ᠤᠯᠠᠨ ᠨᠡᠶᠢᠳᠡ ᠶᠢᠨ ᠡᠷᠡᠬᠦᠯ ᠬᠠᠮᠠᠭᠠᠯᠠᠯ ᠤᠨ ᠠᠳᠡᠯ ︵ᠲᠠᠪᠤ︶
ᠨᠡᠶᠢᠲᠡᠯᠡᠭᠰᠡᠨ ᠴᠠᠭ᠄
2017-07-10
       ᠳ᠋ᠧᠩᠭᠦ᠋ ᠬᠠᠯᠠᠭᠤᠷᠠᠯᠭ᠎ᠠ        ᠳ᠋ᠧᠩᠬᠦ᠋ ᠬᠠᠯᠠᠭᠤᠷᠠᠯᠭ᠎ᠠ ᠪᠤᠯ ᠴᠢᠰᠤ ᠪᠠᠷ ᠬᠠᠯᠳᠠᠪᠤᠷᠢᠯᠠᠳᠠᠭ ᠨᠢᠬᠡ ᠵᠦᠢᠯ ᠤᠨ ᠳᠦᠷᠬᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ ᠳᠤᠯᠤᠭᠠᠢ ᠡᠪᠡᠳᠬᠦ᠂ ᠨᠢᠷᠤᠭᠤ ᠡᠪᠡᠳᠬᠦ᠂ ᠪᠦᠬᠦ ᠪᠡᠶ᠎ᠡ ᠶᠢᠨ ᠪᠤᠯᠴᠢᠩ ᠪᠤᠯᠤᠨ ᠦᠶ᠎ᠡ ᠬᠡᠰᠢᠬᠦᠤ ᠡᠪᠡᠳᠬᠦ᠂ ᠬᠠᠯᠠᠭᠤᠷᠠᠬᠤ᠂ ᠬᠡᠳᠦ ᠶᠠᠳᠠᠷᠠᠬᠤ ᠵᠡᠷᠬᠡ ᠶᠢᠨ ᠢᠯᠡᠷᠡᠯ ᠭᠠᠷᠳᠠᠭ᠃        ᠰᠡᠷᠬᠡᠶᠢᠯᠡᠬᠦ ᠭᠤᠤᠯᠳᠠᠯᠭ᠎ᠠ        ● ᠰᠢᠪᠠᠵᠢ ᠰᠢᠮᠠᠭᠤᠯ ᠤᠯᠠᠨ ᠭᠠᠵᠠᠷ ᠲᠤ ᠡᠷᠬᠢᠴᠡᠵᠦ ᠪᠤᠯᠬᠤ ᠦᠬᠡᠢ᠃        ● ᠳᠤᠨᠤᠮᠠᠯ ᠤᠰᠤ᠂ ᠨᠦᠬᠡ ᠭᠠᠩᠭ᠎ᠠ ᠵᠡᠷᠬᠡ ᠪᠠᠷ ᠰᠢᠮᠠᠭᠤᠯ ᠰᠢᠪᠠᠵᠢ ᠦᠷᠡᠵᠢᠬᠦ ᠶᠢ ᠰᠡᠷᠬᠡᠶᠢᠯᠡᠨ᠎ᠡ᠃        ● ᠰᠢᠮᠠᠭᠤᠯ ᠢ ᠰᠡᠷᠬᠡᠶᠢᠯᠡᠬᠦ ᠠᠷᠭ᠎ᠠ ᠬᠡᠮᠵᠢᠶ᠎ᠡ ᠠᠪᠴᠤ ᠰᠢᠮᠠᠭᠤᠯ ᠢ ᠤᠰᠠᠳᠬᠠᠨ᠎ᠠ᠃        ᠠᠷᠭᠠᠴᠠᠭᠠᠬᠤ ᠭᠤᠤᠯᠳᠠᠯᠭ᠎ᠠ        ● ᠰᠢᠮᠠᠭᠤᠯ ᠳᠤ ᠬᠠᠵᠠᠭᠳᠠᠭᠰᠠᠨ ᠭᠠᠵᠠᠷ ᠲᠤ ᠰᠢᠪᠳᠤᠷ ᠤᠨ ᠤᠰᠤ ᠵᠡᠷᠬᠡ ᠡᠮ ᠢ ᠳᠦᠷᠬᠢᠨ᠎ᠡ᠃        ● ᠬᠡᠷ ᠪᠤᠶᠤ ᠮᠠᠯ ᠤᠨ ᠬᠠᠰᠢᠶ᠎ᠠ ᠳᠤ ᠪᠠᠨ ᠬᠤᠷᠤᠬᠠᠢ ᠤᠰᠠᠳᠬᠠᠬᠤ ᠡᠮ ᠢ ᠰᠦᠷᠴᠢᠨ᠎ᠡ᠃        ● ᠬᠠᠨᠴᠤᠢ ᠲᠠᠢ ᠬᠤᠪᠴᠠᠰᠤ᠂ ᠦᠮᠦᠳᠦ ᠡᠮᠦᠰᠴᠦ᠂ ᠡᠮᠴᠢ ᠶᠢᠨ ᠵᠢᠯᠤᠭᠤᠳᠤᠯᠭ᠎ᠠ ᠪᠠᠷ ᠰᠡᠷᠬᠡᠶᠢᠯᠡᠬᠦ ᠡᠮ ᠢ ᠤᠤᠭᠤᠨ᠎ᠠ᠃        ᠳᠤᠮᠤᠭᠤ ᠳᠤᠮᠤᠭᠤ ᠪᠤᠯ ᠰᠠᠪᠬᠠᠨᠴᠢᠷ ᠪᠠᠺᠲ᠋ᠧᠷᠢ ᠠᠴᠠ ᠡᠬᠦᠰᠦᠭᠰᠡᠨ ᠬᠡᠳᠡᠰᠦᠨ ᠵᠠᠮ ᠤᠨ ᠬᠠᠯᠳᠠᠪᠤᠷᠢᠳᠤ ᠡᠪᠡᠳᠴᠢᠨ ᠪᠤᠯᠤᠨ᠎ᠠ᠃ ᠭᠤᠤᠯᠳᠠᠭᠤ ᠵᠠᠯᠭᠠᠭ᠎ᠠ ᠪᠠᠷ ᠬᠠᠯᠠᠭᠤᠷᠠᠬᠤ᠂ ᠰᠤᠳᠠᠯ ᠤᠳᠠᠭᠠᠰᠢᠷᠠᠬᠤ᠂ ᠡᠯᠢᠬᠡ ᠳᠡᠯᠢᠬᠦᠤ ᠳᠤᠮᠤᠷᠠᠬᠤ ᠵᠡᠷᠬᠡ ᠢᠯᠡᠷᠡᠯ ᠭᠠᠷᠳᠠᠭ᠃ ᠤᠰᠤ᠂ ᠢᠳᠡᠬᠡᠨ ᠪᠤᠶᠤ ᠢᠯᠠᠭ᠎ᠠ ᠵᠡᠷᠬᠡ ᠠᠴᠠ ᠬᠠᠯᠳᠠᠪᠤᠷᠢᠯᠠᠨ᠎ᠠ᠃        ᠰᠡᠷᠬᠡᠶᠢᠯᠡᠬᠦ ᠭᠤᠤᠯᠳᠠᠯᠭ᠎ᠠ        ● ᠴᠢᠨᠠᠷ ᠬᠤᠪᠢᠷᠠᠭᠰᠠᠨ ᠢᠳᠡᠬᠡᠨ᠂ ᠳᠦᠬᠦᠬᠡᠢ ᠤᠰᠤ ᠶᠢ ᠤᠤᠭᠤᠵᠤ ᠪᠤᠯᠬᠤ ᠦᠬᠡᠢ᠃        ● ᠴᠤᠬᠤᠢ ᠵᠡᠷᠬᠡ ᠪᠠᠷ ᠵᠤᠷᠯᠤᠩ ᠢᠶᠠᠨ ᠰᠠᠶᠢᠳᠤᠷ ᠠᠷᠢᠭᠤᠳᠬᠠᠵᠤ ᠤᠷᠴᠢᠨ ᠳᠤᠭᠤᠷᠢᠨ ᠤ ᠠᠷᠢᠭᠤᠨ ᠴᠡᠪᠡᠷ ᠢ ᠪᠠᠳᠤᠯᠠᠨ᠎ᠠ᠃        ● ᠬᠤᠪᠢ ᠬᠦᠮᠦᠨ ᠤ ᠢᠳᠡᠬᠡᠨ ᠤ ᠡᠷᠡᠬᠦᠯ ᠬᠠᠮᠠᠭᠠᠯᠠᠯ ᠢ ᠠᠩᠬᠠᠷᠴᠤ᠂ ᠭᠠᠷ ᠢᠶᠠᠨ ᠰᠠᠶᠢᠳᠤᠷ ᠤᠬᠢᠶᠠᠨ᠎ᠠ        ᠠᠷᠭᠠᠴᠠᠭᠠᠬᠤ ᠭᠤᠤᠯᠳᠠᠯᠭ᠎ᠠ        ● ᠤᠰᠤ ᠪᠤᠵᠠᠷᠳᠠᠭᠰᠠᠨ ᠢ ᠮᠡᠳᠡᠪᠡᠯ ᠰᠠᠶᠢᠳᠤᠷ ᠠᠷᠢᠭᠤᠳᠬᠠᠨ᠎ᠠ᠃        ● ᠳᠤᠮᠤᠭᠤ ᠡᠪᠡᠳᠴᠢᠨ ᠳᠤ ᠨᠡᠷᠪᠡᠭᠳᠡᠪᠡᠯ ᠳᠠᠷᠤᠢ ᠳᠤ ᠨᠢ ᠡᠮᠨᠡᠬᠦᠯᠦᠨ᠎ᠡ᠃        ● ᠡᠮᠴᠢ ᠶᠢᠨ ᠵᠢᠯᠤᠭᠤᠳᠤᠯᠭ᠎ᠠ ᠪᠠᠷ ᠡᠮᠨᠡᠬᠦᠯᠵᠦ᠂ ᠡᠮᠴᠢ ᠶᠢᠨ ᠵᠦᠪᠰᠢᠶᠡᠷᠡᠯ ᠦᠬᠡᠢ ᠪᠤᠯ ᠡᠮᠨᠡᠯᠬᠡ ᠠᠴᠠ ᠭᠠᠷᠴᠤ ᠪᠤᠯᠬᠤ ᠦᠬᠡᠢ᠃
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号