ᠰᠢᠬᠦᠬᠦ ᠬᠤᠷᠢᠶᠡᠨ ᠤ ᠲᠠᠭᠤᠳᠠᠯᠭ᠎ᠠ ᠶᠢᠨ ᠪᠢᠴᠢᠭ ᠢ ᠬᠦᠯᠢᠶᠡᠨ ᠤᠯᠤᠭᠰᠠᠨ ᠤ ᠲᠠᠷᠠᠭ᠎ᠠ ᠶᠠᠭᠠᠬᠢᠪᠠᠯ ᠵᠤᠬᠢᠬᠤ ᠪᠤᠢ︖
ᠨᠡᠶᠢᠲᠡᠯᠡᠭᠰᠡᠨ ᠴᠠᠭ᠄
2018-10-31
       ᠰᠢᠭᠦᠨ ᠲᠠᠰᠤᠯᠤᠯᠳᠠ ᠶᠢᠨ ᠠᠵᠢᠯ ᠤᠨ ᠲᠤᠮᠳᠠ ᠵᠠᠭᠠᠯᠳᠤᠬᠳᠠᠬᠴᠢ ᠠᠴᠠ ᠰᠢᠬᠦᠬᠦ ᠬᠤᠷᠢᠶᠡᠨ ᠤ ᠲᠠᠭᠤᠳᠠᠯᠭ᠎ᠠ ᠶᠢᠨ ᠪᠢᠴᠢᠭ ᠢ ᠬᠦᠯᠢᠶᠡᠨ ᠠᠪᠬᠤ ᠦᠬᠡᠢ᠂ ᠲᠡᠷᠡᠴᠢᠯᠡᠨ ᠦᠵᠡᠬᠦ ᠴᠦ ᠦᠬᠡᠢ ᠪᠠᠷ ᠤᠷᠡᠵᠤ ᠤᠷᠬᠢᠳᠠᠭ ᠦᠵᠡᠭᠳᠡᠯ ᠵᠦᠩᠳᠡᠭᠡᠨ ᠲᠤᠬᠢᠶᠡᠯᠳᠤᠳᠠᠭ᠃ ᠦᠨᠡᠨᠳᠡᠬᠡᠨ ᠵᠠᠭᠠᠯᠳᠤᠬᠳᠠᠬᠴᠢ ᠶᠢᠨ ᠡᠨᠡᠬᠦ ᠤᠪᠤᠷ ᠬᠢᠳᠡᠯ ᠨᠢ ᠰᠢᠭᠦᠯᠳᠡ ᠶᠢᠨ ᠦᠷ᠎ᠡ ᠳ᠋ᠦᠩ ᠢ ᠨᠦᠯᠦᠭᠡᠯᠡᠵᠦ ᠴᠢᠳᠠᠬᠤ ᠦᠭᠡᠢ ᠪᠠᠷ ᠦᠯᠦ ᠪᠠᠷᠠᠨ ᠦᠪᠡᠷ ᠤᠨ ᠡᠷᠬᠡ ᠠᠰᠢᠭ ᠢᠶᠠᠨ ᠬᠠᠮᠠᠭᠠᠯᠠᠬᠤ ᠪᠤᠶᠤ ᠬᠡᠷᠡᠭ ᠤᠨ ᠪᠤᠳᠠᠳᠤ ᠪᠠᠶᠢᠳᠠᠯ ᠢ ᠪᠠᠶᠢᠴᠠᠭᠠᠨ ᠲᠤᠳᠤᠯᠬᠤ ᠳᠤ ᠲᠤᠩ ᠠᠰᠢᠭ ᠦᠬᠡᠢ ᠶᠤᠮ᠃ ᠵᠠᠭᠠᠯᠳᠤᠬᠳᠠᠬᠴᠢ ᠲᠠᠭᠤᠳᠠᠯᠭ᠎ᠠ ᠶᠢᠨ ᠪᠢᠴᠢᠭ ᠢ ᠬᠦᠯᠢᠶᠡᠨ ᠠᠪᠬᠤ ᠦᠬᠡᠢ ᠦᠶ᠎ᠡ ᠳᠤ ᠰᠢᠭᠦᠬᠦ ᠬᠤᠷᠢᠶ᠎ᠠ ᠠᠴᠠ ᠦᠯᠡᠳᠡᠬᠡᠨ ᠬᠦᠷᠬᠡᠬᠦ ᠲᠦᠷᠢᠮ ᠲᠤᠬᠳᠠᠭᠠᠯ ᠢ ᠬᠡᠷᠡᠭᠵᠢᠭᠦᠯᠦᠨ᠂ ᠵᠠᠷᠭᠤ ᠶᠢᠨ ᠵᠢᠷᠦᠮ ᠶᠠᠪᠤᠴᠨ ᠤᠤᠯ ᠶᠤᠰᠤᠭᠠᠷ ᠢᠶᠠᠨ ᠦᠷᠬᠦᠯᠵᠢᠯᠡᠨ ᠶᠠᠪᠤᠭᠳᠠᠵᠦ᠂ ᠵᠠᠭᠠᠯᠳᠤᠬᠳᠠᠬᠴᠢ ᠰᠢᠬᠦᠬᠦ ᠬᠤᠷᠢᠶᠡᠨ ᠤ ᠲᠠᠭᠤᠳᠠᠯᠭ᠎ᠠ ᠶᠢᠨ ᠪᠢᠴᠢᠭ ᠢ ᠬᠦᠯᠢᠶᠡᠨ ᠠᠪᠬᠤ ᠦᠬᠡᠢ᠂ ᠲᠢᠩᠬᠢᠮ ᠳᠤ ᠬᠦᠷᠴᠦ ᠵᠠᠷᠭᠤ ᠳᠤ ᠤᠷᠤᠯᠴᠠᠬᠤ ᠦᠬᠡᠢ ᠪᠤᠯ ᠦᠪᠡᠷ ᠤᠨ ᠬᠠᠷᠢᠭᠤ ᠮᠠᠷᠭᠤᠬᠤ᠂ ᠬᠡᠷᠡᠴᠢ ᠬᠠᠨᠭ᠍ᠭᠠᠬᠤ ᠵᠡᠷᠭᠡ ᠡᠷᠬᠡ ᠪᠠᠨ ᠲᠠᠶᠠᠬᠳᠠᠬᠰᠠᠨ ᠳᠤ ᠲᠤᠭᠠᠴᠠᠭᠳᠠᠵᠦ᠂ ᠰᠢᠭᠦᠬᠦ ᠬᠤᠷᠢᠶᠠᠨ ᠠᠴᠠ ᠰᠠᠭᠠᠳᠠᠯ ᠰᠢᠭᠦᠨ ᠲᠠᠰᠤᠯᠤᠯᠳᠠ ᠶᠢᠨ ᠲᠦᠷᠢᠮ ᠢ ᠦᠨᠳᠦᠰᠦᠯᠡᠨ ᠰᠢᠭᠦᠨ ᠲᠠᠰᠤᠯᠤᠯᠳᠠ ᠬᠢᠨ᠎ᠡ᠃        ᠲᠡᠭᠡᠪᠡᠯ ᠰᠢᠬᠦᠬᠦ ᠬᠤᠷᠢᠶᠡᠨ ᠤ ᠲᠠᠭᠤᠳᠠᠯᠭ᠎ᠠ ᠶᠢᠨ ᠪᠢᠴᠢᠭ ᠢ ᠬᠦᠯᠢᠶᠡᠨ ᠤᠯᠤᠬᠰᠠᠨ ᠤ ᠬᠤᠶᠢᠨ᠎ᠡ ᠶᠠᠮᠠᠷᠰᠢᠤᠬᠠᠨ ᠪᠡᠯᠡᠳᠭᠡᠯ ᠬᠢᠪᠡᠯ ᠵᠤᠬᠢᠬᠤ ᠪᠤᠢ︖        ᠨᠢᠭᠡ᠂ ᠶᠠᠷᠦ ᠶᠢᠨ ᠪᠠᠶᠢᠳᠠᠯ ᠳᠤ ᠰᠢᠬᠦᠬᠦ ᠬᠤᠷᠢᠶᠡᠨ ᠠᠴᠠ ᠵᠠᠭᠠᠯᠳᠤᠯᠭ᠎ᠠ ᠶᠢᠨ ᠪᠢᠴᠢᠭ᠂ ᠲᠢᠩᠬᠢᠮ ᠨᠡᠬᠡᠬᠡᠬᠦ ᠲᠠᠭᠤᠳᠠᠯᠭ᠎ᠠ ᠶᠢᠨ ᠪᠢᠴᠢᠭ᠂ ᠬᠡᠷᠡᠴᠢ ᠬᠠᠨᠭ᠍ᠭᠠᠬᠤ ᠮᠡᠳᠡᠭᠳᠡᠯ ᠵᠡᠷᠭᠡ ᠶᠢ ᠵᠠᠭᠠᠯᠳᠤᠬᠳᠠᠬᠴᠢ ᠳᠤ ᠬᠦᠷᠬᠡᠨ ᠦᠭᠭᠦᠨ᠎ᠡ᠃ ᠡᠳᠡᠬᠡᠷ ᠪᠢᠴᠢᠭ ᠢ ᠬᠤᠷᠢᠶᠡᠨ ᠤᠯᠤᠬᠰᠠᠨ ᠤ ᠲᠠᠷᠠᠭ᠎ᠠ ᠬᠡᠨ ᠵᠠᠭᠠᠯᠳᠤᠬᠰᠠᠨ᠂ ᠶᠠᠮᠠᠷ ᠤᠴᠢᠷ ᠠᠴᠠ ᠵᠠᠭᠠᠯᠳᠤᠬᠰᠠᠨ᠂ ᠵᠠᠷᠭᠤ ᠶᠢᠨ ᠭᠤᠶᠤᠴᠢᠯᠡᠯ ᠨᠢ ᠶᠠᠭᠤ᠂ ᠵᠠᠭᠠᠯᠳᠤᠬᠴᠢ ᠠᠴᠠ ᠶᠠᠮᠠᠷ ᠬᠡᠷᠡᠴᠢ ᠲᠤᠰᠢᠶᠠᠬᠰᠠᠨ ᠵᠡᠷᠭᠡ ᠪᠠᠶᠢᠳᠠᠯ ᠳᠤ ᠨᠠᠷᠢᠯᠢᠭ ᠤᠶᠢᠯᠠᠭᠠᠯᠳᠠ ᠬᠢᠵᠦ ᠪᠠᠶᠢᠭᠠᠷᠠᠢ︕        ᠬᠤᠶᠠᠷ᠂ ᠬᠠᠷᠢᠭᠤ ᠮᠠᠷᠭᠤᠬᠤ ᠰᠠᠨᠠᠯ ᠢᠶᠠᠨ ᠪᠡᠯᠡᠳᠬᠡᠨ᠎ᠠ᠃ ᠵᠠᠭᠠᠯᠳᠤᠬᠳᠠᠬᠴᠢ ᠵᠠᠭᠠᠯᠳᠤᠯᠭ᠎ᠠ ᠶᠢᠨ ᠪᠢᠴᠢᠭ ᠢ ᠬᠦᠯᠢᠶᠡᠨ ᠠᠪᠤᠬᠰᠠᠨ ᠤ ᠲᠠᠷᠠᠭᠠᠬᠢ 15 ᠡᠳᠦᠷ ᠤᠨ ᠲᠤᠳᠤᠷ᠎ᠠ ᠪᠢᠴᠢᠭ ᠤᠨ ᠬᠡᠯᠪᠡᠷᠢ ᠪᠠᠷ ᠬᠠᠷᠢᠭᠤ ᠮᠠᠷᠭᠤᠬᠤ ᠰᠠᠨᠠᠯ ᠢᠶᠠᠨ ᠰᠢᠬᠦᠬᠦ ᠬᠤᠷᠢᠶᠡᠨ ᠳᠤ ᠲᠤᠰᠢᠶᠠᠵᠦ᠂ ᠬᠡᠷᠪᠡ ᠰᠢᠬᠦᠬᠦ ᠬᠤᠷᠢᠶᠡᠨ ᠤ ᠬᠠᠷᠢᠶᠠᠯᠠᠯ ᠳᠤ ᠰᠠᠨᠠᠯ ᠲᠠᠢ ᠪᠤᠯ ᠡᠨᠡᠬᠦ ᠬᠤᠭᠤᠴᠠᠭᠠᠨ ᠳᠤ ᠰᠠᠨᠠᠯ ᠤᠨ ᠪᠢᠴᠢᠭ ᠢᠶᠠᠨ ᠲᠤᠰᠢᠶᠠᠵᠦ ᠪᠠᠶᠢᠭᠠᠷᠠᠢ︕        ᠭᠤᠷᠪᠠ᠂ ᠰᠢᠬᠦᠬᠦ ᠬᠤᠷᠢᠶᠡᠨ ᠳᠤ ᠬᠦᠷᠴᠦ ᠵᠠᠭᠠᠯᠳᠤᠬᠴᠢ ᠶᠢᠨ ᠲᠡᠪᠰᠢᠭᠦᠯᠦᠭᠰᠡᠨ ᠬᠡᠷᠡᠴᠢ ᠶᠢ ᠦᠵᠡᠵᠦ᠂ ᠵᠠᠷᠭᠤ ᠶᠢᠨ ᠭᠤᠶᠤᠴᠢᠯᠠᠯ ᠵᠢᠴᠢ ᠬᠡᠷᠡᠴᠢ ᠳᠤ ᠬᠠᠨᠳᠤᠭᠤᠯᠵᠤ ᠦᠪᠡᠷ ᠤᠨ ᠬᠡᠷᠡᠴᠢ ᠪᠠᠷᠢᠮᠳᠠ ᠪᠠᠨ ᠲᠤᠰᠢᠶᠠᠵᠦ᠂ ᠬᠡᠷᠪᠡ ᠬᠡᠷᠡᠴᠢᠯᠡᠬᠦ ᠬᠦᠮᠦᠨ ᠪᠠᠶᠢᠪᠠᠯ ᠰᠢᠭᠦᠬᠦ ᠬᠤᠷᠢᠶᠠᠨ ᠳᠤ ᠢᠷᠡᠵᠤ ᠬᠡᠷᠡᠴᠢᠯᠡᠬᠦ ᠭᠤᠶᠤᠴᠢᠯᠡᠯ ᠤᠨ ᠪᠢᠴᠢᠭ ᠢᠶᠠᠨ ᠲᠤᠰᠢᠶᠠᠭᠠᠷᠠᠢ︕        ᠲᠦᠷᠪᠡ᠂ ᠵᠠᠭᠠᠯᠳᠤᠬᠳᠠᠬᠴᠢ ᠡᠯ᠎ᠠ ᠵᠦᠢᠯ ᠤᠨ ᠰᠢᠯᠳᠠᠭᠠᠨ ᠠᠴᠠ ᠪᠤᠯᠵᠤ ᠦᠪᠡᠷ ᠢᠶᠠᠨ ᠲᠢᠩᠬᠢᠮ ᠳᠤ ᠬᠦᠷᠴᠦ ᠰᠢᠬᠦᠯᠳᠠ ᠳᠤ ᠤᠷᠤᠯᠴᠠᠵᠦ ᠴᠢᠳᠠᠬᠤ ᠦᠬᠡᠢ ᠪᠤᠯ ᠬᠠᠤᠯᠢᠴᠢ ᠪᠤᠶᠤ ᠲᠦᠷᠦᠯ ᠰᠠᠳᠤᠨ ᠢᠶᠠᠨ ᠨᠠᠶᠢᠳᠠᠬᠰᠠᠨ ᠲᠦᠯᠦᠬᠡᠨ ᠤ ᠬᠦᠮᠦᠨ ᠤ ᠬᠤᠪᠢ ᠪᠠᠷ ᠵᠠᠷᠭᠤ ᠳᠤ ᠤᠷᠤᠯᠴᠠᠭᠤᠯᠵᠤ ᠪᠤᠯᠤᠨ᠎ᠡ᠃ ᠵᠠᠭᠠᠯᠳᠤᠬᠳᠠᠬᠴᠢ ᠪᠤᠶᠤ ᠨᠠᠶᠢᠳᠠᠬᠰᠠᠨ ᠲᠦᠯᠦᠬᠡᠨ ᠤ ᠬᠦᠮᠦᠨ ᠨᠢ ᠲᠢᠩᠬᠢᠮ ᠠᠴᠠ ᠡᠮᠤᠨ᠎ᠠ ᠤᠷᠤᠯᠠᠬᠤ ᠭᠠᠷ ᠬᠦᠢᠴᠡᠳᠬᠡᠯ ᠢᠶᠠᠨ ᠰᠢᠬᠦᠬᠦ ᠬᠤᠷᠢᠶᠡᠨ ᠳᠤ ᠲᠤᠰᠢᠶᠠᠭᠠᠷᠠᠢ︕
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号