ᠡᠳᠦᠷᠵᠢᠨ ᠲᠡᠷᠭᠡ ᠵᠢᠯᠤᠭᠤᠳᠪᠠᠯ ᠠᠮᠠᠷᠬᠠᠨ ᠮᠠᠷᠢᠶᠠᠯᠠᠨ᠎ᠠ
ᠨᠡᠶᠢᠲᠡᠯᠡᠭᠰᠡᠨ ᠴᠠᠭ᠄
2016-07-28
       ᠠᠦ᠋ᠰᠲᠷᠠᠯᠢᠶ᠎ᠠ ᠶᠢᠨ ᠺᠠᠲ᠋ᠤᠯᠢᠭ ᠱᠠᠰᠢᠨ ᠤ ᠶᠡᠭᠡ ᠰᠤᠷᠭᠠᠭᠤᠯᠢ ᠶᠢᠨ ᠨᠢᠭᠡᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ ᠡᠳᠦᠷ ᠪᠦᠷᠢ 15 ᠮᠢᠨᠦ᠋ᠲ ᠠᠴᠠ ᠤᠬᠤᠷ ᠴᠠᠭ ᠮᠠᠰᠢᠨᠲᠡᠷᠭᠡ ᠵᠢᠯᠤᠭᠤᠳᠳᠠᠭ ᠬᠦᠮᠦᠨ ᠲᠠᠢ ᠬᠠᠷᠢᠴᠠᠭᠤᠯᠪᠠᠯ ᠨᠠᠭᠠᠲᠤ ᠵᠠᠬ᠎ᠠ ᠳᠠᠭᠠᠨ 1 ᠴᠠᠭ ᠠᠴᠠ ᠳᠡᠭᠡᠭᠰᠢ ᠮᠠᠰᠢᠨ ᠲᠡᠷᠭᠡ ᠵᠢᠯᠤᠭᠤᠳᠳᠠᠭ ᠬᠦᠮᠦᠨ ᠤ ᠪᠡᠶ᠎ᠡ ᠶᠢᠨ ᠬᠦᠨᠳᠦ ᠨᠢ ᠳᠡᠭᠰᠢᠳᠬᠡᠭᠡᠳ 2.3 ᠺᠢᠯᠤᠭ᠍ᠷᠡᠮ ᠨᠡᠮᠡᠭᠳᠡᠨ᠂ ᠪᠦᠰᠡᠯᠡᠭᠦᠷ ᠨᠢ ᠳᠡᠭᠰᠢᠳᠬᠡᠭᠡᠳ 1.5 ᠰᠡᠨᠲ᠋ᠢᠮᠧᠲᠷ ᠪᠦᠳᠦᠭᠦᠷᠡᠵᠦ᠂ ᠡᠷᠲᠡ ᠠᠳᠡᠬᠦ ᠪᠤᠯᠤᠮᠵᠢ ᠴᠦ ᠨᠡᠮᠡᠭᠳᠡᠳᠡᠭ᠃ ᠰᠤᠳᠤᠯᠭᠠᠲᠠᠳ ᠰᠢᠬᠢᠷ ᠰᠢᠵᠢᠩ ᠡᠪᠡᠳᠴᠢᠨ᠂ ᠮᠠᠷᠢᠶᠠᠯᠠᠬᠤ ᠭᠡᠮ ᠪᠠ ᠠᠮᠢᠳᠤᠷᠠᠯ ᠤᠨ ᠠᠷᠭ᠎ᠠ ᠬᠡᠯᠪᠡᠷᠢ ᠶᠢᠨ ᠰᠤᠳᠤᠯᠭᠠᠨ ᠤ ᠲᠦᠷᠦᠯ ᠳᠤ ᠤᠷᠤᠯᠴᠠᠭᠰᠠᠨ 2800 ᠲᠤᠮᠤᠴᠤᠤᠯ ᠤᠨ ᠬᠠᠮᠢᠶ᠎ᠠ ᠪᠦᠬᠦᠢ ᠲᠤᠭ᠎ᠠ ᠪᠦᠷᠢᠳᠬᠡᠯ ᠳᠤ ᠵᠠᠳᠠᠯᠤᠯᠲᠠ ᠬᠢᠵᠦ᠂ ᠮᠠᠰᠢᠨ ᠲᠡᠷᠭᠡ ᠵᠢᠯᠤᠭᠤᠳᠳᠠᠭ ᠴᠠᠭ ᠤᠨ ᠤᠷᠲᠤ ᠤᠬᠤᠷ ᠬᠢᠭᠡᠳ ᠪᠡᠶ᠎ᠡ ᠮᠠᠬᠠᠪᠤᠳ ᠤᠨ ᠡᠷᠡᠭᠦᠯ ᠮᠡᠨᠳᠦ ᠶᠢᠨ ᠵᠢᠭᠠᠯᠲᠠ ᠲᠤᠭ᠎ᠠ ᠪᠦᠰᠡᠯᠡᠭᠦᠷ ᠤᠨ ᠪᠦᠳᠦᠭᠦᠨ ᠨᠠᠷᠢᠨ᠂ ᠦᠯᠦᠨ ᠦᠶᠡᠰ ᠤᠨ ᠴᠢᠰᠤᠨ ᠤ ᠰᠢᠬᠢᠷ ᠤᠨ ᠵᠢᠭᠠᠯᠲᠠ ᠲᠤᠭ᠎ᠠ ᠵᠡᠷᠭᠡ ᠳᠤ ᠬᠠᠷᠢᠴᠠᠭᠤᠯᠤᠭᠰᠠᠨ ᠰᠤᠳᠤᠯᠭᠠᠨ ᠬᠢᠪᠡ᠃ ᠡᠭᠦᠨ ᠤ ᠳ᠋ᠦᠩ ᠳᠤ᠂ ᠡᠳᠦᠷ ᠪᠦᠷᠢ ᠨᠠᠭᠠᠲᠤ ᠵᠠᠬ᠎ᠠ ᠳᠠᠭᠠᠨ 1 ᠴᠠᠭ ᠮᠠᠰᠢᠨ ᠲᠡᠷᠭᠡ ᠪᠠᠷᠢᠳᠠᠭ ᠬᠦᠮᠦᠰ ︵ᠲᠤᠷᠰᠢᠯᠲᠠ ᠳᠤ ᠤᠷᠤᠯᠴᠠᠭᠴᠢ ᠶᠢᠨ 25% ᠰᠢᠬᠠᠮ ᠢ ᠡᠵᠡᠯᠡᠨ᠎ᠡ︶ ᠤᠨ ᠪᠡᠶ᠎ᠡ ᠮᠠᠬᠠᠪᠤᠳ ᠤᠨ ᠡᠷᠡᠭᠦᠯ ᠮᠡᠨᠳᠦ ᠶᠢᠨ ᠵᠢᠭᠠᠯᠲᠠ ᠲᠤᠭ᠎ᠠ ᠨᠢ ᠡᠳᠦᠷ ᠪᠦᠷᠢ 15 ᠮᠢᠨᠦ᠋ᠲ ᠯᠡ ᠮᠠᠰᠢᠨ ᠲᠡᠷᠭᠡ ᠪᠠᠷᠢᠳᠠᠭ ᠬᠦᠮᠦᠨ ᠠᠴᠠ 0.8 ︵170 ᠮᠧᠲᠷ ᠦᠨᠳᠦᠷ ᠤᠨ ᠬᠦᠮᠦᠨ ᠪᠤᠯ ᠪᠡᠶ᠎ᠡ ᠶᠢᠨ ᠬᠦᠨᠳᠦ ᠨᠢ 2.3 ᠺᠢᠯᠦᠭᠷᠡᠮ ᠨᠡᠮᠡᠭᠳᠡᠬᠦ ᠲᠠᠢ ᠲᠡᠩᠴᠡᠨ᠎ᠡ︶ ᠺᠢᠯᠦᠭᠷᠡᠮ᠂ ᠪᠦᠰᠡᠯᠡᠭᠦᠷ ᠨᠢ 1.5 ᠰᠡᠨᠲ᠋ᠢᠮᠧᠲᠷ ᠪᠦᠳᠦᠭᠦᠷᠡᠭᠰᠡᠨ ᠪᠠᠶᠢᠪᠠ᠃ ᠤᠷᠲᠤ ᠬᠤᠭᠤᠴᠠᠭ᠎ᠠ ᠪᠠᠷ ᠮᠠᠰᠢᠨ‌‍ᠲ᠋ᠡᠷᠭᠡ ᠵᠢᠯᠤᠭᠤᠳᠬᠤ ᠶᠢᠨ ᠡᠷᠡᠭᠦᠯ ᠮᠡᠨᠳᠦ ᠳᠤ ᠦᠵᠡᠭᠦᠯᠬᠦ ᠬᠤᠬᠢᠷᠠᠯ ᠨᠢ ᠤᠳᠠᠭᠠᠨ ᠰᠠᠭᠤᠳᠠᠭ ᠠᠮᠢᠳᠤᠷᠠᠯ ᠤᠨ ᠠᠷᠭ᠎ᠠ ᠬᠡᠯᠪᠡᠷᠢ ᠲᠠᠢ ᠠᠳᠠᠯᠢᠬᠠᠨ ᠪᠠᠶᠢᠵᠤ᠂ ᠪᠡᠶ᠎ᠡ ᠳᠠᠬᠢ ᠬᠤᠤᠷᠠᠲᠠᠢ ᠦᠭᠡᠬᠦ ᠶᠢ ᠬᠤᠷᠠᠭᠤᠯᠤᠨ᠂ ᠮᠠᠷᠢᠶᠠᠯᠠᠭᠤᠯᠳᠠᠭ ᠮᠦᠷᠲᠡᠭᠡᠨ ᠵᠢᠷᠦᠬᠡ ᠳᠠᠷᠢᠬᠢᠨ ᠤ ᠴᠢᠰᠤᠨ ᠰᠤᠳᠠᠯ ᠤᠨ ᠡᠪᠡᠳᠴᠢᠨ ᠵᠢᠴᠢ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠨᠡᠮᠡᠭᠳᠡᠭᠦᠯᠳᠡᠭ ᠲᠤᠯᠠ ᠪᠤᠯᠬᠤ ᠶᠢᠨ ᠲᠤᠲᠤᠷ᠎ᠠ ᠲᠡᠷᠭᠡ ᠲᠤᠲᠠᠭᠤ ᠵᠢᠯᠤᠭᠤᠳᠴᠤ ᠢᠯᠡᠭᠦᠦ ᠠᠯᠬᠤᠪᠠᠯ ᠵᠠᠮ ᠬᠠᠷᠢᠯᠴᠠᠭ᠎ᠠ ᠶᠢ ᠲᠦᠭᠵᠢᠷᠡᠭᠦᠯᠦᠨ ᠠᠭᠤᠷ ᠠᠮᠢᠰᠬᠤᠯ ᠢ ᠪᠤᠬᠢᠷᠳᠤᠭᠤᠯᠬᠤ ᠶᠢ ᠪᠠᠭᠠᠰᠬᠠᠬᠤ ᠪᠠᠷ ᠪᠠᠷᠠᠬᠤ ᠦᠭᠡᠢ ᠡᠷᠡᠭᠦᠯ ᠮᠡᠨᠳᠦ ᠳᠤ ᠨᠡᠩ ᠲᠤᠰᠠᠲᠠᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ︽ᠮᠥᠩᠬᠡ ᠭᠠᠯ︾ ᠺᠣᠮᠫᠢᠦ᠋ᠲ᠋ᠧᠷ ᠰᠣᠹᠲ ᠤᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号