ᠲᠡᠦᠬᠡᠨ ᠳᠠᠬᠢ ᠪᠠᠷᠰ ᠬᠤᠲᠠ ᠶᠢᠨ ᠲᠤᠬᠠᠢ
ᠨᠡᠶᠢᠲᠡᠯᠡᠭᠰᠡᠨ ᠴᠠᠭ᠄
2017-10-16
             ᠲᠡᠦᠬᠡᠨ ᠳᠠᠬᠢ ᠪᠠᠷᠰ ᠬᠤᠲᠠ        ᠶᠢᠩ ᠴᠠᠩ ᠬᠤᠲᠠ ᠨᠢ ᠶᠤᠸᠠᠨ ᠤᠯᠤᠰ ᠤᠨ ᠮᠤᠩᠭᠤᠯ ᠤᠷᠤᠨ ᠤ ᠴᠢᠬᠤᠯᠠ ᠬᠤᠲᠠ ᠪᠠᠯᠭᠠᠳ ᠤᠨ ᠨᠢᠭᠡ ᠪᠠᠶᠢᠵᠤ᠂ ᠪᠠᠭᠤᠷᠢ ᠨᠢ ᠬᠡᠰᠢᠭᠲᠡᠨ ᠬᠤᠰᠢᠭᠤᠨ ᠤ ᠳᠠᠷᠬᠠᠨ᠋ᠠ᠋ᠭᠤᠯᠠ ᠰᠤᠮᠤ ᠶᠢᠨ ᠬᠠᠷᠢᠶᠠᠨ ᠳᠠᠬᠢ ᠳ᠋ᠠᠯᠠ ᠨᠠᠭᠤᠷ ︵ᠤᠳᠤ ᠶᠢᠨ ᠳᠠᠯᠠᠢ ᠨᠠᠭᠤᠷ︶ ᠤᠨ ᠪᠠᠷᠠᠭᠤᠨ ᠬᠤᠶᠢᠲᠤ ᠡᠷᠭᠢ ᠳᠤ ᠪᠤᠢ᠃ ᠲᠤᠰ ᠬᠤᠲᠠ ᠶᠢ ᠶᠡᠷᠦ ᠳᠡᠭᠡᠨ ︽ᠯᠤ᠋ ᠸᠠᠩ ᠤᠨ ᠬᠤᠲᠠ︾ ᠭᠡᠵᠦ᠂ ᠮᠤᠩᠭᠤᠯ ᠲᠡᠦᠬᠡᠨ ᠰᠤᠷᠪᠤᠯᠵᠢ ᠪᠢᠴᠢᠭ ᠲᠤ ᠪᠠᠷᠰ ᠬᠤᠲᠠ ᠭᠡᠳᠡᠭ᠃ 1214 ᠤᠨ ᠳᠤ᠂ ᠴᠢᠩᠭᠢᠰ ᠬᠠᠭᠠᠨ ᠳ᠋ᠠᠯᠠ ᠨᠠᠭᠤᠷ ᠪᠠ ᠲᠡᠭᠦᠨ ᠤ ᠡᠷᠭᠢᠨ ᠲᠤᠭᠤᠷᠢᠨ ᠤ ᠭᠠᠵᠠᠷ ᠨᠤᠲᠤᠭ ᠢ ᠬᠤᠩᠭᠢᠷᠠᠳ ᠠᠶᠢᠮᠠᠭ ᠤᠨ ᠡᠯᠴᠢ ᠨᠤᠶᠠᠨ ᠳᠤ ᠡᠷᠭᠦᠮᠵᠢᠯᠡᠨ ᠰᠤᠶᠤᠷᠬᠠᠪᠠ᠃ ᠰᠡᠭᠦᠯᠡᠷ ᠨᠢ᠂ ᠬᠤᠩᠭᠢᠷᠠᠳ ᠨᠤᠶᠠᠳ ᠤᠨ ᠳᠠᠶᠢᠨ ᠳᠤ ᠤᠯᠵᠠᠯᠠᠭᠰᠠᠨ ᠲᠠᠷᠢᠶᠠᠴᠢᠨ᠂ ᠤᠷᠠᠴᠤᠳ ᠵᠡᠷᠭᠡ ᠬᠦᠮᠦᠰ ᠠᠳᠡ ᠠᠮᠢᠳᠤᠷᠠᠭᠰᠠᠨ ᠠᠴᠠ ᠠᠭᠠᠵᠢᠮ ᠢᠶᠠᠷ ᠬᠦᠮᠦᠨ ᠠᠮᠠ ᠴᠤᠭᠯᠠᠷᠠᠭᠰᠠᠨ ᠭᠠᠵᠠᠷ ᠪᠤᠯᠵᠠᠢ᠃ ᠠᠯᠲᠠᠨ ᠤᠯᠤᠰ ᠢ ᠮᠦᠬᠦᠭᠡᠭᠰᠡᠨ ᠤ ᠳᠠᠷᠠᠭ᠎ᠠ ᠬᠤᠩᠭᠢᠷᠠᠳ ᠠᠶᠢᠮᠠᠭ ᠤᠨ ᠨᠤᠶᠠᠳ ᠳ᠋ᠠᠯᠠ ᠨᠠᠭᠤᠷ ᠤᠨ ᠪᠠᠷᠠᠭᠤᠨ ᠬᠦᠪᠡᠭᠡ ᠳᠤ ᠲᠠᠯᠠᠪᠠᠢ ᠨᠢ 2 ᠲᠡᠭᠰᠢ ᠳᠦᠷᠪᠡᠯᠵᠢᠨ ᠭᠠᠵᠠᠷ ᠪᠤᠯᠬᠤ ᠭᠦᠩᠵᠦ ᠶᠢᠨ ᠤᠷᠳᠤᠨ ᠢ ᠪᠠᠶᠢᠭᠤᠯᠵᠠᠢ᠃ 1270 ᠤᠨ ᠳᠤ ᠬᠤᠩᠭᠢᠷᠠᠳ ᠤᠨ ᠲᠦᠮᠡᠲᠦ ᠶᠢᠨ ᠨᠤᠶᠠᠨ ᠤᠯᠤᠴᠢᠨ ᠪᠠ ᠲᠡᠭᠦᠨ ᠤ ᠬᠠᠲᠤᠨ ᠨᠠᠩᠭᠢᠶᠠᠵᠢᠨ ᠭᠦᠩᠵᠦ ᠬᠤᠪᠢᠯᠠᠢ ᠬᠠᠭᠠᠨ ᠤ ᠵᠦᠪᠰᠢᠶᠠᠷᠠᠯ ᠢᠶᠠᠷ ᠲᠤᠰ ᠬᠤᠲᠠ ᠶᠢ ᠡᠬᠢᠯᠡᠨ ᠪᠠᠶᠢᠭᠤᠯᠵᠤ᠂ ᠶᠢᠩ ᠴᠠᠩ ᠹᠦ᠋ ᠭᠡᠵᠦ ᠨᠡᠷᠡᠯᠡᠨ᠂ 1285 ᠤᠨ ᠳᠤ ᠨᠡᠷ᠎ᠡ ᠶᠢ ᠨᠢ ᠶᠢᠩ ᠴᠠᠩ ᠯᠤ᠋ ᠭᠡᠵᠦ ᠬᠠᠯᠠᠨ ᠶᠢᠩ ᠴᠠᠩ ᠰᠢᠶᠠᠨ ᠢ ᠰᠢᠭᠤᠳ ᠬᠠᠷᠢᠶᠠᠯᠠᠭᠤᠯᠪᠠ᠃ ᠲᠤᠬᠠᠢ ᠶᠢᠨ ᠦᠶ᠎ᠡ ᠳᠤ ᠶᠤᠸᠠᠨ ᠤᠯᠤᠰ ᠤᠨ ᠵᠠᠰᠠᠭ ᠤᠨ ᠭᠠᠵᠠᠷ ᠨᠢ ᠶᠢᠩ ᠴᠠᠩ ᠯᠤ᠋ ᠳᠤ ᠶᠡᠷᠦᠩᠬᠡᠢ ᠵᠠᠬᠢᠷᠭ᠎ᠠ ᠶᠢᠨ ᠤᠷᠳᠤᠨ ᠪᠠᠶᠢᠭᠤᠯᠤᠨ᠂ ᠳᠠᠷᠤᠭᠠᠴᠢ᠂ ᠬᠠᠮᠢᠶᠠᠷᠤᠭᠴᠢ ᠵᠡᠷᠭᠡ ᠨᠤᠶᠠᠳ ᠲᠤᠮᠢᠯᠠᠭᠰᠠᠨ ᠪᠠᠶᠢᠨ᠎ᠠ᠃ ᠡᠭᠦᠨ ᠠᠴᠠ ᠭᠠᠳᠠᠨ᠎ᠠ᠂ ᠬᠤᠩᠭᠢᠷᠠᠳ ᠤᠨ ᠠᠬᠠᠯᠠᠭᠴᠢ ᠲᠦᠮᠡᠲᠦ ᠶᠢᠨ ᠨᠤᠶᠠᠨ ᠨᠢ ᠯᠤ᠋ ᠸᠠᠩ ᠤᠨ ᠡᠷᠭᠦᠮᠵᠢᠯᠡᠯ ᠬᠦᠷᠲᠡᠳᠡᠭ ᠪᠤᠯᠬᠤᠷ ᠪᠠᠰᠠ ᠯᠤ᠋ ᠸᠠᠩ ᠤᠨ ᠤᠷᠳᠤᠨ ᠤ ᠬᠠᠮᠢᠶᠠᠷᠤᠯᠲᠠ ᠶᠢᠨ ᠭᠠᠵᠠᠷ ᠢ ᠪᠠᠶᠢᠭᠤᠯᠪᠠ᠃ ᠯᠤ᠋ ᠸᠠᠩ ᠤᠨ ᠤᠷᠳᠤᠨ ᠤ ᠬᠠᠮᠢᠶᠠᠷᠤᠯᠲᠠ ᠶᠢᠨ ᠭᠠᠵᠠᠷ ᠨᠢ ᠡᠳ᠋ ᠮᠦᠩᠭᠦ᠂ ᠠᠮᠤ ᠪᠤᠳᠠᠭ᠎ᠠ᠂ ᠤᠷᠠᠴᠤᠳ᠂ ᠠᠩ ᠬᠢᠬᠦ᠂ ᠴᠡᠷᠢᠭ ᠠᠷᠠᠳ᠂ ᠤᠯᠠᠭ᠎ᠠ ᠦᠷᠲᠡᠭᠡ᠂ ᠭᠠᠵᠠᠷ ᠲᠠᠷᠢᠶ᠎ᠠ᠂ ᠳᠠᠪᠤᠰᠤᠨ ᠤ ᠶᠠᠪᠤᠳᠠᠯ ᠤᠨ ᠬᠠᠮᠢᠶᠠᠷᠤᠯᠲᠠ ᠵᠡᠷᠭᠡ 40 ᠭᠠᠷᠤᠢ ᠶᠠᠮᠤᠨ᠂ 700 ᠢᠯᠡᠭᠦᠦ ᠨᠤᠶᠠᠳ ᠢ ᠰᠢᠭᠤᠳ ᠬᠠᠮᠢᠶᠠᠷᠳᠠᠭ ᠪᠠᠶᠢᠪᠠ᠃ 1276 ᠤᠨ ᠳᠤ ᠶᠢᠩ ᠴᠠᠩ ᠤᠨ ᠠᠮᠤ ᠲᠤᠰᠤ ᠬᠤᠳᠠᠯᠳᠤᠨ ᠠᠪᠬᠤ ᠭᠠᠵᠠᠷ ᠢ ᠪᠠᠶᠢᠭᠤᠯᠪᠠ᠃ ᠶᠢᠩ ᠴᠠᠩ ᠬᠤᠲᠠ ᠪᠤᠯ ᠶᠤᠸᠠᠨ ᠤᠯᠤᠰ ᠤᠨ ᠴᠡᠷᠢᠭ ᠰᠠᠭᠤᠵᠤ ᠠᠲᠠᠷ ᠬᠠᠭᠠᠯᠪᠤᠷᠢᠯᠠᠬᠤ 120 ᠭᠠᠵᠠᠷ ᠤᠷᠤᠨ ᠤ ᠨᠢᠭᠡ ᠪᠠᠶᠢᠵᠤ᠂ ᠮᠦᠨ ᠴᠦ ᠲᠠᠶᠢᠳᠤ ︵ᠤᠳᠤ ᠶᠢᠨ ᠪᠡᠭᠡᠵᠢᠩ︶᠂ ᠱᠠᠩᠳᠤ ᠬᠤᠶᠠᠷ ᠨᠡᠶᠢᠰᠯᠡᠯ ᠠᠴᠠ ᠳᠠᠪᠠᠭᠠᠨ ᠠᠷᠤ ᠶᠢᠨ ᠵᠠᠬᠢᠷᠭᠠᠨ ᠮᠤᠵᠢ ᠳᠤ ᠨᠡᠪᠲᠡᠷᠡᠬᠦ ᠴᠢᠬᠤᠯᠠ ᠵᠠᠮ ᠬᠦᠢᠰᠦ ᠮᠦᠷᠲᠡᠭᠡᠨ ᠭᠤᠪᠢ ᠶᠢᠨ ᠡᠮᠦᠨᠡᠲᠦ ᠤᠮᠠᠷᠠᠲᠤ ᠳᠤ ᠨᠡᠪᠲᠡᠷᠡᠬᠦ ᠴᠢᠬᠤᠯᠠ ᠤᠯᠠᠭ᠎ᠠ ᠦᠷᠲᠡᠭᠡ ᠮᠦᠨ᠃ ᠬᠤᠲᠠ ᠲᠤᠲᠤᠷ᠎ᠠ ᠨᠢ ᠸᠠᠩ ᠵᠢᠢ ᠰᠧ᠂ ᠪᠤᠤ ᠡᠸ᠋ᠨ ᠰᠧ ᠵᠡᠷᠭᠡ ᠪᠤᠷᠬᠠᠨ ᠤ ᠰᠦᠮ᠎ᠡ ᠬᠡᠶᠢᠳ ᠪᠠᠶᠢᠭᠰᠠᠨ ᠮᠦᠷᠲᠡᠭᠡᠨ ᠺᠦᠩᠽᠢ ᠶᠢᠨ ᠰᠦᠮ᠎ᠡ᠂ ᠺᠦᠩᠽᠢ ᠶᠢᠨ ᠰᠤᠷᠭᠠᠭᠤᠯᠢ ᠴᠦ ᠪᠠᠶᠢᠵᠤ᠂ ᠤᠯᠤᠰ ᠲᠦᠷᠦ᠂ ᠱᠠᠰᠢᠨ ᠰᠤᠷᠲᠠᠬᠤᠨ᠂ ᠰᠤᠶᠤᠯ ᠶᠡᠬᠡᠬᠡᠨ ᠬᠦᠭᠵᠢᠭᠰᠡᠨ ᠭᠠᠵᠠᠷ ᠪᠠᠶᠢᠪᠠ᠃ 1368 ᠤᠨ ᠤ 8 ᠰᠠᠷ᠎ᠠ ᠳᠤ ᠮᠢᠩ ᠤᠯᠤᠰ ᠤᠨ ᠴᠡᠷᠢᠭ ᠳᠠᠶᠢᠳᠤ ᠶᠢ ᠡᠵᠡᠯᠡᠨ᠂ ᠳᠠᠷᠠᠭ᠎ᠠ ᠵᠢᠯ ᠤᠨ ᠬᠢᠨ 6 ᠰᠠᠷ᠎ᠠ ᠳᠤ ᠲᠤᠭᠤᠨᠲᠡᠮᠦᠷ ᠬᠠᠭᠠᠨ ᠶᠢᠩ ᠴᠠᠩ ᠬᠤᠲᠠ ᠳᠤ ᠤᠬᠤᠷᠢᠨ ᠢᠷᠡᠪᠡ᠃ 1370 ᠤᠨ ᠤ 4 ᠰᠠᠷ᠎ᠠ ᠳᠤ ᠲᠤᠭᠤᠨᠲᠡᠮᠦᠷ ᠬᠠᠭᠠᠨ ᠶᠢᠩ ᠴᠠᠩ ᠬᠤᠲᠠ ᠳᠤ ᠲᠠᠭᠠᠯᠠᠯ ᠲᠡᠭᠦᠰᠴᠦ᠂ ᠲᠡᠪᠤᠨ ᠰᠠᠷ᠎ᠠ ᠳᠤ ᠬᠠᠭᠠᠨ ᠬᠦᠦ ᠠᠶᠤᠰᠢᠳᠠᠷᠢᠳᠠᠷ᠎ᠠ ᠰᠠᠭᠤᠷᠢᠨ ᠢ ᠵᠠᠯᠭᠠᠮᠵᠢᠯᠠᠪᠠ᠃ ᠮᠦᠨ ᠲᠠᠪᠤᠨ ᠰᠠᠷ᠎ᠠ ᠳᠤ ᠮᠢᠩ ᠤᠯᠤᠰ ᠤᠨ ᠴᠡᠷᠢᠭ ᠶᠢᠩ ᠴᠠᠩ ᠬᠤᠲᠠ ᠶᠢ ᠭᠠᠯᠳᠠᠨ ᠲᠦᠢᠮᠡᠷᠳᠡᠵᠡᠢ᠃ ᠲᠡᠶᠢᠮᠦ ᠠᠴᠠ ᠶᠢᠩ ᠴᠠᠩ ᠬᠤᠲᠠ ᠪᠤᠯ ᠶᠤᠸᠠᠨ ᠤᠯᠤᠰ ᠤᠨ ᠡᠴᠦᠰ ᠤᠨ ᠨᠡᠶᠢᠰᠯᠡᠯ᠂ ᠤᠮᠠᠷᠠᠲᠤ ᠶᠤᠸᠠᠨ ᠤᠯᠤᠰ ᠤᠨ ᠠᠩᠬᠠᠨ ᠤ ᠨᠡᠶᠢᠰᠯᠡᠯ ᠪᠤᠯᠬᠤ ᠶᠤᠮ᠃
       ᠶᠢᠩ ᠴᠠᠩ ᠬᠤᠲᠠ ᠶᠢᠨ ᠬᠡᠷᠡᠮ ᠢ ᠰᠢᠷᠤᠢ ᠪᠠᠷ ᠳᠡᠯᠡᠳᠦᠨ ᠪᠤᠰᠬᠠᠭᠰᠠᠨ ᠪᠠᠶᠢᠵᠠᠢ᠃ ᠤᠳᠤ ᠡᠪᠳᠡᠷᠬᠡᠢ ᠬᠡᠷᠡᠮ ᠤᠨ ᠬᠢᠨᠢ ᠰᠢᠷᠤᠢ ᠨᠢ 3.5 ᠮᠧᠲᠷ᠂ ᠳᠡᠭᠡᠷ᠎ᠡ ᠲᠠᠯ᠎ᠠ ᠨᠢ 2 ᠮᠧᠲᠷ᠂ ᠳᠤᠤᠷ᠎ᠠ ᠲᠠᠯ᠎ᠠ ᠨᠢ 10 ᠮᠧᠲᠷ ᠦᠷᠭᠡᠨ ᠪᠠᠶᠢᠨ᠎ᠠ᠃ ᠬᠤᠲᠠ ᠨᠢ ᠤᠷᠲᠤ ᠳᠦᠷᠪᠡᠯᠵᠢᠨ᠂ ᠡᠮᠦᠨᠡᠰᠢ ᠤᠮᠠᠷᠠᠰᠢ ᠪᠠᠨ 800 ᠮᠧᠲᠷ᠂ ᠵᠡᠭᠦᠨᠰᠢ ᠪᠠᠷᠠᠭᠤᠨᠰᠢ 650 ᠮᠧᠲᠷ᠂ ᠵᠡᠭᠦᠨ ᠪᠠᠷᠠᠭᠤᠨ ᠡᠮᠦᠨ᠎ᠡ ᠲᠠᠯ᠎ᠠ ᠳᠠᠭᠠᠨ ᠭᠤᠷᠪᠠᠨ ᠬᠠᠭᠠᠯᠭ᠎ᠠ ᠲᠠᠢ ᠪᠦᠭᠡᠳ ᠬᠠᠭᠠᠯᠭ᠎ᠠ ᠪᠦᠷᠢ ᠳᠤ ᠤᠷᠲᠤ ᠦᠷᠭᠡᠨ ᠨᠢ 30 ᠮᠧᠲᠷ ᠤᠨ ᠳᠦᠷᠪᠡᠯᠵᠢᠨ ᠡᠭᠦᠳᠡᠨ ᠬᠡᠷᠡᠮ ᠲᠠᠢ᠂ ᠬᠤᠲᠠ ᠲᠤᠲᠤᠷ᠎ᠠ ᠪᠠᠨ ᠡᠮᠦᠨ᠎ᠡ ᠬᠡᠰᠡᠭ ᠨᠢ ᠵᠡᠭᠡᠯᠢ ᠶᠢᠨ ᠲᠤᠭᠤᠷᠢᠭ᠂ ᠡᠮᠦᠨ᠎ᠡ ᠡᠭᠦᠳᠡᠨ ᠠᠴᠠ ᠬᠤᠶᠢᠰᠢ ᠪᠠᠨ ᠴᠢᠭᠯᠡᠭᠰᠡᠨ ᠨᠢᠭᠡ ᠶᠡᠭᠡ ᠵᠡᠭᠡᠯᠢ  ᠲᠠᠢ᠂ ᠲᠡᠷᠡ ᠶᠡᠭᠡ ᠵᠡᠭᠡᠯᠢ ᠠᠴᠠ ᠵᠡᠭᠦᠨᠰᠢ 120 ᠮᠧᠲᠷ᠂ ᠪᠠᠷᠠᠭᠤᠨᠰᠢ 220 ᠮᠧᠲᠷ ᠵᠠᠶᠢᠲᠠᠢ ᠡᠮᠦᠨ᠎ᠡ ᠠᠴᠠ ᠬᠤᠶᠢᠰᠢ ᠴᠢᠭᠯᠡᠭᠰᠡᠨ ᠬᠤᠶᠠᠷ ᠵᠡᠭᠡᠯᠢ ᠲᠠᠢ᠃ ᠬᠤᠲᠠ ᠶᠢᠨ ᠵᠡᠭᠦᠨ ᠪᠠᠷᠠᠭᠤᠨ ᠡᠭᠦᠳᠡ ᠶᠢ ᠬᠤᠯᠪᠤᠭᠰᠠᠨ ᠶᠡᠭᠡ ᠵᠡᠭᠡᠯᠢ  ᠲᠠᠢ ᠪᠦᠭᠡᠳ ᠲᠡᠭᠦᠨ ᠠᠴᠠ ᠡᠮᠦᠨᠡᠰᠢ 120 ᠮᠧᠲᠷ ᠵᠠᠶᠢᠲᠠᠢ ᠪᠠᠰᠠ ᠨᠢᠭᠡ ᠵᠡᠭᠦᠨᠰᠢ ᠪᠠᠷᠠᠭᠤᠨᠰᠢ ᠴᠢᠭᠯᠡᠭᠰᠡᠨ ᠵᠡᠭᠡᠯᠢ  ᠲᠠᠢ᠃ ᠡᠳᠡᠭᠡᠷ ᠵᠡᠭᠡᠯᠢ ᠨᠦᠭᠦᠳ ᠨᠢ ᠬᠤᠲᠠ ᠲᠤᠲᠤᠷᠠᠬᠢ ᠡᠮᠦᠨ᠎ᠡ ᠬᠠᠭᠠᠰ ᠲᠠᠯ᠎ᠠ ᠶᠢ ᠲᠤᠨᠤᠯᠵᠢᠨ ᠱᠤᠭᠤᠮ ᠢᠶᠠᠷ 8 ᠳᠦᠷᠪᠡᠯᠵᠢᠨ ᠲᠤᠭᠤᠷᠢᠭ ᠪᠤᠯᠭᠠᠨ ᠬᠤᠪᠢᠶᠠᠵᠠᠢ᠃ ᠵᠡᠭᠦᠨ ᠡᠭᠦᠳᠡᠨ ᠤ ᠲᠤᠲᠤᠭᠠᠳᠤ ᠵᠠᠮ ᠤᠨ ᠡᠮᠦᠨ᠎ᠡ ᠵᠡᠭᠡᠯᠢ ᠶᠢᠨ ᠵᠡᠭᠦᠨ ᠡᠮᠦᠨᠡᠲᠦ ᠳᠤ ᠨᠢᠭᠡ ᠲᠤᠮᠤ ᠬᠦᠷᠢᠶ᠎ᠡ ᠪᠠᠶᠢᠵᠤ᠂ ᠬᠦᠷᠢᠶᠡᠨ ᠤ ᠲᠤᠲᠤᠷ᠎ᠠ ︽ᠶᠢᠩ ᠴᠠᠩ ᠯᠤ᠋ ᠶᠢᠨ ᠰᠢᠨ᠎ᠡ ᠪᠠᠷ ᠪᠠᠶᠢᠭᠤᠯᠤᠭᠰᠠᠨ ᠺᠦᠩᠽᠢ ᠶᠢᠨ ᠰᠤᠷᠭᠠᠯ ᠤᠨ ᠬᠦᠰᠢᠶ᠎ᠡ︾ ᠭᠡᠬᠦ‍ ᠨᠢᠭᠡ ᠡᠪᠳᠡᠷᠬᠡᠢ ᠴᠢᠯᠠᠭᠤᠨ ᠬᠦᠰᠢᠶ᠎ᠡ ᠪᠤᠢ᠃ ᠪᠤᠰᠤᠳ ᠵᠡᠭᠡᠯᠢ ᠳᠤ ᠦᠢᠯᠡᠳᠬᠡᠯ ᠤᠨ ᠭᠠᠵᠠᠷ᠂ ᠰᠦᠮ᠎ᠡ ᠬᠡᠶᠢᠳ ᠪᠠ ᠰᠠᠭᠤᠭᠠᠯᠢ ᠠᠷᠠᠳ ᠤᠨ ᠭᠡᠷ ᠪᠠᠶᠢᠰᠢᠩ ᠵᠡᠷᠭᠡ ᠦᠯᠡᠳᠡᠭᠳᠡᠯ ᠤᠳ ᠪᠠᠶᠢᠨ᠎ᠠ᠃ ᠬᠤᠲᠠ ᠶᠢᠨ ᠬᠤᠶᠢᠲᠤ ᠬᠡᠰᠡᠭ ᠲᠤ ᠪᠠᠷᠢᠯᠭ᠎ᠠ ᠶᠢᠨ ᠦᠯᠡᠳᠡᠭᠳᠡᠯ ᠤᠯᠠᠨ ᠪᠠᠶᠢᠵᠤ ᠭᠤᠤᠯ ᠨᠢ ᠨᠤᠶᠠᠳ ᠤᠨ ᠭᠡᠷ ᠤᠷᠳᠤᠨ ᠤ ᠪᠠᠭᠤᠷᠢ ᠨᠤᠭᠤᠳ ᠪᠤᠯᠤᠨ᠎ᠠ᠃ ᠬᠤᠲᠠ ᠶᠢᠨ ᠪᠠᠷᠠᠭᠤᠨ ᠲᠠᠯ᠎ᠠ ᠶᠢᠨ ᠠᠭᠤᠯᠠᠨ ᠳᠡᠭᠡᠷ᠎ᠡ ᠨᠢᠭᠡᠨ ᠰᠤᠪᠤᠷᠭ᠎ᠠ ᠶᠢᠨ ᠪᠠᠭᠤᠷᠢ ︵ᠶᠢᠩ ᠴᠠᠩ ᠯᠤ᠋ ᠶᠢᠨ ᠴᠠᠭᠠᠨ ᠰᠤᠪᠤᠷᠭ᠎ᠠ︶ ᠪᠤᠢ᠃ ᠬᠤᠲᠠ ᠶᠢᠨ ᠵᠡᠭᠦᠨ ᠡᠮᠦᠨ᠎ᠡ ᠳ᠋ᠠᠯᠠ ᠨᠠᠭᠤᠷ ᠤᠨ ᠡᠮᠦᠨ᠎ᠡ ᠡᠷᠭᠢ ᠳᠠᠬᠢ ᠮᠠᠨᠳᠤᠯ ᠠᠭᠤᠯᠠ ︵ᠤᠳᠤ ᠳᠠᠷᠬᠠᠨ ᠠᠭᠤᠯᠠ︶ ᠶᠢᠨ ᠡᠩᠭᠡᠷ ᠲᠤ ᠯᠦᠩ ᠰᠢᠩ ᠰᠧ ᠭᠡᠳᠡᠭ ᠰᠦᠮ᠎ᠡ ᠪᠠᠶᠢᠪᠠ᠃ ︽ᠶᠢᠩ ᠴᠠᠩ ᠯᠤ᠋ ᠶᠢᠨ ᠮᠠᠨ ᠲᠦᠸᠧ ᠱᠠᠨ ᠠᠭᠤᠯᠠ ᠶᠢᠨ ᠰᠢᠨ᠎ᠡ ᠪᠠᠶᠢᠭᠤᠯᠤᠭᠰᠠᠨ ᠯᠦᠩ ᠰᠢᠩ ᠰᠧ ᠰᠦᠮ᠎ᠡ ᠶᠢᠨ ᠲᠡᠮᠳᠡᠭᠯᠡᠯ︾ ᠭᠡᠬᠦ ᠨᠢᠭᠡᠨ ᠴᠢᠯᠠᠭᠤᠨ ᠬᠦᠰᠢᠶ᠎ᠡ ᠦᠯᠡᠳᠡᠵᠦ ᠪᠤᠢ᠃ ᠲᠤᠰ ᠬᠦᠰᠢᠶᠡᠨ ᠤ ᠦᠰᠦᠭ ᠨᠢ ᠬᠢᠲᠠᠳ ᠪᠢᠴᠢᠭ ᠤᠨ ᠬᠢᠴᠢᠶᠡᠩᠭᠦᠢ ᠲᠢᠭ ᠪᠠᠶᠢᠵᠤ᠂ ᠯᠦᠩ ᠰᠢᠩ ᠰᠧ ᠰᠦᠮ᠎ᠡ ᠶᠢ 1325 ᠤᠨ ᠳᠤ ᠪᠠᠶᠢᠭᠤᠯᠪᠠ ᠭᠡᠵᠦ ᠲᠡᠮᠳᠡᠭᠯᠡᠵᠦ ᠪᠠᠶᠢᠨ᠎ᠠ᠃
       1963 ᠤᠨ ᠳᠤ᠂ ᠶᠢᠩ ᠴᠠᠩ ᠯᠤ᠋ ᠬᠤᠲᠠ ᠶᠢᠨ ᠪᠠᠭᠤᠷᠢ ᠶᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠭᠤᠤᠯᠳᠠᠯᠭᠠᠲᠤ ᠬᠠᠮᠠᠭᠠᠯᠠᠯᠲᠠ ᠶᠢᠨ ᠨᠢᠭᠡᠴᠡ ᠪᠠᠷ ᠲᠤᠭᠲᠠᠭᠠᠵᠠᠢ᠃
       ᠶᠢᠩ ᠴᠠᠩ ᠯᠤ᠋ ᠬᠤᠲᠠ ᠶᠢᠨ ᠪᠠᠭᠤᠷᠢ ᠶᠢᠨ ᠪᠠᠷᠠᠭᠤᠨᠲᠠᠢ ᠬᠠᠭᠠᠰ ᠺᠢᠯᠦᠮᠧᠲᠷ ᠤᠨ ᠵᠠᠶᠢᠲᠠᠢ ᠠᠭᠤᠯᠠᠨ ᠳᠡᠭᠡᠷ᠎ᠡ ᠨᠢᠭᠡ 12 ᠮᠧᠲᠷ ᠦᠨᠳᠦᠷ ᠴᠠᠭᠠᠨ ᠰᠤᠪᠤᠷᠭ᠎ᠠ ᠪᠠᠶᠢᠵᠠᠢ᠃ ᠴᠠᠪᠴᠢᠮᠠᠯ ᠴᠢᠯᠠᠭᠤᠨ ᠬᠠᠪᠲᠠᠰᠤ ᠨᠤᠭᠤᠳ ᠢᠶᠠᠷ ᠰᠦᠮᠢᠷ ᠰᠠᠭᠤᠷᠢ ᠶᠢ ᠳᠦᠷᠪᠡᠯᠵᠢᠯᠡᠭᠦᠯᠦᠨ ᠲᠠᠯᠪᠢᠭᠠᠳ᠂ ᠳᠡᠭᠡᠭᠰᠢ ᠰᠤᠪᠤᠷᠭ᠎ᠠ ᠶᠢᠨ ᠴᠤᠭᠴᠠ ᠶᠢ ᠲᠤᠭᠤᠰᠬ᠎ᠠ ᠪᠠᠷ ᠲᠤᠭᠤᠷᠠᠢ ᠪᠤᠯᠭᠠᠨ ᠪᠤᠰᠬᠠᠵᠤ᠂ ᠰᠤᠪᠤᠷᠭ᠎ᠠ ᠶᠢᠨ ᠱᠤᠪᠤᠭᠤᠷ ᠤᠷᠤᠢ ᠶᠢ 13 ᠡᠷᠭᠢᠭᠡ ᠭᠠᠷᠭᠠᠨ ᠪᠠᠶᠢᠭᠤᠯᠵᠠᠢ᠃ ᠰᠤᠪᠤᠷᠭ᠎ᠠ ᠶᠢᠨ ᠤᠷᠤᠢ ᠳᠤ ᠰᠢᠷᠢᠭᠰᠡᠨ ᠭᠠᠤᠯᠢᠨ ᠲᠤᠭ ᠪᠠᠶᠢᠭᠰᠠᠨ ᠢ 1961 ᠤᠨ ᠳᠤ ᠮᠤᠯᠲᠤᠯᠤᠨ᠂ 1966 ᠤᠨ ᠳᠤ ᠳᠤᠮᠳᠠᠳᠤ ᠤᠯᠤᠰ ᠤᠨ ︽ᠰᠤᠶᠤᠯ ᠤᠨ ᠶᠡᠭᠡ ᠬᠤᠪᠢᠰᠬᠠᠯ︾ ᠤᠨ ᠬᠠᠷ᠎ᠠ ᠰᠢᠭᠤᠷᠭ᠎ᠠ ᠳᠤᠮᠳᠠ ︽ᠳᠦᠷᠪᠡᠨ ᠬᠠᠭᠤᠴᠢᠨ ᠢ ᠡᠪᠳᠡᠬᠦ︾ ᠤᠷᠢᠶᠠᠯᠠᠭ᠎ᠠ ᠳᠤᠤᠷ᠎ᠠ ᠲᠡᠷᠡᠬᠦ ᠰᠤᠪᠤᠷᠭ᠎ᠠ ᠶᠢ 1969 ᠤᠨ ᠳᠤ ᠨᠤᠷᠠᠭᠠᠵᠤ ᠬᠠᠶᠠᠬᠤ ᠦᠶ᠎ᠡ ᠳᠤ ᠲᠤᠲᠤᠷ᠎ᠠ ᠠᠴᠠ ᠨᠢ ᠰᠤᠲᠤᠷ ᠨᠤᠮ᠂ ᠲᠤᠷᠭ᠎ᠠ ᠳᠤᠷᠳᠤᠩ ᠮᠡᠲᠦ ᠶᠢᠨ ᠶᠡᠭᠡ ᠬᠡᠮᠵᠢᠶᠡᠨ ᠤ ᠲᠡᠦᠬᠡᠨ ᠳᠤᠷᠠᠰᠬᠠᠯ ᠤᠨ ᠵᠦᠢᠯᠡᠰ ᠢᠯᠡᠷᠡᠭᠰᠡᠨ ᠭᠡᠳᠡᠭ᠃ ᠤᠳᠤ ᠵᠦᠪᠬᠡᠨ ᠰᠤᠪᠤᠷᠭ᠎ᠠ ᠶᠢᠨ ᠰᠠᠭᠤᠷᠢ ᠨᠢ ᠯᠡ ᠦᠯᠡᠳᠡᠭᠡᠳ ᠪᠤᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号