ᠵᠢᠭᠡᠯᠡᠯᠭᠡ ᠶᠢᠨ ᠭᠡᠷ᠎ᠠ ᠳᠤ ᠤᠷᠤᠯᠠᠨ ᠭᠠᠷ ᠤᠨ ᠦᠰᠦᠭ ᠵᠢᠷᠤᠪᠠᠯ ᠬᠠᠨᠢ ᠨᠦᠬᠦᠷ ᠨᠢ ᠬᠠᠷᠢᠭᠤᠴᠠᠯᠭ᠎ᠠ ᠡᠬᠦᠷᠭᠡᠯᠡᠨ᠎ᠠ ᠤᠤ︖
ᠨᠡᠶᠢᠲᠡᠯᠡᠭᠰᠡᠨ ᠴᠠᠭ᠄
2018-10-31
       ᠬᠡᠷᠡᠭ ᠤᠨ ᠵᠢᠱᠢᠶ᠎ᠠ        X ᠬᠤᠲᠠ ᠶᠢᠨ ᠯᠢᠦ ᠤᠪᠤᠭᠲᠤ ︵ᠡᠮᠡᠭᠲᠠᠢ︶ ᠪᠤᠯᠤᠨ ᠯᠢ ᠠᠪᠤᠭᠠᠢ ᠪᠤᠯ ᠬᠠᠮᠲᠤ ᠠᠵᠢᠯᠲᠠᠨ᠃ ᠯᠢᠦ ᠤᠪᠤᠭᠲᠤ 2013 ᠤᠨ ᠤ 1 ᠰᠠᠷ᠎ᠠ ᠶᠢᠨ 30 ᠤ ᠡᠳᠤᠷ ᠯᠢ ᠠᠪᠤᠭᠠᠢ ᠠᠴᠠ 22 ᠲᠦᠮᠡᠨ ᠲᠦᠭᠦᠷᠢᠭ ᠵᠢᠭᠡᠯᠡᠭᠰᠡᠨ ᠪᠦᠭᠡᠳ ᠵᠢᠭᠡᠯᠡᠭᠰᠡᠨ ᠪᠠᠷᠢᠮᠳᠠ ᠭᠠᠷᠭᠠᠨ ᠦᠭᠴᠦ᠂ ᠵᠢᠭᠡᠯᠡᠬᠦ ᠬᠤᠭᠤᠴᠠᠭ᠎ᠠ ᠨᠢᠭᠡ ᠵᠢᠯ᠂ ᠰᠠᠷ᠎ᠠ ᠶᠢᠨ ᠬᠦᠦ ᠮᠦᠡᠭᠭᠦ ᠶᠢᠨ ᠨᠤᠷᠮ᠎ᠠ ᠨᠢ 3% ᠭᠡᠵᠦ ᠲᠤᠳᠤᠷᠬᠠᠢ ᠪᠢᠴᠢᠵᠠᠢ᠃ ᠯᠢᠦ ᠤᠪᠤᠭᠲᠤ ᠵᠤᠭᠤᠰ ᠵᠢᠭᠡᠯᠡᠭᠰᠡᠨ ᠨᠢᠭᠡ ᠵᠢᠯ ᠤᠨ ᠳᠠᠷᠠᠭ᠎ᠠ ᠵᠢᠭᠡᠯᠡᠭᠰᠡᠨ ᠵᠤᠭᠤᠰ ᠤᠨ ᠡᠬᠡ ᠮᠦᠡᠭᠭᠦ ᠪᠤᠯᠤᠨ ᠬᠦᠦ ᠮᠦᠡᠭᠭᠦ ᠭᠡᠵᠦ 15 ᠲᠦᠮᠡᠡ ᠲᠦᠭᠦᠷᠢᠭ ᠢ ᠯᠠ ᠯᠢ ᠠᠪᠤᠭᠠᠢ ᠳᠤ ᠪᠤᠴᠠᠭᠠᠨ ᠦᠭᠴᠠᠢ᠃ 2014 ᠤᠨ ᠤ 4 ᠰᠠᠷ᠎ᠠ ᠳᠤ᠂ ᠯᠢᠦ ᠤᠪᠤᠭᠲᠤ ᠪᠤᠯᠤᠨ ᠲᠡᠭᠦᠨ ᠤ ᠡᠷ᠎ᠠ ᠨᠦᠬᠦᠷ ᠴᠢᠶᠠᠨ ᠤᠪᠤᠭᠲᠤ ᠬᠤᠶᠠᠭᠤᠯᠠ ᠤᠷᠤᠭ ᠰᠠᠯᠬᠤ ᠭᠠᠷ ᠭᠦᠢᠴᠡᠳᠭᠡᠯ ᠬᠢᠵᠠᠢ᠃ ᠯᠢᠦ ᠤᠪᠤᠭᠲᠤ ᠵᠤᠭᠤᠰ ᠵᠢᠭᠡᠯᠡᠬᠦ᠂ ᠵᠢᠭᠡᠯᠡᠭᠦᠯᠬᠦ ᠬᠤᠶᠠᠷ ᠡᠲᠡᠭᠡᠳ ᠢ ᠲᠠᠨᠢᠯᠴᠠᠭᠤᠯᠤᠭᠰᠠᠨ ᠵᠠᠭᠤᠴᠢ ᠬᠦᠮᠦᠨ ᠪᠤᠯᠬᠤ ᠠᠴᠠ ᠪᠢᠰᠢ ᠪᠤᠲᠠᠲᠠᠢ ᠵᠤᠭᠤᠰ ᠵᠢᠭᠡᠯᠡᠭᠰᠡᠨ ᠬᠦᠮᠦᠨ ᠨᠢ ᠯᠢᠦ ᠤᠪᠤᠭᠲᠤ ᠶᠢᠨ ᠵᠢᠭᠡ ᠬᠦᠦ ᠫᠸᠡᠭ ᠤᠪᠤᠭᠲᠤ ᠪᠠᠶᠢᠵᠦ᠂ ᠵᠢᠭᠡᠯᠡᠭᠰᠡᠨ ᠵᠤᠭᠤᠰ ᠢ ᠰᠢᠭᠤᠳ ᠫᠸᠡᠭ ᠤᠪᠤᠭᠲᠤ ᠳᠤ ᠭᠠᠷᠳᠠᠭᠤᠯᠤᠨ ᠦᠭᠴᠠᠢ᠃        ᠯᠢ ᠠᠪᠤᠭᠠᠢ ᠵᠢᠭᠡᠯᠡᠭᠦᠯᠦᠭᠰᠡᠨ ᠵᠤᠭᠤᠰ ᠢᠶᠠᠨ ᠬᠡᠳᠦ ᠤᠳᠠᠭ᠎ᠠ ᠪᠤᠴᠠᠭᠠᠨ ᠠᠪᠬᠤ ᠭᠡᠬᠦ ᠳᠤ ᠯᠢᠦ ᠤᠪᠤᠭᠲᠤ ᠲᠡᠪᠴᠢᠵᠠᠢ᠃ 2017 ᠤᠨ ᠤ 4 ᠰᠠᠷ᠎ᠠ ᠶᠢᠨ 26 ᠤ ᠡᠳᠤᠷ᠂ ᠯᠢ ᠠᠪᠤᠭᠠᠢ ᠠᠷᠭ᠎ᠠ ᠪᠤᠰᠤ ᠯᠢᠦ ᠤᠪᠤᠭᠲᠤ ᠪᠠ ᠲᠡᠭᠦᠨ ᠤ ᠡᠷ᠎ᠠ ᠨᠦᠬᠦᠷ ᠴᠢᠶᠠᠨ ᠤᠪᠤᠭᠲᠤ ᠶᠢ ᠰᠢᠭᠦᠬᠦ ᠬᠤᠷᠢᠶᠠᠨ ᠳᠤ ᠵᠠᠭᠠᠯᠳᠤᠵᠦ᠂ ᠬᠠᠮᠲᠤ ᠶᠢᠨ ᠦᠭᠴᠡᠭᠡᠨ ᠤ ᠵᠢᠭᠡᠯᠡᠯᠭᠡ ᠶᠢᠨ ᠡᠬᠡ ᠮᠦᠡᠭᠭᠦ ᠪᠠ ᠬᠦᠦ ᠮᠦᠡᠭᠭᠦ 37 ᠲᠦᠮᠡᠨ ᠲᠦᠭᠦᠷᠢᠭ ᠢ ᠪᠤᠴᠠᠭᠠᠯᠭᠠᠬᠤ ᠪᠠᠷ ᠱᠠᠭᠠᠷᠳᠠᠵᠠᠢ᠃ ᠰᠢᠭᠦᠬᠦ ᠬᠤᠷᠢᠶ᠎ᠠ ᠲᠢᠩᠭᠢᠮ ᠤᠨ ᠰᠢᠭᠦᠯᠲᠡ ᠬᠢᠵᠦ ᠲᠤᠰ ᠬᠡᠷᠡᠭ ᠢ ᠰᠢᠭᠦᠭᠰᠡᠨ ᠳᠤ᠂ ᠵᠠᠭᠠᠯᠳᠤᠭᠳᠠᠭᠴᠢ ᠯᠢᠦ ᠤᠪᠤᠭᠲᠤ ᠪᠠ ᠲᠡᠭᠦᠨ ᠤ ᠡᠷ᠎ᠠ ᠨᠦᠬᠦᠷ ᠴᠢᠶᠠᠨ ᠤᠪᠤᠭᠲᠤ ᠨᠢᠭᠡᠳᠦᠭᠡᠷ ᠰᠢᠭᠦᠯᠲᠡ ᠳᠤ ᠤᠷᠤᠯᠴᠠᠭᠰᠠᠨ ᠦᠭᠡᠢ᠃        ᠰᠢᠭᠦᠯᠲᠡ ᠶᠢᠨ ᠳᠠᠷᠠᠭ᠎ᠠ ︽ᠵᠤᠭᠤᠰ ᠵᠢᠭᠡᠯᠡᠭᠰᠡᠨ ᠪᠠᠷᠢᠮᠲᠠ ᠪᠢᠴᠢᠵᠦ ᠦᠭᠭᠦᠭᠰᠡᠨ ᠪᠤᠯᠪᠠᠴᠤ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠭᠡᠷ᠎ᠠ ᠨᠢ ᠦᠢᠯᠡᠳᠦᠯᠭᠡ ᠶᠢᠨ ᠭᠡᠷ᠎ᠠ ᠳᠤ ᠪᠠᠭᠲᠠᠵᠦ᠂ ᠯᠢ ᠠᠪᠤᠭᠠᠢ ᠠᠴᠠ ᠵᠢᠭᠡᠯᠡᠭᠦᠯᠦᠭᠰᠡᠨ ᠵᠤᠭᠤᠰ ᠢᠶᠠᠨ ᠨᠠᠳᠠ ᠳᠤ ᠭᠠᠷ ᠳᠠᠮᠵᠢᠨ ᠦᠭᠭᠦᠭᠰᠡᠨ ᠦᠭᠡᠢ ᠲᠤᠯᠠ ᠮᠦᠡᠭᠭᠦ ᠶᠢ ᠪᠤᠴᠠᠭᠠᠬᠤ ᠬᠠᠷᠢᠭᠤᠴᠠᠯᠭ᠎ᠠ ᠶᠢ ᠡᠭᠦᠷᠭᠡᠯᠡᠬᠦ ᠦᠭᠡᠢ︾ ᠭᠡᠵᠦ ᠯᠢᠦ ᠤᠪᠤᠭᠲᠤ ᠬᠠᠷᠢᠭᠤ ᠮᠠᠷᠭᠤᠵᠠᠢ᠃ 2014 ᠤᠨ ᠤ 4 ᠰᠠᠷ᠎ᠠ ᠳᠤ᠂ ᠯᠢᠦ ᠤᠪᠤᠭᠲᠤ ᠲᠠᠢ ᠨᠢᠭᠡᠨᠲᠡ ᠤᠷᠤᠭ ᠰᠠᠯᠬᠤ ᠭᠠᠷ ᠭᠦᠢᠴᠡᠳᠭᠡᠯ ᠬᠢᠭᠰᠡᠨ ᠲᠤᠯᠠ ᠵᠢᠭᠡᠯᠡᠯᠭᠡ ᠶᠢᠨ ᠤᠴᠢᠷ ᠢ ᠴᠢᠶᠠᠨ ᠤᠪᠤᠭᠲᠤ ᠨᠢᠭᠡᠴᠦ ᠮᠡᠳᠡᠬᠦ ᠦᠭᠡᠢ ᠪᠦᠭᠡᠳ ᠡᠨᠡᠬᠦ ᠵᠢᠭᠡᠯᠡᠯᠭᠡ ᠶᠢᠨ ᠮᠦᠡᠭᠭᠦ ᠶᠢ ᠯᠢᠦ ᠤᠪᠤᠭᠲᠤ ᠪᠠ ᠴᠢᠶᠠᠨ ᠤᠪᠤᠭᠲᠤ ᠡᠷ᠎ᠠ ᠡᠮ᠎ᠠ ᠬᠤᠶᠠᠭᠤᠯᠠ ᠶᠢᠨ ᠬᠠᠮᠲᠤ ᠶᠢᠨ ᠠᠮᠢᠳᠤᠷᠠᠯ ᠳᠤ ᠴᠤ ᠬᠡᠷᠡᠭᠯᠡᠭᠰᠡᠨ ᠦᠭᠡᠢ ᠲᠤᠯᠠ ᠴᠢᠶᠠᠨ ᠤᠪᠤᠭᠲᠤ ︽ᠪᠢ ᠲᠤᠰ ᠵᠢᠭᠡᠯᠡᠯᠭᠡ ᠶᠢᠨ ᠮᠦᠡᠭᠭᠦ ᠶᠢ ᠪᠤᠴᠠᠭᠠᠬᠤ ᠬᠠᠷᠢᠭᠤᠴᠠᠯᠭ᠎ᠠ ᠦᠭᠡᠢ︾ ᠭᠡᠵᠦ ᠳᠡᠭᠡᠭᠰᠢ ᠵᠠᠭᠠᠯᠳᠤᠵᠠᠢ᠃
       ᠬᠡᠷᠡᠭ ᠤᠨ ᠵᠠᠳᠠᠯᠤᠯᠲᠠ        X ᠬᠤᠲᠠ ᠶᠢᠨ ᠠᠷᠠᠳ ᠤᠨ ᠰᠢᠭᠦᠬᠦ ᠬᠤᠷᠢᠶ᠎ᠠ ᠨᠢᠭᠡᠳᠦᠭᠡᠷ ᠰᠢᠭᠦᠯᠲᠡ ᠳᠤ ︽ᠯᠢᠦ ᠤᠪᠤᠭᠲᠤ ᠯᠢ ᠠᠪᠤᠭᠠᠢ ᠠᠴᠠ ᠨᠡᠶᠢᠲᠡ 22 ᠲᠦᠮᠡᠨ ᠲᠦᠭᠦᠷᠢᠭ ᠵᠢᠭᠡᠯᠡᠭᠰᠡᠨ ᠪᠦᠭᠡᠳ ᠵᠢᠭᠡᠯᠡᠭᠰᠡᠨ ᠪᠠᠷᠢᠮᠳᠠ ᠪᠢᠴᠢᠵᠦ ᠦᠭᠭᠦᠭᠰᠡᠨ ᠨᠢ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠬᠠᠤᠯᠢ ᠴᠠᠭᠠᠵᠠ ᠶᠢᠨ ᠬᠠᠷᠢᠴᠠᠭ᠎ᠠ ᠪᠠᠶᠢᠭᠤᠯᠤᠭᠳᠠᠵᠦ᠂ ᠯᠢᠦ ᠤᠪᠤᠭᠲᠤ ᠠᠴᠠ ᠯᠢ ᠠᠪᠤᠭᠠᠢ ᠳᠤ ᠦᠭᠴᠡᠭᠡ ᠪᠠᠨ ᠦᠭᠬᠦ ᠡᠭᠦᠷᠭᠡ ᠲᠠᠢ᠂ ᠯᠢᠦ ᠤᠪᠤᠭᠲᠤ ᠪᠤᠯᠤᠨ ᠯᠢ ᠠᠪᠤᠭᠠᠢ ᠬᠤᠶᠠᠷ ᠲᠠᠯ᠎ᠠ ᠪᠠᠷ ᠢᠶᠠᠨ ᠬᠡᠳᠦ᠋ᠢᠪᠡᠷ ᠰᠠᠷ᠎ᠠ ᠶᠢᠨ ᠬᠦᠦ ᠮᠦᠡᠭᠭᠦ ᠶᠢᠨ ᠨᠤᠷᠮ᠎ᠠ ᠨᠢ 3% ᠭᠡᠵᠦ ᠪᠤᠯᠵᠤᠨ ᠲᠤᠭᠲᠠᠭᠰᠠᠨ ᠪᠤᠯᠪᠠᠴᠤ ᠤᠳᠤᠬᠠᠨ ᠳᠤ ᠯᠢ ᠠᠪᠤᠭᠠᠢ ᠰᠠᠷ᠎ᠠ ᠶᠢᠨ ᠬᠦᠦ ᠮᠦᠡᠭᠭᠦ ᠶᠢ 2% ᠢᠶᠠᠷ ᠪᠤᠴᠠᠭᠠᠨ ᠠᠪᠬᠤ ᠪᠠᠷ ᠪᠤᠯᠤᠭᠰᠠᠨ ᠨᠢ ᠬᠠᠤᠯᠢ ᠴᠠᠭᠠᠵᠠ ᠶᠢᠨ ᠲᠤᠭᠲᠠᠭᠠᠯ ᠳᠤ ᠨᠡᠶᠢᠴᠡᠵᠦ ᠪᠠᠶᠢᠨ᠎ᠠ᠂ ᠵᠠᠭᠠᠯᠳᠤᠭᠳᠠᠭᠴᠢ ᠴᠢᠶᠠᠨ ᠤᠪᠤᠭᠲᠤ ᠨᠢ ᠯᠢᠦ ᠤᠪᠤᠭᠲᠤ ᠶᠢᠨ ᠡᠷ᠎ᠠ ᠨᠦᠬᠦᠷ ᠨᠢ ᠪᠠᠶᠢᠭᠰᠠᠨ ᠪᠦᠭᠡᠳ ᠲᠤᠰ ᠵᠢᠭᠡᠯᠡᠯᠭᠡ ᠶᠢᠨ ᠦᠭᠴᠡᠭᠡ ᠠᠪᠴᠠᠭ᠎ᠠ ᠶᠢᠨ ᠬᠠᠷᠢᠴᠠᠭ᠎ᠠ ᠤᠷᠤᠰᠢᠬᠤ ᠦᠶᠡᠰ ᠯᠢᠦ ᠤᠪᠤᠭᠲᠤ ᠲᠠᠢ ᠡᠷ᠎ᠠ ᠡᠮ᠎ᠠ ᠶᠢᠨ ᠬᠠᠷᠢᠴᠠᠭ᠎ᠠ ᠲᠠᠢ ᠪᠠᠶᠢᠭᠰᠠᠨ ᠲᠤᠯᠠ ᠬᠠᠮᠲᠤ ᠪᠠᠷ ᠦᠭᠴᠡᠭᠡ ᠪᠠᠨ ᠲᠦᠯᠦᠪᠡᠯ ᠵᠤᠬᠢᠰᠲᠠᠢ ᠭᠡᠵᠦ ᠦᠵᠡᠪᠡ᠃ ᠯᠢᠦ ᠤᠪᠤᠭᠲᠤ ᠪᠤᠯᠤᠨ ᠴᠢᠶᠠᠨ ᠤᠪᠤᠭᠲᠤ ᠬᠠᠮᠲᠤ ᠪᠠᠷ ᠵᠢᠭᠡᠯᠡᠭᠰᠡᠨ ᠡᠬᠡ ᠮᠦᠡᠭᠭᠦ ᠵᠢᠴᠢ ᠬᠦᠦ ᠮᠦᠡᠭᠭᠦ 37 ᠲᠦᠮᠡᠡ ᠲᠦᠭᠦᠷᠢᠭ ᠢ ᠯᠢ ᠠᠪᠤᠭᠠᠢ ᠳᠤ ᠪᠤᠴᠠᠭᠠᠨ ᠦᠭᠬᠦ ᠬᠡᠷᠡᠭᠲᠠᠢ︾ ᠭᠡᠵᠦ ᠰᠢᠭᠦᠨ ᠲᠠᠰᠤᠯᠵᠠᠢ᠃        X ᠬᠤᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠰᠢᠭᠦᠯᠲᠡ ᠪᠠᠷ ᠳᠠᠮᠵᠢᠨ᠂ ᠬᠤᠶᠠᠷ ᠲᠠᠯ᠎ᠠ ᠶᠢᠨ ᠵᠢᠭᠡᠯᠡᠯᠭᠡ ᠶᠢᠨ ᠭᠡᠷ᠎ᠠ ᠨᠢ ᠨᠢᠭᠡᠨᠲᠡ ᠪᠠᠶᠢᠭᠤᠯᠤᠭᠳᠠᠭᠰᠠᠨ ᠪᠦᠭᠡᠳ ᠬᠦᠴᠦᠨ ᠲᠠᠢ ᠪᠤᠯᠵᠤ᠂ ᠲᠤᠰ ᠵᠢᠭᠡᠯᠡᠯᠭᠡ ᠶᠢᠨ ᠮᠦᠡᠭᠭᠦ ᠶᠢ ᠵᠢᠭᠡᠯᠡᠭᠦᠯᠦᠭᠰᠡᠨ ᠤ ᠳᠠᠷᠠᠭ᠎ᠠ ᠪᠤᠲᠠᠲᠠᠢ ᠬᠡᠨ ᠳᠤ ᠬᠡᠷᠡᠭᠯᠡᠭᠦᠯᠦᠭᠰᠡᠨ ᠢ ᠯᠢᠦ ᠤᠪᠤᠭᠲᠤ ᠲᠤᠭᠲᠠᠭᠠᠨ᠎ᠠ᠃ ᠯᠢ ᠠᠪᠤᠭᠠᠢ ᠬᠡᠳᠦ᠋ᠢᠪᠡᠷ ᠲᠤᠰ ᠵᠢᠭᠡᠯᠡᠭᠦᠯᠦᠭᠰᠡᠨ ᠮᠦᠡᠭᠭᠦ ᠶᠢ ᠫᠸᠡᠭ ᠤᠪᠤᠭᠲᠤ ᠪᠤᠲᠠᠲᠠᠢ ᠬᠡᠷᠡᠭᠯᠡᠬᠦ ᠭᠡᠰᠡᠨ ᠢ ᠮᠡᠳᠡᠬᠦ ᠪᠤᠯᠪᠠᠴᠤ ᠫᠸᠡᠭ ᠤᠪᠤᠭᠲᠤ ᠲᠠᠢ ᠵᠢᠭᠡᠯᠡᠯᠭᠡ ᠶᠢᠨ ᠭᠡᠷ᠎ᠠ ᠲᠤᠭᠲᠠᠭᠰᠠᠨ ᠦᠭᠡᠢ᠂ ᠯᠢᠦ ᠤᠪᠤᠭᠲᠤ ᠠᠴᠠ ᠯᠢ ᠠᠪᠤᠭᠠᠢ ᠪᠤᠯᠤᠨ ᠫᠸᠡᠭ ᠤᠪᠤᠭᠲᠤ ᠶᠢᠨ ᠬᠤᠭᠤᠷᠤᠨᠳᠤ ᠵᠢᠭᠡᠯᠡᠯᠭᠡ ᠶᠢᠨ ᠪᠤᠳᠠᠳᠤ ᠶᠠᠪᠤᠳᠠᠯ ᠤᠷᠤᠰᠢᠬᠤ ᠲᠤᠬᠠᠢ ᠭᠡᠷᠡᠴᠢ ᠪᠠᠷᠢᠮᠲᠠ ᠶᠢ ᠲᠤᠰᠢᠶᠠᠵᠦ ᠦᠭᠭᠦᠭᠰᠡᠨ ᠦᠭᠡᠢ᠃ ᠮᠦᠨ ᠴᠤ ᠵᠢᠭᠡᠯᠡᠭᠰᠡᠨ ᠪᠠᠷᠢᠮᠳᠠ ᠪᠠᠨ ᠫᠸᠡᠭ ᠤᠪᠤᠭᠲᠤ ᠳᠤ ᠰᠢᠯᠵᠢᠭᠦᠯᠦᠨ ᠦᠭᠭᠦᠭᠰᠡᠨ ᠦᠭᠡᠢ ᠮᠦᠷᠲᠡᠭᠡᠨ ᠦᠭᠴᠡᠭᠡᠨ ᠤ ᠡᠵᠡᠨ ᠬᠡᠨ ᠪᠤᠯᠬᠤ ᠲᠤᠬᠠᠢ ᠰᠠᠨᠠᠯ ᠨᠡᠶᠢᠯᠡᠵᠦ ᠭᠡᠷᠡᠴᠢ ᠪᠠᠷᠢᠮᠳᠠ ᠪᠠᠷ ᠲᠤᠳᠤᠷᠬᠠᠢᠢᠯᠠᠵᠤ᠂ ᠯᠢ ᠠᠪᠤᠭᠠᠢ ᠪᠠᠷ ᠵᠦᠪᠰᠢᠶᠡᠷᠡᠭᠦᠯᠦᠭᠰᠡᠨ ᠦᠭᠡᠢ ᠲᠤᠯᠠ ᠯᠢᠦ ᠤᠪᠤᠭᠲᠤ ᠬᠠᠤᠯᠢ ᠶᠤᠰᠤᠭᠠᠷ ᠯᠢ ᠠᠪᠤᠭᠠᠢ ᠳᠤ ᠵᠢᠭᠡᠯᠡᠯᠭᠡ ᠶᠢᠨ ᠡᠬᠡ ᠮᠦᠡᠭᠭᠦ ᠵᠢᠴᠢ ᠬᠦᠦ ᠮᠦᠡᠭᠭᠦ ᠶᠢ ᠨᠢ ᠪᠤᠴᠠᠭᠠᠨ ᠦᠭᠬᠦ ᠬᠠᠷᠢᠭᠤᠴᠠᠯᠭ᠎ᠠ ᠶᠢ ᠡᠭᠦᠷᠭᠡᠯᠡᠬᠦ ᠶᠤᠰᠤᠲᠠᠢ᠃ ᠲᠠᠬᠢᠭᠠᠳ ᠬᠡᠯᠡᠪᠡᠯ᠂ ᠯᠢᠦ ᠤᠪᠤᠭᠲᠤ ᠬᠤᠪᠢ ᠪᠠᠷ ᠢᠶᠠᠨ ᠦᠷᠢ ᠰᠢᠷᠢ ᠭᠠᠷᠭᠠᠭᠰᠠᠨ ᠴᠤ ᠡᠷ᠎ᠠ ᠡᠮ᠎ᠠ ᠶᠢᠨ ᠬᠠᠮᠲᠤ ᠶᠢᠨ ᠠᠮᠢᠳᠤᠷᠠᠯ ᠪᠠ ᠦᠢᠯᠡᠳᠪᠦᠷᠢᠯᠡᠯ ᠳᠤ ᠬᠡᠷᠡᠭᠯᠡᠭᠰᠡᠨ ᠦᠭᠡᠢ᠂ ᠮᠦᠨ ᠴᠤ ᠡᠷ᠎ᠠ ᠡᠮ᠎ᠠ ᠶᠢᠨ ᠬᠠᠮᠲᠤ ᠶᠢᠨ ᠰᠠᠨᠠᠭᠠᠨ ᠤ ᠠᠵᠢᠯᠯᠠᠭ᠎ᠠ ᠭᠡᠳᠡᠭ ᠤᠨ ᠳᠤᠬᠠᠢ ᠶᠠᠮᠠᠷ ᠴᠤ ᠭᠡᠷᠡᠴᠢ ᠪᠠᠷᠢᠮᠳᠠ ᠬᠠᠨᠭ᠍ᠭᠠᠵᠤ ᠦᠭᠭᠦᠭᠰᠡᠨ ᠦᠭᠡᠢ᠃ ᠨᠢᠭᠡᠳᠦᠭᠡᠷ ᠰᠢᠭᠦᠯᠲᠡ ᠨᠢ ᠵᠦᠪᠬᠡᠨ ᠴᠢᠶᠠᠨ ᠤᠪᠤᠭᠲᠤ ᠪᠤᠯᠤᠨ ᠯᠢᠦ ᠤᠪᠤᠭᠲᠤ ᠬᠤᠶᠠᠭᠤᠯᠠ ᠶᠢᠨ ᠡᠷ᠎ᠠ ᠡᠮ᠎ᠠ ᠶᠢᠨ ᠬᠠᠷᠢᠴᠠᠭ᠎ᠠ ᠦᠷᠬᠦᠯᠵᠢᠯᠡᠨ ᠤᠷᠤᠰᠢᠬᠤ ᠬᠤᠭᠤᠴᠠᠭᠠᠨ ᠳᠠᠬᠢ ᠦᠭᠴᠡᠭᠡᠨ ᠤ ᠠᠵᠢᠯᠯᠠᠭ᠎ᠠ ᠡᠭᠦᠰᠦᠭᠰᠡᠨ ᠢᠶᠠᠷ ᠦᠨᠳᠦᠰᠦᠯᠡᠯ ᠪᠤᠯᠭᠠᠵᠦ᠂ ᠬᠡᠷᠡᠭ ᠲᠤ ᠬᠤᠯᠪᠤᠭᠳᠠᠭᠰᠠᠨ ᠦᠭᠴᠡᠭᠡᠨ ᠤ ᠠᠵᠢᠯᠯᠠᠭ᠎ᠠ ᠶᠢ ᠴᠢᠶᠠᠨ ᠤᠪᠤᠭᠲᠤ ᠪᠤᠯᠤᠨ ᠯᠢᠦ ᠤᠪᠤᠭᠲᠤ ᠡᠷ᠎ᠠ ᠡᠮ᠎ᠠ ᠶᠢᠨ ᠬᠠᠮᠲᠤ ᠶᠢᠨ ᠦᠭᠴᠡᠭᠡ ᠭᠡᠵᠦ ᠮᠠᠭᠠᠳᠯᠠᠨ ᠲᠤᠭᠲᠠᠭᠠᠭᠰᠠᠨ ᠨᠢ ᠪᠤᠷᠤᠭᠤ᠂ ᠬᠠᠤᠯᠢ ᠶᠤᠰᠤᠭᠠᠷ ᠵᠠᠯᠠᠷᠠᠭᠤᠯᠪᠠᠯ ᠵᠤᠬᠢᠨ᠎ᠠ᠃ ᠡᠭᠦᠨ ᠢ ᠦᠨᠳᠦᠰᠦᠯᠡᠨ᠂ X ᠬᠤᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠯᠢᠦ ᠤᠪᠤᠭᠲᠤ ᠬᠠᠤᠯᠢ ᠶᠤᠰᠤᠭᠠᠷ ᠯᠢ ᠠᠪᠤᠭᠠᠢ ᠳᠤ ᠵᠢᠭᠡᠯᠡᠯᠭᠡ ᠶᠢᠨ ᠡᠬᠡ ᠮᠦᠡᠭᠭᠦ ᠵᠢᠴᠢ ᠬᠦᠦ ᠮᠦᠡᠭᠭᠦ ᠶᠢ ᠨᠢ ᠪᠤᠴᠠᠭᠠᠨ ᠦᠭᠬᠦ ᠬᠠᠷᠢᠭᠤᠴᠠᠯᠭ᠎ᠠ ᠶᠢ ᠡᠭᠦᠷᠭᠡᠯᠡᠬᠦ ᠶᠤᠰᠤᠲᠠᠢ ᠭᠡᠵᠦ ᠡᠴᠦᠰ ᠤᠨ ᠰᠢᠭᠦᠨ ᠳᠠᠰᠤᠯᠤᠯᠲᠡ ᠬᠢᠵᠠᠢ᠃        ᠮᠠᠨ ᠤ ᠤᠯᠤᠰ ᠤᠨ ᠬᠤᠯᠪᠤᠭᠳᠠᠯ ᠪᠦᠬᠦᠢ ᠬᠠᠤᠯᠢ ᠴᠠᠭᠠᠵᠠ ᠶᠢᠨ ᠲᠤᠭᠲᠠᠭᠠᠯ ᠢ ᠦᠨᠳᠦᠰᠦᠯᠡᠪᠡᠯ᠂ ᠵᠢᠯ ᠤᠨ ᠬᠦᠦ ᠮᠦᠡᠭᠭᠦ ᠶᠢᠨ ᠨᠤᠷᠮ᠎ᠠ ᠨᠢ 24% ᠶᠢᠨ ᠲᠤᠲᠤᠷ᠎ᠠ ᠪᠠᠶᠢᠪᠠᠯ ᠬᠠᠤᠯᠢ ᠴᠠᠭᠠᠵᠠ ᠶᠢᠨ ᠬᠠᠮᠠᠭᠠᠯᠠᠯᠳᠠ ᠶᠢ ᠤᠯᠤᠨ᠎ᠠ︔ ᠵᠢᠯ ᠤᠨ ᠬᠦᠦ ᠮᠦᠡᠭᠭᠦ ᠶᠢᠨ ᠨᠤᠷᠮ᠎ᠠ ᠨᠢ 24% — 36% ᠶᠢᠨ ᠲᠤᠲᠤᠷ᠎ᠠ ᠲᠤᠬᠠᠢ ᠶᠢᠨ ᠬᠦᠮᠦᠨ ᠰᠠᠶᠢᠨ ᠳᠤᠷ᠎ᠠ ᠠᠴᠠ ᠪᠠᠨ ᠮᠦᠡᠭᠭᠦ ᠲᠤᠰᠢᠶᠠᠬᠤ ᠪᠦᠭᠡᠳ ᠤᠯᠤᠰ᠂ ᠬᠠᠮᠲᠤ ᠨᠡᠶᠢᠲᠡ ᠪᠠ ᠭᠤᠷᠪᠠᠳᠠᠭᠴᠢ ᠡᠲᠡᠭᠡᠳ ᠤᠨ ᠡᠷᠬᠡ ᠠᠰᠢᠭ ᠢ ᠬᠤᠬᠢᠷᠠᠭᠤᠯᠤᠭᠰᠠᠨ ᠦᠭᠡᠢ ᠪᠠᠶᠢᠳᠠᠯ ᠳᠤᠤᠷ᠎ᠠ ᠬᠠᠤᠯᠢ ᠴᠠᠭᠠᠵᠠ ᠶᠢᠨ ᠲᠠᠯ᠎ᠠ ᠪᠠᠷ ᠵᠦᠪᠰᠢᠶᠡᠷᠡᠨ᠎ᠠ︔ ᠵᠢᠯ ᠤᠨ ᠬᠦᠦ ᠮᠦᠡᠭᠭᠦ ᠶᠢᠨ ᠨᠤᠷᠮ᠎ᠠ ᠨᠢ 36% ᠠᠴᠠ ᠬᠡᠲᠦᠷᠡᠭᠰᠡᠨ ᠪᠠᠶᠢᠪᠠᠯ ᠢᠯᠡᠭᠦᠳᠡᠭᠰᠡᠨ ᠬᠡᠰᠡᠭ ᠨᠢ ᠬᠦᠴᠦᠨ ᠦᠭᠡᠢ᠃ ᠢᠷᠭᠡᠨ ᠤ ᠬᠤᠭᠤᠷᠤᠨᠳᠤᠬᠢ ᠵᠢᠭᠡᠯᠡᠯᠭᠡ ᠳᠤ᠂ ᠵᠢᠭᠡᠯᠡᠭᠦᠯᠦᠭᠰᠡᠨ ᠡᠲᠡᠭᠡᠳ ᠨᠢ ᠪᠠᠷᠢᠴᠠᠭᠠᠨ ᠤ ᠪᠠᠳᠤᠯᠠᠭ᠎ᠠ ᠪᠤᠯᠭᠠᠬᠤ ᠵᠡᠷᠭᠡ ᠠᠷᠭ᠎ᠠ ᠬᠡᠯᠪᠡᠷᠢ ᠪᠠᠷ ᠵᠤᠭᠤᠰ ᠵᠢᠭᠡᠯᠡᠭᠦᠯᠬᠦ ᠲᠦᠭᠰᠢᠭᠦᠷᠢ ᠶᠢ ᠰᠡᠷᠭᠡᠶᠢᠯᠡᠵᠦ ᠪᠤᠯᠬᠤ ᠪᠦᠭᠡᠳ ᠬᠤᠬᠢᠷᠠᠯ ᠢᠶᠠᠨ ᠪᠠᠭᠠᠰᠬᠠᠵᠦ ᠪᠤᠯᠤᠨ᠎ᠠ᠃        ᠰᠠᠨᠠᠭᠤᠯᠤᠮᠵᠢ        ᠦᠨᠳᠦᠷ ᠬᠦᠦ ᠲᠠᠢ ᠵᠢᠭᠡᠯᠡᠯᠭᠡ ᠨᠢ ᠲᠦᠭᠰᠢᠭᠦᠷᠢ ᠲᠠᠢ ᠲᠤᠯᠠ ᠦᠨᠳᠦᠷ ᠬᠦᠦ ᠮᠦᠡᠭᠭᠦ ᠵᠢᠬᠡᠯᠡᠵᠤ ᠠᠰᠢᠭ ᠤᠯᠵᠠ ᠤᠯᠬᠤ ᠦᠳᠦᠭᠡᠯᠭᠡ ᠳᠤ ᠪᠢᠲᠡᠭᠡᠢ ᠬᠡᠢ ᠭᠤᠷᠢᠳᠠᠭᠠᠷᠠᠢ᠃ ᠵᠠᠷᠢᠮ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠬᠦᠦ ᠮᠦᠡᠭᠭᠦ 3 ᠮᠦᠡᠭᠭᠦ ᠪᠤᠶᠤ 4 ᠮᠦᠡᠭᠭᠦ᠂ ᠴᠢᠨᠠᠭᠰᠢᠯᠠᠨ ᠨᠡᠩ ᠦᠨᠳᠦᠷ ᠪᠠᠶᠢᠳᠠᠭ᠃ ᠵᠢᠭᠡᠯᠡᠯᠭᠡ ᠶᠢᠨ ᠮᠦᠡᠭᠭᠦ ᠶᠢᠨ ᠭᠦᠢᠯᠭᠡᠭᠡᠨ ᠤ ᠬᠠᠨᠳᠤᠰᠢ ᠲᠤᠳᠤᠷᠬᠠᠢ ᠦᠭᠡᠢ ᠠᠴᠠ ᠬᠠᠤᠯᠢ ᠪᠤᠰᠤ ᠡᠲᠡᠭᠡᠳ ᠲᠤ ᠠᠰᠢᠬᠯᠠᠭᠳᠠᠠ ᠡᠷᠡᠭᠦᠦ ᠶᠢᠨ ᠬᠠᠤᠯᠢ ᠶᠢ ᠵᠦᠷᠢᠴᠡᠬᠦ ᠳᠤ ᠬᠦᠷᠪᠡᠯ᠂ ᠬᠦᠦ ᠮᠦᠡᠭᠭᠦ ᠪᠠᠨ ᠤᠯᠬᠤ ᠪᠠᠶᠢᠲᠤᠭᠠᠢ ᠡᠬᠡ ᠮᠦᠡᠭᠭᠦ ᠪᠠᠨ ᠴᠤ ᠪᠠᠲᠤᠯᠠᠬᠤ ᠳᠤ ᠬᠦᠴᠢᠷᠳᠡᠵᠦ ᠮᠡᠳᠡᠨ᠎ᠠ᠃ ᠡᠭᠦᠨ ᠤ ᠬᠠᠮᠲᠤ᠂ ᠲᠤᠭᠲᠠᠮᠠᠯ ᠪᠤᠰᠤ ᠬᠦᠴᠦᠨ ᠵᠦᠢᠯ ᠠᠴᠠ ᠪᠤᠯᠵᠦ ᠬᠦᠴᠦᠷᠬᠡᠭᠯᠡᠯ ᠢᠶᠠᠷ ᠦᠷᠢ ᠨᠡᠬᠡᠬᠦ᠂ ᠬᠠᠤᠯᠢ ᠪᠤᠰᠤ ᠪᠠᠷ ᠲᠦᠷ ᠬᠤᠷᠢᠬᠤ ᠵᠡᠷᠭᠡ ᠡᠷᠡᠭᠦᠦ ᠶᠢᠨ ᠬᠡᠷᠡᠭ ᠴᠤ ᠳᠠᠭᠠᠯᠳᠤᠨ ᠭᠠᠷᠴᠤ ᠮᠡᠳᠡᠨ᠎ᠠ᠃ ᠢᠷᠭᠡᠨ ᠤ ᠬᠤᠭᠤᠷᠤᠨᠳᠤᠬᠢ ᠵᠢᠭᠡᠯᠡᠯᠭᠡ ᠳᠤ ᠬᠠᠤᠯᠢ ᠴᠠᠭᠠᠵᠠ ᠶᠢᠨ ᠳᠦᠷᠢᠮ ᠲᠤᠭᠲᠠᠭᠠᠯ ᠢ ᠴᠢᠩᠭ᠎ᠠ ᠵᠢᠷᠤᠮᠯᠠᠵᠦ᠂ ᠬᠤᠬᠢᠷᠠᠯ ᠰᠦᠢᠲᠦᠯ ᠭᠠᠷᠬᠤ ᠠᠴᠠ ᠪᠤᠯᠭᠤᠮᠵᠢᠯᠠᠭᠠᠷᠠᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号