ᠬᠤᠩᠱᠠᠨ ᠲᠣᠭᠤᠷᠢᠭ ᠤᠨ ᠶᠠᠪᠠᠭᠠᠨ ᠵᠡᠭᠡᠯᠢ ᠶᠢᠨ ᠦᠭᠡᠷᠡᠴᠢᠯᠡᠨ ᠳᠡᠰ ᠳᠡᠪᠰᠢᠭᠦᠯᠬᠦ ᠲᠦᠷᠦᠯ ᠵᠦᠢᠯ ᠯᠠᠪᠳᠠᠭᠤᠨ ᠠᠬᠢᠪᠠ
ᠨᠡᠶᠢᠲᠡᠯᠡᠭᠰᠡᠨ ᠴᠠᠭ᠄
2022/4/29
        ᠤᠳᠤᠬᠠᠨ ᠳᠤ ᠴᠠᠬᠢᠯᠭᠠᠨ ᠱᠠᠲᠤ᠂ ᠡᠭᠴᠡ ᠱᠠᠲᠤ᠂ ᠡᠷᠭᠢᠯᠳᠦᠳᠡᠭ ᠮᠤᠳᠤᠨ ᠮᠤᠷᠢ᠂ ᠰᠢᠨ᠎ᠡ ᠪᠠᠷ ᠪᠠᠶᠢᠭᠤᠯᠤᠭᠰᠠᠨ ᠴᠠᠬᠢᠯᠭᠠᠨ ᠬᠠᠶᠢᠷᠴᠠᠭ ᠤᠨ ᠬᠤᠪᠢᠰᠬᠠᠭᠤᠷ 6 ᠶᠢ ᠨᠢᠭᠡᠨᠲᠡ ᠤᠭᠰᠠᠷᠠᠵᠤ ᠳᠠᠭᠤᠰᠬᠠᠪᠠ︔ ᠵᠠᠮ ᠤᠨ ᠰᠢᠨᠡᠳᠬᠡᠭᠰᠡᠨ ᠢᠨᠵᠧᠨᠧᠷᠢᠩ 21000 ᠲᠡᠭᠰᠢ ᠳᠦᠷᠪᠡᠯᠵᠢᠨ ᠮᠧᠲᠷ᠂ ᠬᠤᠲᠠ ᠶᠢᠨ ᠶᠠᠪᠤᠳᠠᠯ ᠤᠨ ᠭᠠᠵᠠᠷ ᠳᠤᠤᠷᠠᠬᠢ ᠬᠠᠮᠢᠶᠠᠷᠤᠯᠲᠠ ᠶᠢᠨ ᠲᠤᠤᠷᠵᠢᠯ ᠤᠨ 1101 ᠮᠧᠲᠷ ᠤᠷᠲᠤᠳᠬᠠᠬᠤ ᠢᠨᠵᠧᠨᠧᠷᠢᠩ᠂ ᠢᠯᠴᠢ ᠬᠠᠩᠭᠠᠬᠤ ᠱᠤᠭᠤᠮ ᠢ 180 ᠮᠧᠲᠷ ᠨᠡᠭᠦᠯᠭᠡᠨ ᠦᠭᠡᠷᠡᠴᠢᠯᠡᠵᠦ᠂ ᠠᠷᠠᠯᠵᠢᠶᠠᠨ ᠤ ᠬᠤᠩᠭᠢᠯ ᠬᠦᠭᠦᠷᠭᠡ 4089 ᠲᠡᠭᠰᠢ ᠳᠦᠷᠪᠡᠯᠵᠢᠨ ᠮᠧᠲᠷ ᠢ ᠠᠵᠢᠯ ᠳᠠᠭᠤᠰᠬᠠᠵᠤ᠂ ᠤᠳᠤ ᠶᠠᠭ ᠦᠵᠡᠮᠵᠢ ᠭᠤᠸᠠᠵᠢᠭᠤᠯᠬᠤ᠂ ᠲᠠᠪᠢᠰᠭᠡᠷ ᠨᠢᠭᠤᠷ ᠢ ᠦᠩᠭᠡᠯᠡᠬᠦ᠂ ᠬᠦᠭᠦᠷᠭᠡ ᠬᠤᠩᠭᠢᠯ ᠤᠨ ᠭᠤᠸᠠᠵᠢᠭᠤᠯᠤᠯᠲᠠ᠂ ᠳ᠋ᠧᠩ ᠢ ᠲᠤᠬᠢᠷᠠᠭᠤᠯᠬᠤ ᠵᠡᠷᠭᠡ ᠢᠨᠵᠧᠨᠧᠷᠢᠩ ᠢ ᠶᠠᠪᠤᠭᠳᠠᠭᠤᠯᠵᠤ ᠪᠤᠢ᠃ ᠬᠦᠭᠦᠷᠭᠡ ᠬᠤᠩᠭᠢᠯ ᠢ ᠬᠦᠩᠭᠡᠨᠴᠠᠭᠠᠨ ᠬᠠᠪᠲᠠᠰᠤ ᠪᠠᠷ ᠦᠩᠭᠡᠯᠡᠬᠦ᠂ ᠭᠠᠵᠠᠷ ᠲᠤ ᠴᠢᠯᠠᠭᠤᠨ ᠮᠠᠲ᠋ᠧᠷᠢᠶᠠᠯ ᠳᠡᠪᠢᠰᠬᠦ ᠵᠡᠷᠭᠡ ᠢᠨᠵᠧᠨᠧᠷᠢᠩ ᠤᠨ ᠮᠠᠲ᠋ᠧᠷᠢᠶᠠᠯ ᠨᠢ ᠬᠢᠵᠢᠭ ᠤᠨ ᠰᠢᠯᠲᠠᠭᠠᠨ ᠠᠴᠠ ᠪᠣᠯᠵᠤ ᠲᠡᠭᠡᠭᠡᠪᠦᠷᠢᠯᠡᠬᠦ ᠶᠢᠨ ᠠᠷᠭ᠎ᠠ ᠦᠭᠡᠢ ᠪᠠᠶᠢᠵᠤ᠂ ᠠᠵᠢᠯ ᠤᠨ ᠬᠤᠭᠤᠴᠠᠭ᠎ᠠ ᠶᠢ ᠰᠤᠨᠵᠢᠷᠠᠭᠤᠯᠵᠤ᠂ ᠠᠷᠠᠯᠵᠢᠶᠠᠨ ᠤ ᠶᠠᠪᠤᠳᠠᠯ ᠤᠨ ᠲᠤᠪᠴᠢᠶ᠎ᠠ ᠨᠢᠭᠡᠨᠲᠡ ᠲᠤᠰᠬᠠᠢ ᠰᠡᠳᠦᠪᠲᠦ ᠬᠤᠷᠠᠯ ᠬᠢᠵᠦ᠂ ᠪᠠᠷᠢᠯᠭ᠎ᠠ ᠶᠢᠨ ᠨᠢᠭᠡᠴᠡ ᠳᠤ ᠪᠠᠷᠢᠯᠭ᠎ᠠ  ᠶᠢᠨ ᠮᠠᠲ᠋ᠧᠷᠢᠶᠠᠯ ᠢ ᠵᠦᠭᠡᠭᠡᠪᠦᠷᠢᠯᠡᠬᠦ ᠠᠵᠢᠯ ᠢ ᠰᠠᠶᠢᠲᠤᠷ ᠬᠢᠵᠦ᠂ ᠠᠵᠢᠯ ᠤᠨ ᠬᠤᠭᠤᠴᠠᠭ᠎ᠠ ᠶᠢ ᠠᠮᠵᠢᠭᠤᠯᠤᠨ᠂ ᠠᠵᠢᠯ ᠤᠨ ᠬᠤᠭᠤᠴᠠᠭ᠎ᠠ ᠰᠤᠨᠵᠢᠷᠠᠬᠤ ᠰᠦᠷᠭᠦ ᠨᠦᠯᠦᠭᠡ ᠶᠢ ᠪᠠᠭᠠᠰᠬᠠᠬᠤ ᠬᠡᠷᠡᠭᠲᠡᠢ ᠭᠡᠵᠦ ᠱᠠᠭᠠᠷᠳᠠᠪᠠ᠃
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号