| ᠤᠯᠠᠩᠬᠢ ᠬᠦᠮᠦᠰ ︽ᠴᠦᠭᠡᠨ ᠢᠨᠢᠶᠡᠪᠡᠯ ᠨᠢᠭᠤᠷ ᠲᠤ ᠴᠢᠷᠠᠢ ᠳᠤ ᠠᠲᠤᠷᠢᠶ᠎ᠠ ᠭᠠᠷᠬᠤ ᠶᠢ ᠰᠡᠷᠭᠡᠶᠢᠯᠡᠵᠦ᠂ | ᠲᠤᠷᠠᠩᠬᠠᠢ ᠬᠦᠮᠦᠨ ᠨᠡᠩ ᠠᠮᠠᠷᠬᠠᠨ ᠨᠢᠭᠤᠷ ᠤᠨ ᠠᠲᠤᠷᠢᠶ᠎ᠠ ᠭᠠᠷᠤᠨ᠎ᠠ︾ ᠭᠡᠵᠦ ᠦᠵᠡᠳᠡᠭ᠃ ᠡᠭᠦᠨ ᠳᠤ | ᠠᠮᠧᠷᠢᠺᠡ ᠶᠢᠨ ︽ᠤᠷᠢᠳᠴᠢᠯᠠᠨ ᠰᠡᠷᠭᠡᠶᠢᠯᠡᠯᠲᠡ︾ ᠭᠡᠬᠦ ᠰᠡᠳᠬᠦᠯ ᠤᠨ ᠰᠦᠯᠵᠢᠶᠡᠨ ᠤ ᠦᠷᠲᠡᠭᠡ ᠨᠢᠭᠤᠷ ᠤᠨ | ᠠᠲᠤᠷᠢᠶ᠎ᠠ ᠶᠢᠨ ᠲᠤᠬᠠᠢ ᠬᠦᠮᠦᠰ ᠤᠨ ᠬᠡᠳᠦᠨ ᠠᠳᠡᠭᠦᠷᠡᠯ ᠢ ᠨᠢᠴᠤᠭᠠᠭᠰᠠᠨ ᠪᠠᠶᠢᠨ᠎ᠠ᠃ | 1. ᠲᠤᠰᠤᠯᠢᠭ ᠠᠷᠠᠰᠤ ᠬᠦᠷᠦᠰᠦ ᠠᠮᠠᠷᠬᠠᠨ ᠠᠲᠤᠷᠢᠶ᠎ᠠ ᠭᠠᠷᠬᠤ ᠦᠭᠡᠢ᠃ ᠤᠶᠢᠷ᠎ᠠ ᠶᠢᠨ ᠨᠢᠭᠡᠨ | ᠰᠤᠳᠤᠯᠭᠠᠨ ᠤ ᠳ᠋ᠦᠩ ᠳᠤ ᠢᠯᠡᠷᠡᠭᠦᠯᠦᠭᠰᠡᠨ ᠢᠶᠠᠷ᠂ ᠨᠢᠭᠤᠷ ᠤᠨ ᠠᠷᠠᠰᠤᠨ ᠤ ᠲᠤᠰᠤᠯᠢᠭ ᠴᠢᠨᠠᠷ ᠨᠢ ᠠᠲᠤᠷᠢᠶ᠎ᠠ | ᠭᠠᠷᠬᠤ ᠲᠠᠢ ᠶᠠᠮᠠᠷ ᠴᠦ ᠬᠤᠯᠪᠤᠭ᠎ᠠ ᠦᠭᠡᠢ ᠭᠡᠵᠡᠢ᠃ ᠶᠠᠮᠠᠷ ᠲᠦᠷᠦᠯ ᠤᠨ ᠠᠷᠠᠰᠤ ᠬᠦᠷᠦᠰᠦ ᠲᠠᠢ ᠪᠤᠯᠤᠭᠰᠠᠨ ᠴᠦ | ᠨᠠᠰᠤ ᠶᠠᠪᠤᠬᠤ ᠶᠢ ᠳᠠᠭᠠᠯᠳᠤᠨ ᠵᠤᠪᠬᠢ ᠶᠢ ᠳᠠᠭᠠᠵᠤ ᠪᠦᠷ ᠵᠤᠬᠢᠬᠤ ᠬᠡᠮᠵᠢᠶᠡᠨ ᠤ ᠠᠲᠤᠷᠢᠶ᠎ᠠ ᠰᠠᠭᠤᠳᠠᠭ᠃ ᠭᠡᠪᠡᠴᠦ | ᠲᠤᠰᠤᠯᠢᠭ ᠴᠢᠨᠠᠷᠲᠠᠢ ᠠᠷᠠᠰᠤᠨ ᠳᠤ ᠮᠠᠩᠨᠠᠢ ᠶᠢᠨ ᠬᠤᠨᠢᠶᠠᠰᠤ ᠬᠠᠷᠢᠴᠠᠩᠭᠤᠢ ᠴᠦᠭᠡᠨ ᠪᠠᠶᠢᠬᠤ ᠨᠢ ᠦᠨᠡᠨᠲᠡᠢ᠃ ᠡᠨᠡ | ᠨᠢ ᠪᠠᠷᠤᠭ ᠮᠠᠩᠨᠠᠢ ᠶᠢᠨ ᠬᠡᠰᠡᠭ ᠤᠨ ᠵᠢᠩᠬᠢᠨᠢ ᠠᠷᠠᠰᠤ ᠨᠢ ᠨᠡᠯᠢᠶᠡᠳ ᠵᠤᠵᠠᠭᠠᠨ᠂ ᠠᠷᠠᠰᠤᠨ ᠤ ᠦᠭᠡᠬᠦᠨ ᠪᠤᠯᠴᠢᠷᠬᠠᠢ | ᠠᠷᠪᠢᠨ ᠠᠴᠠ ᠭᠦᠨ ᠠᠲᠤᠷᠢᠶ᠎ᠠ ᠭᠠᠷᠬᠤ ᠶᠢ ᠬᠤᠷᠢᠭᠯᠠᠳᠠᠭ ᠠᠴᠠ ᠪᠤᠯᠤᠭᠰᠠᠨ ᠪᠠᠶᠢᠨ᠎ᠠ᠃ | 2. ᠳᠡᠮᠡᠢ ᠢᠨᠢᠶᠡᠳᠡᠭ ᠦᠭᠡᠢ ᠬᠦᠮᠦᠨ ᠨᠢᠭᠤᠷ ᠤᠨ ᠠᠲᠤᠷᠢᠶ᠎ᠠ ᠴᠦᠭᠡᠨ ᠪᠠᠶᠢᠳᠠᠭ᠃ ᠨᠢᠦ᠋ ᠶᠦᠷᠺ ᠲᠠᠬᠢ | ᠨᠢᠭᠡᠨ ᠠᠷᠠᠰᠤᠨ ᠡᠪᠡᠳᠴᠢᠨ ᠤ ᠨᠡᠷᠡᠲᠦ ᠮᠡᠷᠭᠡᠵᠢᠯᠲᠡᠨ ᠮᠢᠰᠢᠸ᠋ᠷ᠂ ᠭᠧᠷᠢᠨ ᠳ᠋ᠤᠺᠲ᠋ᠤᠷ ᠤᠨ ᠦᠵᠡᠬᠦ ᠪᠠᠷ᠂ ᠤᠨᠤᠯ ᠤᠨ | ᠲᠠᠯ᠎ᠠ ᠠᠴᠠ ᠠᠪᠴᠤ ᠬᠡᠯᠡᠪᠡᠯ ᠡᠨᠡᠬᠦ ᠦᠵᠡᠯᠲᠡ ᠨᠢ ᠪᠠᠰᠠ ᠲᠠᠭᠠᠷᠠᠵᠤ ᠪᠠᠶᠢᠨ᠎ᠠ᠃ ᠬᠦᠮᠦᠰ ᠤᠨ ᠴᠢᠷᠠᠢ ᠶᠢᠨ ᠢᠯᠡᠷᠡᠯ | ︵ᠢᠨᠢᠶᠡᠬᠦ ᠶᠢ ᠪᠠᠭᠲᠠᠭᠠᠭᠰᠠᠨ︶ ᠨᠢ ᠴᠠᠪᠠᠤᠯᠢᠭ ᠤᠭᠤᠷᠠᠭ ᠤᠨ ᠵᠠᠳᠠᠷᠠᠯᠲᠠ ᠶᠢ ᠠᠬᠢᠭᠤᠯᠤᠨ᠂ ᠨᠢᠭᠤᠷ ᠳᠡᠭᠡᠷ᠎ᠡ | ᠠᠲᠤᠷᠢᠶ᠎ᠠ ᠬᠤᠨᠢᠶᠠᠰᠤ ᠰᠠᠭᠤᠯᠭᠠᠳᠠᠭ᠃ ᠭᠡᠪᠡᠴᠦ ᠲᠤᠲᠤᠭᠠᠲᠤ ᠰᠡᠳᠬᠢᠯ ᠠᠴᠠ ᠢᠯᠡᠷᠡᠭᠰᠡᠨ ᠪᠠᠶᠠᠷᠯᠠᠯ ᠬᠦᠭᠰᠡᠯᠲᠡ | ᠪᠤᠯ ᠬᠦᠮᠦᠨ ᠤ ᠠᠮᠢᠳᠤᠷᠠᠯ ᠤᠨ ᠲᠤᠲᠠᠭᠳᠠᠵᠤ ᠪᠤᠯᠤᠰᠢ ᠦᠭᠡᠢ ᠢᠳᠡ ᠬᠦᠴᠦᠨ ᠮᠦᠨ ᠪᠤᠯᠬᠤᠷ ᠢᠨᠢᠶᠡᠬᠦ ᠦᠭᠡᠢ | ᠪᠤᠯ ᠶᠤᠰᠤᠲᠠᠢ ᠮᠠᠰᠢ ᠶᠡᠭᠡ ᠠᠯᠳᠠᠰᠢ ᠪᠤᠯᠬᠤ ᠨᠢ ᠲᠡᠷᠡ ᠪᠢᠯᠡ᠃ ᠦᠨᠡᠨ ᠳᠡᠭᠡᠨ ᠢᠨᠢᠶᠡᠬᠦ ᠠᠴᠠ ᠪᠤᠰᠤᠳ | ᠴᠢᠷᠠᠢ ᠶᠢᠨ ᠢᠯᠡᠷᠡᠯ᠄ ᠵᠢᠱᠢᠶᠡᠯᠡᠪᠡᠯ ᠬᠦᠮᠦᠰᠬᠡ ᠪᠠᠨ ᠵᠠᠩᠭᠢᠳᠬᠤ᠂ ᠬᠦᠮᠦᠬᠡᠢ ᠪᠠᠨ ᠵᠠᠭᠤᠬᠤ᠂ ᠠᠨᠢᠪᠴᠠᠬᠤ | ᠮᠡᠲᠦ ᠶᠢᠨ ᠬᠦᠳᠡᠯᠭᠡᠭᠡᠨ ᠨᠢ ᠬᠠᠷᠢᠨ ᠨᠢᠭᠤᠷ ᠲᠤ ᠨᠡᠩ ᠠᠮᠠᠷᠬᠠᠨ ᠠᠲᠤᠷᠢᠶ᠎ᠠ ᠰᠠᠭᠤᠯᠭᠠᠳᠠᠭ᠃ ᠨᠢᠭᠤᠷ ᠲᠤ | ᠠᠲᠤᠷᠢᠶ᠎ᠠ ᠭᠠᠷᠬᠤ ᠶᠢ ᠰᠡᠷᠭᠡᠶᠢᠯᠡᠬᠦ ᠬᠠᠮᠤᠭ ᠤᠨ ᠰᠠᠶᠢᠨ ᠠᠷᠭ᠎ᠠ ᠪᠤᠯ ᠨᠠᠷᠠᠨ ᠤ ᠭᠡᠷᠡᠯ ᠤᠨ ᠰᠢᠭᠤᠳ | ᠲᠤᠰᠤᠯᠲᠠ ᠠᠴᠠ ᠵᠠᠶᠢᠯᠠᠰᠬᠢᠨ᠂ ᠭᠠᠳᠠᠨ᠎ᠠ ᠭᠠᠷᠬᠤ ᠳᠠᠭᠠᠨ ᠰᠢᠷᠠᠭᠳᠠᠯ ᠠᠴᠠ ᠰᠡᠷᠭᠡᠶᠢᠯᠡᠬᠦ ᠡᠳ᠋ ᠲᠦᠷᠬᠢᠬᠦ ᠳᠠᠳᠬᠠᠯ | ᠲᠠᠢ ᠪᠤᠯᠪᠠᠯ ᠵᠤᠬᠢᠨ᠎ᠠ᠃ | 3. ᠰᠠᠭᠤᠭ᠎ᠠ ᠪᠠᠷ ᠢᠶᠠᠨ ᠤᠨᠲᠠᠪᠠᠯ ᠨᠢᠭᠤᠷ ᠲᠤ ᠠᠲᠤᠷᠢᠶ᠎ᠠ ᠰᠠᠭᠤᠬᠤ ᠶᠢ ᠰᠡᠷᠭᠡᠶᠢᠯᠡᠨ᠎ᠡ᠃ ᠠᠮᠧᠷᠢᠺᠡ ᠶᠢᠨ | ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠰᠠᠨ ᠹᠷᠠᠨᠰᠰᠢᠺᠦ ᠬᠤᠪᠢᠶᠠᠷᠢ ᠰᠤᠷᠭᠠᠭᠤᠯᠢ ᠶᠢᠨ ᠠᠷᠠᠰᠤᠨ ᠡᠪᠡᠳᠴᠢᠨ ᠤ | ᠤᠬᠠᠭᠠᠨ ᠤ ᠫᠷᠦᠹᠧᠰᠰᠤᠷ ᠬᠤᠸᠠᠷᠳ᠋᠂ ᠮᠸᠢᠪᠠᠺᠠ ᠳ᠋ᠤᠺᠲ᠋ᠤᠷ ᠤᠨ ᠦᠵᠡᠬᠦ ᠪᠠᠷ᠂ ᠡᠨᠡᠬᠦ ᠵᠦᠢᠯ ᠤᠨ ᠬᠡᠯᠪᠡᠷᠢ ᠪᠠᠷ | ᠠᠷᠠᠰᠤᠨ ᠤ ᠦᠲᠡᠯᠬᠦ ᠶᠢ ᠤᠳᠠᠭᠠᠰᠢᠷᠠᠭᠤᠯᠳᠠᠭ ᠭᠡᠳᠡᠭ ᠨᠢ ᠶᠠᠮᠠᠷ ᠴᠦ ᠰᠢᠨᠵᠢᠯᠡᠬᠦ ᠤᠬᠠᠭᠠᠨ ᠤ ᠭᠡᠷᠡᠴᠢ ᠪᠠᠷᠢᠮᠲᠠ | ᠪᠠᠶᠢᠬᠤ ᠦᠭᠡᠢ ᠪᠦᠭᠡᠳ ᠰᠠᠭᠤᠭ᠎ᠠ ᠪᠠᠷ ᠢᠶᠠᠨ ᠤᠨᠲᠠᠬᠤ ᠨᠢ ᠭᠡᠳᠡᠷᠭᠦ ᠪᠠᠨ ᠪᠡᠶ᠎ᠡ ᠶᠢ ᠡᠪᠬᠦᠶᠢᠷᠡᠭᠦᠯᠵᠦ᠂ | ᠤᠨᠲᠠᠯᠭ᠎ᠠ ᠶᠢ ᠬᠠᠷᠰᠢᠯᠠᠳᠠᠭ ᠭᠡᠪᠡ᠃ ᠠᠲᠤᠷᠢᠶ᠎ᠠ ᠭᠠᠷᠬᠤ ᠶᠢ ᠰᠡᠷᠭᠡᠶᠢᠯᠡᠬᠦ ᠬᠠᠮᠤᠭ ᠤᠨ ᠰᠠᠶᠢᠨ ᠠᠷᠭ᠎ᠠ ᠭᠡᠪᠡᠯ᠂ | ᠰᠦᠨᠢ ᠪᠦᠷᠢ 8 ᠴᠠᠭ ᠲᠠᠭᠠᠯᠠᠮᠵᠢᠲᠠᠢ ᠪᠦᠭᠡᠳ ᠬᠠᠩᠭᠠᠮᠵᠢ ᠲᠠᠢ ᠤᠨᠲᠠᠬᠤ ᠶᠢ ᠪᠠᠲᠤᠯᠠᠬᠤ ᠶᠠᠪᠤᠳᠠᠯ ᠪᠤᠯᠤᠨ᠎ᠠ᠃ | 4. ᠡᠳᠦᠷ ᠪᠦᠷᠢ 8 ᠴᠤᠮᠤ ᠤᠰᠤ ᠤᠤᠭᠤᠪᠠᠯ ᠨᠢᠭᠤᠷ ᠲᠤ ᠠᠲᠤᠷᠢᠶ᠎ᠠ ᠬᠤᠨᠢᠶᠠᠰᠤ ᠭᠠᠷᠬᠤ ᠶᠢ | ᠰᠡᠷᠭᠡᠶᠢᠯᠡᠵᠦ ᠴᠢᠳᠠᠨ᠎ᠠ᠃ ᠤᠰᠤ ᠤᠤᠭᠤᠬᠤ ᠨᠢ ᠪᠡᠶ᠎ᠡ ᠮᠠᠬᠠᠪᠤᠳ ᠤᠨ ᠬᠡᠪ ᠤᠨ ᠠᠵᠢᠯᠯᠠᠭ᠎ᠠ ᠶᠢ ᠠᠬᠢᠭᠤᠯᠬᠤ ᠠᠴᠠ | ᠭᠠᠳᠠᠨ᠎ᠠ ᠠᠷᠠᠰᠤ ᠬᠦᠷᠦᠰᠦ ᠶᠢ ᠴᠢᠭᠢᠭᠯᠢᠭ ᠭᠦᠯᠢᠭᠡᠷ ᠪᠤᠯᠭᠠᠳᠠᠭ᠃ ᠬᠤᠯᠪᠤᠭᠳᠠᠯ ᠲᠠᠢ ᠲᠤᠰᠬᠠᠢ ᠮᠡᠷᠭᠡᠵᠢᠯᠲᠡᠨ ᠤ | ᠦᠵᠡᠬᠦ ᠪᠠᠷ᠂ ᠬᠦᠮᠦᠨ ᠤ ᠪᠡᠶ᠎ᠡ ᠳᠤ ᠤᠰᠤ ᠦᠭᠡᠶᠢᠲᠡᠪᠡᠯ ᠤᠰᠤ ᠤᠤᠭᠤᠬᠤ ᠨᠢ ᠡᠷᠡᠭᠦᠯ ᠮᠡᠨᠳᠦ ᠶᠢᠨ ᠲᠦᠯᠦᠭᠡ | ᠶᠤᠮ᠂ ᠬᠠᠷᠢᠨ ᠨᠢᠭᠤᠷ ᠤᠨ ᠠᠷᠠᠰᠤᠨ ᠤ ᠦᠲᠡᠯᠬᠦ ᠬᠤᠷᠳᠤᠴᠠ ᠳᠤ ᠰᠢᠭᠤᠳ ᠨᠦᠯᠦᠭᠡ ᠪᠤᠯᠳᠠᠭ ᠦᠭᠡᠢ᠃ | 5. ᠲᠤᠷᠠᠩᠬᠠᠢ ᠬᠦᠮᠦᠨ ᠤ ᠨᠢᠭᠤᠷ ᠲᠤ ᠠᠮᠠᠷᠬᠠᠨ ᠠᠲᠤᠷᠢᠶ᠎ᠠ ᠭᠠᠷᠤᠨ᠎ᠠ᠃ ᠵᠠᠷᠢᠮ ᠬᠦᠮᠦᠨ ᠤ ᠬᠡᠯᠡᠬᠦ ᠪᠠᠷ᠂ | ᠬᠤᠭᠤᠯᠠ ᠪᠠᠨ ᠬᠠᠰᠤᠬᠤ ᠪᠠ ᠮᠠᠷᠢᠶ᠎ᠠ ᠪᠠᠨ ᠰᠢᠭᠤᠶᠢᠷᠠᠭᠤᠯᠤᠭᠰᠠᠨ ᠤ ᠳᠠᠷᠠᠭ᠎ᠠ ᠨᠢᠭᠤᠷ ᠳᠡᠭᠡᠷ᠎ᠡ ᠨᠢ ᠠᠲᠤᠷᠢᠶ᠎ᠠ | ᠨᠡᠮᠡᠭᠳᠡᠭᠰᠡᠨ ᠭᠡᠵᠦ ᠪᠠᠶᠢᠯ᠎ᠠ ᠰᠢᠳᠠᠷ᠂ ︽ᠠᠮᠧᠷᠢᠺᠡ ᠶᠢᠨ ᠠᠨᠠᠭᠠᠬᠤ ᠤᠬᠠᠭᠠᠨ ᠤ ᠨᠡᠶᠢᠭᠡᠮᠯᠢᠭ ᠤᠨ ᠰᠡᠳᠬᠦᠯ︾ ᠳᠤ | ᠨᠡᠶᠢᠲᠡᠯᠡᠭᠰᠡᠨ ᠢᠶᠠᠷ᠂ ᠡᠯ᠎ᠡ ᠨᠠᠰᠤᠨ ᠤ ᠱᠠᠲᠤᠨ ᠳᠤ ᠮᠠᠷᠢᠶ᠎ᠠ ᠲᠠᠢ ᠬᠦᠮᠦᠨ ᠦᠲᠡᠯᠦᠭᠰᠡᠨ ᠢᠯᠡᠷᠡᠯ ᠨᠢ ᠨᠡᠩ ᠢᠯᠡᠭᠦᠦ | ᠪᠠᠶᠢᠳᠠᠭ ᠭᠡᠪᠡ᠃ | 6. ᠦᠨ᠎ᠡ ᠦᠷᠲᠡᠭ ᠲᠠᠢ ᠦᠲᠡᠯᠬᠦ ᠶᠢ ᠤᠳᠠᠭᠠᠰᠢᠷᠠᠭᠤᠯᠬᠤ ᠤ ᠲᠦᠷᠬᠢᠪᠡᠯ ᠠᠲᠤᠷᠢᠶ᠎ᠠ ᠭᠠᠷᠬᠤ ᠶᠢ | ᠬᠤᠷᠢᠭᠯᠠᠨ᠎ᠠ᠃ ᠡᠮᠴᠢ ᠸᠢᠯᠧᠮᠰ ᠤᠨ ᠦᠵᠡᠬᠦ ᠪᠠᠷ᠂ ᠨᠢᠭᠤᠷ ᠤᠨ ᠠᠲᠤᠷᠢᠶ᠎ᠠ ᠶᠢ ᠰᠡᠷᠭᠡᠶᠢᠯᠡᠬᠦ ᠳᠤ ᠴᠢᠨᠠᠷ ᠰᠠᠶᠢᠲᠠᠢ | ᠴᠢᠭᠢᠭᠲᠦᠭᠦᠯᠦᠭᠴᠢ ᠤᠰᠤ ᠬᠡᠷᠡᠭᠯᠡᠬᠦ ᠨᠢ ᠨᠡᠯᠢᠶᠡᠳ ᠰᠠᠶᠢᠨ ᠶᠤᠮ᠃ ᠵᠤᠬᠢᠬᠤ ᠬᠤᠭᠤᠴᠠᠭᠠᠨ ᠳᠤ ᠴᠢᠷᠠᠢ ᠶᠢ | ᠵᠦᠭᠡᠯᠡᠷᠡᠭᠦᠯᠦᠨ ᠴᠢᠭᠢᠭᠲᠦᠭᠦᠯᠵᠦ᠂ ᠠᠲᠤᠷᠢᠶ᠎ᠠ ᠶᠢ ᠰᠡᠷᠭᠡᠶᠢᠯᠡᠵᠦ ᠴᠢᠳᠠᠨ᠎ᠠ᠃ ᠲᠡᠳᠡᠭᠡᠷ ᠨᠡᠯᠢᠶᠡᠳ ᠦᠷᠲᠡᠭ ᠲᠠᠢ | ᠦᠲᠡᠯᠬᠦ ᠶᠢ ᠤᠳᠠᠭᠠᠰᠢᠷᠠᠭᠤᠯᠬᠤ ᠡᠳ᠋ ᠨᠢ ᠬᠦᠮᠦᠨ ᠪᠦᠬᠦᠨ ᠳᠤ ᠲᠤᠬᠢᠷᠠᠬᠤ ᠪᠢᠰᠢ ᠭᠡᠵᠡᠢ᠃ | 7. ᠭᠡᠷ ᠠᠴᠠ ᠪᠠᠨ ᠭᠠᠷᠬᠤ ᠦᠭᠡᠢ ᠪᠤᠯ ᠠᠲᠤᠷᠢᠶ᠎ᠠ ᠶᠢ ᠪᠦᠲᠦᠮᠵᠢᠲᠡᠢ ᠰᠡᠷᠭᠡᠶᠢᠯᠡᠨ᠎ᠡ᠃ ᠤᠨᠴᠠᠭᠠᠶᠢᠯᠠᠨ | ᠶᠡᠷᠦ ᠳᠡᠭᠡᠨ ᠠᠯᠪᠠᠨ ᠭᠡᠷ ᠲᠤ ᠰᠠᠭᠤᠵᠤ ᠠᠵᠢᠯᠯᠠᠳᠠᠭ ᠬᠦᠮᠦᠰ ᠤᠨ ᠨᠢᠭᠤᠷ ᠤᠨ ᠠᠲᠤᠷᠢᠶ᠎ᠠ ᠨᠢ ᠪᠠᠭ᠎ᠠ ᠭᠡᠵᠦ ᠵᠠᠷᠢᠮ | ᠬᠦᠮᠦᠰ ᠦᠵᠡᠳᠡᠭ᠃ ᠡᠮᠴᠢ ᠸᠢᠯᠧᠮᠰ ᠤᠨ ᠦᠵᠡᠬᠦ ᠪᠠᠷ᠂ ᠦᠨᠡᠨ ᠳᠡᠭᠡᠨ ᠠᠯᠪᠠᠨ ᠭᠡᠷ ᠲᠤ ᠰᠠᠭᠤᠵᠤ ᠠᠵᠢᠯᠯᠠᠳᠠᠭ | ᠬᠦᠮᠦᠰ ᠤᠨ ᠨᠢᠭᠤᠷ ᠴᠢᠷᠠᠢ ᠴᠦ ᠨᠠᠷᠠᠨ ᠤ ᠭᠡᠷᠡᠯ ᠤᠨ ᠬᠦᠨᠦᠭᠡᠯ ᠳᠤ ᠤᠴᠠᠷᠠᠬᠤ ᠪᠤᠯᠤᠮᠵᠢᠲᠠᠢ ᠪᠠᠶᠢᠳᠠᠭ᠂ ᠤᠴᠢᠷ | ᠨᠢ ᠨᠠᠷᠠᠨ ᠤ ᠭᠡᠷᠡᠯ ᠳᠠᠬᠢ ᠬᠦᠮᠦᠨ ᠤ ᠨᠢᠭᠤᠷ ᠴᠢᠷᠠᠢ ᠶᠢ ᠦᠲᠡᠯᠦᠭᠦᠯᠬᠦ ᠴᠢᠨᠠᠷᠲᠠᠢ ᠤᠷᠲᠤ ᠲᠤᠯᠭᠢᠶᠠᠨᠲᠤ ᠬᠦᠷᠢᠨ ᠤ | ᠭᠠᠳᠠᠨᠠᠬᠢ ᠲᠤᠶᠠᠭ᠎ᠠ ᠨᠢ ᠴᠤᠩᠬᠤᠨ ᠰᠢᠯ ᠢ ᠴᠦ ᠨᠡᠪᠲᠡᠯᠦᠨ ᠤᠷᠤᠵᠤ ᠢᠷᠡᠳᠡᠭ᠃ ᠳᠠᠷᠤᠢ ᠭᠡᠷ ᠲᠠᠬᠢ ᠬᠡᠪᠢᠰ ᠪᠤᠶᠤ | ᠴᠤᠩᠬᠤᠨ ᠪᠦᠲᠡᠭᠡᠯᠭᠡ ᠶᠢᠨ ᠦᠩᠭᠡ ᠴᠠᠶᠢᠷᠠᠨ ᠤᠨᠠᠳᠠᠭ ᠲᠠᠢ ᠠᠳᠠᠯᠢ ᠪᠠᠷ ᠬᠦᠮᠦᠨ ᠤ ᠠᠷᠠᠰᠤᠨ ᠳᠤ ᠪᠠᠰᠠ | ᠬᠦᠨᠦᠭᠡᠯ ᠤᠴᠠᠷᠠᠭᠤᠯᠳᠠᠭ᠃ | 8. ᠬᠡᠷᠪᠡ ᠡᠬᠡ ᠨᠢ ᠨᠢᠭᠤᠷ ᠤᠨ ᠠᠲᠤᠷᠢᠶ᠎ᠠ ᠴᠦᠭᠡᠨ ᠪᠤᠯ ᠬᠡᠦᠬᠡᠳ ᠨᠢ ᠴᠦ ᠠᠲᠤᠷᠢᠶ᠎ᠠ ᠭᠠᠷᠬᠤ ᠨᠢ ᠪᠠᠭ᠎ᠠ | ᠪᠠᠶᠢᠳᠠᠭ᠃ ᠡᠮᠴᠢ ᠸᠢᠯᠧᠮᠰ ᠤᠨ ᠦᠵᠡᠬᠦ ᠪᠠᠷ᠂ ᠬᠡᠳᠦᠶᠢᠪᠡᠷ ᠡᠬᠡ ᠶᠢᠨ ᠬᠢᠨᠢ ᠪᠡᠶ᠎ᠡ ᠮᠠᠬᠠᠪᠤᠳ ᠤᠨ ᠵᠠᠷᠢᠮ ᠵᠦᠢᠯᠡᠰ | ᠨᠢ ᠬᠡᠦᠬᠡᠳ ᠲᠤᠨᠢ ᠤᠳᠤᠮᠰᠢᠳᠠᠭ ᠴᠦ ᠠᠲᠤᠷᠢᠶ᠎ᠠ ᠨᠢ ᠤᠳᠤᠮᠰᠢᠯ ᠪᠠ ᠤᠷᠴᠢᠨ ᠲᠤᠭᠤᠷᠢᠨ ᠤ ᠤᠯᠠᠨ | ᠰᠢᠯᠲᠠᠭᠠᠨ ᠠᠴᠠ ᠪᠤᠢ ᠪᠤᠯᠳᠠᠭ᠃ ᠠᠲᠤᠷᠢᠶ᠎ᠠ ᠬᠤᠨᠢᠶᠠᠰᠤ ᠪᠤᠢ ᠪᠤᠯᠬᠤ ᠶᠢᠨ ᠬᠠᠮᠤᠭ ᠤᠨ ᠶᠡᠭᠡ ᠰᠢᠯᠲᠠᠭᠠᠨ ᠨᠢ | ᠨᠠᠷᠠᠨ ᠤ ᠭᠡᠷᠡᠯ ᠪᠠ ᠲᠠᠮᠠᠬᠢ ᠲᠠᠲᠠᠬᠤ᠂ ᠠᠷᠢᠬᠢ ᠤᠤᠭᠤᠬᠤ ᠵᠡᠷᠭᠡ ᠠᠮᠢᠳᠤᠷᠠᠯ ᠤᠨ ᠳᠠᠳᠬᠠᠯ ᠲᠠᠢ ᠬᠤᠯᠪᠤᠭ᠎ᠠ ᠲᠠᠢ᠂ | ᠡᠭᠦᠨ ᠠᠴᠠ ᠭᠠᠳᠠᠨ᠎ᠠ᠂ ᠪᠡᠶ᠎ᠡ ᠶᠢᠨ ᠡᠷᠡᠭᠦᠯ ᠮᠡᠨᠳᠦ ᠳᠤ ᠠᠰᠢᠭ ᠦᠭᠡᠢ ᠪᠠᠶᠢᠳᠠᠭ ᠲᠡᠳᠡᠭᠡᠷ ᠠᠮᠢᠳᠤᠷᠠᠯ ᠤᠨ ᠮᠠᠭᠤ | ᠳᠠᠳᠬᠠᠯ ᠨᠢ ᠪᠦᠷ ᠠᠷᠠᠰᠤᠨ ᠳᠤ ᠬᠦᠨᠦᠭᠡᠯ ᠶᠡᠬᠡᠲᠡᠢ ᠶᠤᠮ᠂ ᠡᠶᠢᠮᠦ ᠠᠴᠠ ᠡᠷᠡᠭᠦᠯ ᠰᠠᠶᠢᠬᠠᠨ ᠠᠮᠢᠳᠤᠷᠠᠯ ᠤᠨ | ᠵᠠᠩᠰᠢᠯ ᠲᠠᠢ ᠪᠤᠯᠬᠤ ᠨᠢ ᠠᠲᠤᠷᠢᠶ᠎ᠠ ᠬᠤᠨᠢᠶᠠᠰᠤ ᠭᠠᠷᠬᠤ ᠶᠢ ᠰᠡᠷᠭᠡᠶᠢᠯᠡᠬᠦ ᠪᠦᠲᠦᠮᠵᠢᠲᠡᠢ ᠠᠷᠭ᠎ᠠ ᠪᠤᠯᠤᠨ᠎ᠠ᠃ |