ᠭᠡᠷ ᠲᠤ ᠶᠠᠮᠠᠷ ᠴᠡᠴᠡᠭ ᠠᠷᠠᠴᠢᠯᠠᠪᠠᠯ ᠵᠤᠬᠢᠬᠤ ᠪᠤᠢ
ᠨᠡᠶᠢᠲᠡᠯᠡᠭᠰᠡᠨ ᠴᠠᠭ᠄
2016-08-09
       1. ᠬᠢᠯᠭᠡᠨ᠎ᠡ ᠴᠡᠴᠡᠭ᠄ ᠬᠦᠴᠢᠯᠳᠦ᠋ᠷᠦᠭᠴᠢ ᠬᠡᠢ ᠭᠠᠳᠠᠭᠰᠢᠯᠠᠭᠤᠯᠵᠤ᠂ ᠤᠲᠤᠭ᠎ᠠ ᠮᠠᠨᠠᠨ ᠢ ᠰᠢᠩᠭᠡᠭᠡᠵᠦ ᠠᠭᠠᠷ ᠴᠡᠪᠡᠷᠰᠢᠭᠦᠯᠬᠦ ᠦᠢᠯᠡᠳᠦᠯ ᠲᠠᠢ᠃ ᠲᠡᠷᠡ ᠨᠢ ᠰᠦᠨᠢ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠢ ᠭᠠᠳᠠᠭᠰᠢᠯᠠᠭᠤᠯᠬᠤ ᠦᠭᠡᠢ ᠶᠤᠮ᠃ ᠠᠷᠪᠠᠨ ᠬᠡᠳᠦᠨ ᠳᠡᠭᠰᠢ ᠳᠦᠷᠪᠡᠯᠵᠢᠨ ᠮᠧᠲᠷ ᠭᠡᠷ ᠲᠤᠳᠤᠷ᠎ᠠ 2-3 ᠸᠠᠭᠠᠷ ᠬᠢᠯᠭᠡᠨ᠎ᠡ ᠴᠡᠴᠡᠭ ᠲᠠᠯᠪᠢᠪᠠᠯ ᠭᠡᠷ ᠤᠨ ᠲᠤᠲᠤᠷᠠᠬᠢ ᠮᠠᠭᠤ ᠠᠭᠠᠷ ᠢ ᠰᠢᠩᠭᠡᠭᠡᠵᠦ ᠠᠭᠠᠷ ᠢ ᠴᠡᠪᠡᠷᠰᠢᠭᠦᠯᠳᠡᠭ᠃ ᠢᠯᠠᠩᠭᠤᠶ᠎ᠠ ᠬᠠᠬᠢᠷ ᠬᠦᠢᠲᠡᠨ ᠬᠤᠶᠢᠲᠦ ᠤᠷᠤᠨ ᠳᠤ᠂ ᠡᠭᠦᠳᠡ ᠪᠠᠨ ᠰᠡᠬᠦᠬᠦ ᠦᠭᠡᠢ ᠪᠠᠶᠢᠬᠤ ᠲᠤᠯᠠ ᠭᠡᠷ ᠲᠤᠲᠤᠷᠠᠬᠢ ᠠᠭᠠᠷ ᠰᠠᠶᠢᠨ ᠨᠡᠪᠲᠡᠷᠡᠬᠦ ᠦᠭᠡᠢ ᠪᠠᠶᠢᠳᠠᠭ᠂ ᠡᠶᠢᠮᠦ ᠠᠴᠠ ᠬᠢᠯᠬᠡᠨ᠎ᠡ ᠴᠡᠴᠡᠭ ᠢ ᠤᠷᠭᠤᠭᠤᠯᠪᠠᠯ ᠠᠭᠠᠷ ᠢ ᠴᠡᠪᠡᠷᠰᠢᠭᠦᠯᠦᠨ ᠲᠡᠩᠴᠡᠭᠦᠯᠳᠡᠭ᠃        2. ᠮᠦᠩᠬᠡ ᠨᠤᠭᠤᠭᠠᠨ ᠲᠤᠷᠤᠭ ᠮᠤᠳᠤ᠄ ᠬᠤᠤᠷᠠᠲᠤ ᠪᠤᠳᠠᠰ ᠤᠨ ᠬᠤᠤᠷ᠎ᠠ ᠶᠢ ᠴᠡᠪᠡᠷᠰᠢᠭᠦᠯᠬᠦ ᠦᠢᠯᠡᠳᠦᠯ ᠲᠠᠢ᠃ ᠠᠭᠠᠷ ᠲᠤᠲᠤᠷᠠᠬᠢ ᠨᠡᠭᠦᠷᠡᠰᠦᠳᠦ᠋ᠷᠦᠭᠴᠢ ᠶᠢᠨ ᠳᠠᠩ ᠢᠰᠦᠯ᠂ ᠨᠡᠭᠦᠷᠡᠰᠦᠲᠦ᠋ᠷᠦᠭᠴᠢ ᠶᠢᠨ ᠳᠠᠪᠬᠤᠷ ᠢᠰᠦᠯ ᠹᠯᠤᠷᠲᠤ ᠤᠰᠤᠲᠦ᠋ᠷᠦᠭᠴᠢ ᠵᠡᠷᠭᠡ ᠬᠤᠤᠷᠠᠲᠤ ᠬᠡᠢ ᠪᠡᠶᠡᠲᠦ ᠶᠢ ᠵᠤᠬᠢᠬᠤ ᠬᠡᠮᠵᠢᠶ᠎ᠡ ᠪᠠᠷ ᠡᠰᠡᠷᠭᠦᠴᠡᠬᠦ ᠦᠢᠯᠡᠳᠦᠯ ᠲᠠᠢ᠃ ᠮᠦᠩᠬᠡ ᠨᠤᠭᠤᠭᠠᠨ ᠲᠤᠷᠤᠭ ᠮᠤᠳᠤ ᠪᠠᠰᠠ ᠠᠮᠢᠰᠬᠤᠵᠤ ᠤᠷᠤᠭᠤᠯᠤᠭᠰᠠᠨ ᠮᠦᠬᠦᠯᠢᠭ ᠪᠤᠵᠠᠷᠳᠤᠯ ᠪᠤᠳᠠᠰ ᠢ ᠦᠭᠡᠶᠢᠰᠬᠡᠵᠦ᠂ ᠭᠡᠷ ᠲᠤᠲᠤᠷᠠᠬᠢ ᠰᠢᠷᠤᠢ ᠲᠤᠭᠤᠰᠤ ᠶᠢ ᠳᠠᠷᠤᠬᠤ ᠦᠢᠯᠡᠳᠦᠯ ᠲᠠᠢ ᠶᠤᠮ᠃        3. ᠦᠷᠪᠡᠯᠭᠡᠨ ᠬᠡᠷᠢᠶᠡᠨ ᠨᠢᠳᠦ᠄ ᠪᠠᠺᠲ᠋ᠧᠷᠢ ᠪᠠ ᠸᠢᠷᠦ᠋ᠰ ᠠᠯᠠᠬᠤ ᠦᠢᠯᠡᠳᠦᠯ ᠲᠠᠢ᠃ ᠲᠡᠭᠦᠨ ᠳᠤ ᠠᠬᠤᠭᠤᠯᠤᠭᠳᠠᠬᠤ ᠤᠷᠭᠤᠮᠠᠯ ᠤᠨ ᠦᠨᠦᠷ ᠨᠢ ᠪᠠᠺᠲ᠋ᠧᠷᠢ ᠪᠠ ᠸᠢᠷᠦ᠋ᠰ ᠢ ᠠᠷᠢᠯᠭᠠᠵᠤ᠂ ᠡᠷᠡᠭᠦᠯ ᠮᠡᠨᠳᠦ ᠶᠢ ᠬᠠᠮᠠᠭᠠᠯᠠᠬᠤ ᠦᠢᠯᠡᠳᠦᠯ ᠲᠠᠢ ᠶᠤᠮ᠃ ᠡᠶᠢᠮᠦ ᠠᠴᠠ ᠲᠡᠭᠦᠨ ᠠᠴᠠ ᠭᠠᠷᠤᠭᠰᠠᠨ ᠦᠨᠦᠷ ᠨᠢ ᠪᠠᠺᠲ᠋ᠧᠷᠢ ᠪᠠ ᠸᠢᠷᠦ᠋ᠰ ᠢ ᠠᠷᠢᠯᠭᠠᠵᠤ᠂ ᠡᠷᠡᠭᠦᠯ ᠮᠡᠨᠳᠦ ᠶᠢ ᠬᠠᠮᠠᠭᠠᠯᠠᠬᠤ ᠦᠢᠯᠡᠳᠦᠯ ᠲᠠᠢ ᠶᠤᠮ᠃        4. ᠠᠷᠤᠤ ᠴᠡᠴᠡᠭ᠂ ᠴᠠᠬᠢᠷᠮ᠎ᠠ ᠴᠡᠴᠡᠭ᠂ ᠡᠯᠭᠦᠭᠦᠷ ᠴᠡᠴᠡᠭ᠄ ᠬᠤᠤᠷᠠᠲᠤ ᠪᠤᠳᠠᠰ ᠢ ᠰᠢᠩᠭᠡᠭᠡᠬᠦ ᠦᠢᠯᠡᠳᠦᠯ ᠲᠠᠢ ᠪᠤᠯᠬᠤᠷ ᠰᠢᠨ᠎ᠡ ᠤᠷᠤᠨ ᠰᠠᠭᠤᠴᠠ ᠳᠤ ᠤᠷᠭᠤᠭᠤᠯᠪᠠᠯ ᠮᠠᠰᠢ ᠲᠤᠬᠢᠷᠠᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号