| ︽ᠰᠤᠷᠭᠠᠨ ᠬᠦᠮᠦᠵᠢᠯ ᠤᠨ ᠶᠠᠮᠤᠨ ᠤ ᠠᠯᠪᠠᠨ ᠲᠢᠩᠬᠢᠮ ᠠᠴᠠ ᠪᠠᠭᠤᠯᠭᠠᠭᠰᠠᠨ 2017 ᠤᠨ ᠤ ᠴᠦᠭᠡᠨ | ᠲᠤᠭᠠᠲᠤ ᠦᠨᠳᠦᠰᠦᠲᠡᠨ ᠤ ᠳᠡᠭᠡᠳᠦ ᠳᠡᠰ ᠤᠨ ᠭᠤᠤᠯᠯᠠᠭᠴᠢ ᠴᠢᠳᠠᠪᠤᠷᠢᠲᠠᠨ ᠠᠰᠫᠢᠷᠠᠨᠲ ᠡᠯᠰᠡᠬᠦ ᠲᠦᠯᠦᠪᠯᠡᠭᠡ ᠶᠢᠨ ᠲᠤᠬᠠᠢ | ᠮᠡᠳᠡᠭᠳᠡᠯ︾ ᠤᠨ ᠵᠤᠷᠢᠭ ᠰᠠᠨᠠᠭ᠎ᠠ ᠪᠠ ᠬᠠᠮᠢᠶ᠎ᠠ ᠪᠦᠬᠦᠢ ᠲᠤᠭᠲᠠᠭᠠᠯ ᠢᠶᠠᠷ᠂ ᠠᠰᠫᠢᠷᠠᠨᠲ ᠰᠢᠯᠭᠠᠭᠤᠯᠬᠤ ᠪᠠᠷ ᠨᠡᠷ᠎ᠡ | ᠮᠡᠳᠡᠭᠦᠯᠦᠭᠰᠡᠳ ᠢ 10 ᠰᠠᠷ᠎ᠠ ᠶᠢᠨ 8 ᠠᠴᠠ 31 ᠪᠣᠯᠲᠠᠯ᠎ᠠ ︵ᠬᠠᠤᠯᠢ ᠪᠠᠷ ᠲᠤᠭᠲᠠᠭᠠᠭᠰᠠᠨ ᠠᠵᠢᠯᠯᠠᠬᠤ ᠡᠳᠦᠷ︶ ᠬᠢᠨᠠᠨ | ᠲᠤᠭᠲᠠᠭᠠᠬᠤ ᠪᠠᠷ ᠪᠤᠯᠵᠠᠢ᠃ | ᠴᠦᠭᠡᠨ ᠲᠤᠭᠠᠲᠤ ᠦᠨᠳᠦᠰᠦᠲᠡᠨ ᠤ ᠳᠡᠭᠡᠳᠦ ᠳᠡᠰ ᠤᠨ ᠭᠤᠤᠯᠯᠠᠭᠴᠢ ᠴᠢᠳᠠᠪᠤᠷᠢᠲᠠᠨ ᠡᠯᠰᠡᠬᠦ ᠲᠦᠯᠦᠪᠯᠡᠭᠡ ᠪᠤᠯ | ᠤᠯᠤᠰ ᠤᠨ ᠴᠦᠭᠡᠨ ᠲᠤᠭᠠᠲᠤ ᠦᠨᠳᠦᠰᠦᠲᠡᠨ ᠪᠤᠯᠤᠨ ᠴᠦᠭᠡᠨ ᠲᠤᠭᠠᠲᠤ ᠦᠨᠳᠦᠰᠦᠲᠡᠨ ᠤ ᠭᠠᠵᠠᠷ ᠤᠷᠤᠨ ᠳᠤ | ᠬᠠᠨᠳᠤᠭᠤᠯᠤᠨ ᠬᠡᠷᠡᠭᠵᠢᠭᠦᠯᠵᠦ ᠪᠠᠶᠢᠭ᠎ᠠ ᠴᠢᠳᠠᠪᠤᠷᠢᠲᠠᠨ ᠬᠦᠮᠦᠵᠢᠭᠦᠯᠬᠦ ᠤᠨᠴᠠᠭᠠᠢ ᠲᠦᠯᠦᠪᠯᠡᠭᠡ ᠪᠤᠯᠬᠤ ᠪᠦᠭᠡᠳ ᠤᠯᠤᠰ | ᠤᠷᠤᠨ ᠳᠤ ᠬᠠᠨᠳᠤᠯᠭ᠎ᠠ ᠲᠠᠢ ᠬᠦᠮᠦᠵᠢᠭᠦᠯᠵᠦ ᠪᠠᠶᠢᠭ᠎ᠠ ᠪᠦᠬᠦᠯᠢ ᠡᠳᠦᠷ ᠤᠨ ᠳᠦᠷᠢᠮᠲᠦ ᠲᠤᠰᠬᠠᠢ ᠲᠦᠷᠦᠯ ᠤᠨ ᠰᠤᠷᠤᠭᠴᠢ | ᠡᠯᠰᠡᠬᠦ ᠲᠦᠯᠦᠪᠯᠡᠭᠡ ᠪᠤᠯᠤᠨ᠎ᠠ᠃ 2017 ᠤᠨ ᠳᠤ ᠤᠯᠤᠰ ᠳᠠᠶᠠᠭᠠᠷ 5000 ᠰᠤᠷᠤᠭᠴᠢ ᠡᠯᠰᠡᠬᠦ ᠪᠠᠷ ᠲᠦᠯᠦᠪᠯᠡᠵᠦ᠂ | ᠡᠭᠦᠨ ᠳᠤ ᠳ᠋ᠤᠺᠲ᠋ᠤᠷᠠᠨᠲ 1000᠂ ᠠᠰᠫᠢᠷᠠᠨᠲ 4000 ᠡᠯᠰᠡᠵᠦ᠂ ᠮᠠᠨ ᠤ ᠤᠷᠤᠨ ᠠᠴᠠ 447 ᠰᠤᠷᠤᠭᠴᠢ | ᠡᠯᠰᠡᠬᠦ ᠪᠠᠷ ᠲᠦᠯᠦᠪᠯᠡᠵᠦ ᠪᠠᠶᠢᠨ᠎ᠠ᠃ | | ᠮᠠᠨ ᠤ ᠤᠷᠤᠨ ᠡᠯ᠎ᠡ ᠲᠦᠷᠦᠯ ᠤᠨ ᠬᠦᠮᠦᠰ ᠤᠨ ᠪᠠᠶᠢᠭᠠᠯᠢ ᠲᠧᠭᠨᠢᠭ᠂ ᠠᠵᠤ ᠦᠢᠯᠡᠳᠪᠦᠷᠢ᠂ ᠲᠠᠷᠢᠶᠠᠯᠠᠩ᠂ | ᠠᠨᠠᠭᠠᠬᠤ ᠤᠬᠠᠭᠠᠨ᠂ ᠮᠦᠩᠭᠦᠨ ᠭᠦᠢᠯᠭᠡᠭᠡ᠂ ᠡᠳ᠋ ᠤᠨ ᠵᠠᠰᠠᠭ ᠭᠠᠶᠢᠯᠢ ᠵᠡᠷᠭᠡ ᠦᠪᠡᠷᠲᠡᠭᠡᠨ ᠵᠠᠰᠠᠬᠤ ᠤᠷᠤᠨ ᠤ ᠠᠵᠤ | ᠠᠬᠤᠢ ᠨᠡᠶᠢᠭᠡᠮ ᠤᠨ ᠬᠦᠭᠵᠢᠯᠲᠡ ᠳᠤ ᠱᠠᠭᠠᠷᠳᠠᠵᠤ ᠪᠠᠶᠢᠭ᠎ᠠ ᠲᠤᠰᠬᠠᠢ ᠮᠡᠷᠭᠡᠵᠢᠯ ᠳᠤ ᠨᠡᠷ᠎ᠡ ᠮᠡᠳᠡᠭᠦᠯᠬᠦ᠂ ᠬᠡᠯᠡ ᠤᠳᠬ᠎ᠠ | ᠵᠤᠬᠢᠶᠠᠯ ᠲᠡᠦᠬᠡ ᠶᠢᠨ ᠲᠦᠷᠦᠯ ᠨᠢ ᠦᠨᠳᠦᠰᠦᠲᠡᠨ ᠤ ᠰᠤᠶᠤᠯ ᠤᠷᠠᠯᠢᠭ᠂ ᠤᠯᠠᠨ ᠨᠡᠶᠢᠲᠡ ᠶᠢᠨ ᠬᠠᠮᠢᠶᠠᠷᠤᠯᠲᠠ ᠵᠡᠷᠭᠡ | ᠲᠤᠰᠬᠠᠢ ᠮᠡᠷᠭᠡᠵᠢᠯ ᠢᠶᠠᠷ ᠭᠤᠤᠯ ᠪᠤᠯᠭᠠᠬᠤ ᠶᠢ ᠵᠣᠷᠢᠭᠵᠢᠭᠤᠯᠵᠤ ᠪᠠᠶᠢᠨ᠎ᠠ᠃ ᠦᠪᠡᠷᠲᠡᠭᠡᠨ ᠵᠠᠰᠠᠬᠤ ᠤᠷᠤᠨ ᠠᠴᠠ ᠠᠵᠢᠯ | ᠲᠤᠬᠢᠷᠠᠭᠤᠯᠬᠤ ᠳᠤ ᠬᠦᠴᠢᠷ ᠲᠤᠰᠬᠠᠢ ᠮᠡᠷᠭᠡᠵᠢᠯ ᠳᠤ ᠨᠡᠷ᠎ᠡ ᠮᠡᠳᠡᠭᠦᠯᠦᠨ ᠰᠢᠯᠭᠠᠬᠤ ᠶᠢ ᠵᠦᠪᠰᠢᠶᠡᠷᠡᠬᠦ ᠦᠭᠡᠢ᠃ | ᠮᠠᠨ ᠤ ᠤᠷᠤᠨ ᠳᠤ ᠪᠠᠭᠤᠯᠭᠠᠭᠰᠠᠨ ᠰᠤᠷᠤᠭᠴᠢ ᠡᠯᠰᠡᠬᠦ ᠲᠦᠯᠦᠪᠯᠡᠭᠡ ᠲᠠᠢ ᠶᠡᠭᠡ ᠳᠡᠭᠡᠳᠦ ᠰᠤᠷᠭᠠᠭᠤᠯᠢ ᠳᠤ | ᠰᠢᠯᠭᠠᠭᠤᠯᠤᠭᠴᠢ ᠶᠢᠨ ᠨᠡᠷ᠎ᠡ ᠮᠡᠳᠡᠭᠦᠯᠬᠦ ᠶᠢ ᠪᠠᠲᠤᠯᠠᠬᠤ ᠶᠢᠨ ᠲᠦᠯᠦᠭᠡ᠂ ᠰᠢᠯᠭᠠᠭᠤᠯᠤᠭᠴᠢ ᠶᠢᠨ ᠲᠤᠭ᠎ᠠ ᠪᠠ ᠨᠡᠷ᠎ᠡ | ᠮᠡᠳᠡᠭᠦᠯᠬᠦ ᠲᠤᠭ᠎ᠠ ᠶᠢᠨ ᠬᠠᠷᠢᠴᠠᠯ ᠢ 1᠄ 3 ᠠᠴᠠ ᠳᠤᠤᠷ᠎ᠠ ᠪᠠᠶᠢᠯᠭᠠᠵᠤ ᠪᠤᠯᠬᠤ ᠦᠭᠡᠢ᠃ | | ᠠᠰᠫᠢᠷᠠᠨᠲ ᠢᠶᠠᠷ ᠨᠡᠷ᠎ᠡ ᠮᠡᠳᠡᠭᠦᠯᠦᠭᠰᠡᠳ ᠬᠢᠨᠠᠯᠲᠠ ᠶᠢ ᠦᠩᠭᠡᠷᠡᠭᠰᠡᠨ ᠤ ᠳᠠᠷᠠᠭ᠎ᠠ ︽ᠪᠦᠷᠢᠳᠬᠡᠬᠦ ᠬᠦᠰᠦᠨᠦᠭᠲᠦ︾ | ᠶᠢ 4 ᠬᠤᠪᠢ ᠪᠠᠭᠤᠯᠭᠠᠨ ᠠᠪᠴᠤ᠂ ᠦᠪᠡᠷᠲᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠤᠨ | ᠦᠨᠳᠦᠰᠦᠲᠡᠨ ᠤ ᠰᠤᠷᠭᠠᠨ ᠬᠦᠮᠦᠵᠢᠯ ᠤᠨ ᠭᠠᠵᠠᠷ ᠤᠨ ᠠᠯᠪᠠᠨ ᠭᠡᠷ ᠲᠤ ᠤᠴᠢᠵᠤ ᠲᠠᠮᠠᠭ᠎ᠠ ᠳᠠᠷᠤᠭᠤᠯᠬᠤ ᠭᠠᠷ | ᠭᠦᠢᠴᠡᠳᠬᠡᠯ ᠬᠢᠬᠦ ᠬᠡᠷᠡᠭᠲᠡᠢ᠃ ᠳ᠋ᠤᠺᠲ᠋ᠤᠷᠠᠨᠲ ᠢᠶᠠᠷ ᠨᠡᠷ᠎ᠡ ᠮᠡᠳᠡᠭᠦᠯᠦᠭᠰᠡᠳ 11 ᠰᠠᠷ᠎ᠠ ᠶᠢᠨ 20 ᠠᠴᠠ ᠰᠡᠭᠦᠯᠡᠷ ︽ | ᠪᠦᠷᠢᠳᠬᠡᠬᠦ ᠬᠦᠰᠦᠨᠦᠭᠲᠦ︾ ᠶᠢ 4 ᠬᠤᠪᠢ ᠠᠪᠴᠤ ᠲᠠᠮᠠᠭ᠎ᠠ ᠳᠠᠷᠤᠭᠤᠯᠬᠤ ᠬᠡᠷᠡᠭᠲᠡᠢ᠃ | ᠪᠤᠳᠠᠲᠠᠢ ᠨᠠᠷᠢᠨ ᠠᠭᠤᠯᠭ᠎ᠠ ᠶᠢ ︽ᠦᠪᠦᠷ ᠮᠤᠩᠭᠤᠯ ᠤᠨ ᠰᠤᠷᠭᠠᠨ ᠬᠦᠮᠦᠵᠢᠯ ᠠᠴᠠ ᠨᠡᠶᠢᠲᠡᠯᠡᠪᠡ︾ ᠭᠡᠬᠦ | ᠵᠢᠷᠭᠢᠶ᠎ᠡ ᠶᠢᠨ ᠲᠠᠪᠴᠠᠩ ᠪᠤᠶᠤ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠲᠢᠩᠬᠢᠮ ᠤᠨ ᠰᠦᠯᠵᠢᠶᠡᠨ ᠠᠴᠠ ᠯᠠᠪᠯᠠᠵᠤ | ᠪᠤᠯᠤᠨ᠎ᠠ᠃ http://www.nmgov.edu.cn/ | | |