2024 ᠤᠨ ᠤ ᠤᠯᠠᠭᠠᠨᠬᠠᠳᠠ ᠬᠤᠲᠠ ᠶᠢᠨ ᠬᠤᠩᠱᠠᠨ ᠲᠤᠭᠤᠷᠢᠭ ᠤᠨ ᠶᠡᠭᠡ ᠳᠡᠭᠡᠳᠦ ᠰᠤᠷᠭᠠᠭᠤᠯᠢ  ᠶᠢᠨ ᠤᠶᠤᠲᠠᠨ ᠳᠡᠭᠡᠳᠦ ᠳᠡᠰ ᠤᠨ ᠴᠢᠳᠠᠪᠤᠷᠢᠲᠠᠨ ᠢ ᠤᠷᠢᠵᠤ ᠡᠯᠰᠡᠬᠦ ᠨᠢᠭᠤᠷᠲᠠᠬᠤ ᠰᠢᠯᠭᠠᠯᠲᠠ ᠶᠢᠨ ᠪᠦᠲᠦᠮᠵᠢ᠂ ᠪᠡᠶ᠎ᠡ ᠶᠢᠨ ᠪᠠᠶᠢᠴᠠᠭᠠᠯᠲᠠ ᠪᠠ ᠬᠢᠨᠠᠯᠲᠠ ᠶᠢᠨ  ᠬᠡᠪᠴᠢᠶᠡᠨ ᠳᠤ ᠲᠤᠳᠤᠷᠠᠭᠰᠠᠳ ᠵᠢᠴᠢ ᠬᠠᠮᠢᠶ᠎ᠠ ᠪᠦᠬᠦᠢ ᠵᠦᠢᠯᠡᠰ ᠤᠨ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2024/3/5
       ︽ᠤᠯᠠᠭᠠᠨᠬᠠᠳᠠ ᠬᠤᠲᠠ ᠶᠢᠨ ᠰᠢᠭᠤᠳ ᠬᠠᠷᠢᠶ᠎ᠠ ᠪᠠᠶᠢᠭᠤᠯᠭ᠎ᠠ ᠠᠵᠢᠯ ᠦᠢᠯᠡᠰ ᠤᠨ ᠨᠢᠭᠡᠴᠡ ᠶᠢᠨ ᠳᠡᠭᠡᠳᠦ ᠳᠡᠰ ᠤᠨ ᠴᠢᠳᠠᠪᠤᠷᠢᠲᠠᠨ ᠢ ᠤᠷᠢᠵᠤ ᠬᠡᠷᠡᠭᠯᠡᠬᠦ ᠲᠤᠬᠠᠢ ᠬᠡᠷᠡᠭᠵᠢᠭᠦᠯᠬᠦ ᠠᠷᠭ᠎ᠠ ᠬᠡᠮᠵᠢᠶ᠎ᠡ︾  ︵ᠤᠯᠠᠭᠠᠨᠬᠠᠳᠠ ᠵᠤᠬᠢᠶᠠᠨ ᠪᠠᠶᠢᠭᠤᠯᠤᠯᠲᠠ ᠮᠡᠳᠡᠭᠳᠡᠯ ᠦᠰᠦᠭ ﹇2021﹈ 27  ᠲᠤᠭᠠᠲᠤ︶᠂  ︽ᠤᠯᠠᠭᠠᠨᠬᠠᠳᠠ ᠬᠤᠲᠠ ᠶᠢᠨ ᠰᠤᠷᠭᠠᠨ ᠬᠦᠮᠦᠵᠢᠯ ᠤᠨ ᠴᠢᠨᠰᠠᠭ᠎ᠠ ᠰᠠᠶᠢᠲᠤ ᠬᠦᠭᠵᠢᠯᠲᠡ ᠶᠢ ᠠᠬᠢᠭᠤᠯᠬᠤ ᠬᠡᠷᠡᠭᠵᠢᠭᠦᠯᠬᠦ ᠰᠠᠨᠠᠯ︾  ︵ ᠤᠯᠠᠭᠠᠨᠬᠠᠳᠠ ᠨᠠᠮ ᠤᠨ ᠬᠤᠷᠢᠶ᠎ᠠ ᠲᠠᠷᠬᠠᠭᠠᠭᠰᠠᠨ ﹇2023﹈  5 ᠲᠤᠭᠠᠲᠤ︶   ᠤᠨ ᠵᠤᠷᠢᠭ ᠰᠠᠨᠠᠭ᠎ᠠ ᠶᠢ ᠦᠨᠳᠦᠰᠦᠯᠡᠨ᠂  ᠬᠤᠩᠱᠠᠨ ᠲᠤᠭᠤᠷᠢᠭ ᠤᠨ ᠰᠤᠷᠭᠠᠨ ᠬᠦᠮᠦᠵᠢᠯ ᠤᠨ ᠲᠤᠪᠴᠢᠶ᠎ᠠ 2024 ᠤᠨ ᠤ ᠶᠡᠭᠡ ᠳᠡᠭᠡᠳᠦ ᠰᠤᠷᠭᠠᠭᠤᠯᠢ ᠶᠢᠨ ᠤᠶᠤᠲᠠᠨ ᠳᠡᠭᠡᠳᠦ ᠳᠡᠰ ᠤᠨ ᠴᠢᠳᠠᠪᠤᠷᠢᠲᠠᠨ ᠢ ᠤᠷᠢᠵᠤ ᠬᠡᠷᠡᠭᠯᠡᠬᠦ ᠲᠤᠬᠠᠢ ᠶᠢᠨ ᠲᠠᠯᠠᠪᠠᠢ ᠳᠤ ᠨᠡᠷ᠎ᠡ ᠮᠡᠳᠡᠭᠦᠯᠬᠦ ᠬᠢᠷᠢ ᠬᠡᠮ ᠢ ᠬᠢᠨᠠᠨ ᠰᠢᠯᠭᠠᠬᠤ᠂  ᠨᠢᠭᠤᠷᠳᠠᠨ ᠰᠢᠯᠭᠠᠬᠤ ᠠᠵᠢᠯ ᠢ ᠨᠢᠭᠡᠨᠲᠡ ᠬᠢᠵᠦ ᠳᠠᠭᠤᠰᠴᠠᠢ᠃ ᠡᠳᠦᠭᠡ ᠨᠢᠭᠤᠷᠲᠠᠨ ᠰᠢᠯᠭᠠᠯᠲᠠ ᠶᠢᠨ ᠬᠢᠷᠢ ᠪᠦᠲᠦᠮᠵᠢ᠂ ᠪᠡᠶ᠎ᠡ ᠶᠢᠨ ᠪᠠᠶᠢᠴᠠᠭᠠᠯᠲᠠ ᠪᠠ ᠬᠢᠨᠠᠯᠲᠠ ᠶᠢᠨ ᠬᠡᠪᠴᠢᠶᠡᠨ  ᠳᠤ ᠲᠤᠳᠤᠷᠠᠭᠰᠠᠳ ᠤᠨ ᠨᠡᠷᠡᠰ ᠵᠢᠴᠢ ᠬᠠᠮᠢᠶ᠎ᠠ ᠪᠦᠬᠦᠢ ᠵᠦᠢᠯᠡᠰ ᠢ ᠮᠡᠳᠡᠭᠳᠡᠶ᠎ᠡ᠄ ᠨᠢᠭᠡ᠂ ᠨᠢᠭᠤᠷᠲᠠᠨ ᠰᠢᠯᠭᠠᠯᠲᠠ ᠶᠢᠨ ᠬᠢᠷᠢ ᠪᠦᠲᠦᠮᠵᠢ ᠵᠢᠴᠢ ᠪᠡᠶ᠎ᠡ ᠶᠢᠨ ᠪᠠᠶᠢᠴᠠᠭᠠᠯᠲᠠ ᠪᠠ ᠬᠢᠨᠠᠯᠲᠠ ᠶᠢᠨ ᠬᠡᠪᠴᠢᠶᠡᠨ ᠳᠤ ᠲᠤᠳᠤᠷᠠᠭᠰᠠᠳ ᠤᠨ ᠨᠡᠷᠡᠰ ᠳᠠᠭᠠᠯᠳᠤᠭᠤᠯᠤᠯ ᠨᠢᠭᠡ ᠳᠤ ᠨᠠᠷᠢᠨ ᠪᠠᠶᠢᠳᠠᠯ ᠢ ᠦᠵᠡᠭᠡᠷᠡᠢ᠃        ᠬᠤᠶᠠᠷ᠂  ᠢᠯᠡ ᠨᠡᠶᠢᠲᠡᠯᠡᠯ        ᠢᠯᠡ ᠨᠡᠶᠢᠲᠡᠯᠡᠬᠦ ᠬᠤᠭᠤᠴᠠᠭ᠎ᠠ᠄ 2024 ᠤᠨ ᠤ 3 ᠰᠠᠷ᠎ᠠ ᠶᠢᠨ 4 ᠤ ᠡᠳᠦᠷ ᠠᠴᠠ 2024 ᠤᠨ ᠤ 3 ᠰᠠᠷ᠎ᠠ ᠶᠢᠨ 8 ᠤ ᠡᠳᠦᠷ ᠪᠤᠯᠲᠠᠯ᠎ᠠ        ᠢᠯᠡ ᠨᠡᠶᠢᠲᠡᠯᠡᠬᠦ ᠬᠤᠭᠤᠴᠠᠭᠠᠨ ᠳᠤ ᠪᠠᠶᠢᠭᠤᠯᠭ᠎ᠠ ᠨᠢᠭᠡᠴᠡ ᠪᠠ ᠬᠤᠪᠢ ᠬᠦᠮᠦᠨ ᠪᠦᠷ ᠰᠤᠷᠪᠤᠯᠵᠢᠯᠠᠬᠤ᠂  ᠵᠠᠬᠢᠳᠠᠯ᠂ ᠤᠲᠠᠰᠤ ᠵᠡᠷᠭᠡ ᠠᠷᠭ᠎ᠠ ᠪᠠᠷᠢᠯ ᠢᠶᠠᠷ ᠢᠯᠡ ᠨᠡᠶᠢᠲᠡᠯᠡᠭᠰᠡᠨ ᠡᠲᠡᠭᠡᠳ ᠤᠨ ᠬᠠᠮᠢᠶ᠎ᠠ ᠪᠦᠬᠦᠢ ᠪᠠᠶᠢᠳᠠᠯ ᠪᠠ ᠠᠰᠠᠭᠤᠳᠠᠯ ᠢ ᠲᠤᠰᠬᠠᠵᠤ ᠪᠤᠯᠤᠨ᠎ᠠ᠂ ᠲᠤᠰᠬᠠᠭᠰᠠᠨ ᠠᠰᠠᠭᠤᠳᠠᠯ ᠳᠤ ᠪᠠᠨ ᠭᠡᠷᠡᠴᠢᠯᠡᠭᠴᠢ ᠵᠢᠴᠢ ᠬᠠᠮᠢᠶ᠎ᠠ ᠪᠦᠬᠦᠢ ᠰᠦᠪᠡᠭᠴᠢ ᠬᠠᠩᠭᠠᠬᠤ ᠬᠡᠷᠡᠭᠲᠡᠢ᠃        ᠢᠯᠡ ᠨᠡᠶᠢᠲᠡᠯᠡᠬᠦ ᠤᠲᠠᠰᠤ᠄  ᠲᠤᠭᠤᠷᠢᠭ ᠤᠨ ᠰᠤᠷᠭᠠᠨ ᠬᠦᠮᠦᠵᠢᠯ ᠤᠨ ᠲᠣᠪᠴᠢᠶ᠎ᠠ   0476-8861136        ᠲᠤᠭᠤᠷᠢᠭ ᠤᠨ ᠬᠦᠳᠡᠯᠮᠦᠷᠢ ᠬᠦᠴᠦᠨ ᠤ ᠡᠬᠢ ᠪᠠᠶᠠᠯᠢᠭ ᠤᠨ ᠲᠤᠪᠴᠢᠶ᠎ᠠ  0476-8228210        ᠭᠤᠷᠪᠠ᠂  ᠪᠡᠶ᠎ᠡ ᠶᠢᠨ ᠪᠠᠶᠢᠴᠠᠭᠠᠯᠲᠠ ᠶᠢᠨ ᠬᠤᠯᠪᠤᠭᠲᠠᠯ ᠪᠦᠬᠦᠢ ᠵᠦᠢᠯᠡᠰ        1. ᠪᠡᠶ᠎ᠡ ᠶᠢᠨ ᠪᠠᠶᠢᠴᠠᠭᠠᠯᠲᠠ ᠶᠢᠨ ᠴᠠᠭ᠄ 2024  ᠤᠨ ᠤ  3 ᠰᠠᠷ᠎ᠠ ᠶᠢᠨ 9 ᠠᠴᠠ 10 ᠤ ᠡᠳᠦᠷ ᠪᠤᠯᠲᠠᠯ᠎ᠠ᠂ ᠦᠷᠯᠦᠭᠡ 7᠄ 00 ᠠᠴᠠ ᠡᠮᠦᠨ᠎ᠡ ᠡᠬᠢᠯᠡᠨ᠎ᠡ  ︵ᠪᠡᠶ᠎ᠡ ᠶᠢᠨ ᠪᠠᠶᠢᠴᠠᠭᠠᠯᠲᠠ ᠶᠢᠨ ᠬᠡᠪᠴᠢᠶᠡᠨ ᠳᠤ ᠪᠠᠭᠲᠠᠭᠰᠠᠳ ᠳᠠᠭᠠᠯᠳᠤᠭᠤᠯᠤᠯ ᠨᠢᠭᠡ ᠳᠤ ᠨᠡᠷᠡᠰ ᠢᠶᠠᠨ ᠦᠵᠡᠭᠡᠷᠡᠢ  ︶᠃        2. ᠪᠡᠶ᠎ᠡ ᠶᠢᠨ ᠪᠠᠶᠢᠴᠠᠭᠠᠯᠲᠠ ᠬᠢᠬᠦ ᠭᠠᠵᠠᠷ᠄  ᠤᠯᠠᠭᠠᠨᠬᠠᠳᠠ ᠬᠤᠲᠠ ᠶᠢᠨ ᠬᠤᠶᠠᠳᠤᠭᠠᠷ ᠡᠮᠨᠡᠯᠭᠡ ᠶᠢᠨ ᠬᠤᠷᠢᠶ᠎ᠠ  ︵ᠤᠯᠠᠭᠠᠨᠬᠠᠳᠠ ᠶᠢᠨ ᠨᠠᠢᠮᠠᠳᠤᠭᠠᠷ ᠳᠤᠮᠳᠠᠳᠤ ᠰᠤᠷᠭᠠᠭᠤᠯᠢ ᠶᠢᠨ ᠵᠢᠰᠢᠭᠦᠦ ᠡᠰᠡᠷᠭᠦ ᠪᠠᠶᠢᠷᠢᠯᠠᠵᠤ ᠪᠤᠢ︶        3. ᠪᠡᠶ᠎ᠡ ᠶᠢᠨ ᠪᠠᠶᠢᠴᠠᠭᠠᠯᠲᠠ ᠶᠢᠨ ᠠᠭᠤᠯᠭ᠎ᠠ᠄ ᠪᠡᠶ᠎ᠡ ᠶᠢᠨ ᠪᠠᠶᠢᠴᠠᠭᠠᠯᠲᠠ ᠶᠢᠨ ᠲᠦᠷᠦᠯ ᠵᠦᠢᠯ ᠵᠢᠴᠢ ᠪᠠᠷᠢᠮᠵᠢᠶ᠎ᠡ ᠶᠢ ᠠᠯᠪᠠᠲᠠᠨ ᠡᠯᠰᠡᠬᠦ ᠪᠡᠶ᠎ᠡ ᠶᠢᠨ ᠪᠠᠶᠢᠴᠠᠭᠠᠯᠲᠠ ᠶᠢᠨ ᠨᠡᠶᠢᠳᠡᠮ ᠬᠡᠷᠡᠭᠯᠡᠬᠦ ᠪᠠᠷᠢᠮᠵᠢᠶ᠎ᠠ ᠪᠠ ᠠᠵᠢᠯᠯᠠᠭᠠᠨ ᠤ ᠭᠠᠷ ᠳᠡᠪᠳᠡᠷ ᠢ ᠮᠦᠷᠲᠡᠨ ᠬᠡᠷᠡᠭᠵᠢᠭᠦᠯᠦᠨ᠎ᠡ᠃        4. ᠠᠪᠴᠤ ᠤᠴᠢᠬᠤ ᠴᠢᠬᠤᠯᠠᠲᠠᠢ ᠮᠠᠲ᠋ᠧᠷᠢᠶᠠᠯ᠄  ᠲᠤᠰ ᠬᠦᠮᠦᠨ ᠤ ᠪᠡᠶ᠎ᠡ ᠶᠢᠨ ᠦᠨᠡᠮᠯᠡᠯ ᠪᠠ ᠤᠶᠢᠷ᠎ᠠ  ᠶᠢᠨ ᠬᠤᠭᠤᠴᠠᠭᠠᠨ ᠤ ᠨᠢᠭᠡ ᠢᠮᠠᠬᠤ ᠶᠢᠨ ᠲᠦᠪ ᠰᠡᠭᠦᠳᠡᠷ 1  ︵ᠪᠡᠶ᠎ᠡ ᠶᠢᠨ ᠪᠠᠶᠢᠴᠠᠭᠠᠯᠲᠠ ᠶᠢᠨ ᠬᠦᠰᠦᠨᠦᠭᠲᠦ  ᠳᠤ ᠬᠡᠷᠡᠭᠯᠡᠨ᠎ᠡ︶  ᠃        5. ᠠᠩᠬᠠᠷᠬᠤ ᠵᠦᠢᠯᠡᠰ᠄        ⑴  ᠲᠤᠭᠲᠠᠭᠰᠠᠨ ᠴᠠᠭ ᠲᠤ ᠪᠠᠨ ᠪᠡᠶ᠎ᠡ ᠶᠢᠨ ᠪᠠᠶᠢᠴᠠᠭᠠᠯᠲᠠ ᠬᠢᠬᠦ ᠦᠭᠡᠢ ᠪᠣᠯ ᠦᠪᠡᠷᠲᠡᠭᠡᠨ ᠲᠠᠶᠠᠭᠳᠠᠭᠰᠠᠨ ᠢᠶᠠᠷ ᠦᠵᠡᠵᠦ᠂ ᠡᠯᠰᠡᠭᠳᠡᠬᠦ ᠬᠢᠷᠢ ᠬᠡᠮ ᠢ ᠦᠭᠡᠶᠢᠰᠬᠡᠨ᠎ᠡ᠃        ⑵ ᠰᠢᠯᠭᠠᠭᠤᠯᠤᠭᠰᠠᠳ ᠪᠡᠶ᠎ᠡ ᠶᠢᠨ ᠪᠠᠶᠢᠴᠠᠭᠠᠯᠲᠠ ᠳᠤ ᠬᠤᠳᠠᠯ ᠬᠠᠭᠤᠷᠮᠠᠭᠯᠠᠬᠤ ᠪᠤᠶᠤ ᠦᠨᠡᠨ ᠪᠠᠶᠢᠳᠠᠯ  ᠢ ᠨᠢᠭᠤᠵᠤ ᠳᠠᠯᠳᠠᠯᠠᠵᠤ ᠪᠡᠶ᠎ᠡ ᠶᠢᠨ ᠪᠠᠶᠢᠴᠠᠭᠠᠯᠲᠠ ᠶᠢᠨ ᠦᠷ᠎ᠡ ᠳ᠋ᠦᠩ ᠢ ᠭᠠᠵᠢᠭᠤᠳᠠᠭᠤᠯᠤᠭᠰᠠᠨ ᠪᠣᠯ ᠡᠯᠰᠡᠭᠳᠡᠬᠦ ᠬᠢᠷᠢ ᠬᠡᠮ ᠢ ᠦᠭᠡᠶᠢᠰᠬᠡᠨ᠎ᠡ᠃       ⑶ᠪᠡᠶ᠎ᠡ ᠶᠢᠨ ᠪᠠᠶᠢᠴᠠᠭᠠᠯᠲᠠ ᠬᠢᠬᠦ ᠡᠳᠦᠷ ᠤᠨ ᠦᠷᠯᠦᠭᠡ ᠦᠯᠦᠨ ᠢᠶᠠᠷ ᠢᠷᠡᠬᠦ ᠬᠡᠷᠡᠭᠲᠡᠢ᠂ ᠪᠡᠶ᠎ᠡ ᠶᠢᠨ ᠪᠠᠶᠢᠴᠠᠭᠠᠯᠲᠠ ᠠᠴᠠ ᠡᠮᠦᠨᠡᠬᠢ 8 - 10 ᠴᠠᠭ ᠤᠨ ᠲᠤᠲᠤᠷ᠎ᠠ ᠬᠤᠭᠤᠯᠠ᠂ ᠤᠰᠤ᠂ ᠡᠮ ᠢᠳᠡᠬᠦ ᠦᠭᠡᠢ ᠪᠠᠶᠢᠬᠤ ᠬᠡᠷᠡᠭᠲᠡᠢ᠃ ᠲᠤᠰ  ᠡᠳᠦᠷ ᠡᠷᠲᠡ ᠶᠢᠨ ᠪᠤᠯᠪᠠᠰᠤᠷᠠᠯ ᠳᠤ ᠤᠷᠤᠯᠴᠠᠬᠤ ᠦᠭᠡᠢ ᠪᠠᠶᠢᠵᠤ ᠪᠠᠶᠢᠴᠠᠭᠠᠯᠲᠠ ᠶᠢᠨ ᠦᠷ᠎ᠡ ᠳ᠋ᠦᠩ ᠢ ᠨᠦᠯᠦᠭᠡᠯᠡᠬᠦ ᠠᠴᠠ ᠪᠤᠯᠭᠤᠮᠵᠢᠯᠠᠨ᠎ᠠ᠃ ᠪᠡᠶ᠎ᠡ ᠶᠢᠨ ᠪᠠᠶᠢᠴᠠᠭᠠᠯᠲᠠ ᠠᠴᠠ ᠡᠮᠦᠨᠡᠬᠢ ᠭᠤᠷᠪᠠᠨ ᠡᠳᠦᠷ ᠤᠨ ᠲᠤᠲᠤᠷ᠎ᠠ ᠦᠭᠡᠬᠦ ᠲᠤᠰᠤ ᠪᠠᠭ᠎ᠠ ᠢᠳᠡᠵᠦ᠂ ᠠᠷᠢᠬᠢ ᠤᠤᠭᠤᠬᠤ ᠦᠭᠡᠢ ᠪᠠᠶᠢᠬᠤ ᠬᠡᠷᠡᠭᠲᠡᠢ᠃        ⑷ᠪᠡᠶ᠎ᠡ ᠶᠢᠨ ᠪᠠᠶᠢᠴᠠᠭᠠᠯᠲᠠ ᠬᠢᠬᠦ ᠦᠶᠡᠰ ᠡᠮᠦᠰᠴᠦ ᠲᠠᠶᠢᠯᠬᠤ ᠳᠤ ᠳᠦᠬᠦᠮ ᠬᠤᠪᠴᠠᠰᠤ ᠡᠮᠦᠰᠬᠦ ᠶᠢ ᠰᠠᠨᠠᠭᠤᠯᠤᠶ᠎ᠠ᠃        ⑸ᠵᠢᠷᠮᠦᠰᠦᠨ ᠪᠤᠶᠤ ᠵᠢᠷᠮᠦᠰᠦᠯᠡᠭᠰᠡᠨ ᠪᠠᠶᠢᠵᠤ ᠮᠡᠳᠡᠬᠦ ᠡᠮᠡᠭᠲᠡᠢ ᠤᠷᠢᠳᠴᠢᠯᠠᠨ ᠡᠮᠴᠢ ᠰᠤᠪᠢᠯᠠᠭᠴᠢ ᠳᠤ ᠮᠡᠳᠡᠭᠳᠡᠬᠦ ᠬᠡᠷᠡᠭᠲᠡᠢ᠂ ᠰᠠᠴᠤᠷᠠᠭ ᠪᠠᠶᠢᠴᠠᠭᠠᠯᠲᠠ ᠬᠢᠬᠦ ᠠᠴᠠ ᠵᠠᠶᠢᠯᠠᠰᠬᠢᠭᠠᠷᠠᠢ᠃        ⑹ᠪᠡᠶ᠎ᠡ ᠶᠢᠨ ᠪᠠᠶᠢᠴᠠᠭᠠᠯᠲᠠ ᠶᠢᠨ ᠰᠦᠢᠳᠬᠡᠯ ᠢ ᠰᠢᠯᠭᠠᠭᠤᠯᠤᠭᠰᠠᠳ ᠦᠪᠡᠷᠲᠡᠭᠡᠨ ᠬᠠᠷᠢᠭᠤᠴᠠᠨ᠎ᠠ᠃        ᠳᠦᠷᠪᠡ᠂ ᠪᠡᠶ᠎ᠡ ᠶᠢᠨ ᠪᠠᠶᠢᠴᠠᠭᠠᠯᠲᠠ ᠪᠠ ᠬᠢᠨᠠᠯᠲᠠ ᠶᠢᠨ ᠬᠡᠪᠴᠢᠶᠡᠨ ᠳᠤ ᠲᠤᠳᠤᠷᠠᠭᠰᠠᠳ 2024 ᠤᠨ  ᠤ 3 ᠰᠠᠷ᠎ᠠ ᠶᠢᠨ 10 ᠠᠴᠠ ᠡᠮᠦᠨ᠎ᠡ ᠸᠢᠴᠠᠲ ᠤᠨ ᠴᠤᠭᠯᠠᠷᠠᠯ ᠳᠤ ᠤᠷᠤᠵᠤ᠂ ᠴᠤᠭᠯᠠᠷᠠᠯ ᠳᠠᠬᠢ ᠨᠡᠷ᠎ᠡ ᠪᠠᠨ ᠦᠨᠡᠨ ᠨᠡᠷ᠎ᠡ ᠪᠠᠷ ᠢᠶᠠᠨ ᠰᠤᠯᠢᠭᠠᠷᠠᠢ᠂  ᠪᠠᠷᠢᠮᠵᠢᠶ᠎ᠠ ᠨᠢ᠄  ᠬᠢᠴᠢᠶᠡᠯ ᠲᠦᠷᠦᠯ᠂ ᠵᠢᠩᠬᠢᠨᠢ ᠨᠡᠷ᠎ᠡ ᠵᠢᠱᠢᠶᠡᠯᠡᠪᠡᠯ᠄ ᠳᠤᠮᠳᠠᠳᠤ ᠰᠤᠷᠭᠠᠭᠤᠯᠢ ᠶᠢᠨ ᠬᠡᠯᠡ ᠪᠢᠴᠢᠭ     ᠵᠠᠩ ᠰᠠᠨ
                    ᠤᠯᠠᠭᠠᠨᠬᠠᠳᠠ ᠬᠤᠲᠠ ᠶᠢᠨ ᠬᠤᠩᠱᠠᠨ ᠲᠣᠭᠤᠷᠢᠭ ᠤᠨ ᠰᠤᠷᠭᠠᠨ ᠬᠦᠮᠦᠵᠢᠯ ᠤᠨ ᠲᠤᠪᠴᠢᠶ᠎ᠠ                                            2024 ᠤᠨ ᠤ 3 ᠰᠠᠷ᠎ᠠ ᠶᠢᠨ 3 ᠤ ᠡᠳᠦᠷᠳᠠᠭᠠᠯᠳᠤᠭᠤᠯᠤᠯ᠄ 2024 ᠤᠨ ᠤ ᠤᠯᠠᠭᠠᠨᠬᠠᠳᠠ ᠬᠤᠲᠠ ᠶᠢᠨ ᠬᠤᠩᠱᠠᠨ ᠲᠣᠭᠤᠷᠢᠭ ᠤᠨ ᠳᠡᠭᠡᠳᠦ ᠳᠡᠰ ᠤᠨ ᠴᠢᠳᠠᠪᠤᠷᠢᠲᠠᠨ ᠢ ᠤᠷᠢᠵᠤ ᠡᠯᠰᠡᠬᠦ ᠰᠢᠯᠭᠠᠯᠲᠠ ᠶᠢᠨ ᠨᠢᠭᠤᠷᠲᠠᠨ ᠰᠢᠯᠭᠠᠯᠲᠠ ᠶᠢᠨ ᠬᠢᠷᠢ ᠪᠦᠲᠦᠮᠵᠢ᠂ ᠪᠡᠶ᠎ᠡ ᠶᠢᠨ ᠪᠠᠶᠢᠴᠠᠭᠠᠯᠲᠠ ᠪᠠ ᠬᠢᠨᠠᠯᠲᠠ ᠶᠢᠨ ᠬᠡᠪᠴᠢᠶᠡᠨ ᠳᠤ ᠲᠤᠳᠤᠷᠠᠭᠰᠠᠳ ᠤᠨ ᠨᠡᠷᠡᠰ
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠤᠷᠳᠤᠨ ᠤ ᠬᠢᠲᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号