| ᠥᠪᠤᠷ ᠮᠤᠩᠭᠤᠯ ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠪᠤᠯ ᠤᠯᠠᠭᠠᠨᠬᠠᠳᠠ ᠳᠠᠬᠢ ᠮᠤᠩᠭᠤᠯ | ᠥᠨᠳᠤᠰᠤᠳᠡᠨ ᠤ ᠲᠤᠮᠳᠡᠳᠤ ᠰᠤᠷᠭᠠᠭᠤᠯᠢ ᠶᠢᠨ ᠤᠷᠢᠳᠠᠴᠢ ᠪᠡᠶ᠎ᠡ ᠮᠦᠨ᠃ ᠤᠯᠠᠭᠠᠨᠬᠦᠤ ᠨᠥᠭᠦᠷ ᠲᠤᠰ ᠰᠤᠷᠭᠠᠭᠤᠯᠢ ᠶᠢ | ᠴᠤᠭᠴᠠᠯᠠᠨ ᠪᠠᠶᠢᠭᠤᠯᠤᠭᠰᠠᠨ ᠪᠥᠭᠡᠳ 1946 ᠤᠨ ᠤ 3 ᠰᠠᠷ᠎ᠠ ᠠᠴᠠ 1949 ᠤᠨ ᠤ 8 ᠰᠠᠷ᠎ᠠ ᠪᠤᠯᠳᠠᠯ᠎ᠠ ᠵᠠᠭᠢᠷᠤᠯ | ᠤᠨ ᠲᠤᠰᠢᠶᠡᠯ ᠢ ᠬᠠᠪᠰᠤᠷᠭᠠᠨ ᠬᠠᠷᠢᠭᠤᠴᠠᠵᠤ ᠪᠠᠶᠢᠪᠠ᠃ ᠥᠪᠤᠷ ᠮᠤᠩᠭᠤᠯ ᠤᠨ ᠥᠪᠡᠷᠳᠡᠭᠡᠨ ᠵᠠᠰᠠᠬᠤ ᠲᠡᠭᠡᠳᠤ | ᠰᠤᠷᠭᠠᠭᠤᠯᠢ ᠪᠤᠯ ᠲᠤᠮᠳᠡᠳᠤ ᠤᠯᠤᠰ ᠤᠨ ᠬᠤᠪᠢᠰᠬᠠᠯ ᠤᠨ ᠭᠤᠯᠤᠮᠳᠠ᠂ ᠪᠥᠭᠦ ᠤᠯᠤᠰ ᠢ ᠴᠢᠯᠦᠭᠡᠯᠡᠬᠦ ᠲᠡᠮᠡᠴᠡᠯ ᠤᠨ | ᠲᠤᠭᠴᠢ᠂ ᠡᠯ᠎ᠡ ᠥᠨᠳᠤᠰᠤᠳᠡᠨ ᠤ ᠠᠷᠠᠳ ᠲᠥᠮᠡᠨ ᠤ ᠪᠥᠯᠭᠦᠮᠳᠡᠯ ᠨᠢᠭᠳᠠᠷᠠᠯ ᠤᠨ ᠲᠠᠭᠰᠢᠨ ᠤᠷᠤᠨ᠂ ᠮᠤᠩᠭᠤᠯ | ᠥᠨᠳᠤᠰᠤᠳᠡᠨ ᠤ ᠬᠤᠪᠢᠰᠬᠠᠯᠳᠤ ᠰᠡᠭᠡᠭᠡᠳᠡᠳ ᠢ ᠬᠦᠮᠦᠵᠢᠬᠦᠯᠦᠭᠰᠡᠨ ᠠᠷᠢᠭᠤᠨ ᠥᠯᠥᠭᠡᠢ ᠶᠤᠮ᠃ | | ᠬᠤᠷᠢᠳᠤᠭᠠᠷ ᠵᠠᠭᠤᠨ ᠤ ᠲᠡᠭᠡᠷ᠎ᠡ ᠬᠠᠭᠠᠰ ᠲᠤ᠂ ᠲᠤᠮᠳᠡᠳᠤ ᠤᠯᠤᠰ ᠲᠤᠩ ᠶᠡᠭᠡ ᠲᠤᠩᠰᠤᠯᠤᠯᠳᠡ ᠶᠢᠨ ᠲᠤᠮᠳᠡ | ᠤᠷᠤᠰᠢᠵᠦ ᠪᠠᠶᠢᠯ᠎ᠠ᠃ ᠲᠤᠬᠠᠢ ᠶᠢᠨ ᠠᠬᠤᠢ ᠪᠠᠶᠢᠳᠠᠯ ᠤᠨ ᠭᠥᠭᠵᠢᠯᠳᠡ ᠶᠢ ᠲᠠᠭᠠᠯᠳᠤᠨ᠂ ᠮᠤᠩᠭᠤᠯ ᠥᠨᠳᠤᠰᠤᠳᠡᠨ ᠴᠤ | ᠲᠡᠤᠭᠡ ᠶᠢᠨ ᠲᠤᠨᠤᠯᠵᠢᠨ ᠵᠠᠮ ᠳᠤ ᠲᠤᠯᠭᠠᠷᠠᠯ᠎ᠠ᠃ ᠡᠨᠡᠭᠦ ᠲᠡᠭᠷᠢ ᠭᠠᠵᠠᠷ ᠲᠤᠩᠰᠤᠯᠤᠨ ᠭᠥᠳᠡᠯᠥᠭᠰᠡᠨ ᠲᠡᠤᠭᠡᠨ ᠴᠠᠭ ᠥᠶ᠎ᠡ | ᠳᠤ᠂ ᠤᠯᠠᠭᠠᠨᠬᠦᠤ ᠵᠡᠷᠭᠡ ᠮᠤᠩᠭᠤᠯ ᠰᠤᠶᠤᠯ ᠤᠨ ᠰᠤᠳᠤᠴᠤᠤᠯ ᠥᠪᠡᠷ ᠤᠨ ᠡᠷᠢᠯᠭᠢᠯᠡᠯ᠂ ᠬᠠᠰᠭᠢᠷᠤᠯ᠂ ᠲᠡᠮᠡᠴᠡᠯ ᠪᠤᠯᠤᠨ | ᠮᠢᠩᠭᠠᠨ ᠭᠠᠯᠪᠠ ᠳᠤ ᠲᠠᠭᠤᠷᠢᠰᠤᠯᠳᠠᠢ ᠮᠢᠳᠡᠷᠡᠰᠢ ᠥᠭᠡᠢ ᠵᠤᠷᠢᠭ ᠰᠠᠨᠠᠭ᠎ᠠ ᠪᠠᠷ ᠥᠨᠳᠤᠰᠤᠳᠡᠨ ᠤ ᠴᠢᠯᠥᠭᠡᠯᠡᠯᠳᠡ ᠶᠢ | ᠡᠷᠢᠯᠭᠢᠯᠡᠨ᠂ ᠥᠨᠳᠤᠰᠤᠳᠡᠨ ᠤ ᠥᠪᠡᠷᠳᠡᠭᠡᠨ ᠵᠠᠰᠠᠬᠤ ᠶᠢ ᠤᠷᠠᠶᠢᠯᠠᠵᠤ᠂ ᠥᠪᠤᠷ ᠮᠤᠩᠭᠤᠯ ᠤᠨ ᠥᠪᠡᠷᠳᠡᠭᠡᠨ ᠵᠠᠰᠠᠬᠤ | ᠭᠥᠳᠡᠯᠭᠡᠭᠡᠨ ᠢ ᠥᠷᠨᠢᠭᠦᠯᠪᠡ᠃ ᠶᠠᠫᠤᠨ ᠢ ᠡᠰᠡᠷᠭᠦᠴᠡᠭᠦ ᠲᠠᠶᠢᠨ ᠢᠯᠡᠯᠳᠡ ᠤᠯᠤᠭᠰᠠᠨ ᠤ ᠲᠠᠷᠠᠭ᠎ᠠ᠂ ᠲᠤᠳᠤᠭᠠᠳᠤ ᠶᠢᠨ | ᠲᠠᠶᠢᠨ ᠲᠡᠭᠳᠡᠯᠡ᠃ ᠡᠳᠡᠭᠡᠷ ᠮᠤᠩᠭᠤᠯ ᠥᠨᠳᠤᠰᠤᠳᠡᠨ ᠤ ᠰᠤᠳᠤᠴᠤᠤᠯ ᠮᠠᠨᠢ ᠥᠨᠳᠤᠰᠤᠳᠡᠨ ᠤ ᠴᠢᠯᠤᠭᠡᠯᠡᠯᠳᠡ ᠪᠤᠯᠤᠨ | ᠥᠨᠳᠤᠰᠤᠳᠡᠨ ᠤ ᠥᠪᠡᠷᠳᠡᠭᠡᠨ ᠵᠠᠰᠠᠬᠤ ᠭᠥᠰᠡᠯ ᠡᠷᠡᠮᠡᠯᠵᠡᠯ ᠢᠶᠠᠨ ᠲᠤᠮᠳᠡᠳᠤ ᠤᠯᠤᠰ ᠤᠨ ᠡᠪ ᠬᠠᠮᠳᠤ ᠨᠠᠮ ᠤᠨ ᠰᠤᠳᠤ | ᠮᠡᠷᠭᠡᠨ ᠤᠳᠤᠷᠢᠳᠤᠯᠭ᠎ᠠ ᠳᠤ ᠲᠡᠪᠰᠢᠭᠦᠯᠪᠡ᠃ ᠢᠩᠭᠢᠭᠡᠳ ᠲᠤᠮᠳᠡᠳᠤ ᠤᠯᠤᠰ ᠤᠨ ᠡᠪ ᠬᠠᠮᠳᠤ ᠨᠠᠮ ᠤᠨ ᠲᠥᠪ ᠬᠤᠷᠢᠶ᠎ᠠ | ᠪᠤᠯᠤᠨ ᠤᠯᠠᠭᠠᠨᠬᠦᠦ ᠨᠥᠭᠦᠷ ᠤᠨ ᠤᠷᠢᠶᠠᠯᠠᠭ᠎ᠠ ᠲᠤᠤᠷ᠎ᠠ᠂ ᠥᠪᠤᠷ ᠮᠤᠩᠭᠤᠯ ᠤᠨ ᠥᠪᠡᠷᠳᠡᠭᠡᠨ ᠵᠠᠰᠠᠬᠤ ᠭᠥᠳᠡᠯᠭᠡᠭᠡᠨ ᠤ | ᠬᠤᠯᠪᠤᠭᠠᠳᠤ ᠬᠤᠷᠠᠯ ᠪᠤᠯᠤᠨ ᠲᠤᠮᠳᠡᠳᠤ ᠤᠯᠤᠰ ᠤᠨ ᠡᠪ ᠬᠠᠮᠳᠤ ᠨᠠᠮ ᠤᠨ ᠵᠢᠢ ᠴᠠ ᠿᠧ ᠯᠢᠶᠤᠤ ᠶᠢᠨ ᠲᠥᠪ ᠬᠤᠷᠢᠶᠡᠨ | ᠤ ᠬᠤᠪᠢᠶᠠᠷᠢ ᠲᠤᠪᠴᠢᠶᠡᠨ ᠠᠴᠠ ᠰᠢᠢᠳᠪᠤᠷᠢ ᠭᠠᠷᠭᠠᠵᠤ ᠿᠧ ᠡᠾᠧ ᠮᠤᠵᠢ ᠶᠢᠨ ᠵᠠᠰᠠᠭ ᠤᠨ ᠤᠷᠳᠤᠨ ᠠᠴᠠ ᠭᠤᠤᠯᠯᠠᠨ | ᠡᠷᠭᠢᠯᠡᠭᠰᠡᠨ ᠥᠪᠤᠷ ᠮᠤᠩᠭᠤᠯ ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠶᠢ ᠤᠯᠠᠭᠠᠨᠬᠠᠳᠠ ᠳᠤ ᠪᠠᠶᠢᠭᠤᠯᠤᠭᠠᠳ᠂ | ᠤᠤᠯ ᠤᠨ ᠤᠯᠠᠭᠠᠨᠬᠠᠳᠠ ᠶᠢᠨ ᠵᠢᠷᠭᠤᠳᠤᠭᠠᠷ ᠵᠡᠭᠡᠯᠢ ᠳᠤ ᠪᠠᠶᠢᠷᠢᠯᠠᠪᠠ᠃ ᠤᠯᠠᠭᠠᠨᠬᠦᠤ ᠨᠥᠭᠦᠷ ᠵᠠᠭᠢᠷᠤᠯ ᠤᠨ ᠲᠤᠰᠢᠶᠡᠯ ᠢ | ᠬᠠᠪᠰᠤᠷᠭᠠᠨ ᠬᠠᠷᠢᠭᠤᠴᠠᠵᠤ᠂ ᠰᠤᠷᠭᠠᠭᠤᠯᠢ ᠨᠢ 1946 ᠤᠨ ᠤ 3 ᠰᠠᠷ᠎ᠠ ᠶᠢᠨ 15 ᠳᠤ ᠵᠢᠩᠭᠢᠨᠢ ᠪᠠᠷ ᠭᠢᠴᠢᠶᠡᠯ | ᠨᠡᠭᠡᠭᠡᠪᠡ᠃ ᠡᠨᠡ ᠪᠤᠯ ᠲᠤᠮᠳᠡᠳᠤ ᠤᠯᠤᠰ ᠤᠨ ᠡᠪ ᠬᠠᠮᠳᠤ ᠨᠠᠮ ᠤᠨ ᠥᠪᠤᠷ ᠮᠤᠩᠭᠤᠯ ᠤᠷᠤᠨ ᠳᠤ ᠡᠭᠦᠰᠭᠡᠨ | ᠪᠠᠶᠢᠭᠤᠯᠤᠭᠰᠠᠨ ᠤᠤᠭᠠᠨ ᠰᠤᠷᠭᠠᠭᠤᠯᠢ ᠪᠤᠯᠤᠨ᠎ᠠ᠃ ᠲᠡᠷᠡ ᠨᠢ ᠶᠠᠫᠤᠨ ᠢ ᠡᠰᠡᠷᠭᠦᠴᠡᠭᠦ ᠲᠠᠶᠢᠨ ᠤ ᠬᠤᠭᠤᠴᠠᠭᠠᠨ ᠳᠠᠬᠢ ᠶᠠᠨ | ᠠᠨ ᠤ ᠶᠠᠫᠤᠨ ᠢ ᠡᠰᠡᠷᠭᠦᠴᠡᠭᠦ ᠶᠡᠭᠡ ᠰᠤᠷᠭᠠᠭᠤᠯᠢ ᠶᠢᠨ ᠪᠥᠷᠢᠨ ᠲᠥᠭᠦᠷ ᠭᠡᠪ ᠵᠠᠭᠪᠤᠷ ᠢᠶᠠᠷ ᠪᠠᠶᠢᠭᠤᠯᠤᠭᠳᠠᠭᠰᠠᠨ ᠪᠤᠯᠬᠤᠷ᠂ | ᠪᠠᠰᠠ ᠥᠪᠤᠷ ᠮᠤᠩᠭᠤᠯ ᠤᠨ ︽ᠶᠠᠫᠤᠨ ᠢ ᠡᠰᠡᠷᠭᠦᠴᠡᠭᠦ ᠶᠡᠭᠡ ᠰᠤᠷᠭᠠᠭᠤᠯᠢ︾ ᠭᠡᠰᠡᠨ ᠢᠷᠠᠭᠤ ᠠᠯᠳᠠᠷ ᠢ ᠭᠥᠷᠳᠡᠭᠰᠡᠨ | ᠪᠢᠯᠡ᠃ ᠨᠠᠮ ᠤᠨ ᠲᠥᠪ ᠬᠤᠷᠢᠶᠠᠨ ᠤ ᠡᠶᠢᠮᠥᠷᠭᠦ ᠥᠨᠳᠤᠰᠤᠳᠡᠨ ᠤ ᠥᠪᠡᠷᠳᠡᠭᠡᠨ ᠵᠠᠰᠠᠬᠤ ᠲᠥᠷᠢᠮ ᠲᠤᠭᠳᠠᠭᠠᠯ ᠨᠢ | ᠵᠥᠪᠯᠡᠯᠳᠤ ᠶᠢᠨ ᠵᠠᠭᠪᠤᠷ ᠢ ᠨᠡᠭᠦᠯᠭᠡᠨ ᠲᠤᠬᠤᠭᠰᠠᠨ ᠥᠭᠡᠢ ᠮᠥᠷᠳᠡᠭᠡᠨ ᠴᠥᠭᠡᠨ ᠲᠤᠭᠠᠳᠤ ᠥᠨᠳᠤᠰᠤᠳᠡᠨ ᠤ ᠤᠯᠤᠰ | ᠲᠥᠷᠤ ᠶᠢᠨ ᠭᠥᠰᠡᠯ ᠡᠷᠡᠮᠡᠯᠵᠡᠯᠡᠯ ᠢ ᠴᠤ ᠭᠥᠰᠡᠷᠳᠡᠭᠦᠯᠤᠨ ᠬᠤᠭᠢᠷᠠᠭᠤᠯᠤᠭᠰᠠᠨ ᠦᠭᠡᠢ ᠪᠠᠶᠢᠵᠤ᠂ ᠲᠤᠮᠳᠡᠳᠤ ᠤᠯᠤᠰ ᠤᠨ | ᠡᠪ ᠬᠠᠮᠳᠤ ᠨᠠᠮ ᠤᠨ ᠥᠨᠳᠤᠰᠤᠳᠡᠨ ᠤ ᠲᠥᠷᠤ ᠶᠢᠨ ᠪᠤᠳᠤᠯᠭ᠎ᠠ ᠪᠤᠯᠤᠨ ᠠᠷᠠᠳᠴᠢᠯᠡᠯ ᠤᠨ ᠪᠠᠶᠢᠭᠤᠯᠤᠯᠳᠡ ᠶᠢᠨ ᠲᠠᠯ᠎ᠠ | ᠪᠠᠷ ᠬᠢ ᠡᠷᠡᠰ ᠲᠠᠰᠤᠷᠬᠠᠢ ᠪᠥᠭᠡᠳ ᠰᠤᠳᠤ ᠮᠡᠷᠭᠡᠨ ᠰᠢᠢᠳᠪᠦᠷᠢ ᠪᠤᠯᠵᠤ ᠴᠢᠳᠠᠭᠰᠠᠨ ᠶᠤᠮ᠃ ᠶᠠᠭ ᠡᠨᠡᠭᠦ ᠰᠢᠢᠳᠪᠤᠷᠢ ᠶᠢ | ᠭᠠᠷᠭᠠᠭᠰᠠᠨ ᠠᠴᠠ ᠪᠤᠯᠵᠤ᠂ ᠰᠠᠶ᠋ᠢ ᠥᠪᠤᠷ ᠮᠤᠩᠭᠤᠯ ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠶᠢᠨ | ᠪᠠᠶᠢᠭᠤᠯᠤᠭᠳᠠᠬᠤ ᠪᠤᠯᠤᠨ ︽ᠪᠥᠭᠦᠳᠡ ᠨᠠᠶᠢᠷᠠᠮᠳᠠᠬᠤ ᠲᠤᠮᠳᠡᠳᠤ ᠠᠷᠠᠳ ᠤᠯᠤᠰ ᠤᠨ ᠥᠨᠳᠤᠰᠤᠳᠡᠨ ᠤ ᠤᠷᠤᠨ ᠤ | ᠥᠪᠡᠷᠳᠡᠭᠡᠨ ᠵᠠᠰᠠᠬᠤ ᠬᠠᠤᠯᠢ︾ ᠶᠢᠨ ᠮᠡᠨᠳᠤᠯᠡᠭᠦ ᠵᠢᠴᠢ ᠰᠡᠭᠦᠯᠠᠷ ᠨᠢ ᠪᠥᠭᠦ ᠤᠯᠤᠰ ᠤᠨ ᠲᠠᠪᠤᠨ ᠥᠪᠡᠷᠳᠡᠭᠡᠨ ᠵᠠᠰᠠᠬᠤ | ᠤᠷᠤᠨ ᠪᠤᠢ ᠪᠤᠯᠬᠤ ᠳᠤ ᠪᠠᠳᠤ ᠪᠠᠭᠢ ᠰᠠᠭᠤᠷᠢ ᠶᠢ ᠲᠠᠯᠪᠢᠭᠰᠠᠨ ᠪᠢᠯᠡ᠃ | ᠥᠪᠤᠷ ᠮᠤᠩᠭᠤᠯ ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠨᠢ ᠡᠭᠢᠯᠡᠨ ᠪᠠᠶᠢᠭᠤᠯᠤᠭᠳᠠᠭᠰᠠᠨ ᠠᠩᠬᠠᠨ ᠤ | ᠱᠠᠳᠤᠨ ᠳᠤ ᠪᠠᠨ 300 ᠭᠠᠷᠤᠢ ᠰᠤᠷᠤᠭᠴᠢ ᠲᠠᠢ᠂ ᠪᠥᠭᠦᠨ ᠢᠶᠠᠷ ᠢᠶᠠᠨ ᠮᠤᠩᠭᠤᠯ ᠥᠨᠳᠤᠰᠤᠳᠡᠨ ᠤ ᠵᠠᠯᠠᠭᠤᠰ ᠪᠠᠶᠢᠭᠰᠠᠨ | ᠮᠥᠷᠳᠡᠭᠡᠨ ᠵᠤᠤ ᠤᠳᠠ ᠶᠢᠨ ᠴᠢᠭᠤᠯᠭᠠᠨ ᠪᠠ ᠵᠤᠰᠤᠳᠤ ᠶᠢᠨ ᠴᠢᠭᠤᠯᠭᠠᠨ ᠠᠴᠠ ᠰᠤᠷᠤᠭᠴᠢ ᠶᠢᠨ ᠢᠷᠡᠯᠳᠡ ᠲᠠᠢ ᠪᠠᠶᠢᠪᠠ᠃ | ᠪᠠᠭᠰᠢ ᠶᠢᠨ ᠡᠩᠨᠡᠭᠡᠨ ᠲᠤᠳᠤᠷ᠎ᠡ ᠨᠢ ᠶᠠᠨ ᠠᠨ ᠠᠴᠠ ᠢᠷᠡᠭᠰᠡᠨ ᠸᠠᠩ ᠱᠢ ᠬᠠᠨ᠂ ᠯᠢ ᠰᠢᠶᠤᠤ ᠹᠸᠡᠭ ᠪᠠᠶᠢᠭᠰᠠᠨ | ᠪᠥᠭᠡᠳ ᠮᠤᠩᠭᠤᠯ ᠥᠨᠳᠤᠰᠤᠳᠡᠨ ᠤ ᠪᠠᠭᠰᠢ ᠭᠡᠸᠠ᠂ ᠴᠡᠩᠭᠡᠯᠳᠡᠢ᠂ ᠬᠤᠷᠯᠤ ︵ᠶᠠᠩ ᠲᠢᠩ ᠰᠢᠶᠠᠩ︶ ᠨᠠᠷ ᠴᠤ | ᠪᠠᠶᠢᠯᠴᠠᠪᠠ᠃ ᠰᠤᠷᠭᠠᠭᠤᠯᠢ ᠡᠷᠭᠢᠯᠡᠭᠦ ᠭᠥᠴᠤᠨ ᠢᠶᠠᠨ ᠴᠢᠩᠭᠠᠳᠬᠠᠬᠤ ᠶᠢᠨ ᠲᠥᠯᠤᠭᠡ᠂ 1946 ᠤᠨ ᠤ 7 ᠰᠠᠷ᠎ᠠ ᠳᠤ | ᠵᠠᠩ ᠵᠢᠶᠠ ᠺᠸᠤ ᠶᠢᠨ ᠴᠡᠷᠢᠭ ᠵᠠᠰᠠᠭ ᠤᠨ ᠶᠡᠭᠡ ᠰᠤᠷᠭᠠᠭᠤᠯᠢ ᠠᠴᠠ ᠴᠢ ᠶᠥᠡᠭ ᠼᠥᠨ ᠢ ᠭᠢᠴᠢᠶᠡᠯ ᠭᠥᠮᠤᠵᠢᠯ ᠤᠨ | ᠡᠷᠭᠢᠯᠡᠭᠴᠢ ᠪᠠᠷ ᠲᠤᠮᠢᠯᠠᠵᠤ ᠬᠠᠮᠳᠤ ᠢᠷᠡᠭᠰᠡᠨ ᠪᠠᠭᠰᠢ ᠶᠢᠨ ᠲᠤᠳᠤᠷ᠎ᠡ ᠪᠥᠭᠡ᠂ ᠯᠢ ᠮᠢᠩ ︵ᠲᠠᠯ᠎ᠠ︶᠂ ᠲᠥᠪᠰᠢᠨ᠂ | ᠭᠥᠭᠵᠢᠭᠦ ᠨᠠᠷ ᠪᠠᠶᠢᠯᠴᠠᠪᠠ᠃ | ᠪᠠᠶᠢᠳᠠᠯ ᠤᠨ ᠭᠡᠷᠡᠭᠴᠡᠭᠡ ᠳᠤ ᠵᠤᠭᠢᠴᠠᠭᠤᠯᠬᠤ ᠶᠢᠨ ᠲᠤᠰᠠᠳᠡ᠂ ᠰᠤᠷᠭᠠᠭᠤᠯᠢ ᠶᠢᠨ ᠵᠠᠰᠠᠭ ᠵᠠᠭᠢᠷᠭᠠᠨ ᠤ ᠭᠡᠯᠳᠡᠰ᠂ | ᠴᠡᠷᠢᠭ ᠤᠨ ᠶᠠᠪᠤᠳᠠᠯ ᠤᠨ ᠭᠡᠯᠳᠡᠰ᠂ ᠲᠤᠮᠳᠡᠳᠤ ᠰᠤᠷᠭᠠᠭᠤᠯᠢ ᠶᠢᠨ ᠭᠡᠯᠳᠡᠰ ᠢ ᠲᠤᠰ ᠪᠥᠷᠢ ᠬᠤᠪᠢᠶᠠᠷᠢᠯᠡᠨ ᠲᠤᠭᠢᠷᠠᠭᠤᠯᠪᠠ | ᠃ ᠰᠤᠷᠤᠭᠴᠢ ᠡᠯᠰᠡᠭᠦ ᠶᠠᠪᠤᠴᠠ ᠳᠤ᠂ ᠨᠡᠰᠤ ᠪᠠᠷ ᠪᠠᠭ᠎ᠠ ᠰᠤᠶᠤᠯ ᠤᠨ ᠮᠡᠳᠡᠯᠭᠡ ᠪᠠᠷ ᠲᠤᠤᠷ᠎ᠠ ᠰᠢᠤᠬᠠᠨ ᠰᠤᠷᠤᠭᠴᠢᠳ ᠢ | ᠲᠤᠮᠳᠡᠳᠤ ᠰᠤᠷᠭᠠᠭᠤᠯᠢ ᠶᠢᠨ ᠭᠡᠯᠳᠡᠰ ᠲᠤ ᠬᠤᠪᠢᠶᠠᠵᠤ᠂ ᠰᠤᠶᠤᠯ ᠤᠨ ᠭᠢᠴᠢᠶᠡᠯ ᠪᠤᠯᠤᠨ ᠤᠯᠤᠰ ᠲᠥᠷᠤ ᠶᠢᠨ ᠭᠢᠴᠢᠶᠡᠯ | ᠵᠢᠭᠠᠨ ᠰᠤᠷᠭᠠᠬᠤ ᠪᠠᠷ ᠭᠤᠤᠯ ᠪᠤᠯᠭᠠᠵᠠᠢ᠃ ᠰᠤᠷᠭᠠᠭᠤᠯᠢ ᠶᠢᠨ ᠵᠢᠭᠠᠨ ᠰᠤᠷᠭᠠᠯᠳᠡ ᠨᠢ ᠬᠤᠪᠢᠰᠬᠠᠯ ᠤᠨ ᠰᠡᠩᠭᠡᠷᠡᠭᠦᠯᠤᠯ | ᠤᠨ ᠭᠥᠮᠤᠵᠢᠯ ᠢᠶᠠᠷ ᠭᠤᠤᠯᠳᠠᠭᠤᠯᠵᠤ᠂ ︽ᠨᠡᠶᠢᠭᠡᠮ ᠤᠨ ᠭᠥᠭᠵᠢᠯᠳᠡ ᠶᠢᠨ ᠲᠡᠤᠭᠡ︾᠂ ︽ᠲᠤᠮᠳᠡᠳᠤ ᠤᠯᠤᠰ ᠤᠨ | ᠬᠤᠪᠢᠰᠬᠠᠯ ᠪᠤᠯᠤᠨ ᠲᠤᠮᠳᠡᠳᠤ ᠤᠯᠤᠰ ᠤᠨ ᠡᠪ ᠬᠠᠮᠳᠤ ᠨᠠᠮ︾᠂ ᠨᠠᠮ ᠤᠨ ᠥᠨᠳᠤᠰᠤᠳᠡᠨ ᠤ ᠲᠥᠷᠤ ᠶᠢᠨ ᠪᠤᠳᠤᠯᠭ᠎ᠠ᠂ | ᠵᠠᠯᠠᠭᠤᠴᠤᠳ ᠤᠨ ᠪᠤᠯᠪᠠᠰᠤᠷᠡᠯ᠂ ᠴᠠᠭ ᠤᠨ ᠪᠠᠶᠢᠳᠠᠯ ᠤᠨ ᠰᠤᠳᠤᠯᠤᠯ᠂ ᠮᠤᠩᠭᠤᠯ ᠭᠡᠯᠡ ᠵᠡᠷᠭᠡ ᠭᠢᠴᠢᠶᠡᠯ ᠢ ᠨᠡᠭᠡᠭᠡᠵᠤ | ᠪᠠᠶᠢᠯ᠎ᠠ᠃ ᠴᠡᠷᠢᠭ ᠤᠨ ᠶᠠᠪᠤᠳᠠᠯ ᠤᠨ ᠭᠡᠯᠳᠡᠰ ᠲᠤ ᠴᠡᠷᠢᠭ ᠤᠨ ᠶᠠᠪᠤᠳᠠᠯ ᠤᠨ ᠭᠢᠴᠢᠶᠡᠯ ᠨᠡᠮᠡᠨ ᠲᠤᠭᠢᠷᠠᠭᠤᠯᠵᠤ᠂ ᠲᠤᠮᠳᠡᠳᠤ | ᠰᠤᠷᠭᠠᠭᠤᠯᠢ ᠶᠢᠨ ᠭᠡᠯᠳᠡᠰ ᠨᠢ ᠰᠤᠶᠤᠯ ᠤᠨ ᠭᠢᠴᠢᠶᠡᠯ ᠤᠨ ᠰᠤᠷᠤᠯᠴᠠᠯᠭ᠎ᠠ ᠪᠠᠷ ᠭᠤᠤᠯᠳᠠᠭᠤᠯᠪᠠ᠃ ᠭᠥᠳᠡᠭᠡ ᠲᠤᠰᠬᠤᠨ | ᠮᠠᠯᠵᠢᠬᠤ ᠤᠷᠤᠨ ᠤ ᠰᠤᠷᠤᠭᠴᠢᠳ ᠤᠨ ᠪᠤᠳᠡᠳᠤ ᠪᠠᠶᠢᠳᠠᠯ ᠢ ᠥᠨᠳᠤᠰᠤᠯᠡᠨ᠂ ︽ᠬᠤᠤᠰ ᠭᠡᠯᠡᠨ ᠤ ᠵᠢᠭᠠᠨ ᠰᠤᠷᠭᠠᠯᠳᠡ︾ | ᠶᠢ ᠭᠡᠷᠡᠭᠵᠢᠭᠦᠯᠪᠡ᠃ ᠵᠢᠭᠠᠨ ᠰᠤᠷᠭᠠᠯᠳᠡ ᠶᠢᠨ ᠠᠷᠭ᠎ᠠ ᠮᠠᠶ᠋ᠢᠭ ᠨᠢ ᠭᠢᠴᠢᠶᠡᠯ ᠤᠨ ᠲᠠᠩᠭᠢᠮ ᠤᠨ ᠮᠡᠳᠡᠭᠦᠯᠥᠯᠳᠡ᠂ | ᠲᠤᠭᠤᠶᠢᠯᠠᠩ ᠬᠤᠪᠢᠶᠠᠭᠰᠠᠨ ᠶᠠᠷᠢᠯᠴᠠᠯᠭ᠎ᠠ᠂ ᠠᠰᠠᠭᠤᠯᠳᠡ ᠲᠤᠷᠠᠳᠬᠤ ᠪᠠ ᠬᠠᠷᠢᠭᠤᠯᠳᠡ ᠭᠢᠭᠦ ᠵᠡᠷᠭᠡ ᠠᠷᠭ᠎ᠠ ᠠᠪᠴᠠᠯ ᠢ | ᠭᠡᠷᠡᠭᠯᠡᠵᠤ᠂ ᠭᠢᠴᠢᠶᠡᠯ ᠤᠷᠤᠬᠤ ᠶᠢᠨ ᠬᠠᠮᠳᠤ ᠪᠠᠷ ᠥᠪᠡᠷ ᠢᠶᠠᠨ ᠰᠤᠷᠤᠯᠴᠠᠵᠤ᠂ ᠵᠢᠭᠠᠨ ᠰᠤᠷᠭᠠᠯᠳᠡ ᠪᠠ ᠵᠢᠭᠠᠨ | ᠵᠢᠯᠤᠭᠤᠳᠤᠮᠵᠢ ᠶᠢ ᠤᠷᠭᠠᠨᠢᠭ ᠰᠠᠶᠢᠬᠠᠨ ᠤᠶᠠᠯᠳᠤᠭᠤᠯᠤᠭᠰᠠᠨ ᠪᠠᠶᠢᠨ᠎ᠠ᠃ | ᠲᠠᠶᠢᠨ ᠪᠠᠶᠢᠯᠳᠤᠭᠠᠨ ᠤ ᠤᠨ ᠵᠢᠯ ᠤᠳ ᠲᠤ᠂ ᠲᠠᠶᠢᠰᠤᠨ ᠤ ᠲᠠᠭᠠᠷᠢᠯᠳᠡ ᠪᠠ ᠡᠪᠡᠳᠴᠢᠨ ᠤ ᠬᠠᠯᠳᠠᠪᠤᠷᠢᠯᠡᠯᠳᠡ | ᠠᠴᠠ ᠵᠠᠶᠢᠯᠠᠬᠤ ᠶᠢᠨ ᠲᠤᠯᠠᠳᠡ᠂ ᠰᠤᠷᠭᠠᠭᠤᠯᠢ ᠨᠢ ᠤᠷᠢᠳ ᠬᠤᠵᠢᠳ ᠯᠢᠨᠳᠥ᠋ᠡᠭ᠂ ᠬᠠᠷᠠᠴᠢᠨ᠂ ᠯᠢᠶᠤᠤᠨᠢᠩ ᠵᠡᠷᠭᠡ ᠭᠠᠵᠠᠷ | ᠢᠶᠠᠷ ᠨᠡᠭᠦᠳᠡᠯᠯᠡᠨ ᠶᠠᠪᠤᠵᠤ᠂ ᠭᠠᠵᠠᠷ ᠰᠢᠷᠤᠢ ᠶᠢᠨ ᠥᠭᠡᠷᠡᠴᠢᠯᠡᠯᠳᠡ ᠶᠢᠨ ᠭᠥᠳᠡᠯᠭᠡᠭᠡᠨ ᠳᠤ ᠤᠷᠤᠯᠴᠠᠵᠤ ᠥᠡᠭᠭᠡᠷᠡᠭᠰᠡᠨ | ᠮᠥᠷᠳᠡᠭᠡᠨ ᠯᠢᠶᠤᠤ ᠱᠧᠨ ᠤ ᠲᠠᠶᠢᠯᠠᠯᠳᠤᠭᠠᠨ ᠢ ᠴᠦ ᠲᠠᠮᠵᠢᠵᠤ ᠥᠡᠭᠭᠡᠷᠡᠭᠰᠡᠨ ᠶᠤᠮ᠃ ᠰᠤᠷᠭᠠᠭᠤᠯᠢ ᠨᠢ ᠭᠤᠷᠪᠠᠨ ᠵᠢᠯ ᠤᠨ | ᠬᠤᠭᠤᠴᠠᠭᠠᠨ ᠳᠤ ᠮᠢᠩᠭ᠎ᠠ ᠭᠠᠷᠤᠢ ᠴᠡᠷᠢᠭ ᠤᠨ ᠶᠠᠪᠤᠳᠠᠯ ᠤᠨ ᠺᠠᠳ᠋ᠷ ᠢ ᠭᠥᠮᠥᠵᠢᠭᠦᠯᠥᠭᠰᠡᠨ ᠪᠥᠭᠡᠳ ᠪᠠᠰᠠ ᠮᠠᠰᠢ ᠤᠯᠠᠨ | ᠮᠤᠩᠭᠤᠯ ᠥᠨᠳᠤᠰᠤᠳᠡᠨ ᠤ ᠤᠳᠤᠷᠢᠳᠬᠤ ᠺᠠᠳ᠋ᠷ᠂ ᠤᠷᠠᠨ ᠵᠤᠭᠢᠶᠡᠯᠴᠢ᠂ ᠤᠳᠬ᠎ᠠ ᠤᠷᠠᠯᠢᠭᠴᠢ᠂ ᠠᠵᠤ ᠠᠬᠤᠶᠢᠯᠡᠯᠳᠡᠨ ᠢ | ᠭᠥᠮᠥᠵᠢᠭᠦᠯᠤᠨ ᠭᠠᠷᠭᠠᠵᠠᠢ᠃ 1949 ᠤᠨ ᠤ 8 ᠰᠠᠷ᠎ᠠ ᠳᠤ᠂ ᠥᠪᠤᠷ ᠮᠤᠩᠭᠤᠯ ᠤᠨ ᠨᠠᠮ ᠤᠨ ᠬᠤᠷᠢᠶᠠᠨ ᠤ ᠵᠢᠭᠠᠪᠤᠷᠢ | ᠶᠤᠰᠤᠭᠠᠷ᠂ ᠥᠪᠤᠷ ᠮᠤᠩᠭᠤᠯ ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠨᠢ ᠲᠤᠮᠳᠡᠳᠤ ᠰᠤᠷᠭᠠᠭᠤᠯᠢ ᠶᠢᠨ ᠭᠡᠯᠳᠡᠰ | ᠢᠶᠠᠨ ᠥᠯᠡᠳᠡᠭᠡᠵᠤ᠂ ᠤᠯᠠᠭᠠᠨᠬᠳᠠ ᠳᠠᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠶᠢ ᠪᠠᠶᠢᠭᠤᠯᠪᠠ᠃ | 2006 ᠤᠨ ᠳᠤ᠂ ᠬᠤᠳᠠ ᠶᠢᠨ ᠨᠠᠮ ᠤᠨ ᠬᠤᠷᠢᠶ᠎ᠠ ᠵᠠᠰᠠᠭ ᠤᠨ ᠤᠷᠳᠤᠨ ᠨᠢ ᠠᠯᠤᠰ ᠭᠡᠳᠤ ᠶᠢᠨ ᠭᠥᠭᠵᠢᠯᠳᠡ | ᠶᠢᠨ ᠬᠠᠷᠠᠯᠳᠡ ᠠᠴᠠ ᠡᠭᠦᠰᠴᠤ᠂ ᠤᠯᠠᠭᠠᠨᠬᠳᠠ ᠳᠠᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠶᠢ ᠰᠢᠨ᠎ᠡ | ᠬᠤᠳᠠ ᠲᠤᠭᠤᠷᠢᠭ ᠤᠨ ᠰᠢᠨ᠎ᠠ ᠰᠠᠭᠤᠴᠠ ᠳᠤ ᠨᠡᠭᠦᠯᠭᠡᠨ᠂ ᠰᠢᠨ᠎ᠡ ᠪᠠᠷ ᠪᠠᠶᠢᠭᠤᠯᠬᠤ ᠪᠠᠷ ᠲᠤᠭᠳᠠᠪᠠ᠃ ᠰᠢᠨ᠎ᠡ | ᠰᠤᠷᠭᠠᠭᠤᠯᠢ ᠶᠢᠨ ᠲᠤᠭᠤᠷᠢᠭ ᠨᠢ 247 ᠮᠤ᠋ ᠭᠠᠵᠠᠷ ᠡᠵᠡᠯᠡᠨ᠂ ᠪᠥᠳᠤᠭᠡᠨ ᠪᠠᠶᠢᠭᠤᠯᠤᠯᠳᠡ ᠶᠢᠨ ᠲᠠᠯᠠᠪᠠᠢ ᠨᠢ 55000 | ᠲᠡᠭᠰᠢ ᠲᠥᠷᠪᠡᠯᠵᠢᠨ ᠮᠧᠲᠷ ᠲᠤ ᠭᠥᠷᠴᠤ᠂ ᠪᠠᠶᠢᠭᠠᠯᠢ ᠶᠢᠨ ᠴᠡᠴᠡᠷᠯᠢᠭ ᠪᠠ ᠰᠤᠶᠤᠯ ᠤᠨ ᠭᠥᠷᠢᠶᠠᠯᠠᠩ ᠤᠨ ᠥᠡᠭᠭᠡ | ᠳᠦᠷᠬᠦ ᠶᠢ ᠪᠥᠷᠢᠳᠤᠭᠦᠯᠵᠤ᠂ ᠤᠳᠤᠭᠢᠴᠢᠯᠠᠭᠰᠠᠨ ᠰᠤᠷᠭᠠᠭᠤᠯᠢ ᠶᠢᠨ ᠥᠨᠤᠷ ᠠᠮᠳᠠ ᠪᠠᠷ ᠪᠢᠯᠬᠠᠭᠰᠠᠨ ᠪᠠᠶᠢᠨ᠎ᠠ᠃ | | | | | | ᠤᠯᠠᠭᠠᠨᠬᠠᠳᠠ ᠳᠠᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠨᠢ ᠡᠭᠦᠰᠬᠡᠨ ᠪᠠᠶᠢᠭᠤᠯᠬᠤ ᠪᠠ | ᠥᠰᠤᠨ ᠪᠤᠶᠢᠵᠢᠬᠤ ᠶᠠᠪᠤᠴᠠ ᠳᠤ ᠪᠠᠨ ᠨᠠᠮ ᠵᠠᠰᠠᠭ ᠤᠨ ᠭᠥᠨᠳᠤᠳᠭᠡᠯ ᠬᠠᠯᠠᠮᠵᠢᠯᠡᠯ ᠢ ᠭᠥᠷᠳᠡᠵᠤ᠂ ᠡᠯ᠎ᠡ ᠱᠠᠳᠤᠨ ᠤ | ᠤᠳᠤᠷᠢᠳᠤᠯᠭ᠎ᠠ ᠤᠯᠠᠨᠳᠡ ᠪᠠᠶᠢᠴᠠᠭᠠᠨ ᠵᠢᠯᠤᠭᠤᠳᠴᠤ᠂ ᠰᠤᠷᠭᠠᠭᠤᠯᠢ ᠶᠢᠨ ᠭᠥᠭᠵᠢᠯᠳᠡ ᠳᠤ ᠭᠥᠰᠡᠯ ᠡᠷᠡᠮᠡᠯᠵᠡᠯ ᠢᠶᠠᠨ | ᠲᠡᠪᠰᠢᠭᠦᠯᠥᠭᠰᠡᠭᠡᠷ ᠢᠷᠡᠭᠰᠡᠨ ᠪᠢᠯᠡ᠃ ᠤᠳᠠᠭᠠᠨ ᠵᠢᠯ ᠤᠨ ᠬᠠᠳᠠᠭᠤᠵᠢᠯᠳᠡᠢ ᠡᠷᠢᠯᠭᠢᠯᠡᠯ ᠢᠶᠠᠷ ᠲᠠᠮᠵᠢᠨ᠂ ᠤᠯᠠᠭᠠᠨᠬᠠᠳᠠ | ᠳᠠᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠨᠢ ᠤᠯᠠᠨ ᠤ ᠭᠥᠰᠡᠯ ᠢ ᠭᠥᠰᠡᠷᠳᠡᠭᠦᠯᠥᠭᠰᠡᠨ ᠥᠭᠡᠢ | ᠲᠤᠪᠤᠶᠢᠮ᠎ᠡ ᠠᠮᠵᠢᠯᠳᠡ ᠤᠯᠤᠭᠰᠠᠨ ᠤ ᠬᠠᠷᠠᠭ᠎ᠠ ᠪᠠᠷ ᠤᠯᠤᠰ ᠪᠤᠯᠤᠨ ᠤᠷᠤᠨ ᠤ ᠤᠨᠴᠠ ᠬᠠᠷᠠᠭᠠᠯᠵᠠᠯ ᠤᠨ ᠲᠥᠷᠤ ᠶᠢᠨ | ᠪᠤᠳᠤᠯᠭ᠎ᠠ ᠶᠢ ᠭᠥᠷᠳᠡᠭᠰᠡᠭᠡᠷ ᠢᠷᠡᠵᠠᠢ᠃ ᠡᠭᠦᠨ ᠤ ᠤᠯᠠᠮ ᠠᠴᠠ ᠰᠤᠷᠭᠠᠭᠤᠯᠢ ᠶᠢᠨ ᠭᠥᠭᠵᠢᠯᠳᠡ ᠶᠢᠨ ᠭᠡᠪ ᠮᠠᠶ᠋ᠢᠭ ᠢ | ᠡᠷᠢᠯᠭᠢᠯᠡᠨ᠂ ᠵᠢᠭᠠᠨ ᠰᠤᠷᠭᠠᠯᠳᠡ ᠶᠢᠨ ᠥᠵᠡᠯ ᠤᠬᠠᠮᠰᠠᠷ ᠢᠶᠠᠨ ᠰᠢᠨᠡᠳᠭᠡᠵᠤ᠂ ᠰᠤᠷᠭᠠᠨ ᠭᠥᠮᠤᠵᠢᠯ ᠤᠨ ᠵᠢᠮ᠎ᠡ ᠬᠠᠤᠯᠢ ᠶᠢ | ᠭᠥᠨᠳᠤᠳᠭᠡᠨ᠂ ᠭᠢᠴᠢᠶᠡᠯ ᠭᠥᠮᠤᠵᠢᠯ ᠤᠨ ᠠᠷᠭ᠎ᠠ ᠠᠪᠴᠠᠯ ᠢᠶᠠᠨ ᠤᠳᠤᠭᠢᠴᠢᠯᠠᠵᠤ᠂ ︽ᠰᠤᠷᠤᠯᠴᠠᠯᠭ᠎ᠠ ᠶᠢ ᠪᠠᠷᠢᠮᠳᠠᠯᠠᠨ᠂ | ᠵᠤᠷᠢᠭ ᠢᠶᠠᠨ ᠭᠥᠪᠴᠢᠯᠡᠵᠤ᠂ ᠬᠦᠮᠦᠨ ᠢ ᠭᠥᠮᠥᠵᠢᠭᠦᠯᠭᠦ︾ ᠰᠤᠷᠭᠠᠭᠤᠯᠢ ᠶᠢᠨ ᠰᠤᠷᠭᠠᠯ ᠤᠨ ᠵᠤᠷᠢᠭ ᠰᠠᠨᠠᠭ᠎ᠠ ᠶᠢ | ᠲᠤᠤᠱᠯᠠᠭᠤᠯᠵᠤ᠂ ᠬᠦᠮᠦᠨ ᠢᠶᠠᠷ ᠲᠥᠪ ᠪᠤᠯᠭᠠᠨ ᠰᠤᠷᠤᠭᠴᠢ ᠶᠢᠨ ᠨᠠᠰᠤᠨ ᠲᠤᠷᠰᠢ ᠶᠢᠨ ᠭᠥᠭᠵᠢᠯᠳᠡ ᠳᠤ ᠰᠠᠭᠤᠷᠢᠯᠠᠬᠤ | ᠶᠢᠨ ᠲᠤᠰᠠᠳᠠ᠂ ᠪᠥᠭᠦ ᠰᠤᠷᠭᠠᠭᠤᠯᠢ ᠶᠢᠨ ᠭᠡᠪᠴᠢᠶᠡᠨ ᠳᠤ ︽ᠴᠠᠭ ᠢ ᠡᠵᠡᠮᠳᠡᠨ᠂ ᠰᠢᠨ᠎ᠡ ᠶᠢ ᠡᠭᠦᠳᠴᠤ᠂ ᠭᠥᠮᠤᠵᠢᠯ ᠢ | ᠴᠢᠩᠭᠠᠳᠬᠠᠨ᠂ ᠭᠥᠭᠵᠢᠯ ᠢ ᠠᠭᠢᠭᠤᠯᠬᠤ︾ ᠴᠤ᠋ ᠰᠢᠨ᠎ᠡ ᠠᠭᠤᠷ ᠠᠮᠢᠰᠬᠤᠯ ᠢ ᠪᠤᠢ ᠪᠤᠯᠭᠠᠭᠰᠠᠨ ᠪᠠᠶᠢᠨ᠎ᠠ᠃ ᠰᠤᠷᠭᠠᠭᠤᠯᠢ | ᠨᠢ ᠪᠠᠰᠠ ︽ᠡᠷᠳᠡᠨᠢᠳᠤ ᠨᠤᠳᠤᠭ︾᠂ ︽ᠭᠡᠷ ᠤᠨ ᠠᠬᠠᠮᠠᠳ ᠤᠨ ᠤᠡᠭᠰᠢᠭᠤ︾᠂ ︽ᠤᠷᠳᠤ ᠶᠢᠨ ᠲᠠᠭᠤᠤ︾᠂ ︽ᠵᠤᠤ | ᠤᠳᠠ ᠶᠢᠨ ᠡᠭᠡᠰᠢᠭ︾᠂ ︽ᠮᠤᠩᠭᠤᠯ ᠪᠥᠭᠡ︾ ᠵᠡᠷᠭᠡ ᠠᠯᠢ ᠤᠯᠠᠨ ᠰᠤᠷᠭᠠᠭᠤᠯᠢ ᠶᠢᠨ ᠭᠢᠴᠢᠶᠡᠯ ᠨᠡᠭᠡᠭᠡᠵᠤ᠂ ᠤᠷᠳᠤ | ᠶᠢᠨ ᠲᠠᠭᠤᠤ᠂ ᠪᠥᠭᠡ ᠵᠡᠷᠭᠡ 28 ᠵᠤᠶᠢᠯ ᠤᠨ ᠭᠢᠴᠢᠶᠡᠯ ᠤᠨ ᠭᠠᠳᠠᠨᠠᠭᠢ ᠤᠷᠮ᠎ᠠ ᠪᠠᠬ᠎ᠠ ᠶᠢᠨ ᠲᠤᠭᠤᠶᠢᠯᠠᠩ ᠢ ᠵᠤᠭᠢᠶᠡᠨ | ᠪᠠᠶᠢᠭᠤᠯᠤᠭᠠᠳ᠂ ᠥᠪᠡᠷᠮᠢᠴᠠ ᠤᠨᠴᠠᠯᠢᠭ ᠪᠥᠭᠦᠢ ᠭᠡᠪ ᠴᠢᠨᠠᠷ ᠤᠨ ᠰᠤᠷᠭᠠᠨ ᠭᠥᠮᠤᠵᠢᠯ ᠤᠨ ᠬᠠᠷᠭᠤᠢ ᠵᠠᠮ ᠢ ᠨᠡᠭᠡᠭᠡᠨ᠂ | ᠰᠤᠷᠤᠭᠴᠢ ᠶᠢᠨ ᠥᠪᠡᠷᠮᠢᠴᠠ ᠴᠢᠨᠠᠷ ᠤᠨ ᠭᠥᠭᠵᠢᠯᠳᠡ ᠳᠤ ᠬᠠᠨᠭ᠍ᠭᠠᠯᠳᠠᠳᠠᠢ ᠰᠠᠶᠢᠨ ᠤᠷᠴᠢᠨ ᠲᠤᠭᠤᠷᠢᠨ ᠢ | ᠪᠥᠷᠢᠯᠳᠥᠭᠦᠯᠥᠭᠰᠡᠨ ᠪᠢᠯᠡ᠃ 2016 ᠤᠨ ᠤ 5 ᠰᠠᠷ᠎ᠠ ᠳᠤ᠂ ᠥᠪᠤᠷ ᠮᠤᠩᠭᠤᠯ ᠤᠨ ᠭᠡᠪᠯᠡᠯ ᠤᠨ ᠪᠥᠯᠥᠭᠯᠡᠯ ᠨᠢ | ᠤᠯᠠᠭᠠᠨᠬᠠᠳᠠ ᠳᠠᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠲᠠᠢ ︽ᠮᠤᠩᠭᠤᠯ ᠦᠨᠳᠦᠰᠦᠲᠡᠨ ᠤ | ᠤᠳᠤᠬᠢᠴᠢᠯᠠᠭᠰᠠᠨ ᠰᠤᠷᠭᠠᠨ ᠬᠦᠮᠦᠵᠢᠯ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠶᠢᠨ | ᠪᠠᠶᠢᠯᠳᠤᠬᠤ ᠪᠤᠳᠤᠯᠭ᠎ᠠ ᠶᠢᠨ ᠬᠠᠮᠵᠢᠯᠴᠠᠭᠠᠨ ᠤ ᠭᠡᠷ᠎ᠡ︾ ᠳᠤ ᠵᠢᠩᠭᠢᠨᠢ ᠪᠠᠷ ᠭᠠᠷ ᠤᠨ ᠥᠰᠥᠭ ᠵᠢᠷᠤᠯᠴᠠᠵᠤ᠂ ᠢᠨᠲ᠋ᠧᠷᠨᠡᠲ | ᠰᠥᠯᠵᠢᠶ᠎ᠡ ᠪᠤᠯᠤᠨ ᠰᠤᠷᠠᠭ ᠵᠠᠩᠭᠢ ᠶᠢᠨ ᠮᠡᠷᠭᠡᠵᠢᠯ ᠢ ᠵᠢᠭᠠᠨ ᠰᠤᠷᠭᠠᠯᠳᠡ ᠶᠢᠨ ᠰᠢᠨᠡᠴᠢᠯᠡᠯᠳᠡ ᠭᠥᠭᠵᠢᠯᠳᠡ ᠶᠢᠨ | ᠭᠥᠳᠡᠯᠭᠡᠭᠴᠢ ᠭᠥᠴᠤᠨ ᠪᠤᠯᠭᠠᠨ ᠬᠤᠪᠢᠷᠠᠭᠤᠯᠵᠤ᠂ ᠪᠥᠭᠦ ᠤᠯᠤᠰ ᠤᠨ ᠨᠠᠢᠮᠠᠨ ᠮᠤᠵᠢ ᠤᠷᠤᠨ ᠤ ᠮᠤᠩᠭᠤᠯ ᠢᠶᠠᠷ | ᠬᠢᠴᠢᠶᠡᠯᠯᠡᠬᠦ ᠲᠤᠮᠳᠡᠳᠤ ᠰᠤᠷᠭᠠᠭᠤᠯᠢ ᠶᠢᠨ ᠲᠤᠳᠤᠷ᠎ᠡ ᠠᠯᠬᠢᠨᠴᠢᠯᠠᠨ ᠲᠥᠷᠤᠭᠦᠯᠡᠭᠦ ᠵᠢᠱᠢᠶᠡᠴᠢ ᠤᠶᠢᠯᠡᠳᠤᠯ ᠪᠠ ᠠᠭᠢᠭᠤᠯᠤᠨ | ᠲᠠᠭᠠᠭᠤᠯᠬᠤ ᠲᠥᠯᠭᠢᠴᠠ ᠤᠶᠢᠯᠡᠳᠤᠯ ᠢ ᠥᠵᠡᠭᠦᠯᠥᠭᠰᠡᠨ ᠶᠤᠮ᠃ | | ᠤᠳᠤ ᠰᠤᠷᠭᠠᠭᠤᠯᠢ ᠶᠢᠨ ᠪᠠᠭᠰᠢ ᠶᠢᠨ ᠰᠤᠷᠤᠯᠭ᠎ᠠ ᠶᠢᠨ ᠨᠠᠮᠳᠠᠷ ᠤᠨ ᠭᠢᠷᠢ ᠲᠡᠩᠴᠡᠯᠳᠡ ᠶᠢᠨ ᠨᠤᠷᠮ᠎ᠠ 100% | ᠳᠤ ᠭᠥᠷᠴᠤ᠂ ᠠᠵᠢᠯ ᠤᠨ ᠪᠠᠶᠢᠷᠢ ᠳᠤ ᠪᠠᠶᠢᠭ᠎ᠠ ᠤᠨᠴᠠ ᠲᠡᠰ ᠤᠨ ᠪᠠᠭᠰᠢ 4᠂ ᠪᠥᠭᠦ ᠤᠯᠤᠰ ᠤᠨ ᠰᠢᠯᠢᠳᠡᠭ ᠪᠠᠭᠰᠢ 4᠂ | ︽ᠲᠠᠯ᠎ᠠ ᠨᠤᠳᠤᠭ ᠤᠨ ᠴᠢᠳᠠᠪᠤᠷᠢᠳᠡᠨ︾ ᠴᠤᠯᠠ ᠭᠥᠷᠳᠡᠭᠴᠢ 2᠂ ᠥᠪᠡᠷᠳᠡᠭᠡᠨ ᠵᠠᠰᠠᠬᠤ ᠤᠷᠤᠨ ᠤ ᠨᠡᠷᠡᠳᠤ ᠪᠠᠭᠰᠢ 2 | ᠨᠡᠷ᠎ᠡ᠂ ᠥᠪᠡᠷᠳᠡᠭᠡᠨ ᠵᠠᠰᠠᠬᠤ ᠤᠷᠤᠨ ᠤ ᠭᠢᠴᠢᠶᠡᠯ ᠲᠥᠷᠤᠯ ᠤᠨ ᠳᠠᠭᠠᠭᠤᠯᠤᠭᠴᠢ ᠵᠢᠭᠠᠨ ᠰᠤᠷᠭᠠᠬᠤ ᠴᠢᠳᠠᠪᠤᠷᠢᠳᠡᠨ 12᠂ | ᠰᠤᠳᠤᠯᠬᠤ ᠰᠤᠷᠤᠭᠴᠢ 12 ᠪᠠᠶᠢᠭ᠎ᠠ ᠶᠤᠮ᠃ 2015 ᠤᠨ ᠳᠤ ᠤᠯᠠᠭᠠᠨᠪᠠᠭᠠᠲᠤᠷ ᠪᠠᠭᠰᠢ ︽ᠲᠥᠮᠡᠨ ᠭᠥᠮᠤᠨ ᠤ | ᠲᠥᠯᠥᠪᠯᠡᠭᠡ︾ ᠵᠢᠭᠠᠨ ᠰᠤᠷᠭᠠᠯᠳᠡ ᠶᠢᠨ ᠨᠡᠷᠡᠳᠤ ᠪᠠᠭᠰᠢ ᠶᠢᠨ ᠢᠷᠠᠭᠤ ᠠᠯᠳᠠᠷ ᠢ ᠭᠥᠷᠳᠡᠭᠰᠡᠨ ᠨᠢ ᠥᠪᠤᠷ ᠮᠤᠩᠭᠤᠯ ᠳᠤ | ᠪᠠᠨ ᠠᠩᠬᠠᠳᠠᠭᠴᠢ ᠪᠤᠯᠤᠨ᠎ᠠ᠃ | | | | | | ᠥᠪᠡᠷᠳᠡᠭᠡᠨ ᠵᠠᠰᠠᠬᠤ ᠤᠷᠤᠨ ᠪᠠ ᠤᠯᠠᠭᠠᠨᠬᠠᠳᠠ ᠬᠤᠳᠠ ᠶᠢᠨ ᠬᠤᠶᠠᠷ ᠱᠠᠳᠤᠨ ᠤ ᠥᠨᠳᠤᠰᠤᠳᠡᠨ ᠤ | ᠭᠤᠤᠯᠳᠠᠯᠭᠠᠳᠤ ᠲᠤᠮᠳᠡᠳᠤ ᠰᠤᠷᠭᠠᠭᠤᠯᠢ ᠪᠤᠯᠤᠭᠰᠠᠨ ᠤ ᠬᠤᠪᠢ ᠳᠤ᠂ ᠤᠯᠤᠰ ᠤᠨ ᠰᠢᠯᠭᠠᠯᠳᠡ ᠶᠢ ᠰᠡᠷᠭᠦᠭᠡᠭᠰᠡᠨ ᠠᠩᠬᠠᠨ | ᠤ ᠵᠢᠯ ᠳᠤ᠂ ᠰᠤᠷᠤᠭᠴᠢ ᠪᠥᠭᠡᠴᠢᠯᠠᠭᠤ ᠥᠪᠡᠷᠳᠡᠭᠡᠨ ᠵᠠᠰᠠᠬᠤ ᠤᠷᠤᠨ ᠤ ᠠᠩᠬᠠᠳᠠᠭᠴᠢ ᠮᠤᠩᠭᠤᠯ ᠢᠶᠠᠷ ᠭᠢᠴᠢᠶᠡᠯᠯᠡᠭᠦ | ᠨᠡᠶᠢᠭᠡᠮ ᠤᠨ ᠰᠢᠨᠵᠢᠯᠡᠬᠦ ᠤᠬᠠᠭᠠᠨ ᠤ ᠠᠩᠭᠢ ᠶᠢᠨ ᠮᠠᠩᠯᠠᠢ ᠪᠠᠷ ᠲᠤᠳᠤᠷᠠᠭᠰᠠᠨ ᠪᠠᠶᠢᠨ᠎ᠠ᠃ ᠥᠪᠡᠷᠳᠡᠭᠡᠨ ᠵᠠᠰᠠᠬᠤ ᠤᠷᠤᠨ | ᠳᠤ ᠪᠠᠨ ᠬᠠᠮᠤᠭ ᠡᠷᠳᠡ ᠮᠤᠩᠭᠤᠯ ᠭᠢᠳᠡᠳ ᠠᠩᠭ᠍ᠯᠢ ︽ᠭᠤᠷᠪᠠᠨ ᠭᠡᠯᠡᠨ︾ ᠤ ᠲᠤᠷᠰᠢᠯᠳᠡ ᠶᠢᠨ ᠵᠢᠭᠠᠨ ᠰᠤᠷᠭᠠᠯᠳᠡ ᠶᠢᠨ | ᠠᠩᠭᠢ ᠶᠢ ᠡᠷᠭᠢᠯᠡᠭᠰᠡᠨ ᠰᠤᠷᠭᠠᠭᠤᠯᠢ ᠪᠤᠯᠤᠭᠰᠠᠨ ᠤ ᠬᠤᠪᠢ ᠳᠤ᠂ ᠤᠯᠤᠰ ᠤᠨ ᠰᠢᠯᠭᠠᠯᠳᠡ ᠶᠢᠨ ᠭᠢᠷᠢ ᠪᠥᠳᠤᠮᠵᠢ ᠨᠢ | ᠤᠷᠤᠨ ᠤ ᠲᠤᠳᠤᠷᠡᠭᠢ ᠲᠡᠷᠢᠭᠦᠨ ᠤ ᠡᠩᠨᠡᠭᠡ ᠳᠤ ᠵᠢᠭᠰᠠᠭᠠᠭᠳᠠᠭᠰᠠᠭᠠᠷ ᠢᠷᠡᠵᠤ᠂ ᠭᠢᠴᠢᠶᠠᠯ ᠲᠥᠷᠤᠯ ᠤᠨ ᠲᠡᠭᠰᠢᠳᠭᠡᠭᠰᠡᠨ | ᠪᠥᠳᠤᠮᠵᠢ ᠪᠤᠶᠤ ᠰᠤᠷᠤᠭᠴᠢ ᠶᠢᠨ ᠲᠠᠩ ᠭᠢᠴᠢᠶᠡᠯ ᠤᠨ ᠭᠢᠷᠢ ᠪᠥᠳᠤᠮᠵᠢ ᠨᠢ ᠤᠯᠠᠨᠳᠡ ᠲᠡᠷᠢᠭᠦᠯᠡᠵᠤ᠂ 10 ᠰᠤᠷᠤᠭᠴᠢ | ᠥᠪᠡᠷᠳᠡᠭᠡᠨ ᠵᠠᠰᠠᠬᠤ ᠤᠷᠤᠨ ᠤ ᠮᠤᠩᠭᠤᠯ ᠢᠶᠠᠷ ᠭᠢᠴᠢᠶᠡᠯᠯᠡᠭᠦ ᠨᠡᠶᠢᠭᠡᠮ ᠪᠠᠶᠢᠭᠠᠯᠢ ᠶᠢᠨ ᠰᠢᠨᠵᠢᠯᠡᠬᠦ ᠤᠬᠠᠭᠠᠨ ᠤ ᠠᠩᠭᠢ | ᠶᠢᠨ ᠮᠠᠩᠯᠠᠢ ᠪᠠᠷ ᠲᠤᠳᠤᠷᠡᠨ᠂ 7 ᠰᠤᠷᠤᠭᠴᠢ ᠴᠢᠩᠬᠤᠸᠠ ᠶᠡᠭᠡ ᠰᠤᠷᠭᠠᠭᠤᠯᠢ ᠪᠤᠶᠤ ᠪᠡᠭᠡᠵᠢᠩ ᠶᠡᠭᠡ ᠰᠤᠷᠭᠠᠭᠤᠯᠢ ᠳᠤ | ᠡᠯᠰᠡᠭᠳᠡᠵᠤ᠂ 2000 ᠭᠠᠷᠤᠢ ᠰᠤᠷᠤᠭᠴᠢ ᠤᠷᠤᠨ ᠤ ᠳᠤᠲᠤᠨ᠎ᠠ ᠭᠠᠳᠠᠨᠠᠭᠢ ᠨᠡᠷᠡᠳᠤ ᠶᠡᠭᠡ ᠰᠤᠷᠭᠠᠭᠤᠯᠢ ᠳᠤ ᠡᠯᠰᠡᠭᠳᠡᠭᠰᠡᠨ | ᠪᠠᠶᠢᠨ᠎ᠠ᠃ 2001 ᠤᠨ ᠳᠤ᠂ ᠰᠤᠷᠤᠭᠴᠢ ᠲᠠᠯ᠎ᠠ 720 ᠬᠤᠪᠢ ᠶᠢᠨ ᠶᠡᠷᠥᠩᠭᠡᠢ ᠪᠥᠳᠤᠮᠵᠢ ᠪᠠᠷ ᠥᠪᠡᠷᠳᠡᠭᠡᠨ ᠵᠠᠰᠠᠬᠤ | ᠤᠷᠤᠨ ᠤ ᠮᠤᠩᠭᠤᠯ ᠢᠶᠠᠷ ᠭᠢᠴᠢᠶᠡᠯᠯᠡᠭᠦ ᠲᠤᠭᠠᠨ ᠤ ᠠᠩᠭᠢ ᠶᠢᠨ ᠮᠠᠩᠯᠠᠢ ᠪᠠᠷ ᠴᠤᠯᠭᠤᠷᠠᠵᠤ᠂ ᠴᠢᠩᠬᠤᠸᠠ ᠶᠡᠭᠡ | ᠰᠤᠷᠭᠠᠭᠤᠯᠢ ᠳᠤ ᠡᠯᠰᠡᠭᠳᠡᠵᠠᠢ᠃ ᠲᠡᠭᠦᠨ ᠤ ᠪᠥᠳᠤᠮᠵᠢ ᠨᠢ ᠪᠥᠭᠦ ᠤᠷᠤᠨ ᠤ ᠪᠠᠶᠢᠭᠠᠯᠢ ᠶᠢᠨ ᠰᠢᠨᠵᠢᠯᠡᠬᠦ ᠤᠬᠠᠭᠠᠨ ᠤ | ᠠᠩᠭᠢ ᠶᠢᠨ ᠮᠠᠩᠯᠠᠢ ᠲᠠᠢ ᠨᠢᠭᠡᠯᠭᠡᠨ ᠬᠤᠪᠢ ᠵᠥᠷᠢᠵᠤ᠂ ᠮᠤᠩᠭᠤᠯ ᠢᠶᠠᠷ ᠭᠢᠴᠢᠶᠡᠯᠯᠡᠭᠦ ᠰᠤᠷᠤᠭᠴᠢ ᠶᠢᠨ ᠤᠯᠤᠰ ᠤᠨ | ᠰᠢᠯᠭᠠᠯᠳᠡ ᠶᠢᠨ ᠪᠥᠳᠤᠮᠵᠢ ᠶᠢᠨ ᠰᠢᠨ᠎ᠡ ᠲᠡᠮᠳᠡᠭᠯᠡᠯ ᠢ ᠡᠭᠦᠳᠴᠠᠢ᠃ | | | ᠪᠥᠭᠦ ᠤᠯᠤᠰ ᠤᠨ ᠵᠠᠭᠤᠨ ᠰᠠᠭᠤᠷᠢ ᠲᠡᠭᠡᠳᠤ ᠲᠤᠮᠳᠡᠳᠤ ᠶᠢᠨ ᠰᠤᠷᠤᠭᠴᠢ ᠶᠢᠨ ᠴᠡᠷᠢᠭ ᠤᠨ ᠰᠤᠷᠭᠠᠭᠤᠯᠢᠯᠡᠯ ᠤᠨ | ᠲᠤᠷᠰᠢᠯᠳᠡ ᠶᠢᠨ ᠰᠤᠷᠭᠠᠭᠤᠯᠢ ᠪᠤᠯᠤᠭᠰᠠᠨ ᠤ ᠬᠤᠪᠢ ᠳᠤ᠂ ᠤᠯᠤᠰ ᠤᠨ ᠪᠠᠲᠤᠯᠠᠨ ᠬᠠᠮᠠᠭᠠᠯᠠᠯᠳᠡ ᠶᠢᠨ ᠭᠥᠮᠤᠵᠢᠯ ᠨᠢ | ᠰᠤᠷᠭᠠᠭᠤᠯᠢ ᠶᠢᠨ ᠤᠯᠤᠰ ᠢᠶᠠᠨ ᠬᠠᠶᠢᠷᠠᠯᠠᠬᠤ ᠭᠥᠮᠤᠵᠢᠯ ᠪᠠ ᠰᠤᠷᠤᠭᠴᠢ ᠶᠢᠨ ᠴᠡᠷᠢᠭ ᠤᠨ ᠰᠤᠷᠭᠠᠭᠤᠯᠢᠯᠡᠯ ᠢ | ᠤᠶᠠᠯᠳᠤᠭᠤᠯᠤᠭᠰᠠᠨ ᠰᠤᠷᠭᠠᠭᠤᠯᠢ ᠶᠢᠨ ᠭᠢᠴᠢᠶᠡᠯ ᠪᠤᠯᠤᠭᠰᠠᠨ ᠶᠤᠮ᠃ ᠰᠤᠷᠭᠠᠭᠤᠯᠢ ᠨᠢ ᠤᠷᠢᠳ ᠬᠤᠵᠢᠳ ᠬᠤᠶᠠᠷ | ᠤᠳᠠᠭ᠎ᠠ ᠥᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠪᠠ ᠥᠪᠤᠷ ᠮᠤᠩᠭᠤᠯ ᠤᠨ ᠴᠡᠷᠢᠭ ᠤᠨ ᠲᠤᠭᠤᠷᠢᠭ ᠲᠤ | ︽ᠰᠤᠷᠤᠭᠴᠢ ᠶᠢᠨ ᠴᠡᠷᠢᠭ ᠤᠨ ᠰᠤᠷᠭᠠᠭᠤᠯᠢᠯᠡᠯ ᠤᠨ ᠲᠡᠷᠢᠭᠦᠨ ᠤ ᠨᠢᠭᠡᠴᠠ︾ ᠪᠠᠷ ᠭᠥᠭᠢᠭᠦᠯᠥᠭᠳᠡᠪᠡ᠃ ᠰᠤᠷᠭᠠᠭᠤᠯᠢ ᠨᠢ | ᠪᠠᠰᠠ ︽ᠪᠥᠭᠦ ᠤᠯᠤᠰ ᠤᠨ ᠤᠯᠠᠨ ᠨᠡᠶᠢᠳᠡ ᠶᠢᠨ ᠲᠠᠮᠢᠷ ᠤᠨ ᠭᠥᠳᠡᠯᠭᠡᠭᠡᠨ ᠤ ᠲᠡᠷᠢᠭᠦᠨ ᠤ ᠨᠢᠭᠡᠴᠠ︾᠂ ︽ᠥᠪᠡᠷᠳᠡᠭᠡᠨ | ᠵᠠᠰᠠᠬᠤ ᠤᠷᠤᠨ ᠤ ᠲᠠᠮᠢᠷ ᠤᠨ ᠴᠢᠳᠠᠪᠤᠷᠢᠳᠡᠨ ᠭᠥᠮᠥᠵᠢᠭᠦᠯᠭᠦ ᠲᠤᠷᠰᠢᠯᠳᠡ ᠶᠢᠨ ᠰᠤᠷᠭᠠᠭᠤᠯᠢ︾ ᠶᠢᠨ ᠢᠷᠠᠭᠤ ᠠᠯᠳᠠᠷ ᠢ | ᠡᠭᠦᠷᠭᠡᠯᠡᠵᠤ᠂ ᠡᠮᠡᠭᠳᠡᠢ ᠰᠤᠷᠤᠭᠴᠢ ᠶᠢᠨ ᠠᠯᠠᠭᠠᠳᠠᠬᠤ ᠪᠥᠮᠪᠤᠭᠡᠨ ᠤ ᠠᠩᠭᠢ ᠨᠢ ᠤᠷᠤᠨ ᠤ ᠲᠤᠳᠤᠨ᠎ᠡ ᠭᠠᠳᠠᠨ᠎ᠠ ᠪᠠᠨ | ᠠᠯᠳᠠᠷ ᠴᠤᠤ ᠲᠠᠢ ᠪᠢᠯᠡ᠃ | | | ᠲᠠᠯᠠᠨ ᠵᠢᠯ ᠤᠨ ᠲᠤᠷᠰᠢ᠂ ᠤᠯᠠᠭᠠᠨᠬᠠᠳᠠ ᠳᠠᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠨᠢ | 16000 ᠭᠠᠷᠤᠢ ᠰᠤᠷᠤᠭᠴᠢ ᠶᠢ ᠭᠥᠮᠥᠵᠢᠭᠦᠯᠵᠠᠢ᠃ ᠡᠭᠦᠨ ᠤ ᠲᠤᠳᠤᠷ᠎ᠡ 7 ᠳᠡᠭᠡᠳᠦ ᠳᠡᠰ ᠤᠨ ᠴᠡᠷᠢᠭ ᠤᠨ ᠳᠠᠷᠤᠭ᠎ᠠ᠂ | 203 ᠫᠷᠤᠹᠧᠰᠰᠤᠷ᠂ 238 ᠳ᠋ᠤᠺᠲ᠋ᠤᠷ᠂ 51 ᠲᠢᠩᠭᠢᠮ ᠤᠨ ᠲᠡᠰ ᠠᠴᠠ ᠲᠡᠭᠡᠭᠰᠢᠭᠢ ᠤᠳᠤᠷᠢᠳᠬᠤ ᠺᠠᠳ᠋ᠷ᠂ 14 ᠮᠤᠵᠢ | ᠶᠢᠨ ᠲᠡᠰ ᠠᠴᠠ ᠲᠡᠭᠡᠭᠰᠢᠭᠢ ᠤᠳᠤᠷᠢᠳᠬᠤ ᠺᠠᠳ᠋ᠷ᠂ 31 ᠨᠡᠷᠡᠳᠤ ᠠᠵᠤ ᠠᠬᠤᠶᠢᠯᠡᠯᠳᠠᠨ᠂ 14 ᠨᠡᠷᠡᠳᠤ ᠵᠤᠭᠢᠶᠠᠯᠴᠢ᠂ 4 | ᠨᠡᠷᠡᠳᠤ ᠵᠢᠷᠤᠭᠴᠢᠨ᠂ 47 ᠨᠡᠷᠡᠳᠤ ᠰᠤᠷᠪᠤᠯᠵᠢᠯᠠᠭᠴᠢ᠂ 2 ᠨᠡᠷᠡᠳᠤ ᠪᠥᠵᠢᠭᠴᠢᠨ᠂ 2 ᠲᠡᠯᠡᠭᠡᠢ ᠶᠢᠨ ᠭᠢᠨᠢᠰ ᠤᠨ ᠲᠡᠮᠳᠡᠭᠯᠡᠯ | ᠡᠭᠦᠳᠥᠭᠴᠢ᠂ ᠠᠮᠧᠷᠢᠺᠠ᠂ ᠺᠠᠨᠠᠳᠡ᠂ ᠶᠠᠫᠤᠨ᠂ ᠠᠥ᠋ᠰᠲᠷᠡᠯᠢᠶᠡ᠂ ᠤᠷᠤᠰ᠂ ᠮᠤᠩᠭᠤᠯ᠂ ᠠᠩᠭ᠍ᠯᠢ᠂ ᠹᠷᠠᠨᠼᠢ᠂ ᠭᠧᠷᠮᠡᠨ ᠵᠡᠷᠭᠡ | ᠬᠤᠷᠢᠭᠠᠳ ᠤᠯᠤᠰ ᠲᠤ ᠰᠤᠷᠤᠯᠴᠠᠭᠰᠠᠨ ᠪᠤᠶᠤ ᠠᠵᠢᠯᠯᠠᠭᠰᠠᠨ 79 ᠰᠤᠷᠤᠭᠴᠢ ᠶᠢ ᠭᠥᠮᠥᠵᠢᠭᠦᠯᠥᠭᠰᠡᠨ ᠪᠠᠶᠢᠨ᠎ᠠ᠃ | | ᠥᠪᠤᠷ ᠮᠤᠩᠭᠤᠯ ᠤᠨ ᠥᠪᠡᠷᠳᠡᠭᠡᠨ ᠵᠠᠰᠠᠬᠤ ᠲᠡᠭᠡᠳᠤ ᠰᠤᠷᠭᠠᠭᠤᠯᠢ ᠪᠠᠷ ᠤᠷᠢᠳᠡᠴᠢ ᠪᠡᠶ᠎ᠡ ᠪᠤᠯᠭᠠᠭᠰᠠᠨ | ᠤᠯᠠᠭᠠᠨᠬᠠᠳᠠ ᠳᠠᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ ᠨᠢ᠂ ᠰᠢᠨ᠎ᠡ ᠲᠤᠮᠳᠡᠳᠤ ᠤᠯᠤᠰ ᠤᠨ ᠤᠨᠠᠭᠠᠨ | ᠭᠤᠯᠤᠮᠳᠡ᠂ ᠥᠪᠤᠷ ᠮᠤᠩᠭᠤᠯ ᠤᠨ ᠰᠤᠶᠤᠯ ᠤᠨ ᠥᠯᠥᠭᠡᠢ ᠶᠢᠨ ᠨᠢᠭᠡᠨ ᠪᠤᠯᠤᠭᠰᠠᠨ ᠤ ᠬᠤᠪᠢ ᠳᠤ᠂ ᠪᠥᠭᠦ ᠤᠯᠤᠰ ᠤᠨ | ᠴᠢᠯᠥᠭᠡᠯᠡᠯᠳᠡ᠂ ᠥᠨᠳᠤᠰᠤᠳᠡᠨ ᠤ ᠥᠪᠡᠷᠳᠡᠭᠡᠨ ᠵᠠᠰᠠᠬᠤ ᠪᠠ ᠥᠨᠳᠤᠰᠤᠳᠡᠨ ᠤ ᠰᠤᠷᠭᠠᠨ ᠭᠥᠮᠤᠵᠢᠯ ᠤᠨ ᠤᠶᠢᠯᠡᠰ ᠲᠤ | ᠪᠠᠯᠠᠷᠠᠰᠢ ᠥᠭᠡᠢ ᠲᠡᠤᠭᠡᠨ ᠵᠢᠳᠭᠦᠯ ᠢᠶᠠᠨ ᠥᠵᠡᠭᠦᠯᠥᠭᠰᠡᠨ ᠪᠢᠯᠡ᠃ ᠡᠶᠢᠨᠬᠦ ᠤᠷᠢᠳ ᠬᠤᠵᠢᠳ ︽ᠪᠥᠭᠦ ᠤᠯᠤᠰ ᠤᠨ | ᠥᠨᠳᠤᠰᠤᠳᠡᠨ ᠤ ᠰᠤᠷᠭᠠᠨ ᠭᠥᠮᠤᠵᠢᠯ ᠤᠨ ᠲᠡᠷᠢᠭᠦᠨ ᠤ ᠨᠢᠭᠡᠴᠠ︾᠂ ︽ᠥᠪᠡᠷᠳᠡᠭᠡᠨ ᠵᠠᠰᠠᠬᠤ ᠤᠷᠤᠨ ᠤ | ᠪᠠᠷᠢᠮᠵᠢᠶᠠᠴᠢᠯᠠᠭᠰᠠᠨ ᠥᠨᠳᠤᠰᠤᠳᠡᠨ ᠤ ᠰᠤᠷᠭᠠᠭᠤᠯᠢ ᠶᠢᠨ ᠨᠢᠭᠡᠳᠤᠭᠡᠷ ᠨᠡᠷ᠎ᠡ︾᠂ ︽ᠪᠥᠭᠦ ᠤᠯᠤᠰ ᠤᠨ ᠴᠥᠭᠡᠨ ᠲᠤᠭᠠᠳᠤ | ᠥᠨᠳᠤᠰᠤᠳᠡᠨ ᠤ ᠬᠤᠤᠰ ᠭᠡᠯᠡᠨ ᠤ ᠰᠤᠷᠭᠠᠨ ᠭᠥᠮᠤᠵᠢᠯ ᠤᠨ ᠲᠡᠷᠢᠭᠦᠨ ᠤ ᠨᠢᠭᠡᠴᠠ︾᠂ ︽ᠪᠥᠭᠦ ᠤᠯᠤᠰ ᠤᠨ ᠬᠠᠤᠯᠢ | ᠴᠠᠭᠠᠵᠠ ᠶᠢᠨ ᠤᠬᠠᠭᠤᠯᠭ᠎ᠠ ᠶᠢᠨ ᠭᠥᠮᠤᠵᠢᠯ ᠤᠨ ᠲᠡᠷᠢᠭᠦᠨ ᠤ ᠨᠢᠭᠡᠴᠠ︾᠂ ︽ᠥᠪᠡᠷᠳᠡᠭᠡᠨ ᠵᠠᠰᠠᠬᠤ ᠤᠷᠤᠨ ᠤ ᠵᠢᠱᠢᠶ᠎ᠡ | ᠥᠵᠡᠭᠦᠯᠥᠭᠴᠢ ᠡᠩ ᠤᠨ ᠥᠨᠳᠤᠷ ᠵᠡᠷᠭᠡ ᠶᠢᠨ ᠲᠤᠮᠳᠡᠳᠤ ᠰᠤᠷᠭᠠᠭᠤᠯᠢ︾᠂ ︽ᠥᠪᠡᠷᠳᠡᠭᠡᠨ ᠵᠠᠰᠠᠬᠤ ᠤᠷᠤᠨ ᠤ | ᠥᠨᠳᠤᠰᠤᠳᠡᠨ ᠤ ᠪᠥᠯᠭᠦᠮᠳᠡᠯ ᠤᠨ ᠲᠡᠷᠢᠭᠦᠨ ᠤ ᠨᠢᠭᠡᠴᠠ︾᠂ ︽ᠵᠠᠯᠠᠭᠤᠴᠤᠳ ᠪᠠᠭᠠᠴᠤᠳ ᠤᠨ ᠰᠤᠷᠭᠠᠭᠤᠯᠢ ᠶᠢᠨ | ᠭᠥᠷᠢᠶᠡᠨ ᠤ ᠭᠥᠯ ᠪᠥᠮᠪᠦᠭᠡ ᠶᠢᠨ ᠤᠨᠴᠠᠯᠢᠭᠳᠤ ᠰᠤᠷᠭᠠᠭᠤᠯᠢ︾ ᠵᠡᠷᠭᠡ ᠠᠯᠳᠠᠷ ᠴᠤᠯᠠ ᠪᠠᠷ ᠮᠢᠯᠢᠶᠠᠯᠭᠠᠭᠰᠠᠭᠠᠷ ᠢᠷᠡᠭᠰᠡᠨ | ᠪᠢᠯᠡ᠃ | ᠤᠳᠤᠮᠲᠦ ᠰᠤᠶᠤᠯ ᠤᠨ ᠠᠯᠲᠠᠨ ᠲᠤᠯᠭ᠎ᠠ ᠪᠠᠨ ᠳᠠᠬᠢᠵᠦ᠂ ᠤᠳᠠᠨ ᠨᠤᠲᠤᠭ ᠤᠨ ᠬᠦᠰᠡᠯ ᠤᠨ ᠭᠠᠯ ᠢ ᠴᠠᠬᠢᠭᠰᠠᠨ | ᠤᠯᠠᠭᠠᠨᠬᠠᠳᠠ ᠳᠠᠬᠢ ᠮᠤᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠨᠢ᠂ ᠦᠶ᠎ᠡ ᠦᠶ᠎ᠡ ᠶᠢᠨ ᠦᠷ᠎ᠡ ᠬᠡᠥᠬᠡᠳ ᠢᠶᠠᠨ | ᠪᠢᠯᠢᠭ ᠤᠨ ᠬᠡᠭᠡᠷ ᠲᠤ ᠮᠤᠷᠳᠠᠭᠤᠯᠤᠨ᠂ ᠤᠯᠤᠰ ᠦᠨᠳᠦᠰᠦᠲᠡᠨ ᠤ ᠪᠠᠨ ᠠᠯᠳᠠᠷ ᠨᠡᠷ᠎ᠡ ᠶᠢ ᠪᠦᠮᠪᠦᠷᠴᠡᠭ ᠳᠡᠯᠡᠬᠡᠢ ᠳᠤ | ᠳᠠᠭᠤᠷᠢᠰᠬᠠᠬᠤ ᠳᠤ ᠪᠠᠨ᠂ ᠬᠦᠮᠦᠨ ᠵᠤᠨ ᠤ ᠪᠠᠨ ᠬᠠᠶᠢᠷ᠎ᠠ ᠶᠢᠨ ᠰᠡᠳᠭᠢᠯ ᠳᠤ ᠬᠦᠩᠭᠢᠨᠡᠮ᠎ᠡ ᠳᠠᠭᠤᠤ ᠨᠢ ᠡᠭᠡᠰᠢᠭᠯᠡᠭᠰᠡᠭᠡᠷ | ᠪᠠᠶᠢᠳᠠᠭ ᠠᠵᠢ᠄ | ᠤᠯᠠᠭᠠᠨ ᠬᠠᠳᠠ ᠶᠢᠨ ᠡᠩᠭᠡᠷ ᠲᠤ ᠪᠠᠨ ᠲᠤᠯᠭ᠎ᠠ ᠪᠠᠨ ᠮᠠᠨᠠᠭᠰᠠᠨ | ᠤᠠᠬᠭᠠᠨ ᠤ ᠪᠤᠷᠬᠠᠨ ᠬᠤᠶᠢᠮᠤᠷ ᠲᠠᠢ ᠪᠢᠯᠢᠭ ᠤᠨ ᠦᠷᠭᠦᠭᠡ | ᠢᠨᠵᠠᠭᠠᠨ ᠭᠤᠤᠯ ᠤᠨ ᠤᠰᠤᠨ ᠳᠤ ᠪᠠᠨ ᠴᠠᠢ ᠪᠠᠨ ᠴᠢᠨᠠᠭᠰᠠᠨ | ᠢᠷᠠᠭᠤ ᠨᠠᠶᠢᠷᠠᠭ ᠤᠨ ᠰᠦ ᠲᠠᠢ ᠪᠢᠴᠢᠭ ᠤᠨ ᠰᠢᠷᠡᠭᠡ | ᠤᠨ ᠤᠨ ᠤ ᠪᠤᠱᠤᠭ᠎ᠠ ᠪᠠᠨ ᠡᠷᠳᠡᠮ ᠢᠶᠠᠷ ᠮᠢᠯᠢᠶᠠᠭᠰᠠᠨ | ᠤᠶᠤᠨ ᠶᠡᠬᠡᠲᠠᠢ ᠪᠠᠭᠰᠢ ᠶᠢᠨ ᠮᠢᠨᠢ ᠬᠢᠴᠢᠶᠡᠯ ᠤᠨ ᠲᠠᠪᠴᠠᠩ | ᠤᠳᠤᠨ ᠲᠦᠭᠡᠭᠰᠡᠨ ᠳᠡᠭᠡᠪᠦᠷ ᠢᠶᠠᠨ ᠬᠦᠰᠡᠯ ᠢᠶᠠᠷ ᠳᠡᠭᠡᠳᠦᠯᠡᠭᠰᠡᠨ | ᠤᠳᠤᠮ ᠰᠠᠶᠢᠲᠠᠢ ᠰᠤᠷᠤᠭᠴᠢ ᠶᠢᠨ ᠬᠢᠨᠢ ᠬᠦᠮᠦᠵᠢᠯ ᠤᠨ ᠲᠠᠩᠬᠢᠮ | ᠳᠡᠯᠡᠬᠡᠢ ᠶᠢᠨ ᠤᠯᠠᠨ ᠨᠢᠳᠦᠨ ᠢ ᠭᠠᠷᠴᠠᠭ ᠲᠤ ᠪᠠᠨ ᠰᠤᠶᠢᠭᠰᠠᠨ | ᠲᠡᠭᠷᠢᠯᠢᠭ ᠪᠤᠰᠤᠭ᠎ᠠ ᠬᠡᠶᠢᠮᠦᠷᠢ ᠲᠠᠢ ᠤᠶᠢᠭᠤᠷᠵᠢᠨ ᠰᠤᠳᠤᠷ | ᠲᠡᠦᠬᠡ ᠶᠢᠨ ᠠᠯᠲᠠᠨ ᠬᠠᠭᠤᠳᠠᠰᠤᠨ ᠳᠤ ᠲᠤᠭ ᠢᠶᠠᠨ ᠮᠦᠩᠬᠡᠯᠡᠭᠰᠡᠨ | ᠲᠠᠯ᠎ᠠ ᠶᠢᠨ ᠪᠤᠷᠤᠬᠠᠨ ᠠᠶᠢᠯ ᠤᠨ ᠤᠷᠭ᠎ᠠ ᠬᠠᠳᠤᠭᠤᠷ | ᠵᠠᠭᠤᠨ ᠵᠠᠭᠤᠨ ᠤ ᠲᠤᠭᠤᠨᠤ ᠪᠠᠨ ᠨᠠᠷᠠ ᠲᠠᠢ ᠪᠠᠨ ᠡᠷᠭᠦᠭᠰᠡᠨ | ᠵᠠᠭᠤᠨ ᠤᠳᠠᠨ ᠬᠠᠨ᠎ᠠ ᠲᠠᠢ ᠰᠤᠶᠤᠯ ᠤᠨ ᠬᠦᠷᠢᠶᠡᠯᠡᠩ ᠮᠢᠨᠢ | ᠮᠢᠩᠭᠠᠨ ᠮᠢᠩᠭᠠᠨ ᠤ ᠲᠤᠭᠤᠷᠭ᠎ᠠ ᠪᠠᠨ ᠨᠡᠷ᠎ᠡ ᠲᠠᠢ ᠪᠠᠨ ᠴᠢᠮᠡᠭᠰᠡᠨ | ᠮᠤᠩᠭᠤᠯ ᠦᠰᠦᠭ ᠤᠨ ᠲᠠᠮᠠᠭ᠎ᠠ ᠲᠠᠢ ᠭᠤᠶᠤᠯ ᠤᠨ ᠤᠷᠴᠢᠯᠠᠩ ᠮᠢᠨᠢ | | |