ᠬᠤᠩᠱᠠᠨ ᠲᠣᠭᠤᠷᠢᠭ ᠴᠠᠭᠠᠨ ᠰᠠᠷ᠎ᠠ ᠶᠢᠨ ᠰᠤᠶᠤᠯ ᠵᠢᠭᠤᠯᠴᠢᠯᠠᠯ ᠤᠨ ᠰᠢᠷᠢᠰ ᠠᠵᠢᠯᠯᠠᠭᠠᠨ ᠦᠷᠨᠢᠭᠦᠯᠵᠦ ᠂ ᠪᠠᠶᠠᠷᠲᠤ ᠴᠠᠭᠠᠨ ᠰᠠᠷ᠎ᠠ ᠳᠤ ᠬᠦᠭ ᠴᠢᠮᠡᠭ ᠨᠡᠮᠡᠷᠢᠯᠡᠪᠡ
ᠨᠡᠶᠢᠲᠡᠯᠡᠭᠰᠡᠨ ᠴᠠᠭ᠄
2023/1/31
       ᠤᠯᠠᠨ ᠲᠥᠮᠡᠨ ᠤ ᠴᠠᠭᠠᠨ ᠰᠠᠷ᠎ᠠ ᠶᠢᠨ ᠬᠤᠭᠤᠴᠠᠭᠠᠨ ᠤ ᠤᠶᠤᠨ ᠰᠠᠨᠠᠭ᠎ᠠ ᠰᠤᠶᠤᠯ ᠤᠨ ᠱᠠᠭᠠᠷᠳᠠᠯᠭ᠎ᠠ ᠶᠢ ᠨᠡᠩ ᠰᠠᠶᠢᠨ ᠬᠠᠩᠭᠠᠬᠤ ᠶᠢᠨ ᠲᠥᠯᠦᠭᠡ ᠲᠤᠭᠤᠷᠢᠭ ᠤᠨ ᠤᠨᠴᠠᠯᠢᠭ ᠪᠠᠶᠢᠳᠠᠯ ᠪᠠ ᠤᠯᠠᠨ ᠲᠥᠮᠡᠨ ᠤ ᠳᠤᠷ᠎ᠠ ᠰᠤᠨᠢᠷᠬᠠᠯ ᠲᠠᠢ ᠤᠶᠠᠯᠳᠤᠭᠤᠯᠤᠨ᠂ ᠬᠤᠩᠱᠠᠨ ᠲᠣᠭᠤᠷᠢᠭ ᠴᠠᠭᠠᠨ ᠰᠠᠷ᠎ᠠ ᠶᠢᠨ ᠬᠤᠭᠤᠴᠠᠭᠠᠨ ᠳᠤ ᠤᠷᠠᠨ ᠪᠢᠴᠢᠯᠭᠡᠲᠡᠳ ᠬᠤᠤᠰ ᠤᠶᠠᠩᠭ᠎ᠠ ᠬᠦᠷᠭᠡᠬᠦ᠂ ᠲᠠᠤᠯᠠᠢ ᠵᠢᠯ ᠤᠨ ᠴᠠᠭᠠᠨ ᠰᠠᠷ᠎ᠠ ᠶᠢᠨ ᠲᠤᠰᠤᠨ ᠵᠢᠷᠤᠭ ᠤᠨ ᠪᠦᠲᠦᠭᠡᠯ  ᠤᠨ ᠦᠵᠡᠭᠦᠯᠭᠡ᠂ 2023 ᠤᠨ ᠤ ᠴᠠᠰᠤ ᠮᠦᠰᠦᠨ ᠤ ᠦᠵᠡᠭᠦᠯᠭᠡ ᠵᠡᠷᠭᠡ 21 ᠲᠠᠯᠠᠪᠠᠢ ᠡᠯ᠎ᠡ ᠲᠦᠷᠦᠯ ᠤᠨ ᠠᠬᠤᠢ ᠲᠠᠯᠠᠪᠠᠢ ᠪᠠ ᠰᠦᠯᠵᠢᠶᠡᠨ ᠳᠠᠬᠢ ᠰᠤᠶᠤᠯ ᠵᠢᠭᠤᠯᠴᠢᠯᠠᠯ ᠲᠠᠮᠢᠷ ᠤᠨ ᠠᠵᠢᠯᠯᠠᠭᠠᠨ ᠢ ᠦᠷᠨᠢᠭᠦᠯᠵᠦ᠂  ᠤᠷᠤᠨ ᠨᠤᠲᠤᠭ ᠤᠨ ᠤᠷᠠᠨ ᠪᠢᠴᠢᠯᠭᠡᠲᠡᠨ ᠢ ᠤᠷᠢᠬᠤ᠂ ᠰᠦᠯᠵᠢᠶᠡᠨ ᠳᠤ ᠰᠢᠯᠢᠳᠡᠭ ᠪᠦᠲᠦᠭᠡᠯ ᠤᠷᠢᠵᠤ ᠴᠤᠭᠯᠠᠭᠤᠯᠬᠤ᠂ ᠬᠠᠮᠢᠶ᠎ᠠ ᠪᠦᠬᠦᠢ ᠠᠵᠤ ᠠᠬᠤᠶᠢᠯᠠᠯ ᠲᠠᠢ ᠬᠤᠯᠪᠤᠭᠠᠯᠠᠬᠤ ᠵᠡᠷᠭᠡ ᠠᠷᠭ᠎ᠠ ᠪᠠᠷᠢᠯ ᠢᠶᠠᠷ ᠠᠵᠢᠯᠯᠠᠭᠠᠨ ᠤ ᠬᠡᠯᠪᠡᠷᠢ ᠶᠢ ᠪᠠᠶᠠᠯᠢᠭᠵᠢᠭᠤᠯᠤᠨ᠂ ᠬᠡᠰᠡᠭ ᠪᠦᠯᠦᠭ ᠵᠢᠭᠤᠯᠴᠢᠯᠠᠯ ᠤᠨ ᠠᠵᠢᠯᠯᠠᠭᠠᠨ ᠢ ᠲᠢᠭ ᠲᠤᠭ᠂ ᠮᠸᠢ ᠲᠤᠸᠠᠨ ᠵᠡᠷᠭᠡ ᠰᠦᠯᠵᠢᠶᠡᠨ ᠲᠠᠪᠴᠠᠩ ᠲᠠᠢ ᠬᠠᠮᠲᠤᠷᠠᠨ ᠠᠵᠢᠯᠯᠠᠭᠤᠯᠵᠤ᠂ ᠤᠯᠠᠨ ᠲᠥᠮᠡᠨ ᠳᠤ ᠬᠢᠮᠲᠠᠷᠠᠯ ᠲᠠᠢ ᠪᠢᠯᠧᠲ  ᠬᠠᠩᠭᠠᠵᠤ ᠂  ᠰᠤᠶᠤᠯ ᠵᠢᠭᠤᠯᠴᠢᠯᠠᠯ ᠢᠶᠠᠷ ᠠᠷᠠᠳ ᠲᠤ ᠠᠰᠢᠭ ᠬᠦᠷᠲᠡᠭᠡᠬᠦ ᠶᠢ ᠪᠤᠲᠠᠲᠠᠢ ᠲᠤᠭᠤᠰᠢᠯᠠᠭᠤᠯᠪᠠ᠃ ᠤᠷᠤᠯᠴᠠᠭᠰᠠᠳ 27 ᠲᠥᠮᠡᠨ ᠬᠦᠮᠦᠨ ᠤᠳᠠᠭ᠎ᠠ ᠳᠤ ᠬᠦᠷᠴᠦ᠂ ᠡᠭᠦᠨ ᠳᠤ ᠰᠦᠯᠵᠢᠶᠡᠨ ᠤ ᠠᠵᠢᠯᠯᠠᠭᠠᠨ ︽ ᠬᠤᠩᠱᠠᠨ ᠦᠯᠢᠭᠡᠷ  ᠤᠨ ᠬᠤᠷᠢᠶᠠᠬᠤᠢ  —  ᠬᠤᠩᠱᠠᠨ ᠠᠭᠤᠯᠠ ᠶᠢᠨ ᠬᠤᠷᠮᠤᠢ ᠳᠤ ᠳᠡᠯᠡᠬᠡᠢ ᠳ᠋ᠠᠬᠢᠨ ᠢ ᠤᠩᠰᠢᠬᠤᠢ︾   ᠶᠢᠨ ᠳᠠᠷᠤᠮ  ᠤᠨ ᠲᠤᠭ᠎ᠠ 20 ᠲᠥᠮᠡ ᠤᠳᠠᠭ᠎ᠠ ᠶᠢ ᠳᠠᠪᠠᠵᠤ᠂ ︽ᠲᠠᠤᠯᠠᠢ ᠵᠢᠯ ᠳᠤ ᠬᠦᠰᠡᠯ ᠢᠶᠠᠨ ᠲᠡᠷᠭᠡᠯᠰᠢᠭᠦᠯᠵᠦ᠂  ᠪᠢᠷ ᠪᠡᠬᠡᠰ ᠢᠶᠠᠷ ᠵᠦᠩᠨᠡᠯ ᠢᠶᠠᠨ ᠳᠡᠪᠰᠢᠭᠦᠯᠬᠦ︾  ᠴᠠᠭᠠᠨ ᠰᠠᠷ᠎ᠠ ᠶᠢᠨ ᠬᠤᠤᠰ ᠤᠶᠠᠩᠭ᠎ᠠ ᠬᠦᠷᠭᠡᠬᠦ ᠠᠵᠢᠯᠯᠠᠭᠠᠨ ᠳᠤ 1600 ᠬᠤᠪᠢ ᠬᠤᠤᠰ ᠤᠶᠠᠩᠭ᠎ᠠ ᠪᠠ ︽ᠪᠠᠶᠠᠷ ᠵᠢᠷᠭᠠᠯ ᠠᠵᠠ ᠪᠤᠶᠠᠨ︾ ᠢ ᠬᠦᠷᠭᠡᠪᠡ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号