ᠴᠠᠭ ᠠᠭᠤᠷ ᠤᠨ ᠭᠠᠮᠰᠢᠭ ︵ᠳᠦᠷᠪᠡ︶
ᠨᠡᠶᠢᠲᠡᠯᠡᠭᠰᠡᠨ ᠴᠠᠭ᠄
2017-07-18
       ᠶᠡᠭᠡ ᠮᠠᠨᠠᠨ        ᠮᠠᠨᠠᠨ ᠬᠡᠳᠡᠭ ᠨᠢ ᠠᠭᠠᠷ ᠲᠤ ᠬᠤᠷᠠᠮᠳᠤᠭᠰᠠᠨ ᠵᠢᠵᠭ ᠤᠰᠤᠨ ᠮᠦᠬᠦᠯᠢᠭ ᠪᠤᠶᠤ ᠮᠦᠰᠦᠨ ᠳᠠᠯᠠᠰᠳᠤ ᠠᠴᠠ ᠪᠤᠯᠵᠤ ᠤᠷᠤᠭᠰᠢ ᠪᠠᠷᠠᠯᠠᠬᠤ ᠬᠡᠮᠵᠢᠶ᠎ᠡ ᠶᠢ ᠨᠦᠯᠦᠬᠡᠯᠡᠬᠦ ᠴᠠᠭ ᠠᠭᠤᠷ ᠤᠨ ᠦᠵᠡᠭᠳᠡᠯ ᠢ ᠬᠡᠯᠡᠳᠡᠭ᠃ ᠤᠷᠤᠭᠰᠢ ᠪᠠᠷᠠᠯᠠᠬᠤ ᠬᠡᠮᠵᠢᠶ᠎ᠡ 500 ᠮᠧᠲᠷ ᠬᠦᠷᠬᠦ ᠦᠬᠡᠢ ᠶᠢ ᠨᠢ ᠶᠡᠭᠡ ᠮᠠᠨᠠᠨ ᠪᠤᠶᠤ ᠦᠳᠬᠡᠨ ᠮᠠᠨᠠᠨ ᠲᠠᠢ ᠴᠠᠭ ᠠᠭᠤᠷ ᠬᠡᠳᠡᠭ᠃ ᠶᠡᠭᠡ ᠮᠠᠨᠠᠨ ᠨᠢ ᠠᠭᠠᠷ ᠤᠨ ᠴᠡᠪᠡᠷᠴᠡ ᠪᠠᠷᠤᠭᠳᠠᠢ᠂ ᠪᠠᠷᠠᠯᠠᠬᠤ ᠬᠡᠮᠵᠢᠶ᠎ᠡ ᠤᠶᠢᠷ᠎ᠠ᠂ ᠵᠠᠮ ᠬᠠᠷᠢᠯᠴᠠᠭ᠎ᠠ ᠶᠢ ᠰᠦᠷᠡᠬᠡᠢ ᠨᠦᠯᠦᠬᠡᠯᠡᠳᠡᠭ᠃        ᠠᠷᠭᠠᠴᠠᠭᠠᠬᠤ ᠭᠤᠤᠯᠳᠠᠯᠭ᠎ᠠ        ● ᠶᠡᠭᠡ ᠮᠠᠨᠠᠨ ᠳᠤ ᠪᠡᠶ᠎ᠡ ᠪᠠᠨ ᠪᠤᠯᠪᠠᠰᠤᠷᠠᠭᠤᠯᠬᠤ ᠦᠬᠡᠢ᠂ ᠵᠠᠮ ᠤᠨ ᠬᠠᠵᠠᠭᠤ ᠪᠠᠷ ᠬᠦᠶᠦᠵᠦ ᠪᠤᠯᠬᠤ ᠦᠬᠡᠢ᠃        ● ᠴᠢᠳᠠᠬᠤ ᠶᠢᠨ ᠬᠢᠷᠢ ᠪᠠᠷ ᠭᠠᠳᠠᠭᠰᠢ ᠭᠠᠷᠬᠤ ᠦᠬᠡᠢ᠂ ᠭᠠᠳᠠᠭᠰᠢ ᠭᠠᠷᠪᠠᠯ ᠠᠮᠠᠨ ᠪᠦᠳᠡᠬᠡᠯᠬᠡ ᠵᠡᠬᠦᠬᠦ ᠬᠡᠷᠡᠭᠳᠠᠢ᠃        ● ᠮᠠᠰᠢᠨ ᠳᠡᠷᠬᠡ ᠵᠢᠯᠤᠭᠤᠳᠬᠤ ᠳᠤ ᠮᠠᠨᠠᠨ ᠳ᠋ᠧᠩ ᠢᠶᠠᠨ ᠨᠤᠴᠤᠭᠠᠵᠤ᠂ ᠠᠯᠭᠤᠷ ᠤᠷᠤᠭᠰᠢᠯᠠᠵᠤ᠂ ᠵᠠᠮ ᠤᠨ ᠳᠤᠮᠳᠠ ᠬᠡᠰᠡᠭ ᠢᠶᠠᠷ ᠶᠠᠪᠤᠵᠤ᠂ ᠬᠦᠪᠡᠭᠡ ᠳᠠᠭᠠᠥ ᠶᠠᠪᠤᠵᠤ ᠪᠤᠯᠬᠤ ᠦᠬᠡᠢ᠃ ᠳᠡᠷᠬᠡ ᠪᠠᠨ ᠶᠠᠪᠤᠭᠤᠯᠬᠤ ᠶᠢᠨ ᠳᠠᠭᠠᠥ ᠵᠦᠯᠬᠦᠵᠦ ᠠᠷᠴᠢᠵᠤ ᠪᠤᠯᠬᠤ ᠦᠬᠡᠢ᠃ ᠳᠡᠷᠬᠡ ᠵᠤᠭᠰᠤᠭᠰᠠᠨ ᠤ ᠳᠠᠷᠠᠭ᠎ᠠ ᠠᠶᠠᠨᠴᠢᠳ ᠢ ᠬᠤᠯᠠ ᠵᠠᠶᠢᠯᠠᠭᠤᠯᠵᠤ᠂ ᠵᠠᠮ ᠤᠨ ᠰᠠᠭᠤᠷᠢ ᠠᠴᠠ ᠴᠠᠭᠠᠨ᠎ᠠ ᠵᠤᠭᠰᠤᠬᠤ ᠬᠡᠷᠡᠭᠳᠠᠢ᠃        ᠶᠡᠭᠡ ᠰᠠᠯᠬᠢᠨ        ᠶᠡᠭᠡ ᠰᠠᠯᠬᠢᠨ ᠬᠡᠳᠡᠭ ᠨᠢ ᠳᠤᠮᠳᠠᠴᠢ ᠰᠠᠯᠬᠢᠨ ᠤ ᠬᠦᠴᠦ 6 ᠳᠡᠰ ᠠᠴᠠ ᠳᠡᠬᠡᠭᠰᠢ ︵ᠳᠤᠮᠳᠠᠴᠢ ᠰᠠᠯᠬᠢᠨ ᠤ ᠬᠤᠷᠳᠤᠴᠠ 10.8 — 13.8 ᠮᠧᠲᠷ / ᠰᠧᠺᠦ᠋ᠨ᠋ᠲ︶᠂ ᠰᠠᠯᠬᠢᠨ ᠤ ᠦᠩᠬᠡᠷᠡᠬᠦ ᠬᠤᠷᠳᠤᠴᠠ 7 ᠳᠡᠰ ᠠᠴᠠ ᠳᠡᠬᠡᠭᠰᠢ ︵ᠳᠤᠮᠳᠠᠴᠢ ᠰᠠᠯᠬᠢᠨ ᠤ ᠬᠤᠷᠳᠤᠴᠠ 13.9 — 17.1 ᠮᠧᠲᠷ / ᠰᠧᠺᠦ᠋ᠨ᠋ᠲ︶ ᠰᠠᠯᠬᠢᠨ ᠢ ᠵᠢᠭᠠᠵᠤ ᠪᠤᠢ᠃        ᠠᠷᠭᠠᠴᠠᠭᠠᠬᠤ ᠭᠤᠤᠯᠳᠠᠯᠭ᠎ᠠ        ● ᠴᠤᠩᠬᠤ ᠡᠬᠦᠳᠡ ᠪᠠᠨ ᠰᠠᠶᠢᠨ ᠬᠠᠭᠠᠵᠤ᠂ ᠬᠦᠷᠢᠶ᠎ᠡ ᠬᠠᠰᠢᠶ᠎ᠠ ᠵᠡᠷᠬᠡ ᠪᠠᠷᠢᠯᠭ᠎ᠠ ᠶᠢᠨ ᠳᠦᠬᠦᠬᠡᠷᠦᠮᠵᠢ ᠪᠠᠨ ᠰᠠᠶᠢᠳᠤᠷ ᠪᠠᠬᠢᠯᠡᠵᠦ᠂ ᠬᠡᠷ ᠤᠨ ᠭᠠᠳᠠᠨᠠᠬᠢ ᠬᠡᠶᠢᠰᠴᠦ ᠶᠠᠪᠤᠬᠤ ᠡᠳ᠋ ᠪᠤᠳᠠᠰ ᠢᠶᠠᠨ ᠰᠠᠶᠢᠳᠤᠷ ᠬᠤᠷᠢᠶᠠᠬᠤ ᠬᠡᠷᠡᠭᠳᠠᠢ᠃        ● ᠳᠦᠬᠦᠮ ᠳᠦᠳᠡ ᠬᠡᠷ ᠰᠠᠷᠠᠪᠴᠢ ᠳᠤ ᠰᠠᠭᠤᠭ᠎ᠠ ᠬᠦᠮᠦᠰ ᠪᠠᠬᠢᠯᠢᠭ᠌ ᠰᠠᠭᠤᠴᠠ ᠳᠤ ᠰᠢᠯᠵᠢᠨ ᠰᠠᠯᠬᠢᠨ ᠠᠴᠠ ᠬᠠᠯᠬᠠᠯᠠᠬᠤ ᠬᠡᠷᠡᠭᠳᠠᠢ᠃        ● ᠴᠢᠳᠠᠬᠤ ᠶᠢᠨ ᠬᠢᠷᠢ ᠪᠠᠷ ᠭᠠᠳᠠᠭᠰᠢ ᠭᠠᠷᠬᠤ ᠦᠬᠡᠢ᠂ ᠳᠤᠭᠤᠢ ᠤᠨᠤᠬᠤ ᠦᠬᠡᠢ᠂ ᠳᠡᠷᠬᠡ ᠪᠠᠨ ᠠᠯᠭᠤᠷ ᠵᠢᠯᠤᠭᠤᠳᠤᠨ᠎ᠠ᠃        ● ᠦᠨᠳᠦᠷ ᠲᠤ ᠠᠵᠢᠯ ᠬᠢᠬᠦ ᠵᠡᠷᠬᠡ ᠪᠠᠨ ᠵᠤᠭᠰᠤᠵᠤ᠂ ᠪᠠᠷᠢᠯᠭ᠎ᠠ ᠶᠢᠨ ᠭᠠᠵᠠᠷ ᠠᠴᠠ ᠵᠠᠶᠢᠳᠠᠭᠤ ᠠᠮᠤᠷ ᠳᠦᠪᠰᠢᠨ ᠭᠠᠵᠠᠷ ᠰᠢᠯᠵᠢᠬᠦ ᠬᠡᠷᠡᠭᠳᠠᠢ᠃
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号