ᠤᠯᠠᠨ ᠨᠡᠶᠢᠳᠡ ᠶᠢᠨ ᠡᠷᠡᠬᠦᠯ ᠬᠠᠮᠠᠭᠠᠯᠠᠯ ᠤᠨ ᠠᠳᠡᠯ ︵ᠬᠤᠶᠠᠷ︶
ᠨᠡᠶᠢᠲᠡᠯᠡᠭᠰᠡᠨ ᠴᠠᠭ᠄
2017-07-11
       ᠨᠡᠶᠢᠳᠡᠯᠢᠭ ᠪᠤᠰᠤ ᠠᠭᠤᠰᠬᠢᠨ ᠦᠷᠪᠢᠰᠦᠯ        ᠨᠡᠶᠢᠳᠡᠯᠢᠭ ᠪᠤᠰᠤ ᠠᠭᠤᠰᠬᠢᠨ ᠦᠷᠪᠢᠰᠦᠯ ᠪᠤᠯ ᠨᠢᠬᠡ ᠵᠦᠢᠯ ᠤᠨ ᠰᠦᠷᠡᠬᠡᠢ ᠳᠦᠷᠬᠡᠨ ᠴᠢᠨᠠᠷᠳᠠᠢ ᠠᠮᠢᠰᠬᠤᠯ ᠤᠨ ᠵᠠᠮ ᠤᠨ ᠬᠠᠯᠳᠠᠪᠤᠷᠢᠳᠤ ᠡᠪᠡᠳᠴᠢᠨ ᠪᠤᠯᠤᠨ᠎ᠠ᠃ ᠠᠩᠬ᠎ᠠ ᠡᠬᠢᠯᠡᠬᠦ ᠦᠶ᠎ᠡ ᠶᠢᠨ ᠢᠯᠡᠷᠡᠯ ᠨᠢ ᠬᠠᠯᠳᠠᠪᠤᠷᠢᠳᠤ ᠳᠠᠭᠰᠢᠭᠤᠷ ᠬᠢᠬᠡᠳ ᠠᠭᠤᠰᠬᠢᠨ ᠦᠷᠪᠢᠰᠦᠯ ᠲᠠᠢ ᠢᠯᠭᠠᠭ᠎ᠠ ᠦᠬᠡᠢ ᠪᠠᠶᠢᠳᠠᠭ᠃        ᠰᠡᠷᠬᠡᠶᠢᠯᠡᠬᠦ ᠭᠤᠤᠯᠳᠠᠯᠭ᠎ᠠ        ● ᠤᠬᠢ ᠰᠠᠶᠢᠨ ᠡᠷᠡᠬᠦᠯ ᠬᠠᠮᠠᠭᠠᠯᠠᠯ ᠤᠨ ᠳᠠᠳᠬᠠᠯ ᠢ ᠪᠤᠢ ᠪᠤᠯᠭᠠᠵᠤ᠂ ᠭᠠᠷ ᠢᠶᠠᠨ ᠰᠠᠶᠢᠳᠤᠷ ᠤᠬᠢᠶᠠᠵᠤ ᠂ ᠬᠠᠮᠢᠶ᠎ᠠ ᠨᠠᠮᠢᠶ᠎ᠠ ᠦᠬᠡᠢ ᠨᠢᠯᠪᠤᠬᠤ ᠶᠢ ᠴᠡᠬᠡᠷᠯᠡᠨ᠎ᠡ᠃        ● ᠬᠦᠮᠦᠨ ᠤ ᠡᠮᠦᠨ᠎ᠡ ᠬᠠᠨᠢᠶᠠᠬᠤ᠂ ᠨᠠᠶᠢᠳᠠᠭᠠᠬᠤ᠂ ᠬᠠᠮᠠᠷ ᠢᠶᠠᠨ ᠮᠠᠯᠳᠠᠬᠤ ᠶᠢ ᠴᠡᠬᠡᠷᠯᠡᠨ᠎ᠡ᠃        ● ᠬᠠᠨᠢᠶᠠᠬᠤ ᠵᠡᠷᠬᠡ ᠪᠠᠶᠢᠳᠠᠯ ᠭᠠᠷᠪᠠᠯ ᠠᠮᠠᠨ ᠪᠦᠳᠡᠬᠡᠯᠬᠡ ᠵᠡᠬᠦᠵᠦ᠂ ᠪᠤᠰᠤᠳ ᠲᠠᠢ ᠤᠶᠢᠷᠠᠳᠤᠬᠤ ᠶᠢ ᠴᠡᠬᠡᠷᠯᠡᠨ᠎ᠡ᠃        ᠠᠷᠭᠠᠴᠠᠭᠠᠬᠤ ᠭᠤᠤᠯᠳᠠᠯᠭ᠎ᠠ        ● ᠬᠠᠯᠠᠭᠤᠷᠠᠬᠤ᠂ ᠬᠠᠭᠤᠷᠠᠢ ᠪᠠᠷ ᠬᠠᠨᠢᠶᠠᠬᠤ᠂ ᠠᠮᠢᠰᠬᠤᠯ ᠴᠢᠬᠤᠯᠠᠳᠠᠬᠤ ᠵᠡᠷᠬᠡ ᠢᠯᠡᠷᠡᠯ ᠭᠠᠷᠪᠠᠯ ᠴᠠᠭ ᠳᠤᠬᠠᠢ ᠳᠤ ᠨᠢ ᠡᠮᠨᠡᠬᠦᠯᠦᠨ᠎ᠡ᠃        ● ᠡᠪᠡᠳᠴᠢᠳᠡᠨ ᠤ ᠬᠡᠷᠡᠭᠰᠡᠯ᠂ ᠤᠷᠤᠨ ᠰᠠᠭᠤᠴᠠ ᠶᠢ ᠰᠠᠶᠢᠳᠤᠷ ᠠᠷᠢᠭᠤᠳᠬᠠᠨ᠎ᠠ᠃        ● ᠡᠪᠡᠳᠴᠢᠳᠡᠨ ᠪᠤᠶᠤ ᠪᠤᠬᠢᠷᠳᠤᠭᠰᠠᠨ ᠬᠡᠷᠡᠭᠰᠡᠯ ᠲᠠᠢ ᠨᠢ ᠤᠶᠢᠷᠠᠳᠤᠭᠰᠠᠨ ᠪᠤᠯ ᠰᠠᠨᠠᠭᠠᠴᠢᠯᠠᠭ᠎ᠠ ᠠᠴᠠ ᠪᠠᠨ ᠡᠮᠨᠡᠯᠬᠡ ᠳᠤ ᠬᠦᠷᠴᠦ ᠡᠮᠨᠡᠬᠦᠯᠦᠨ᠎ᠡ᠃        ● ᠤᠯᠠᠨ ᠨᠡᠶᠢᠳᠡ ᠶᠢᠨ ᠭᠠᠵᠠᠷ᠂ ᠰᠠᠯᠬᠢ ᠨᠡᠪᠳᠡᠷᠡᠬᠦ ᠪᠠᠷ ᠠᠨᠠᠢ ᠬᠦᠮᠦᠨ ᠤᠯᠠᠨ ᠭᠠᠵᠠᠷ ᠤᠷᠳᠤ ᠴᠠᠭ ᠢᠶᠠᠷ ᠡᠷᠬᠢᠴᠡᠬᠦ ᠶᠢ ᠰᠡᠷᠬᠡᠶᠢᠯᠡᠨ᠎ᠡ᠃        ᠬᠦᠮᠦᠨ ᠳᠤ ᠬᠠᠯᠳᠠᠪᠤᠷᠢᠯᠠᠬᠤ ᠵᠢᠬᠦᠷᠳᠡᠨ ᠤ ᠳᠠᠬᠤᠯ        ᠬᠦᠮᠦᠨ ᠳᠤ ᠬᠠᠯᠳᠠᠪᠤᠷᠢᠯᠠᠬᠤ ᠵᠢᠬᠦᠷᠳᠡᠨ ᠤ ᠳᠠᠬᠤᠯ ᠬᠡᠳᠡᠭ ᠪᠤᠯ ᠬᠦᠬᠡ ᠬᠡᠯᠪᠡᠷᠢ ᠶᠢᠨ ᠳᠠᠬᠤᠯ ᠤᠨ ᠬᠤᠤᠷ᠎ᠠ ᠠᠴᠠ ᠡᠬᠦᠰᠦᠭᠰᠡᠨ ᠨᠢᠬᠡ ᠵᠦᠢᠯ ᠤᠨ ᠬᠦᠮᠦᠨ᠂ ᠵᠢᠬᠦᠷᠳᠡᠨ᠂ ᠮᠠᠯ ᠳᠤ ᠬᠠᠯᠳᠠᠪᠤᠷᠢᠯᠠᠬᠤ ᠳᠦᠷᠬᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃        ᠰᠡᠷᠬᠡᠶᠢᠯᠡᠬᠦ ᠭᠤᠤᠯᠳᠠᠯᠭ᠎ᠠ        ● ᠡᠪᠡᠳᠴᠢᠨ ᠢᠶᠠᠷ ᠦᠬᠦᠭᠰᠡᠨ ᠮᠠᠯ ᠵᠢᠬᠦᠷᠳᠡᠨ ᠲᠠᠢ ᠤᠶᠢᠷᠠᠳᠬᠤ ᠪᠤᠶᠤ ᠢᠳᠡᠵᠦ ᠪᠤᠯᠬᠤ ᠦᠬᠡᠢ᠃        ● ᠬᠢᠵᠢᠭᠳᠦ ᠤᠷᠤᠨ ᠤ ᠮᠠᠯ ᠵᠢᠬᠦᠷᠳᠡᠨ ᠢ ᠬᠤᠳᠠᠯᠳᠤᠵᠤ ᠪᠤᠯᠬᠤ ᠦᠬᠡᠢ᠂ ᠡᠪᠡᠳᠴᠢᠨ ᠢᠶᠠᠷ ᠦᠬᠦᠭᠰᠡᠨ ᠮᠠᠯ ᠵᠢᠬᠦᠷᠳᠡᠨ ᠢ ᠭᠠᠳᠠᠭᠰᠢ ᠳᠡᠬᠡᠬᠡᠪᠦᠷᠢᠯᠡᠵᠦ ᠪᠤᠯᠬᠤ ᠦᠬᠡᠢ᠃        ● ᠬᠡᠷ ᠤᠨ ᠵᠢᠬᠦᠷᠳᠡᠨ ᠤ ᠮᠢᠬ᠎ᠠ᠂ ᠦᠨᠳᠡᠭᠡ ᠵᠡᠷᠬᠡ ᠢᠳᠡᠬᠡᠨ ᠤ ᠵᠦᠢᠯᠡᠰ ᠢ ᠳᠤᠤᠱᠳᠠᠢ ᠰᠢᠯᠵᠢᠷᠡᠳᠡᠯ᠎ᠡ ᠴᠢᠨᠠᠬᠤ ᠬᠡᠷᠡᠭᠳᠠᠢ᠃        ● ᠵᠢᠬᠦᠷᠳᠡᠨ ᠤ ᠬᠢᠵᠢᠭ ᠳᠡᠯᠬᠡᠷᠡᠭᠰᠡᠨ ᠤᠷᠤᠨ ᠳᠤ ᠤᠴᠢᠵᠤ ᠪᠤᠯᠬᠤ ᠦᠬᠡᠢ᠃        ᠠᠷᠭᠠᠴᠠᠭᠠᠬᠤ ᠭᠤᠤᠯᠳᠠᠯᠭ᠎ᠠ        ● ᠬᠢᠵᠢᠭᠳᠦ ᠤᠷᠤᠨ ᠤ ᠬᠦᠮᠦᠰ ᠠᠮᠠᠨ ᠪᠦᠳᠡᠬᠡᠯᠬᠡ ᠵᠡᠬᠦᠵᠦ᠂ ᠭᠠᠷ ᠢᠶᠠᠨ ᠰᠠᠶᠢᠳᠤᠷ ᠤᠬᠢᠶᠠᠨ᠎ᠠ᠃        ● ᠡᠶᠢᠮᠦᠷᠬᠦᠤ ᠡᠪᠡᠳᠴᠢᠨ ᠤ ᠢᠯᠡᠷᠡᠯ ᠲᠠᠢ ᠪᠤᠯ ᠴᠠᠭ ᠳᠤᠬᠠᠢ ᠳᠤ ᠨᠢ ᠡᠮᠨᠡᠬᠦᠯᠦᠨ᠎ᠡ᠃        ● ᠵᠢᠬᠦᠷᠳᠡᠨ ᠤ ᠬᠠᠯᠳᠠᠪᠤᠷᠢᠳᠤ ᠳᠠᠬᠤᠯ ᠢᠯᠡᠷᠡᠪᠡᠯ ᠠᠯᠪᠠᠳᠠᠯᠭ᠎ᠠ ᠪᠠᠷ ᠰᠡᠷᠬᠡᠶᠢᠯᠡᠬᠦ ᠠᠷᠭ᠎ᠠ ᠬᠡᠮᠵᠢᠶ᠎ᠡ ᠠᠪᠬᠤ ᠬᠡᠷᠡᠭᠳᠠᠢ᠃
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号