠢᠯᠠᠯᠲᠠ ᠶᠢᠨ ᠡᠳᠦᠷ ᠬᠦᠷᠲᠡᠯ᠎ᠡ ᠳᠠᠶᠢᠨ ᠳᠤ ᠣᠷᠣᠯᠴᠠᠵᠤ᠂ ︽ | ᠤᠯᠠᠭᠠᠨ ᠣᠳᠣ︾ ᠰᠣᠨᠢᠨ ᠤ ᠴᠡᠷᠢᠭ ᠤᠨ ᠰᠤᠷᠪᠤᠯᠵᠢᠯᠠᠭᠴᠢ ᠶᠢᠨ ᠬᠤᠪᠢ ᠪᠠᠷ ᠣᠷᠣᠯᠴᠠᠨ᠂ ᠳᠠᠳ᠋ ᠬᠤᠷᠠᠩᠳᠠ | ᠴᠣᠯᠠ ᠲᠠᠢ ᠪᠣᠯᠲᠠᠯ᠎ᠠ ᠪᠠᠨ ᠲᠡᠪᠰᠢᠨ ᠠᠵᠢᠯᠯᠠᠵᠤ ᠶᠠᠪᠤᠵᠠᠢ᠃ ᠵᠣᠬᠢᠶᠠᠭᠴᠢ ᠥᠷᠭᠡᠨ ᠶᠡᠭᠡ ᠠᠯᠳᠠᠷ ᠢ ᠣᠯᠤᠭᠰᠠᠨ | ᠮᠥᠷᠲᠡᠭᠡᠨ ᠲᠡᠭᠦᠨ ᠤ ᠳᠣᠭᠤᠵᠢ᠂ ᠦᠭᠦᠯᠡᠯᠭᠡ᠂ ᠨᠠᠶᠢᠷᠠᠭᠤᠯᠤᠯ᠂ ᠵᠦᠴᠦᠭᠡ ᠶᠢᠨ ᠵᠣᠬᠢᠶᠠᠯ᠂ ᠤᠶᠠᠩᠭ᠎ᠠ ᠶᠢᠨ | ᠰᠢᠯᠦᠭ ᠵᠡᠷᠭᠡ ᠮᠠᠰᠢ ᠣᠯᠠᠨ ᠤᠷᠠᠨ ᠪᠦᠲᠦᠭᠡᠯ ᠤᠳ ᠨᠢ ᠪᠥᠬᠦ ᠵᠥᠪᠯᠡᠯᠳᠦ ᠣᠷᠣᠨ ᠳᠤ ᠣᠯᠠᠨ ᠵᠦᠢᠯ ᠤᠨ | ᠱᠠᠩᠨᠠᠯ ᠢ ᠭᠥᠷᠳᠡᠭᠰᠡᠨ ᠶᠤᠮ᠃ ᠲᠡᠭᠦᠨ ᠤ ᠡᠨᠡᠬᠦ ᠪᠦᠲᠦᠭᠡᠯ ︽ᠡᠳᠦᠷᠵᠢᠨ ᠰᠥᠨᠢᠵᠢᠨ︾ ᠭᠡᠬᠦ ᠨᠣᠮ ᠨᠢ ᠮᠠᠰᠢ | ᠠᠮᠢᠳᠤᠯᠢᠭ ᠪᠣᠳᠠᠲᠠᠢ᠂ ᠨᠥᠯᠦᠭᠡᠯᠡᠬᠦ ᠬᠦᠴᠦᠨ ᠪᠠ ᠢᠲᠡᠭᠡᠭᠦᠯᠬᠦ ᠬᠦᠴᠦᠨ ᠢᠶᠠᠷ ᠴᠢᠩᠭ᠎ᠠ ᠣᠨᠴᠠᠯᠢᠭ ᠲᠠᠢ᠃ | | ︽ᠡᠳᠦᠷᠵᠢᠨ ᠰᠥᠨᠢᠵᠢᠨ︾ ᠨᠢ 1942-1943 ᠣᠨ ᠳᠤ ᠪᠢᠴᠢᠭᠳᠡᠵᠦ᠂ ᠳᠠᠶᠢᠨ ᠤ ᠹᠷᠣᠨᠲ ᠲᠠᠬᠢ | ᠪᠠᠶᠢᠯᠳᠤᠭᠴᠢ ᠠᠩᠭᠢ ᠶᠢᠨ ᠠᠮᠢᠳᠤᠷᠠᠯ᠂ ᠳᠠᠶᠢᠨ ᠤ ᠲᠠᠯᠠᠪᠤᠷ ᠤᠨ ᠪᠠᠶᠢᠳᠠᠯ᠂ ᠳᠠᠶᠢᠨ ᠤ ᠥᠩᠭᠡᠷᠡᠯᠲᠡ ᠶᠢ ᠨᠠᠷᠢᠯᠢᠭ | ᠳᠦᠷᠰᠦᠯᠡᠨ ᠲᠣᠭᠠᠴᠢᠵᠤ᠂ ᠰᠠᠪᠦ᠋ᠷᠦᠪ᠂ ᠮᠡᠰᠯᠧᠠᠨᠢᠺᠤᠪ᠂ ᠫᠷᠣᠼᠧᠨᠺᠦ ᠵᠡᠷᠭᠡ ᠣᠯᠠᠨ ᠤᠯᠠᠭᠠᠨ ᠴᠡᠷᠢᠭ ᠤᠨ ᠳᠠᠷᠤᠭ᠎ᠠ | ᠪᠠᠶᠢᠯᠳᠤᠭᠴᠢ ᠶᠢᠨ ᠡᠷᠡᠯᠬᠡᠭ ᠪᠠᠭᠠᠲᠤᠷᠯᠢᠭ ᠭᠡᠪ ᠲᠥᠷᠬᠦ ᠶᠢ ᠱᠣᠭᠤᠵᠤ ᠪᠦᠲᠦᠭᠡᠭᠰᠡᠨ ᠢᠶᠠᠷ ᠥᠯᠥ ᠪᠠᠷᠠᠮ᠂ | ᠲᠤᠬᠠᠢ ᠶᠢᠨ ᠦᠶ᠎ᠡ ᠳᠠᠬᠢ ᠵᠥᠪᠯᠡᠯᠲᠦ ᠶᠢᠨ ᠤᠯᠠᠭᠠᠨ ᠴᠡᠷᠢᠭ ᠤᠨ ᠹᠠᠱᠢᠰ ᠤᠨ ᠲᠦᠷᠢᠮᠡᠬᠡᠶᠢᠯᠡᠯ ᠢ ᠡᠰᠡᠷᠭᠦᠴᠡᠵᠦ᠂ | ᠡᠭᠡ ᠣᠷᠣᠨ ᠢᠶᠠᠨ ᠬᠠᠮᠠᠭᠠᠯᠠᠬᠤ᠂ ᠡᠷᠬᠡ ᠴᠢᠯᠦᠭᠡ᠂ ᠡᠩᠬᠡ ᠲᠠᠶᠢᠪᠤᠩ ᠠᠮᠢᠳᠤᠷᠠᠯ ᠢᠶᠠᠨ ᠬᠠᠮᠠᠭᠠᠯᠠᠬᠤ ᠶᠢᠨ ᠳᠥᠯᠥᠭᠡ | ᠡᠷᠬᠢᠮ ᠠᠮᠢ ᠪᠠᠨ ᠵᠣᠷᠢᠭᠤᠯᠬᠤ ᠠᠴᠠ ᠴᠤ ᠲᠠᠲᠠᠭᠠᠯᠵᠠᠬᠤ ᠦᠭᠡᠢ ᠡᠷᠡᠮᠡᠭᠡᠢ ᠵᠣᠷᠢᠭ ᠢ ᠵᠢᠷᠤᠭᠯᠠᠭᠰᠠᠨ ᠶᠤᠮ᠃ ᠲᠣᠰ | ᠷᠣᠮᠠᠨ ᠨᠢ ᠳᠠᠶᠢᠨ ᠤ ᠰᠡᠳᠦᠪᠲᠦ ᠤᠷᠠᠨ ᠪᠦᠲᠦᠭᠡᠯ ᠪᠣᠯᠤᠭᠰᠠᠨ ᠤ ᠬᠤᠪᠢ ᠳᠤ ᠥᠪᠡᠷ ᠤᠨ ᠭᠡᠰᠡᠨ ᠠᠭᠤᠯᠭ᠎ᠠ | ᠬᠢᠭᠡᠳ ᠭᠡᠪ ᠨᠠᠮᠪᠠ ᠲᠠᠢ᠃ ᠠᠭᠤᠯᠭ᠎ᠠ ᠶᠢᠨ ᠬᠤᠪᠢ ᠳᠤ ᠤᠩᠰᠢᠭᠴᠢᠳ ᠲᠤ ᠰᠢᠳᠤᠷᠭᠤ ᠶᠣᠰᠣᠨ ᠢ ᠬᠠᠮᠠᠭᠠᠯᠠᠵᠤ᠂ | ᠲᠡᠷᠰᠯᠡᠭᠦᠦ ᠮᠠᠭᠤ ᠲᠠᠢ ᠲᠡᠮᠡᠴᠡᠬᠦ ᠬᠦᠴᠦᠨ ᠴᠢᠳᠠᠯ ᠢ ᠣᠯᠭᠤᠵᠤ ᠴᠢᠳᠠᠳᠠᠭ᠃ ᠡᠨᠡ ᠨᠢ ᠶᠣᠰᠣ ᠰᠤᠷᠲᠠᠬᠤᠨ ᠢᠶᠠᠷ | ᠭᠤᠣᠯ ᠰᠡᠳᠦᠪ ᠪᠣᠯᠭᠠᠭᠰᠠᠨ ᠥᠨᠥᠳᠥᠷ ᠲᠠᠢ ᠮᠥᠨ ᠤᠶᠠᠯᠳᠤᠵᠤ ᠴᠢᠳᠠᠳᠠᠭ᠃ ᠭᠡᠪ ᠨᠠᠮᠪᠠ ᠶᠢᠨ ᠬᠤᠪᠢ ᠳᠤ | ᠠᠪᠴᠤ ᠬᠡᠯᠡᠪᠡᠯ᠂ ᠳᠠᠶᠢᠨ ᠪᠠᠶᠢᠯᠳᠤᠭᠠᠨ ᠤ ᠲᠠᠯᠠᠪᠤᠷ ᠲᠠᠬᠢ ᠬᠠᠷᠠᠰᠠᠯᠲᠤ ᠪᠠᠶᠢᠳᠠᠯ ᠪᠠ ᠳᠠᠶᠢᠨ ᠤ ᠬᠠᠳᠠᠭᠤ ᠰᠢᠷᠦᠭᠦᠨ | ᠪᠠᠶᠢᠳᠠᠯ ᠨᠢ ᠡᠷᠡᠯᠬᠡᠭ ᠪᠠᠭᠠᠲᠤᠷᠯᠢᠭ ᠴᠡᠷᠢᠭ ᠪᠠᠶᠢᠯᠳᠤᠭᠴᠢᠳ ᠤᠨ ᠭᠡᠪ ᠲᠥᠷᠬᠦ ᠶᠢ ᠳᠣᠪᠤᠶᠢᠯᠭᠠᠬᠤ ᠲᠠᠢ ᠮᠥᠨ | ᠤᠶᠠᠯᠳᠤᠵᠤ ᠴᠢᠳᠠᠭᠰᠠᠨ ᠪᠠᠶᠢᠨ᠎ᠠ᠃ | ᠳᠠᠶᠢᠨ ᠪᠠᠶᠢᠯᠳᠤᠭᠠᠨ ᠤ ᠲᠠᠯᠠᠪᠤᠷ ᠲᠠᠬᠢ ᠡᠮᠡᠭᠲᠡᠢ ᠪᠠᠭᠠᠲᠤᠷ ᠠᠨᠢᠶ᠎ᠠ ᠶᠢᠨ ᠳᠦᠷᠢ ᠶᠢ ᠴᠤ ᠰᠠᠶᠢᠬᠠᠨ | ᠪᠦᠲᠦᠭᠡᠵᠦ ᠴᠢᠳᠠᠭᠰᠠᠨ ᠶᠤᠮ᠃ ᠷᠣᠮᠠᠨ ᠳᠤ ᠰᠠᠪᠦ᠋ᠷᠦᠪ ᠪᠣᠯᠤᠨ ᠠᠨᠢᠶ᠎ᠠ ︵ᠰᠤᠪᠢᠯᠠᠭᠴᠢ︶ ᠶᠢᠨ ᠳᠠᠶᠢᠨ ᠤ | ᠲᠠᠯᠠᠪᠤᠷ ᠲᠠᠬᠢ ᠬᠠᠶᠢᠷ᠎ᠠ ᠰᠡᠳᠬᠢᠯᠭᠡ ᠪᠠᠷ ᠰᠢᠵᠢᠮᠯᠡᠵᠦ᠂ ᠲᠠᠳᠠ ᠬᠤᠶᠠᠭᠤᠯᠠ ᠶᠢᠨ ᠳᠠᠶᠢᠨ ᠤ ᠲᠠᠯᠠᠪᠤᠷ ᠲᠤ ᠶᠠᠭᠠᠷᠠᠵᠤ | ᠬᠠᠶᠡ ᠨᠢᠭᠡ ᠣᠯᠵᠤ ᠤᠴᠠᠷᠠᠬᠤ ᠪᠠ ᠠᠨᠢᠶ᠎ᠠ ᠶᠢᠨ ᠳᠠᠶᠢᠨ ᠤ ᠲᠠᠯᠠᠪᠤᠷ ᠲᠤ ᠬᠦᠨᠳᠦ ᠰᠢᠷᠬᠠᠲᠤᠭᠰᠠᠨ ᠪᠠ ᠠᠮᠢ ᠨᠢ | ᠭᠠᠷᠬᠤ ᠳᠤ ᠬᠡᠴᠡᠭᠦᠦ ᠪᠣᠯᠤᠭᠰᠠᠨ ᠦᠵᠡᠮᠵᠢ ᠵᠢᠷᠤᠭᠯᠠᠯ ᠢ ᠳᠦᠷᠰᠦᠯᠡᠬᠦ ᠪᠠᠷ ᠳᠠᠮᠵᠢᠨ ᠵᠥᠪᠯᠡᠯᠲᠦ ᠶᠢᠨ ᠠᠭᠤᠤ ᠶᠡᠭᠡ | ᠴᠢᠯᠦᠭᠡᠯᠡᠯᠲᠡ ᠶᠢᠨ ᠳᠠᠶᠢᠨ ᠤ ᠳᠥᠯᠦᠭᠡ ᠥᠪᠡᠷ ᠤᠨ ᠠᠯᠢᠪᠠ ᠪᠠᠨ ᠵᠣᠷᠢᠭᠤᠯᠤᠭᠰᠠᠨ ᠪᠠᠭᠠᠲᠤᠷᠴᠤᠳ ᠤᠨ ᠵᠣᠷᠢᠭ | ᠰᠠᠨᠠᠭ᠎ᠠ ᠶᠢ ᠮᠠᠭᠲᠠᠨ ᠳᠠᠭᠤᠯᠠᠭᠰᠠᠨ ᠪᠠᠶᠢᠨ᠎ᠠ᠃ ︽ᠡᠳᠦᠷᠵᠢᠨ ᠰᠥᠨᠢᠵᠢᠨ︾ ᠬᠡᠮᠡᠬᠦ ᠨᠣᠮ ᠪᠣᠯ ᠰᠲ᠋ᠠᠯᠢᠩᠭ᠍ᠷᠠᠳ᠋ ᠤᠨ | ᠳᠥᠯᠦᠭᠡ ᠲᠤᠯᠤᠯᠳᠤᠭᠠᠨ ᠳᠤ ᠠᠮᠢ ᠦᠷᠡᠭᠳᠡᠭᠰᠡᠳ ᠤᠨ ᠳᠤᠷᠠᠰᠬᠠᠯ ᠳᠤ ᠵᠣᠷᠢᠭᠤᠯᠠᠨ ᠪᠢᠴᠢᠭᠰᠡᠨ ᠨᠣᠮ ᠪᠣᠯᠬᠤ ᠶᠤᠮ | ᠃ | ᠰᠲ᠋ᠠᠯᠢᠩᠭ᠍ᠷᠠᠳ᠋ ᠤᠨ ᠳᠠᠶᠢᠨ ᠪᠣᠯ ᠳᠡᠯᠡᠬᠡᠢ ᠶᠢᠨ ᠬᠤᠶᠠᠳᠤᠭᠠᠷ ᠳᠠᠶᠢᠨ ᠤ ᠴᠢᠬᠤᠯᠠ ᠪᠠᠶᠢᠯᠳᠤᠭᠠᠨ ᠤ ᠨᠢᠭᠡ | ᠮᠥᠨ᠂ ᠲᠣᠰ ᠳᠠᠶᠢᠨ ᠨᠢ ᠵᠥᠪᠯᠡᠯᠲᠦ ᠶᠢᠨ ᠤᠯᠠᠭᠠᠨ ᠴᠡᠷᠢᠭ ᠲᠤ ᠠᠪᠴᠤ ᠬᠡᠯᠡᠪᠡᠯ ᠡᠷᠭᠢᠯᠲᠡ ᠶᠢᠨ ᠴᠢᠨᠠᠷᠲᠠᠢ ᠠᠴᠢ | ᠬᠤᠯᠪᠣᠭᠳᠠᠯ ᠲᠠᠢ ᠪᠠᠶᠢᠳᠠᠭ᠃ ᠪᠢᠳᠡ ᠡᠨᠡ ᠬᠦ ᠪᠦᠲᠦᠭᠡᠯ ᠠᠴᠠ ᠰᠲ᠋ᠠᠯᠢᠩᠭ᠍ᠷᠠᠳ᠋ ᠤᠨ ᠪᠠᠶᠢᠯᠳᠤᠭᠠᠨ ᠤ ᠰᠥᠷ | ᠳᠠᠯᠠᠶᠢᠴᠠᠲᠠᠢ᠂ ᠥᠷᠨᠢᠭᠦᠨ ᠬᠥᠭᠵᠢᠩᠭᠦᠢ ᠪᠠᠶᠢᠳᠠᠯ ᠬᠢᠭᠡᠳ ᠵᠥᠪᠯᠡᠯᠲᠦ ᠶᠢᠨ ᠠᠷᠠᠳ ᠲᠦᠮᠡᠨ ᠪᠠ ᠴᠡᠷᠢᠭ | ᠪᠠᠶᠢᠯᠳᠤᠭᠴᠢ ᠶᠢᠨ ᠹᠠᠱᠢᠰ ᠢ ᠡᠰᠡᠷᠭᠦᠴᠡᠬᠦ ᠠᠭᠤᠤ ᠶᠡᠭᠡ ᠦᠢᠯᠡ ᠠᠵᠢᠯᠯᠠᠭ᠎ᠠ ᠶᠢ ᠮᠠᠳᠠᠵᠤ ᠳᠡᠶᠢᠯᠦᠨ᠎ᠡ᠃ | |