ᠬᠤᠩᠱᠠᠨ ᠲᠣᠭᠤᠷᠢᠭ ᠤᠨ ᠳᠦᠷᠪᠡᠨ ᠶᠡᠭᠡ ᠤᠳᠤᠷᠢᠳᠬᠤ ᠪᠠᠭ ᠤᠨ ᠨᠦᠬᠦᠳ ᠬᠤᠩᠱᠠᠨ ᠲᠣᠭᠤᠷᠢᠭ ᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠤᠭᠴᠠ ᠶᠢᠨ ᠤᠬᠠᠮᠰᠠᠷ ᠢ ᠪᠠᠲᠤᠵᠢᠭᠤᠯᠬᠤ ᠤᠷᠠᠨ ᠪᠢᠴᠢᠯᠭᠡ ᠤᠷᠠᠨ ᠵᠢᠷᠤᠭ ᠤᠨ ᠦᠵᠡᠭᠦᠯᠭᠡ ᠶᠢ ᠲᠤᠭᠤᠷᠢᠨ ᠦᠵᠡᠪᠡ
ᠨᠡᠶᠢᠲᠡᠯᠡᠭᠰᠡᠨ ᠴᠠᠭ᠄
2023/6/28
       6 ᠰᠠᠷ᠎ᠠ ᠶᠢᠨ 21 ᠤ ᠡᠳᠦᠷ ᠬᠤᠲᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠬᠤᠩᠱᠠᠨ ᠲᠣᠭᠤᠷᠢᠭ ᠤᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ ᠴᠧᠨ ᠵᠠᠨ ᠢᠩ ᠬᠤᠩᠱᠠᠨ ᠲᠣᠭᠤᠷᠢᠭ  ᠤᠨ ᠳᠦᠷᠪᠡᠨ ᠶᠡᠭᠡ ᠤᠳᠤᠷᠢᠳᠬᠤ ᠪᠠᠭ ᠤᠨ ᠨᠦᠬᠦᠳ ᠢ ᠳᠠᠭᠠᠭᠤᠯᠤᠨ ᠬᠤᠩᠱᠠᠨ ᠲᠣᠭᠤᠷᠢᠭ ᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠤᠭᠴᠠ ᠶᠢᠨ ᠤᠬᠠᠮᠰᠠᠷ ᠢ ᠪᠠᠲᠤᠵᠢᠭᠤᠯᠬᠤ ᠤᠷᠠᠨ ᠪᠢᠴᠢᠯᠭᠡ ᠤᠷᠠᠨ ᠵᠢᠷᠤᠭ ᠤᠨ ᠦᠵᠡᠭᠦᠯᠭᠡ ᠶᠢ ᠲᠤᠭᠤᠷᠢᠨ ᠦᠵᠡᠪᠡ᠃        ᠲᠤᠰ ᠤᠳᠠᠭᠠᠨ ᠤ ᠤᠷᠠᠨ ᠪᠢᠴᠢᠯᠭᠡ ᠤᠷᠠᠨ ᠵᠢᠷᠤᠭ ᠤᠨ ᠦᠵᠡᠭᠦᠯᠭᠡ ᠶᠢ ᠬᠤᠩᠱᠠᠨ ᠲᠤᠭᠤᠷᠢᠭ ᠤᠨ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠨᠢᠭᠡᠲᠦᠮᠡᠯ ᠹᠷᠤᠨᠲ ᠤᠨ ᠬᠡᠯᠲᠡᠰ ᠵᠡᠷᠭᠡ ᠣᠯᠠᠨ ᠰᠠᠯᠠᠭ᠎ᠠ ᠮᠦᠴᠢᠷ ᠬᠤᠯᠪᠤᠭᠠᠯᠠᠨ ᠵᠤᠬᠢᠶᠠᠨ ᠪᠠᠶᠢᠭᠤᠯᠵᠤ᠂ ᠦᠵᠡᠭᠦᠯᠭᠡ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ  ᠶᠢᠨ ᠤᠬᠠᠮᠰᠠᠷ ᠢ ᠪᠠᠲᠤᠵᠢᠭᠤᠯᠬᠤ ᠪᠠᠷ ᠭᠤᠣᠯ ᠱᠣᠭᠤᠮ ᠪᠣᠯᠭᠠᠵᠤ᠂ ᠪᠦᠬᠦ ᠴᠡᠭ ᠬᠠᠷᠠᠭᠠᠰᠤ ᠠᠴᠠ ︽ᠵᠢᠱᠢᠶᠡᠴᠢ ᠦᠪᠡᠷᠲᠡᠭᠡᠨ ᠵᠠᠰᠠᠬᠤ ᠣᠷᠤᠨ︾ ᠢ ᠪᠠᠶᠢᠭᠤᠯᠬᠤ ᠪᠠᠷ ᠭᠤᠣᠯ ᠰᠡᠳᠦᠪ ᠪᠣᠯᠭᠠᠨ᠂ ᠳᠤᠮᠳᠠᠳᠤ ᠶᠢᠨ ᠰᠢᠯᠢᠳᠡᠭ ᠰᠤᠩᠭᠤᠳᠠᠭ ᠰᠢᠯᠦᠭ ᠳᠠᠭᠤᠯᠠᠯ᠂ ᠤᠯᠠᠮᠵᠢᠯᠠᠯᠲᠤ ᠰᠤᠶᠤᠯ ᠰᠤᠷᠭᠠᠯ ᠦᠭᠡ᠂ ᠰᠠᠶᠢᠨ ᠰᠠᠶᠢᠬᠠᠨ ᠠᠮᠢᠳᠤᠷᠠᠯ ᠤᠨ ᠲᠤᠬᠠᠢ ᠰᠡᠳᠬᠢᠭᠳᠡᠯ ᠲᠦᠷᠦᠭᠳᠡᠯ ᠢᠶᠠᠷ ᠰᠡᠳᠦᠪ ᠪᠣᠯᠭᠠᠵᠤ᠂ ᠤᠷᠠᠯᠢᠭ ᠤᠨ ᠬᠠᠷᠠᠭᠠᠰᠤ ᠠᠴᠠ ᠬᠤᠩᠱᠠᠨ ᠲᠣᠭᠤᠷᠢᠭ  ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠳᠠᠭᠤᠷᠢᠰᠬᠠᠯ ᠶᠠᠷᠢᠶ᠎ᠠ᠂ ᠰᠠᠶᠢᠨ ᠰᠠᠶᠢᠬᠠᠨ ᠵᠢᠷᠤᠭᠯᠠᠯ ᠢ ᠪᠢᠴᠢᠭᠯᠡᠨ ᠵᠢᠷᠤᠭᠯᠠᠪᠠ᠃        ᠴᠧᠨ ᠵᠠᠨ ᠢᠩ᠂ ᠵᠣᠣ ᠯᠠᠨ ᠭᠤᠸᠠᠩ᠂ ᠸᠠᠩ ᠶᠠ ᠵᠢᠶᠦ᠋ᠨ᠂ ᠱᠢ ᠭᠤᠸᠠᠩ ᠬᠠᠢ ᠵᠡᠷᠭᠡ ᠤᠳᠤᠷᠢᠳᠤᠯᠭ᠎ᠠ ᠦᠵᠡᠭᠦᠯᠭᠡ ᠳᠤ ᠬᠦᠷᠦᠯᠴᠡᠨ ᠢᠷᠡᠵᠦ᠂ ᠠᠵᠢᠯᠲᠠᠨ ᠤ ᠲᠠᠨᠢᠯᠴᠠᠭᠤᠯᠭ᠎ᠠ ᠬᠢᠬᠦ ᠶᠢ ᠰᠤᠨᠤᠰᠴᠤ᠂ ᠤᠶᠢᠷ᠎ᠠ ᠵᠠᠢ ᠠᠴᠠ ᠬᠤᠩᠱᠠᠨ ᠲᠣᠭᠤᠷᠢᠭ ᠤᠨ ᠡᠯ᠎ᠡ ᠦᠨᠳᠦᠰᠦᠲᠡᠨ ᠡᠯ᠎ᠡ ᠡᠲᠡᠭᠡᠳ ᠤᠨ ᠤᠷᠠᠯᠢᠭᠴᠢᠳ ᠤᠨ ᠬᠡᠪ ᠨᠠᠮᠪᠠ ᠶᠢ ᠤᠶᠢᠯᠠᠭᠠᠪᠠ᠃        ᠴᠧᠨ ᠵᠠᠨ ᠢᠩ ᠵᠢᠭᠠᠵᠤ ᠭᠠᠷᠭᠠᠭᠰᠠᠨ ᠨᠢ᠂ ᠲᠤᠰ ᠤᠳᠠᠭᠠᠨ ᠤ ᠤᠷᠠᠨ ᠪᠢᠴᠢᠯᠭᠡ ᠤᠷᠠᠨ ᠵᠢᠷᠤᠭ ᠤᠨ ᠦᠵᠡᠭᠦᠯᠭᠡ ᠨᠢ ᠲᠤᠭᠤᠷᠢᠭ ᠪᠠᠶᠢᠭᠤᠯᠤᠭᠳᠠᠭᠰᠠᠨ ᠳᠦᠴᠢᠨ ᠵᠢᠯ ᠤᠨ ᠤᠢ ᠳᠤ ᠲᠤᠬᠢᠶᠠᠵᠤ᠂ ᠨᠡᠶᠢᠭᠡᠮ ᠤᠨ ᠡᠯ᠎ᠡ ᠡᠲᠡᠭᠡᠳ ᠤᠨ ᠤᠷᠠᠯᠢᠭᠴᠢᠳ ᠲᠡᠳᠡᠨ ᠤ ᠭᠦᠨ ᠵᠤᠵᠠᠭᠠᠨ ᠬᠠᠶᠢᠷ᠎ᠠ ᠰᠡᠳᠬᠢᠯᠭᠡ ᠰᠢᠩᠭᠡᠭᠰᠡᠨ ᠪᠦᠲᠦᠭᠡᠯ ᠢᠶᠠᠷ ᠢᠶᠠᠨ ᠠᠭᠤᠤ ᠶᠡᠭᠡ ᠡᠬᠡ ᠤᠯᠤᠰ᠂ ᠳᠤᠮᠳᠠᠳᠤ ᠶᠢᠨ ᠦᠨᠳᠦᠰᠦᠲᠡᠨ᠂ ᠳᠤᠮᠳᠠᠳᠤ ᠶᠢᠨ ᠰᠤᠶᠤᠯ᠂  ᠳᠤᠮᠳᠠᠳᠤ ᠤᠯᠤᠰ ᠤᠨ ᠡᠪ ᠬᠠᠮᠲᠤ ᠨᠠᠮ᠂ ᠳᠤᠮᠳᠠᠳᠤ ᠤᠯᠤᠰ ᠤᠨ ᠤᠨᠴᠠᠯᠢᠭ ᠪᠦᠬᠦᠢ ᠨᠡᠶᠢᠭᠡᠮ ᠵᠢᠷᠦᠮ ᠤᠨ ᠲᠤᠬᠠᠢ ᠬᠠᠶᠢᠷ᠎ᠠ ᠰᠡᠳᠬᠢᠯᠭᠡ  ᠪᠠᠨ ᠢᠯᠡᠷᠬᠡᠶᠢᠯᠡᠵᠦ᠂ ᠤᠷᠠᠨ ᠪᠢᠴᠢᠯᠭᠡ ᠤᠷᠠᠨ ᠵᠢᠷᠤᠭ ᠢᠶᠠᠷ ᠠᠷᠠᠳ ᠤᠨ ᠰᠡᠳᠬᠢᠯ ᠢ ᠨᠢᠭᠲᠠᠷᠠᠭᠤᠯᠵᠤ᠂  ᠰᠤᠶᠤᠯ  ᠢᠶᠠᠷ ᠪᠦᠯᠬᠦᠮᠳᠡᠯ ᠬᠦᠴᠦᠨ ᠢ ᠲᠦᠪᠯᠡᠷᠡᠭᠦᠯᠪᠡ᠃        ᠴᠧᠨ ᠵᠠᠨ ᠢᠩ ᠱᠠᠭᠠᠷᠳᠠᠭᠰᠠᠨ ᠨᠢ᠂  ᠨᠦᠯᠦᠭᠡᠯᠡᠬᠦ ᠬᠦᠴᠦᠨ ᠪᠦᠬᠦᠢ ᠳᠠᠮᠵᠢᠯᠲᠠ ᠰᠠᠶᠢᠲᠠᠢ ᠤᠬᠠᠭᠤᠯᠭ᠎ᠠ ᠶᠢᠨ ᠠᠵᠢᠯᠯᠠᠭᠠᠨ ᠢ ᠦᠷᠭᠦᠯᠵᠢᠯᠡᠨ ᠦᠷᠨᠢᠭᠦᠯᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠵᠤ᠂  ᠡᠯ᠎ᠡ ᠦᠨᠳᠦᠰᠦᠲᠡᠨ ᠤ ᠺᠠᠳ᠋ᠷ ᠤᠯᠠᠨ ᠲᠥᠮᠡᠨ ᠤ ᠬᠠᠮᠲᠤᠪᠡᠷ ᠪᠦᠯᠬᠦᠮᠳᠡᠨ ᠲᠡᠮᠡᠴᠡᠬᠦ ᠶᠢ ᠪᠦᠬᠦ ᠬᠦᠴᠦᠨ ᠢᠶᠠᠷ ᠠᠬᠢᠭᠤᠯᠵᠤ᠂ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠵᠢᠭᠠᠪᠤᠷᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠬᠤᠩᠱᠠᠨ ᠳᠤ ᠪᠤᠳᠠᠲᠠᠶᠢᠵᠢᠭᠤᠯᠵᠤ ᠦᠷᠡᠯᠡᠭᠦᠯᠦᠨ ᠵᠢᠮᠢᠰᠯᠡᠭᠦᠯᠬᠦ ᠬᠡᠷᠡᠭᠲᠡᠢ ᠭᠡᠪᠡ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号