ᠭᠠᠵᠠᠷ ᠬᠦᠳᠡᠯᠦᠯᠳᠡ ᠶᠢᠨ ᠭᠠᠮᠰᠢᠭ ︵ᠨᠢᠭᠡ︶
ᠨᠡᠶᠢᠲᠡᠯᠡᠭᠰᠡᠨ ᠴᠠᠭ᠄
2017-07-19
       ᠭᠠᠵᠠᠷ ᠬᠦᠳᠡᠯᠦᠯᠳᠡ ᠪᠤᠯ ᠳᠡᠯᠡᠬᠡᠢ ᠶᠢᠨ ᠪᠦᠮᠪᠦᠷᠴᠡᠭ ᠤᠨ ᠳᠤᠳᠤᠭᠠᠳᠤ ᠬᠦᠳᠡᠯᠬᠡᠬᠡᠨ ᠠᠴᠠ ᠡᠬᠦᠰᠦᠭᠰᠡᠨ ᠭᠠᠵᠠᠷ ᠤᠨ ᠭᠠᠳᠠᠷᠭᠤ ᠶᠢᠨ ᠬᠦᠳᠡᠯᠦᠯᠳᠡ ᠶᠢᠨ ᠪᠠᠶᠢᠭᠠᠯᠢ ᠶᠢᠨ ᠦᠵᠡᠭᠳᠡᠯ ᠶᠤᠮ᠃        ᠭᠠᠵᠠᠷ ᠬᠦᠳᠡᠯᠦᠯᠳᠡ ᠶᠢᠨ ᠰᠤᠷᠪᠤᠯᠵᠢ᠄        ᠳᠡᠯᠡᠬᠡᠢ ᠶᠢᠨ ᠪᠦᠮᠪᠦᠷᠴᠡᠭ ᠤᠨ ᠳᠤᠳᠤᠭᠠᠳᠤ ᠳᠠᠬᠢ ᠴᠢᠯᠠᠭᠤᠯᠢᠭ ᠳᠠᠪᠬᠤᠷᠭ᠎ᠠ ᠶᠢᠨ ᠠᠩ ᠴᠠᠪ ᠭᠠᠷᠬᠤ ᠠᠴᠠ ᠡᠬᠦᠰᠦᠭᠰᠡᠨ ᠬᠦᠳᠡᠯᠦᠯᠳᠡ ᠶᠢᠨ ᠤᠷᠤᠨ ᠢ ᠬᠡᠯᠡᠳᠡᠭ᠃ ᠭᠠᠵᠠᠷ ᠬᠦᠳᠡᠯᠦᠯᠳᠡ ᠶᠢ ᠬᠦᠶᠦᠬᠡᠨ ᠰᠤᠷᠪᠤᠯᠵᠢ ᠶᠢᠨ ᠬᠦᠳᠡᠯᠦᠯᠳᠡ᠂ ᠳᠤᠮᠳᠠ ᠰᠤᠷᠪᠤᠯᠵᠢ ᠶᠢᠨ ᠬᠦᠳᠡᠯᠦᠯᠳᠡ ᠪᠤᠯᠤᠨ ᠬᠦᠨ ᠰᠤᠷᠪᠤᠯᠵᠢ ᠶᠢᠨ ᠬᠦᠳᠡᠯᠦᠯᠳᠡ ᠬᠡᠵᠦ ᠬᠤᠪᠢᠶᠠᠳᠠᠭ᠃ ᠬᠦᠳᠡᠯᠦᠯᠳᠡ ᠶᠢᠨ ᠰᠤᠷᠪᠤᠯᠵᠢ ᠶᠢᠨ ᠬᠦᠨ ᠤ ᠬᠡᠮᠵᠢᠶ᠎ᠡ ᠨᠢ 60 ᠺᠢᠯᠦᠮᠧᠲᠷ ᠤᠨ ᠳᠤᠳᠤᠷᠠᠬᠢ ᠶᠢ ᠬᠦᠶᠦᠬᠡᠨ ᠰᠤᠷᠪᠤᠯᠵᠢ ᠶᠢᠨ ᠭᠠᠵᠠᠷ ᠬᠦᠳᠡᠯᠦᠯᠳᠡ ᠬᠡᠳᠡᠭ᠃        ᠭᠠᠵᠠᠷ ᠬᠦᠳᠡᠯᠦᠯᠳᠡ ᠶᠢᠨ ᠳᠡᠰ᠄        ᠭᠠᠵᠠᠷ ᠬᠦᠳᠡᠯᠦᠯᠳᠡ ᠶᠢᠨ ᠭᠠᠳᠠᠭᠰᠢ ᠭᠠᠷᠭᠠᠭᠰᠠᠨ ᠡᠨᠧᠷᠬᠢ ᠶᠢᠨ ᠶᠡᠭᠡ ᠪᠠᠭ᠎ᠠ ᠪᠠᠷ ᠨᠢ ᠳᠡᠰ ᠢ ᠳᠤᠭᠳᠠᠭᠠᠳᠠᠭ᠃ ᠤᠳᠤᠬᠠᠨ ᠳᠤ ᠮᠠᠨ ᠤ ᠤᠯᠤᠰ ᠨᠢ ᠭᠠᠵᠠᠷ ᠬᠦᠳᠡᠯᠦᠯᠳᠡ ᠶᠢ 9 ᠳᠡᠰ ᠢᠶᠠᠷ ᠬᠤᠪᠢᠶᠠᠳᠠᠭ᠃ ᠨᠢᠬᠡ ᠤᠳᠠᠭ᠎ᠠ ᠶᠢᠨ ᠭᠠᠵᠠᠷ ᠬᠦᠳᠡᠯᠦᠯᠳᠡ ᠨᠢ ᠵᠦᠪᠬᠡᠨ ᠨᠢᠬᠡ ᠯᠠ ᠳᠡᠰ ᠪᠤᠢ᠃ ᠭᠠᠵᠠᠷ ᠬᠦᠳᠡᠯᠦᠯᠳᠡ ᠨᠢ ᠬᠠᠷᠢᠯᠴᠠᠨ ᠨᠢᠬᠡ ᠳᠡᠰ ᠤᠨ ᠵᠦᠷᠢᠶ᠎ᠡ ᠲᠠᠢ᠂ ᠡᠨᠧᠷᠬᠢ ᠨᠢ ᠬᠠᠷᠢᠯᠴᠠᠨ 32 ᠳᠠᠬᠢᠨ ᠤ ᠵᠦᠷᠢᠶ᠎ᠡ ᠲᠠᠢ ᠪᠠᠶᠢᠳᠠᠭ᠃ 5 ᠳᠡᠰ ᠠᠴᠠ ᠳᠡᠬᠡᠭᠰᠢᠬᠢ ᠭᠠᠵᠠᠷ ᠬᠦᠳᠡᠯᠦᠯᠳᠡ ᠶᠢ ᠬᠦᠨᠦᠬᠡᠯ ᠤᠨ ᠴᠢᠨᠠᠷᠳᠠᠢ ᠭᠠᠵᠠᠷ ᠬᠦᠳᠡᠯᠦᠯᠳᠡ ᠬᠡᠳᠡᠭ᠃        ᠠᠩ ᠴᠠᠪ ᠭᠠᠷᠬᠤ᠄        ᠭᠠᠵᠠᠷ ᠤᠨ ᠭᠠᠳᠠᠷᠭᠤ ᠶᠢᠨ ᠬᠡᠷ ᠪᠠᠷᠢᠯᠭ᠎ᠠ ᠵᠡᠷᠬᠡ ᠳᠦᠬᠦᠬᠡᠷᠦᠮᠵᠢ ᠶᠢᠨ ᠭᠠᠵᠠᠷ ᠬᠦᠳᠡᠯᠦᠯᠳᠡ ᠳᠤ ᠬᠦᠨᠦᠬᠡᠯ ᠤᠴᠠᠷᠠᠭᠰᠠᠨ ᠢ ᠵᠢᠭᠠᠵᠤ ᠪᠤᠢ᠃ ᠶᠡᠷᠦ ᠨᠢ 12 ᠭᠷᠠᠳᠦ᠋ᠰ ᠠᠴᠠ ᠳᠡᠬᠡᠭᠰᠢᠬᠢ ᠠᠩ ᠴᠠᠪ ᠭᠠᠷᠤᠭᠰᠠᠨ ᠢ ᠨᠢ ᠬᠦᠨᠦᠬᠡᠯᠳᠦ ᠴᠢᠨᠠᠷᠳᠠᠢ ᠭᠠᠵᠠᠷ ᠬᠦᠳᠡᠯᠦᠯᠳᠡ ᠬᠡᠳᠡᠭ᠃ ᠨᠢᠬᠡ ᠤᠳᠠᠭ᠎ᠠ ᠶᠢᠨ ᠭᠠᠵᠠᠷ ᠬᠦᠳᠡᠯᠦᠯᠳᠡ ᠳᠤ ᠠᠳᠠᠯᠢ ᠪᠤᠰᠤ ᠭᠠᠵᠠᠷ ᠤᠷᠤᠨ ᠳᠤ ᠠᠳᠠᠯᠢ ᠪᠤᠰᠤ ᠶᠢᠨ ᠠᠩ ᠴᠠᠪ ᠭᠠᠷᠳᠠᠭ᠃ ᠬᠦᠳᠡᠯᠦᠯᠳᠡ ᠶᠢᠨ ᠰᠤᠷᠪᠤᠯᠵᠢ ᠠᠴᠠ ᠬᠡᠳᠦᠢ ᠤᠶᠢᠷᠠᠬᠠᠨ ᠪᠤᠯ ᠠᠩ ᠴᠠᠪ ᠨᠢ ᠳᠡᠳᠦᠢ ᠶᠡᠭᠡ᠂ ᠬᠦᠨᠦᠬᠡᠯ ᠨᠢ ᠴᠦ ᠶᠡᠭᠡ ᠪᠠᠶᠢᠳᠠᠭ᠃        ᠭᠠᠵᠠᠷ ᠬᠦᠳᠡᠯᠦᠯᠳᠡ ᠶᠢᠨ ᠳᠠᠪᠳᠠᠮᠵᠢ᠄        ᠭᠠᠵᠠᠷ ᠬᠦᠳᠡᠯᠦᠯᠳᠡ ᠶᠢᠨ ᠰᠤᠷᠪᠤᠯᠵᠢ ᠠᠴᠠ ᠳᠦᠷᠪᠡᠨ ᠵᠦᠭ ᠲᠤ ᠰᠠᠴᠤᠷᠠᠭᠰᠠᠨ ᠬᠠᠷᠢᠮᠠᠬᠠᠢ ᠴᠢᠨᠠᠷᠳᠠᠢ ᠳᠠᠪᠳᠠᠮᠵᠢ ᠶᠢ ᠵᠢᠭᠠᠵᠤ᠂ ᠭᠤᠯᠳᠤ ᠳᠠᠪᠳᠠᠮᠵᠢ ᠪᠤᠶᠤ ᠬᠦᠨᠳᠡᠯᠡᠨ ᠳᠠᠪᠳᠠᠮᠵᠢ ᠬᠡᠵᠦ ᠬᠤᠪᠢᠶᠠᠳᠠᠭ᠃        ᠭᠠᠵᠠᠷ ᠬᠦᠳᠡᠯᠦᠯᠳᠡ ᠶᠢᠨ ᠭᠠᠮᠰᠢᠭ ᠤᠨ ᠤᠨᠴᠠᠯᠢᠭ᠄        ᠬᠠᠮᠤᠷᠤᠭᠳᠠᠬᠤ ᠬᠡᠪᠴᠢᠶ᠎ᠡ ᠦᠷᠬᠡᠨ᠂ ᠬᠦᠨᠦᠬᠡᠯ ᠰᠦᠷᠡᠬᠡᠢ᠂ ᠳᠠᠬᠢᠨ ᠳᠠᠪᠳᠠᠨ ᠬᠦᠳᠡᠯᠬᠦ ᠭᠠᠮᠰᠢᠭ ᠤᠯᠠᠨ᠂ ᠠᠳᠡᠭᠰᠡᠳ ᠤᠯᠠᠨ᠂ ᠳᠤᠬᠠᠢ ᠶᠢᠨ ᠳᠠᠯᠠᠪᠤᠷ ᠤᠨ ᠠᠶᠤᠯ ᠳᠦᠭᠰᠢᠬᠦᠷᠢ ᠶᠡᠭᠡ ᠪᠠᠶᠢᠳᠠᠭ᠃
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号