| ᠲᠤᠰ ᠰᠦᠯᠵᠢᠶᠡᠨ ᠤ ᠪᠠᠨ ︽ᠨᠤᠮ ᠬᠡᠪᠯᠡᠯ︾ ᠪᠤᠯᠤᠩ ᠳᠠᠭᠠᠨ ᠴ᠊᠂ ᠯᠤᠳᠤᠶᠢᠳᠠᠮᠪᠠ ᠶᠢᠨ ︽ᠲᠤᠩᠭᠠᠯᠠᠭ | ᠲᠠᠮᠢᠷ︾ ᠷᠤᠮᠠᠨ ᠢ ᠲᠠᠨᠢᠯᠴᠠᠭᠤᠯᠤᠶ᠎ᠠ ᠭᠡᠮᠡᠨ ᠤᠯᠠᠨ ᠬᠤᠨᠤᠭ ᠪᠤᠳᠤᠯ ᠪᠤᠯᠤᠭᠰᠠᠨ ᠴᠦ ᠤᠯᠳᠤᠢ ᠪᠢ ᠡᠨᠡ ᠬᠦ | ᠰᠢᠯᠢᠳᠡᠭ ᠷᠤᠮᠠᠨ ᠳᠤ ᠲᠤᠬᠢᠲᠠᠢ ᠰᠠᠶᠢᠬᠠᠨ ᠲᠠᠨᠢᠯᠴᠠᠭᠤᠯᠭ᠎ᠠ ᠬᠢᠵᠦ ᠴᠢᠳᠠᠬᠤ ᠦᠭᠡᠢ ᠪᠠᠶᠢᠭᠰᠠᠭᠠᠷ ᠡᠳᠦᠭᠡ | ᠬᠦᠷᠦᠭᠰᠡᠨ ᠪᠢᠯᠡ᠃ ᠡᠨᠡ ᠬᠦ ᠷᠤᠮᠠᠨ ᠢ ᠪᠢ ᠬᠡᠦᠬᠡᠳ ᠦᠶ᠎ᠡ ᠶᠢᠨ ᠰᠤᠨᠢᠭᠤᠴᠢ ᠵᠠᠩ ᠢᠶᠠᠷ ︽ᠵᠠᠯᠭᠠᠭᠠᠳ ᠶᠠᠭᠠᠬᠢᠬᠤ | ᠶᠤᠮ ᠪᠤᠯ︖︾ ᠭᠡᠵᠦ ᠦᠯᠢᠭᠡᠷ ᠤᠨ ᠦᠢᠯᠡ ᠶᠠᠪᠤᠳᠠᠯ ᠳᠤ ᠬᠦᠲᠦᠯᠦᠭᠳᠡᠨ ᠤᠩᠰᠢᠵᠤ ᠪᠠᠶᠢᠭᠰᠠᠨ᠂ ᠵᠠᠯᠠᠭᠤ | ᠨᠠᠰᠤᠨ ᠤ ᠭᠡᠨᠡᠨ ᠤᠬᠠᠭᠠᠨ ᠢᠶᠠᠷ ᠲᠤᠩᠭᠠᠨ ᠤᠩᠰᠢᠵᠤ ᠪᠠᠶᠢᠭᠰᠠᠨ᠂ ᠲᠠᠨᠢᠯᠴᠠᠭᠤᠯᠭ᠎ᠠ ᠬᠢᠬᠦ ᠶᠢᠨ ᠲᠤᠯᠠ ᠲᠠᠬᠢᠨ | ᠰᠢᠷᠭᠠᠭᠠᠵᠤ ᠦᠵᠡᠬᠦ ᠳᠡᠭᠡᠨ ︽ᠰᠠᠶᠢᠬᠠᠨ ᠡ᠂ ᠭᠤᠶᠤ ᠪᠢᠴᠢᠵᠡᠢ᠂ ᠤᠯᠠᠨ ᠳᠦᠷᠢ ᠶᠢ ᠦᠪᠡᠷᠮᠢᠴᠡ ᠤᠨᠴᠠᠯᠢᠭ ᠲᠠᠢ | ᠠᠮᠢᠳᠤᠯᠢᠭ ᠪᠦᠲᠦᠭᠡᠵᠡᠢ᠂ ᠰᠤᠩᠭᠤᠳᠠᠭ ᠬᠡᠯᠡᠯᠭᠡ ᠤᠯᠠᠨ ᠶᠤᠮ ᠳ᠋ᠠ᠂ ᠤᠩᠰᠢᠭᠠᠳ ᠪᠠᠶᠢᠮᠠᠷ ᠰᠠᠨᠠᠭᠳᠠᠭᠠᠳ ᠪᠠᠶᠢᠳᠠᠭ | ᠳ᠋ᠠ︾ ᠭᠡᠬᠦ ᠠᠴᠠ ᠦᠭᠡᠷ᠎ᠡ ᠤᠯᠢᠭᠲᠠᠢ ᠦᠭᠡ ᠤᠯᠵᠤ ᠪᠢᠴᠢᠵᠦ ᠴᠢᠳᠠᠭ᠎ᠠ ᠦᠭᠡᠢ ᠤᠴᠢᠷ ᠠᠴᠠ ︽ᠵᠠᠪ ᠤᠯᠵᠤ | ᠵᠠᠪᠠᠯ ᠤᠩᠰᠢᠭᠠᠷᠠᠢ︾ ᠭᠡᠵᠦ ᠰᠠᠨᠠᠭᠤᠯᠤᠭᠠᠳ ᠨᠠ᠊᠂ ᠡᠩᠬᠡᠲᠤᠭᠲᠠᠬᠤ ᠭᠤᠸᠠᠢ ᠶᠢᠨ ︽ᠲᠤᠩᠭᠠᠯᠠᠭ ᠲᠠᠮᠢᠷ ᠤᠨ | ᠤᠰᠤᠨ︾ ᠨᠠᠶᠢᠷᠠᠭᠯᠠᠯ ᠢᠶᠠᠷ ᠰᠢᠯᠢᠳᠡᠭ ᠷᠤᠮᠠᠨ ︽ᠲᠤᠩᠭᠠᠯᠠᠭ ᠲᠠᠮᠢᠷ︾ ᠲᠤ ᠲᠤᠪᠴᠢ ᠲᠠᠨᠢᠯᠴᠠᠭᠤᠯᠭ᠎ᠠ ᠪᠤᠯᠭᠠᠯ᠎ᠠ᠃ | ᠲᠠᠭᠠᠯᠠᠨ ᠪᠤᠯᠭᠤᠭᠠᠨᠠᠤ︖ | | | | | | ᠲᠤᠩᠭᠠᠯᠠᠭ ᠲᠠᠮᠢᠷ ᠤᠨ ᠤᠰᠤᠨ | | ᠨᠠ᠊᠂ ᠡᠩᠬᠡᠲᠤᠭᠲᠠᠬᠤ | | ᠴᠠᠬᠢᠭᠤᠷ ᠲᠡᠮᠦᠷ | | ᠠᠷᠤ ᠶᠢᠨ ᠬᠦᠪᠴᠢ᠂ ᠴᠠᠶᠢᠯᠭᠠᠨ ᠰᠡᠳᠬᠢᠯ ᠢᠶᠠᠨ ᠲᠦᠰᠢᠵᠦ | ᠠᠮᠢᠳᠤ ᠶᠢᠨ ᠬᠤᠷᠸ᠎ᠠ ᠶᠢ ᠬᠠᠪᠤᠭᠰᠠᠨ | ᠢᠲᠡᠭᠡᠯ ᠤᠨ ᠨᠢᠭᠡᠨ ᠦᠨᠳᠦᠷ | ᠠᠲᠠᠭᠠᠲᠠᠨ ᠢᠶᠠᠨ ᠬᠦᠷᠲᠡᠯ᠎ᠡ ᠠᠭᠤᠴᠢᠯᠠᠵᠤ | ᠠᠮᠠᠨ ᠳᠤᠨᠢ ᠴᠢᠰᠤ ᠠᠮᠲᠠᠭᠰᠢᠬᠤ ᠶᠢᠨ ᠬᠠᠷᠢᠭᠤ ᠳᠤ | ᠡᠶᠢᠮᠦ ᠯᠡ ᠳᠤᠷᠤᠢ ᠡᠷ᠎ᠡ ᠦᠦ ᠭᠡᠵᠦ ᠪᠠᠰᠤᠮᠵᠢᠯᠠᠭᠰᠠᠨ | ᠡᠷ᠎ᠡ ᠰᠢᠭ ᠡᠷ᠎ᠡ | ᠡᠷᠡᠮᠡᠬᠡᠶᠢᠯᠡᠵᠦ | ᠡᠷᠲᠡ ᠶᠢᠨ ᠨᠠᠷᠠ ᠶᠢ | ᠠᠭᠲᠠ ᠶᠢᠨ ᠳᠡᠯ ᠳᠡᠭᠡᠷ᠎ᠡ ᠡᠷᠭᠦᠵᠦ | ᠡᠷ᠎ᠡ ᠬᠦᠮᠦᠨ ᠳ᠋ᠠ ᠬᠦ᠋ ᠭᠡᠵᠦ | ᠡᠷᠳᠡᠨᠢ ᠵᠠᠰᠠᠭ ᠤᠨ ᠤᠨᠠᠭ᠎ᠠ ᠪᠠᠨ | ᠠᠭᠤᠯᠠᠰ ᠨᠠᠶᠢᠭᠤᠲᠠᠯᠠ ᠢᠰᠬᠡᠷᠦᠭᠰᠡᠨ | ᠲᠤᠭᠰᠢᠨ ᠲᠠᠶᠢᠰᠢᠷᠢ ᠶᠢᠨ ᠰᠠᠬᠢᠭᠤᠰᠤ | ᠳᠤᠯᠮ᠎ᠠ ᠪᠠᠨ ᠭᠡᠵᠦ | ᠲᠤᠯ ᠡᠳᠦᠷ ᠤᠳ ᠢᠶᠠᠨ ᠬᠦᠷᠲᠡᠯ᠎ᠡ ᠠᠰᠠᠭᠠᠭᠰᠠᠨ | ᠠᠯᠠᠭ ᠰᠠᠨᠠᠳᠠᠭ ᠦᠭᠡᠢ ᠦᠨᠡᠨᠴᠢ | ᠠᠮᠠᠷᠠᠭ ᠬᠠᠶᠢᠷ᠎ᠠ ᠶᠢᠨ ᠰᠠᠨᠰᠠᠷ | ︽ᠭᠡᠷ ᠲᠤ ᠤᠷᠤᠵᠤ | ᠭᠡᠭᠡᠨ ᠳᠤ ᠮᠦᠷᠭᠦᠳᠡᠭ ᠦᠭᠡᠢ︾ | ᠡᠮᠨᠢᠭ ᠬᠡᠭᠡᠷ᠎ᠡ ᠶᠢᠨ ᠰᠠᠯᠬᠢ | ᠡᠷ᠎ᠡ ᠬᠦᠮᠦᠨ ᠤ ᠵᠢᠷᠭᠠᠯ ᠢ | ᠠᠭᠲᠠ ᠶᠢᠨ ᠳᠡᠯ ᠳᠡᠭᠡᠷ᠎ᠡ ᠬᠦᠦᠬᠡᠶᠢᠯᠡᠵᠦ | ᠡᠭᠡᠷᠡᠮ᠎ᠡ ᠴᠦᠯ ᠤᠨ ᠵᠡᠭᠦᠳᠦ ᠶᠢ | ᠲᠦᠪᠦᠷᠭᠡᠨ ᠤ ᠠᠶᠢᠵᠢᠮ ᠢᠶᠠᠷ ᠰᠡᠷᠢᠭᠡᠵᠦ | ᠰᠢᠭᠤᠷᠭ᠎ᠠ ᠰᠦᠷᠦᠨ ᠴᠤᠬᠢᠬᠤ | ᠴᠢᠨ᠋ᠸ᠎ᠠ ᠶᠢᠨ ᠬᠠᠲᠠᠭᠤ ᠰᠢᠨᠳᠠᠰᠤ | ᠶᠠᠯ᠎ᠠ ᠨᠢᠭᠦᠯ ᠠᠯᠠᠭᠯᠠᠭᠰᠠᠨ | ᠬᠤᠷᠸ᠎ᠠ ᠶᠢᠨ ᠭᠤᠨᠢᠭᠲᠤ ᠡᠭᠡᠰᠢᠭᠯᠡᠩ | ᠶᠠᠰᠤ ᠵᠢᠭᠠᠵᠤ ᠮᠦᠩᠬᠡᠷᠡᠭᠰᠡᠨ | ᠲᠤᠤᠯᠢ ᠶᠢᠨ ᠨᠢᠭᠡᠨ ᠲᠠᠰᠤᠷᠬᠠᠢ | ᠲᠤᠩᠭᠠᠯᠠᠭ ᠲᠠᠮᠢᠷ ᠤᠨ ᠤᠰᠤᠨ ᠠᠴᠠ | ᠪᠢᠲᠡᠭᠦᠦ ᠪᠠᠷ ᠢᠶᠠᠨ ᠤᠭᠤᠴᠢᠭᠰᠠᠨ ᠪᠠᠶᠠᠰᠤᠯ | ᠳᠤᠮᠤᠭ ᠢᠶᠠᠷ ᠦᠪᠡᠷ ᠢ ᠪᠠᠨ ᠪᠠᠬᠢᠯᠡᠭᠰᠡᠨ | ᠵᠢᠷᠭᠠᠯᠲᠤ ᠲᠦᠮᠡᠨ ᠤ ᠡᠬᠢ | ᠴᠠᠶᠢᠯᠭᠠᠨ ᠰᠡᠳᠬᠢᠯ ᠤᠨ ᠮᠠᠩᠯᠠᠢ ᠳᠤ | ᠰᠦ ᠠᠷᠢᠭᠤᠯᠠᠵᠤ ᠳᠡᠪᠢᠭᠰᠡᠨ | ᠰᠦᠵᠦᠭ ᠦᠨᠡᠨ ᠤ ᠬᠤᠷᠤᠢ | ᠰᠠᠯᠬᠢ ᠨᠠᠷᠠ ᠬᠤᠶᠠᠷ | ᠳᠦᠷᠪᠡᠨ ᠴᠠᠭ ᠢᠶᠠᠨ ᠬᠤᠭᠤᠷᠳᠠᠬᠤ ᠳᠤ | ᠽᠠᠮᠪᠤᠯᠢᠩ ᠳᠤ ᠦᠭᠡᠢ ᠬᠤᠩᠭᠤᠷᠬᠠᠨ | ᠦᠷᠯᠦᠭ ᠮᠤᠩᠭᠤᠯ ᠡᠷ᠎ᠡ ᠁ | | ᠡᠷᠳᠡᠨᠢ | | ᠦᠷᠯᠦᠭᠡ ᠪᠤᠯᠭᠠᠨ ᠰᠠᠴᠤᠯᠢ ᠪᠠᠨ | ᠬᠠᠨ ᠲᠠᠶᠢᠰᠢᠷᠢ ᠳᠠᠭᠠᠨ ᠡᠷᠭᠦᠳᠡᠭ | ᠦᠷᠦᠭᠡᠯ ᠤᠨ ᠨᠤᠲᠤᠭ ᠢᠶᠠᠷ ᠴᠠᠭᠠᠴᠢᠯᠠᠭᠰᠠᠨ | ᠰᠡᠳᠬᠢᠯ ᠳᠡᠭᠡᠨ ᠲᠠᠮᠢᠷ ᠲᠠᠢ ᠡᠷ᠎ᠡ | ᠪᠤᠭᠳᠠ ᠶᠢᠨ ᠳᠦᠯᠭᠡᠨ ᠳᠤ ᠵᠠᠬᠢᠷᠤᠭᠳᠠᠭᠰᠠᠨ | ᠬᠤᠪᠢ ᠵᠠᠶᠠᠭᠠᠨ ᠤ ᠪᠠᠨ ᠪᠤᠭᠤᠯ | ᠪᠤᠭᠤᠯᠠᠭ᠎ᠠ ᠨᠢ ᠬᠦᠨᠳᠦ ᠠᠮᠢᠳᠤᠷᠠᠯ ᠤᠨ ᠭᠤᠷᠢᠶ᠎ᠠ ᠪᠠᠷ | ᠪᠤᠳᠤᠯ ᠳᠤ ᠳᠠᠷᠤᠭᠳᠠᠨ ᠱᠤᠭᠰᠢᠵᠤ | ᠬᠦᠯᠢᠴᠡᠵᠦ ᠴᠢᠳᠠᠭ᠎ᠠ ᠦᠭᠡᠢ ᠳᠤᠷᠤᠮᠵᠢᠯᠠᠯ ᠤᠨ ᠡᠰᠡᠷᠭᠦᠦ | ᠬᠦᠭᠡᠷᠦᠬᠦᠢ ᠳᠤᠯᠭᠠᠷ ᠢ ᠬᠦᠮᠦᠨ ᠤ ᠨᠤᠲᠤᠭ ᠲᠤ ᠤᠷᠬᠢᠭᠰᠠᠨ | ᠬᠠᠲᠠᠭᠤ ᠰᠠᠨᠠᠭᠠᠨ ᠤ ᠤᠷᠭᠢᠯ | ᠴᠠᠶᠢᠯᠭᠠᠨ ᠰᠡᠳᠬᠢᠯ ᠤᠨ ᠲᠤᠳᠤᠭᠤᠨ ᠳᠤ | ᠴᠢᠰᠤ ᠠᠮᠲᠠᠯᠠᠭᠳᠠᠬᠤ ᠶᠢᠨ ᠬᠠᠷᠢᠭᠤ ᠳᠤ | ᠴᠠᠭ ᠵᠠᠭᠤᠷ᠎ᠠ ᠶᠢᠨ ᠬᠢᠯᠢᠩ ᠢᠶᠠᠷ | ᠪᠦᠬᠦ ᠠᠮᠢᠳᠤᠷᠠᠯ ᠢᠶᠠᠨ ᠨᠤᠷᠠᠭᠠᠭᠰᠠᠨ | ᠵᠦᠭ ᠢᠶᠠᠨ ᠠᠯᠳᠠᠭᠰᠠᠨ ᠵᠦᠭᠯᠡᠭᠦᠷ | ᠪᠦᠷᠬᠦᠭᠡᠰᠦ ᠰᠢᠭ ᠪᠠᠷᠠᠭᠠᠨ ᠲᠡᠭᠷᠢ ᠪᠠᠷ ᠨᠢ | ᠰᠤᠯᠢᠷ ᠵᠤᠷᠠᠨ ᠭᠢᠯᠠᠰᠬᠤ ᠳᠤ | ᠫᠤᠤ ᠠᠳᠬᠤᠵᠤ ᠪᠤᠰᠤᠭᠰᠠᠨ ︽ᠬᠠᠭᠤᠴᠢᠨ ᠬᠦᠦ︾ | ᠬᠠᠯᠠ ᠵᠢᠷᠭᠠᠯ ᠤᠨ ᠬᠠᠭᠤᠳᠠᠰᠤᠨ ᠠᠴᠠ | ᠦᠪᠡᠷ ᠢ ᠪᠠᠨ ᠰᠢᠭᠤᠷᠬᠠᠢ ᠲᠠᠨᠢᠵᠤ | ᠬᠠᠷᠢ ᠶᠢᠨ ᠳᠦᠷᠢᠮᠡᠬᠡᠶᠢᠯᠡᠯ ᠤᠨ ᠡᠰᠡᠷᠭᠦᠦ | ᠴᠢᠰᠤ ᠪᠠᠷ ᠢᠶᠠᠨ ᠠᠨᠳᠠᠭᠠᠶᠢᠯᠠᠭᠰᠠᠨ ᠡᠷ᠎ᠡ | ᠬᠠᠶᠢᠷ᠎ᠠ ᠶᠢᠨ ᠮᠦᠩᠬᠡ ᠦᠯᠢᠭᠡᠷ ᠢ | ᠲᠤᠤᠯᠢ ᠵᠠᠯᠭᠠᠵᠤ ᠰᠢᠷᠤᠩᠬᠠᠶᠢᠯᠠᠭᠰᠠᠨ | ᠬᠠᠮᠤᠭ ᠦᠨᠡᠨᠴᠢ ᠬᠤᠶᠠᠷ ᠬᠡᠦᠬᠡᠨ ᠢ | ᠦᠪᠡᠷ ᠤᠨ ᠢᠶᠠᠨ ᠲᠦᠯᠦᠭᠡ ᠦᠷᠡᠭᠳᠡᠭᠦᠯᠵᠦ | ᠲᠤᠩᠭᠠᠯᠠᠭ ᠲᠠᠮᠢᠷ ᠤᠨ ᠬᠦᠨᠳᠡᠢ ᠪᠠᠷ | ᠪᠤᠳᠤᠯ ᠳᠤ ᠳᠠᠷᠤᠭᠳᠠᠨ ᠱᠤᠭᠰᠢᠵᠤ | ᠲᠤᠯᠭᠠᠭᠤᠷᠢ ᠮᠤᠩᠭᠤᠯ ᠵᠠᠰᠠᠭ ᠲᠠᠭᠠᠨ | ᠦᠨᠡᠨᠴᠢ ᠵᠢᠳᠬᠦᠵᠦ ᠠᠮᠢᠳᠤᠷᠠᠭᠰᠠᠨ | ᠦᠷᠡᠭᠳᠡᠯ ᠪᠦᠬᠦᠨ ᠢᠶᠠᠷ ᠢᠶᠠᠨ | ᠦᠨᠦᠳᠦᠷ ᠢᠶᠠᠨ ᠪᠢᠴᠢᠭᠯᠡᠭᠰᠡᠨ ᠬᠤᠸᠠᠩᠯᠢ | ᠦᠨᠢ ᠶᠢᠨ ᠤᠭᠠᠢ ᠲᠠᠢ ᠳᠡᠭᠡᠪᠦᠷ ᠢ ᠪᠠᠨ | ᠡᠷᠬᠡ ᠴᠢᠯᠦᠭᠡ ᠪᠠᠷ ᠪᠠᠬᠢᠯᠡᠵᠦ | ᠵᠢᠷᠭᠠᠯ ᠤᠨ ᠲᠤᠶᠠᠭ᠎ᠠ ᠲᠠᠢ | ᠵᠢᠪᠬᠤᠯᠠᠩ ᠦᠷ ᠢ ᠪᠠᠨ ᠳᠠᠭᠤᠯᠠᠭᠰᠠᠨ | ᠵᠢᠷᠤᠬᠠᠶᠢᠴᠢ ᠮᠡᠷᠭᠡᠨ ᠤ ᠤᠨᠤᠪᠴᠢᠨ ᠳᠠᠬᠢ | ᠰᠢᠨ᠎ᠡ ᠵᠠᠰᠠᠭ ᠤᠨ ᠡᠷᠳᠡᠨᠢ︕ | | ᠢᠲᠡᠭᠡᠯᠲᠦ | | ᠵᠠᠯᠢ ᠪᠠᠷ ᠠᠮᠢᠰᠬᠤᠯᠯᠠᠭᠰᠠᠨ ᠬᠠᠷᠠᠴᠤ | ᠵᠠᠭᠠᠷᠲᠤ ᠰᠤᠮᠤᠨ ᠤ ᠦᠵᠦᠭᠦᠷ ᠲᠤ ᠬᠠᠳᠠᠭ ᠲᠠᠲᠠᠨ ᠵᠤᠯᠭᠠᠳᠠᠭ | ᠡᠪ ᠢᠶᠠᠷ ᠭᠠᠳᠠᠷᠯᠠᠵᠤ ᠬᠠᠯᠠ ᠪᠠᠷ ᠲᠤᠲᠤᠷᠯᠠᠭᠰᠠᠨ | ᠬᠠᠷᠠᠴᠤ ᠢᠵᠠᠭᠤᠷ ᠤᠨ ᠪᠠᠶᠠᠨ | ᠡᠪᠯᠡᠭᠦᠯᠦᠭᠰᠡᠨ ᠪᠦᠬᠦᠨ ᠤ ᠪᠠᠨ ᠴᠢᠮᠦᠭᠡ ᠶᠢ ᠨᠢ ᠬᠦᠷᠲᠡᠯ᠎ᠡ ᠰᠤᠷᠤᠳᠠᠭ | ᠬᠠᠷ᠎ᠠ ᠰᠠᠨᠠᠭᠠᠨ ᠤ ᠪᠤᠭᠤᠮᠢ | ᠦᠪᠡᠷ ᠤᠨ ᠢᠶᠠᠨ ᠲᠦᠯᠦᠭᠡ ᠠᠮᠢᠳᠤᠷᠠᠭᠰᠠᠨ | ᠬᠤᠪᠢᠨᠴᠢᠷ ᠠᠲᠠᠭᠠᠨ ᠤ ᠲᠤᠶᠢᠯ | ᠲᠠᠶᠢᠵᠢ ᠯᠠᠮᠠ ᠨᠠᠷ ᠤᠨ ᠤᠷᠠᠬᠠᠨ ᠳᠤ | ᠪᠤᠭᠤᠮᠢᠯᠠᠭᠳᠠᠭᠠ ᠦᠭᠡᠢ ᠡᠮᠨᠢᠭ | ᠲᠠᠮᠢᠷ ᠤᠨ ᠭᠤᠤᠯ ᠤᠨ ᠤᠰᠤ ᠶᠢ ᠰᠢᠨᠤᠬᠠᠢ ᠪᠢᠲᠡᠭᠦᠦ ᠪᠠᠷ ᠤᠭᠤᠴᠢᠵᠤ | ᠤᠭᠰᠠᠭ᠎ᠠ ᠲᠠᠢ ᠬᠦᠮᠦᠨ ᠳᠤ ᠬᠤᠷᠤᠰᠴᠤ | ᠤᠬᠠᠭᠠᠨ ᠲᠠᠢ ᠠᠮᠢᠳᠤᠷᠠᠭᠰᠠᠨ ᠳᠠᠭᠠᠨ ᠪᠠᠶᠠᠰᠤᠭᠰᠠᠨ | ᠦᠷᠦᠭᠡᠯ ᠢ ᠵᠠᠯᠭᠢᠬᠤ ᠭᠡᠵᠦ | ᠦᠪᠡᠷ ᠢ ᠪᠠᠨ ᠢᠷᠯᠡᠭᠰᠡᠨ | ᠦᠨᠡᠭᠡ ᠰᠢᠭ ᠬᠤᠯᠵᠢᠨ ᠠᠭᠠᠳ ᠴᠢᠨ᠋ᠸ᠎ᠠ ᠰᠢᠭ᠋ ᠬᠡᠷᠴᠡᠭᠡᠢ | ᠦᠩᠭᠡᠷᠡᠭᠰᠡᠨ ᠯᠤᠤ ᠭᠦᠩ ᠤᠨ ᠪᠠᠶᠠᠨ ᠢᠲᠡᠭᠡᠯᠲᠦ | ᠦᠨᠦᠳᠦᠷ ᠤᠨ ᠵᠠᠰᠠᠭ ᠲᠠᠭᠠᠨ ︽ᠰᠢᠳᠤᠷᠭᠤ︾ ᠢᠲᠡᠭᠡᠯᠲᠦ᠃ | | ᠲᠤᠯᠭᠠᠷ | | ᠡᠷ᠎ᠡ ᠦᠷ᠎ᠡ ᠬᠤᠶᠠᠷ ᠲᠠᠭᠠᠨ ᠦᠨᠡᠨᠴᠢ ᠶᠠᠪᠤᠶ᠎ᠠ ᠭᠡᠬᠦᠯ᠎ᠡ | ᠡᠯ᠎ᠡ ᠬᠠᠯᠠ ᠲᠠᠢ ᠬᠤᠷᠸ᠎ᠠ ᠵᠠᠶᠢᠭᠤᠷ ᠪᠠᠶᠢᠵᠤ ᠴᠢᠳᠠᠭᠰᠠᠨ ᠦᠭᠡᠢ | ᠡᠮᠭᠡᠨᠢᠵᠦ ᠤᠨᠠᠭᠠᠭᠰᠠᠨ ᠨᠢᠯᠪᠤᠰᠤ ᠪᠠᠷ ᠢᠶᠠᠨ | ᠡᠩᠭᠡᠷ ᠢᠶᠠᠨ ᠳᠡᠪᠲᠦᠭᠡᠵᠦ ᠶᠠᠪᠤᠬᠤ ᠳᠤ | ᠡᠷᠡᠰᠲᠡᠬᠦ ᠬᠤᠷᠸ᠎ᠠ ᠶᠢᠨ ᠵᠤᠪᠠᠯᠠᠩ ᠪᠦᠬᠦᠨ ᠲᠤᠭᠤᠷᠢᠵᠦ ᠭᠠᠷᠤᠭᠰᠠᠨ ᠦᠭᠡᠢ | ᠠᠭᠤᠯᠠ ᠰᠢᠭ᠋ ᠢᠲᠡᠭᠡᠳᠡᠭ ᠨᠦᠬᠦᠷ ᠨᠢ | ᠤᠭᠢᠶᠠᠳᠠᠰᠤ ᠰᠢᠭ᠋ ᠬᠠᠶᠠᠭᠠᠳ ᠶᠠᠪᠤᠬᠤ ᠳᠤ | ᠤᠯᠠᠭᠠᠨ ᠲᠤᠭᠤᠰᠤ ᠲᠠᠢ ᠤᠷᠴᠢᠯᠠᠩ ᠲᠠᠩᠴᠦ ᠵᠢᠵᠢᠭ ᠰᠠᠨᠠᠭᠳᠠᠭᠰᠠᠨ ᠁ | ᠦᠬᠦᠵᠦ ᠪᠤᠯᠬᠤ ᠪᠠᠶᠢᠭᠰᠠᠨ ᠲᠤᠯᠭᠠᠷ | ᠤᠯᠠᠭᠠᠨ ᠵᠢᠷᠦᠬᠡ ᠶᠢ ᠨᠢ ᠤᠭᠤᠰᠤᠷᠯᠠᠭᠰᠠᠨ | ᠭᠠᠭᠴᠠ ᠦᠷ᠎ᠡ ᠶᠢᠨ ᠢᠶᠠᠨ ᠲᠦᠯᠦᠭᠡ | ᠦᠢᠯᠡ ᠶᠢᠨ ᠦᠷ᠎ᠡ ᠲᠠᠢ ᠽᠠᠮᠪᠤᠯᠢᠩ ᠳᠤ | ᠠᠯᠪᠠ ᠶᠢᠨ ᠲᠡᠳᠦᠢ ᠬᠤᠷᠭᠤᠳᠠᠬᠤ ᠳᠤ | ᠰᠦ ᠰᠢᠭ ᠴᠠᠶᠢᠯᠭᠠᠨ ᠰᠡᠳᠬᠢᠯ ᠢ ᠲᠦᠰᠢᠵᠦ | ᠳᠤᠯᠭᠠᠷ ᠲᠠᠬᠢᠵᠤ ᠠᠮᠢᠳᠤᠷᠠᠭᠰᠠᠨ | ᠰᠦᠬᠡᠷᠬᠦ ᠡᠳᠦᠷ ᠤᠳ ᠤᠨ ᠨᠢᠯᠪᠤᠰᠤ ᠪᠠᠷ | ᠵᠢᠷᠭᠠᠯᠲᠤ ᠡᠷᠦᠬᠡ ᠪᠠᠨ ᠲᠠᠲᠠᠭᠰᠠᠨ ᠴᠦ | ᠬᠠᠲᠠᠭᠤ ᠪᠠᠷ ᠲᠤᠷᠭᠢᠯᠠᠳᠠᠭ ᠬᠤᠷᠸ᠎ᠠ ᠶᠢᠨ | ᠨᠢᠭᠦᠯᠲᠦ ᠰᠤᠮᠤᠨ ᠳᠤ ᠦᠷᠲᠦᠵᠦ | ᠬᠠᠶᠢᠷᠠᠲᠤ ᠡᠷᠳᠡᠨᠢ ᠶᠢᠨ ᠢᠶᠠᠨ ᠲᠦᠯᠦᠭᠡ | ᠠᠯᠲᠠᠨ ᠠᠮᠢ ᠪᠠᠨ ᠵᠤᠷᠢᠭᠤᠯᠤᠭᠰᠠᠨ | ᠬᠠᠯᠬ᠎ᠠ ᠶᠢᠨ ᠵᠢᠷᠤᠮᠲᠤ ᠪᠦᠰᠡᠭᠦᠢ ᠶᠢᠨ | ᠡᠴᠦᠰ ᠤᠨ ᠳᠦᠯᠭᠡᠨ ᠠᠮᠢᠰᠬᠤᠭ᠎ᠠ ᠨᠢ ᠰᠢᠭ᠋ | ᠬᠠᠨ ᠦᠨᠳᠦᠷ ᠤᠨ ᠰᠠᠯᠬᠢ | ᠨᠠᠮ ᠬᠢᠵᠦ ᠵᠤᠭᠰᠤᠭᠰᠠᠨ ᠁ | ᠬᠦᠴᠦ ᠶᠡᠬᠡᠲᠡᠢ ᠵᠤᠪᠠᠯᠠᠩ ᠢ | ᠬᠦᠨᠳᠡᠯᠡᠨ ᠤᠭᠲᠤᠯᠵᠤ ᠭᠠᠷᠬᠤ ᠳᠤ | ᠬᠦᠭᠡᠷᠦᠬᠦᠢ ᠳᠤᠯᠭᠠᠷ ᠤᠨ ᠭᠤᠮᠤᠳᠠᠯ ᠨᠢ ᠴᠦ | ᠬᠦᠴᠦ ᠦᠭᠳᠡᠭ ᠪᠠᠶᠢᠭᠰᠠᠨ | ᠬᠦᠮᠦᠰᠬᠡ ᠰᠢᠲᠠᠮ᠎ᠠ ᠠᠶᠤᠯ ᠢ | ᠰᠦᠷᠦᠭᠡᠳ ᠴᠠᠰᠢ ᠪᠠᠨ ᠭᠠᠷᠬᠤ ᠳᠤ | ᠬᠦᠢᠲᠡᠨ ᠴᠡᠪᠳᠡᠭ ᠤᠷᠴᠢᠯᠠᠩ | ᠭᠠᠶᠢᠲᠤ ᠭᠠᠷ ᠢᠶᠠᠨ ᠰᠤᠩᠭᠠᠭᠰᠠᠨ | ᠬᠠᠶᠢᠷ᠎ᠠ ᠶᠢᠨ ᠬᠦᠴᠦᠨ ᠶᠠᠮᠠᠷᠬᠠᠨ ᠠᠭᠤᠤ ᠶᠢ | ᠳᠤᠯᠭᠠᠷ ᠴᠢᠰᠤ ᠪᠠᠷ ᠢᠶᠠᠨ ᠪᠢᠴᠢᠭᠯᠡᠭᠰᠡᠨ | ᠬᠠᠷᠠᠰᠠᠯ ᠭᠤᠮᠤᠳᠠᠯ ᠤᠨ ᠳᠠᠯᠳᠠ ᠶᠢᠨ ᠳᠠᠯᠳᠠ ᠠᠴᠠ | ᠦᠨᠡᠨᠴᠢ ᠬᠠᠶᠢᠷ᠎ᠠ ᠤᠶᠠᠩᠭᠠᠷᠠᠭᠰᠠᠨ᠃ | | ᠳᠤᠯᠮ᠎ᠠ | | ᠲᠠᠯ᠎ᠠ ᠶᠢᠨ ᠴᠡᠴᠡᠭ ᠰᠢᠭ ᠲᠠᠩᠬᠢᠯ | ᠰᠠᠶᠢᠬᠠᠨ ᠪᠦᠰᠡᠭᠦᠢ ᠳᠤᠯᠮ᠎ᠠ | ᠲᠠᠴᠢᠶᠠᠯ ᠰᠢᠨᠤᠯ ᠤᠨ ᠰᠠᠪᠠᠷ ᠲᠤ | ᠲᠠᠯᠬᠢᠭᠤᠯᠵᠤ ᠶᠠᠪᠤᠭᠰᠠᠨ ᠳᠤᠯᠮ᠎ᠠ | ᠲᠠᠪᠢᠯᠠᠩ ᠵᠠᠶᠠᠭᠠᠨ ᠤ ᠪᠤᠭᠤᠯ ᠪᠤᠯᠵᠤ | ᠭᠠᠯᠰᠠᠩ ᠤᠨ ᠡᠭᠦᠳᠡᠨ ᠳᠤ ᠵᠦᠳᠡᠷᠡᠨ | ᠲᠠᠩᠬᠠᠢ ᠯᠦᠢᠪᠠᠷᠴᠢᠯᠡᠯ ᠤᠨ ᠭᠠᠴᠢᠯᠠᠩ ᠳᠤ | ᠡᠮᠭᠡᠨᠢᠵᠦ ᠠᠮᠢᠳᠤᠷᠠᠭᠰᠠᠨ ᠳᠤᠯᠮ᠎ᠠ | ᠦᠨᠡᠨᠴᠢ ᠳᠤᠷᠠᠯᠠᠯ ᠤᠨ ᠬᠢᠨᠢ ᠭᠠᠯ ᠢ | ᠴᠠᠬᠢᠭᠤᠷ ᠲᠡᠮᠦᠷ ᠦᠷᠪᠢᠰᠦᠭᠦᠯᠵᠦ | ᠡᠭᠦᠯᠡ ᠲᠠᠢ ᠵᠠᠶᠠᠭᠠᠨ ᠤ ᠪᠤᠭᠤᠯᠴᠢᠯᠠᠯ ᠠᠴᠠ | ᠳᠤᠯᠮ᠎ᠠ ᠰᠤᠭᠤᠷᠠᠵᠤ ᠭᠠᠷᠤᠭᠰᠠᠨ | ᠬᠦᠮᠦᠨ ᠰᠢᠭ ᠶᠠᠪᠤᠬᠤ ᠶᠢᠨ ᠪᠠᠶᠠᠨ ᠵᠢᠷᠭᠠᠯ | ᠰᠡᠳᠬᠢᠯ ᠢ ᠨᠢ ᠳᠡᠪᠳᠦᠭᠡᠵᠦ | ᠬᠦᠯᠦᠮᠦᠭ ᠲᠠᠲᠠᠭᠰᠠᠨ ᠬᠠᠲᠠᠭᠤᠬᠠᠨ ᠠᠮᠢᠳᠤᠷᠠᠯ ᠳᠠᠭᠠᠨ | ᠬᠠᠶᠢᠷ᠎ᠠ ᠲᠦᠰᠢᠵᠦ ᠵᠢᠷᠭᠠᠭᠰᠠᠨ | ᠳᠤᠯᠮ᠎ᠠ ︿ ᠠᠵᠢᠲᠠᠢ﹀ ᠪᠦᠰᠡᠭᠦᠢ ᠪᠠᠶᠢᠭᠰᠠᠨ ᠁ | ᠳᠤᠷᠠᠯᠠᠯᠲᠤ ᠡᠳᠦᠷ ᠤᠳ ᠤᠨ ᠪᠠᠯ ᠢ | ᠵᠢᠷᠭᠠᠯᠲᠤ ᠢᠨᠢᠶᠠᠳᠤ ᠪᠠᠷ ᠴᠠᠬᠢᠵᠦ | ᠳᠤᠮᠳᠠᠭᠤᠷ ᠰᠡᠳᠬᠢᠯ ᠤᠨ ᠵᠠᠢ ᠪᠠᠨ | ᠮᠦᠷᠦᠭᠡᠳᠦᠯ ᠬᠦᠰᠡᠯ ᠢᠶᠠᠷ ᠳᠦᠭᠦᠷᠭᠡᠵᠦ | ᠬᠠᠲᠠᠨ ᠰᠢᠷᠭᠢᠭᠰᠡᠨ ᠡᠮᠵᠡᠭ ᠰᠡᠳᠬᠢᠯ | ᠦᠨᠡᠨᠴᠢ ᠬᠠᠶᠢᠷ᠎ᠠ ᠳᠤ ᠤᠶᠠᠰᠴᠤ | ᠬᠠᠯᠬ᠎ᠠ ᠶᠢᠨ ᠴᠤᠤᠲᠤ ᠡᠷ᠎ᠡ ᠶᠢᠨ ᠮᠠᠩᠯᠠᠢ ᠲᠠᠢ | ᠦᠰᠦ ᠬᠤᠯᠪᠤᠵᠤ ᠵᠢᠷᠭᠠᠭᠰᠠᠨ | ᠳᠤᠯᠮ᠎ᠠ ᠵᠢᠷᠭᠠᠯᠲᠤ ᠪᠦᠰᠡᠭᠦᠢ ᠪᠠᠶᠢᠭᠰᠠᠨ ᠁ | ᠳᠤᠤᠯᠢᠮ᠎ᠠ ᠬᠤᠷᠸ᠎ᠠ ᠶᠢ ᠤᠶᠠᠰᠬᠠᠭᠰᠠᠨ | ᠰᠠᠶᠢᠬᠠᠨ ᠠᠮᠢᠳᠤᠷᠠᠯ ᠤᠨ ᠤᠶᠠᠩᠭ᠎ᠠ ᠲᠠᠢ | ᠳᠤᠮᠤᠭ ᠰᠢᠭ᠋ ᠦᠨᠡᠨ ᠪᠠᠶᠠᠨ | ᠵᠢᠷᠭᠠᠯ ᠳᠤ ᠤᠮᠪᠠᠵᠤ ᠪᠠᠶᠢᠭᠰᠠᠨ | ᠳᠤᠭᠳᠤᠯᠵᠤ ᠤᠨᠠᠭᠠᠭᠰᠠᠨ ᠨᠢᠯᠪᠤᠰᠤ ᠨᠢ | ᠲᠦᠮᠡᠨ ᠵᠢᠷᠭᠠᠯ ᠢ ᠨᠢ ᠬᠡᠯᠬᠢᠵᠦ | ᠳᠤᠷᠠᠯᠠᠯ ᠬᠠᠶᠢᠷ᠎ᠠ ᠶᠢᠨ ᠦᠨᠡᠨᠴᠢ ᠲᠤᠶᠠᠭ᠎ᠠ | ᠡᠷᠦᠬᠡ ᠶᠢ ᠨᠢ ᠲᠠᠲᠠᠳᠠᠭ ᠪᠠᠶᠢᠭᠰᠠᠨ | ᠳᠤᠯᠮ᠎ᠠ ᠵᠢᠷᠭᠠᠯᠲᠤ ᠪᠦᠯᠢ ᠲᠠᠢ ᠪᠠᠶᠢᠭᠰᠠᠨ ᠁ | ᠰᠠᠷᠬᠤᠳ ᠠᠰᠢᠶᠠᠮᠠ ᠰᠠᠯᠬᠢᠨ ᠤ ᠦᠵᠦᠭᠦᠷ | ᠴᠢᠰᠤ ᠠᠮᠲᠠᠭᠰᠢᠵᠤ | ᠰᠠᠯᠵᠤ ᠬᠠᠭᠠᠴᠠᠬᠤ ᠭᠤᠨᠢᠭᠲᠤ ᠮᠠᠨᠠᠨ | ᠵᠢᠷᠦᠬᠡᠨ ᠳᠤᠨᠢ ᠲᠤᠨᠤᠵᠤ | ᠰᠠᠶᠢᠨ ᠡᠷ᠎ᠡ ᠲᠡᠮᠦᠷ ᠮᠢᠨᠦ ᠭᠡᠬᠦ | ᠬᠠᠷᠠᠰᠠᠯᠲᠤ ᠬᠠᠰᠬᠢᠷᠦᠯ ᠳᠤ | ᠰᠢᠯᠢ ᠶᠢᠨ ᠪᠤᠭᠳᠠ ᠶᠢᠨ | ᠨᠠᠪᠲᠠᠭ ᠰᠠᠪᠲᠠᠭ ᠨᠢ ᠬᠦᠴᠦ ᠦᠭᠭᠦᠯ᠎ᠡ | ᠲᠡᠮᠦᠷ ᠤᠨ ᠢᠶᠠᠨ ᠲᠦᠯᠦᠭᠡ ᠭᠡᠬᠦ ᠭᠠᠭᠴᠠ ᠲᠠᠩᠭᠠᠷᠢᠭ | ᠬᠤᠷᠸ᠎ᠠ ᠶᠢ ᠴᠤᠴᠢᠯᠠᠵᠤ | ᠲᠡᠷᠡ ᠴᠠᠭ ᠠᠴᠠ ᠳᠤᠯᠮ᠎ᠠ ᠪᠦᠰᠡᠭᠦᠢ | ᠢᠯᠠᠭᠴᠢ ᠤᠯᠤᠭᠰᠠᠨ | ᠲᠡᠮᠡᠴᠡᠯ ᠭᠡᠳᠡᠭ ᠠᠭᠤᠤ ᠲᠤᠭ ᠢ | ᠮᠤᠩᠭᠤᠯ ᠪᠦᠰᠡᠭᠦᠢ ᠡᠷᠭᠦᠵᠦ | ᠲᠠᠪᠴᠢᠭᠤ ᠴᠠᠭ ᠤᠨ ᠵᠢᠷᠤᠮᠲᠤ ᠡᠭᠡᠰᠢᠭᠯᠡᠩ ᠢ | ᠵᠠᠭᠤᠨ ᠳᠠᠮᠵᠢᠲᠠᠯᠠ ᠪᠢᠴᠢᠭᠯᠡᠭᠰᠡᠨ ᠁ | | | | |