| ᠵᠤᠨ ᠤ ᠤᠯᠠᠷᠢᠯ ᠤᠨ ᠵᠢᠮᠢᠰ ᠪᠤᠯᠤᠭᠰᠠᠨ ᠤ ᠬᠤᠪᠢ ᠳᠤ ᠢᠩᠲᠤᠤᠷ ᠨᠢ ︽ᠭᠤᠸᠠᠵᠢᠭᠤᠯᠬᠤ ᠵᠢᠮᠢᠰ︾ | ᠭᠡᠮᠡᠭᠳᠡᠵᠦ᠂ ᠬᠢᠲᠡᠳ ᠡᠮᠨᠡᠯᠭᠡ ᠶᠢᠨ ᠨᠤᠮ ᠰᠤᠳᠤᠷ ᠲᠤ ︽ᠠᠷᠠᠰᠤ ᠶᠢ ᠵᠦᠭᠡᠯᠡᠷᠡᠭᠦᠯᠳᠡᠭ︾᠂ ︽ᠭᠤᠸᠠᠵᠢᠭᠤᠯᠳᠠᠭ︾ | ᠭᠡᠵᠦ ᠲᠡᠮᠳᠡᠭᠯᠡᠭᠰᠡᠨ ᠪᠠᠶᠢᠳᠠᠭ᠃ ᠤᠶᠢᠷ᠎ᠠ ᠳᠤ᠂ ᠠᠩᠭ᠍ᠯᠢ ᠶᠢᠨ ︽ᠲᠤᠰ ᠤᠷᠤᠢ ᠶᠢᠨ ᠰᠤᠨᠢᠨ︾ ᠠᠩᠭ᠍ᠯᠢ ᠶᠢᠨ | ᠨᠤᠸᠧᠰᠤᠨ᠂ ᠪᠦᠯᠢᠶᠠ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨᠲᠠᠨ ᠤ ᠰᠤᠳᠤᠯᠭᠠᠨ ᠤ ᠮᠡᠳᠡᠭᠦᠯᠦᠯᠲᠡ ᠶᠢ | ᠨᠡᠶᠢᠲᠡᠯᠡᠵᠦ᠂ ᠢᠩᠲᠤᠤᠷ ᠢᠳᠡᠬᠦ ᠨᠢ ᠬᠦᠮᠦᠨ ᠤ ᠪᠡᠶ᠎ᠡ ᠳᠤ ᠲᠠᠪᠤᠨ ᠲᠠᠯ᠎ᠠ ᠪᠠᠷ ᠲᠤᠰᠠᠲᠠᠢ ᠭᠡᠵᠦ ᠵᠢᠭᠠᠵᠤ ᠭᠠᠷᠭᠠᠪᠠ᠃ | ᠴᠢᠰᠤᠨ ᠳᠠᠷᠤᠯᠲᠠ ᠶᠢ ᠪᠠᠭᠤᠷᠠᠭᠤᠯᠤᠨ᠎ᠠ᠃ ᠢᠩᠲᠤᠤᠷ ᠲᠤ ᠴᠡᠴᠡᠭ ᠤᠨ ᠪᠤᠳᠤᠭ ᠡᠭᠦᠰᠬᠡᠭᠴᠢ᠂ ᠺᠠᠯᠢ ᠡᠯᠪᠡᠭ | ᠠᠬᠤᠭᠤᠯᠤᠭᠳᠠᠨ᠂ ᠴᠢᠰᠤᠨ ᠳᠠᠷᠤᠯᠲᠠ ᠶᠢ ᠪᠠᠭᠤᠷᠠᠭᠤᠯᠬᠤ ᠳᠤ ᠲᠤᠰᠠᠲᠠᠢ᠃ ᠡᠳᠦᠷ ᠲᠤ 60 ᠮᠢᠯᠢᠯᠢᠲᠷ | ᠢᠩᠲᠤᠤᠷ ᠤᠨ ᠰᠢᠭᠦᠰᠦ ᠤᠤᠭᠤᠪᠠᠯ 3 ᠴᠠᠭ ᠤᠨ ᠳᠠᠷᠠᠭ᠎ᠠ᠂ ᠴᠢᠰᠤᠨ ᠳᠠᠷᠤᠯᠲᠠ 7 ᠬᠤᠪᠢ ᠪᠠᠷ ᠪᠠᠭᠤᠷᠠᠳᠠᠭ᠃ | ᠦᠶ᠎ᠡ ᠭᠡᠰᠢᠭᠦᠦ ᠶᠢᠨ ᠦᠷᠪᠢᠰᠦᠯ ᠢ ᠨᠠᠮᠳᠠᠭᠤᠯᠤᠨ᠎ᠠ᠃ ᠢᠩᠲᠤᠤᠷ ᠲᠤ ᠴᠡᠴᠡᠭ ᠤᠨ ᠪᠤᠳᠤᠭ ᠡᠭᠦᠰᠬᠡᠭᠴᠢ ᠵᠡᠷᠭᠡ | ᠤᠷᠭᠤᠮᠠᠯ ᠤᠨ ᠬᠢᠮᠢ ᠶᠢᠨ ᠡᠳ᠋ ᠨᠢ ᠴᠢᠰᠤᠨ ᠤ ᠡᠷᠭᠢᠯᠲᠡ ᠶᠢ ᠲᠦᠷᠭᠡᠳᠬᠡᠨ᠂ ᠦᠶ᠎ᠡ ᠭᠡᠰᠢᠭᠦᠦ ᠶᠢᠨ ᠦᠷᠪᠢᠰᠦᠯ ᠲᠠᠢ | ᠬᠠᠮᠢᠶ᠎ᠠ ᠪᠦᠬᠦᠢ ᠪᠦᠷᠢᠯᠳᠦᠭᠦᠨ ᠢ ᠪᠠᠭᠠᠰᠬᠠᠵᠤ᠂ ᠤᠳᠠᠭᠠᠨ ᠴᠢᠨᠠᠷᠲᠠᠢ ᠦᠶ᠎ᠡ ᠭᠡᠰᠢᠭᠦᠦ ᠶᠢᠨ ᠦᠷᠪᠢᠰᠦᠯ ᠢ | ᠨᠠᠮᠳᠠᠭᠤᠯᠳᠠᠭ᠃ ᠶᠡᠭᠡ ᠳᠠᠷᠢᠬᠢᠨ ᠤ ᠴᠢᠳᠠᠪᠬᠢ ᠶᠢ ᠰᠠᠶᠢᠵᠢᠷᠠᠭᠤᠯᠤᠨ᠎ᠠ᠃ ᠢᠩᠲᠤᠤᠷ ᠢᠳᠡᠪᠡᠯ ᠶᠡᠭᠡ ᠳᠠᠷᠢᠬᠢᠨ ᠤ | ᠴᠢᠳᠠᠪᠬᠢ ᠰᠠᠶᠢᠨ ᠤᠷᠴᠢᠯᠲᠠ ᠶᠢᠨ ᠪᠠᠶᠢᠳᠠᠯ ᠳᠤ ᠪᠠᠶᠢᠬᠤ ᠶᠢ ᠪᠠᠲᠤᠯᠠᠬᠤ ᠪᠦᠭᠡᠳ ᠮᠡᠨᠡᠭ ᠡᠪᠡᠳᠴᠢᠨ ᠤ ᠪᠠᠶᠢᠳᠠᠯ ᠢ | ᠴᠦ ᠨᠠᠮᠳᠠᠭᠤᠯᠳᠠᠭ᠃ ᠡᠪᠡᠷᠰᠢᠶᠡᠬᠦ ᠶᠢ ᠨᠠᠮᠳᠠᠭᠤᠯᠤᠨ᠎ᠠ᠃ ᠢᠩᠲᠤᠤᠷ ᠢ ᠬᠡᠮᠵᠢᠶ᠎ᠡ ᠲᠠᠢ ᠢᠳᠡᠪᠡᠯ ᠪᠤᠯᠴᠢᠩ ᠤᠨ | ᠭᠡᠮᠲᠦᠯ ᠠᠴᠠ ᠪᠤᠯᠤᠭᠰᠠᠨ ᠡᠪᠡᠷᠰᠢᠶᠡᠯ ᠢ ᠨᠠᠮᠳᠠᠭᠤᠯᠵᠤ᠂ ᠳᠠᠷᠤᠯᠲᠠ ᠶᠢ ᠪᠠᠭᠠᠰᠬᠠᠳᠠᠭ᠃ ᠨᠤᠶᠢᠷ ᠲᠤ ᠰᠠᠶᠢᠨ᠃ | ᠢᠩᠲᠤᠤᠷ ᠲᠤ ᠬᠠᠷ᠎ᠠ ᠦᠭᠡᠶᠢᠲᠡᠭᠦᠯᠬᠦ ᠡᠳ᠋ ᠡᠯᠪᠡᠭ ᠠᠬᠤᠭᠤᠯᠤᠭᠳᠠᠨ᠂ ᠨᠤᠶᠢᠷ ᠤᠨ ᠴᠢᠨᠠᠷᠵᠢᠯ ᠢ ᠵᠤᠬᠢᠬᠤ | ᠬᠡᠮᠵᠢᠶ᠎ᠡ ᠪᠠᠷ ᠰᠠᠶᠢᠵᠢᠷᠠᠭᠤᠯᠳᠠᠭ᠃ |