| ᠤᠯᠤᠰ ᠪᠠ ᠦᠪᠡᠷᠲᠡᠭᠡᠨ ᠵᠠᠰᠠᠬᠤ ᠣᠷᠤᠨ᠂ ᠤᠯᠠᠭᠠᠨᠬᠠᠳᠠ ᠬᠤᠲᠠ ᠶᠢᠨ ᠢᠯᠡ ᠪᠠᠷ ᠠᠵᠢᠯᠲᠠᠨ ᠡᠯᠰᠡᠬᠦ | ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠪᠠ ︽ᠤᠯᠠᠭᠠᠨᠬᠠᠳᠠ ᠬᠤᠲᠠ ᠶᠢᠨ 2021 ᠣᠨ ᠤ ᠠᠵᠢᠯ ᠦᠢᠯᠡᠰ ᠤᠨ | ᠨᠢᠭᠡᠴᠡ ᠶᠢᠨ ᠢᠯᠡ ᠪᠠᠷ ᠠᠵᠢᠯᠲᠠᠨ ᠤᠷᠢᠵᠤ ᠡᠯᠰᠡᠬᠦ ᠠᠵᠢᠯ ᠤᠨ ᠲᠥᠰᠦᠯ︾ ᠢ ᠦᠨᠳᠦᠰᠦᠯᠡᠨ᠂ ᠬᠤᠲᠠ ᠶᠢᠨ | ᠨᠠᠮ ᠤᠨ ᠬᠤᠷᠢᠶᠠᠨ ᠤ ᠣᠷᠤᠨ ᠲᠤᠭᠠᠨ ᠤ ᠠᠯᠪᠠᠨ ᠭᠡᠷ ᠤᠨ ᠪᠠᠭᠤᠯᠭᠠᠭᠰᠠᠨ ᠬᠠᠷᠠᠴᠢᠨ ᠬᠤᠰᠢᠭᠤᠨ ᠤ ᠠᠵᠢᠯ | ᠦᠢᠯᠡᠰ ᠤᠨ ᠨᠢᠭᠡᠴᠡ ᠶᠢᠨ ᠢᠯᠡ ᠪᠠᠷ ᠡᠯᠰᠡᠬᠦ ᠲᠥᠯᠦᠪᠯᠡᠭᠡ ᠶᠤᠰᠤᠭᠠᠷ᠂ 2021 ᠣᠨ ᠳᠤ ᠬᠠᠷᠠᠴᠢᠨ | ᠬᠤᠰᠢᠭᠤᠨ ᠤ ᠠᠵᠢᠯ ᠦᠢᠯᠡᠰ ᠤᠨ ᠨᠢᠭᠡᠴᠡ ᠶᠢᠨ ᠨᠡᠶᠢᠭᠡᠮ ᠠᠴᠠ ᠢᠯᠡ ᠪᠠᠷ ᠠᠵᠢᠯᠲᠠᠨ ᠤᠷᠢᠵᠤ ᠡᠯᠰᠡᠬᠦ ᠠᠵᠢᠯ ᠢ | ᠶᠠᠪᠤᠭᠳᠠᠭᠤᠯᠤᠨ᠎ᠠ᠃ | ᠨᠢᠭᠡ᠂ ᠡᠯᠰᠡᠬᠦ ᠲᠥᠯᠦᠪᠯᠡᠭᠡ | ᠬᠠᠷᠠᠴᠢᠨ ᠬᠤᠰᠢᠭᠤᠨ ᠤ ᠠᠵᠢᠯ ᠦᠢᠯᠡᠰ ᠤᠨ ᠨᠢᠭᠡᠴᠡ ᠢᠯᠡ ᠪᠠᠷ 25 ᠤᠷᠤᠨ ᠲᠤᠭ᠎ᠠ ᠪᠦᠬᠦᠢ | ᠠᠵᠢᠯᠲᠠᠨ ᠡᠯᠰᠡᠨ᠎ᠡ᠃ ᠨᠠᠷᠢᠨ ᠪᠠᠶᠢᠳᠠᠯ ᠢ ︽ᠬᠠᠷᠠᠴᠢᠨ ᠬᠤᠰᠢᠭᠤᠨ ᠤ 2021 ᠣᠨ ᠤ ᠠᠵᠢᠯ ᠦᠢᠯᠡᠰ ᠤᠨ | ᠨᠢᠭᠡᠴᠡ ᠶᠢᠨ ᠢᠯᠡ ᠪᠠᠷ ᠠᠵᠢᠯᠲᠠᠨ ᠤᠷᠢᠵᠤ ᠡᠯᠰᠡᠬᠦ ᠠᠵᠢᠯ ᠤᠨ ᠪᠠᠶᠢᠷᠢ ᠶᠢᠨ ᠬᠦᠰᠦᠨᠦᠭᠲᠦ︾ ᠠᠴᠠ ᠦᠵᠡᠭᠡᠷᠡᠢ᠃ | | ᠬᠤᠶᠠᠷ᠂ ᠡᠯᠰᠡᠭᠦᠯᠦᠭᠴᠢ ᠶᠢᠨ ᠦᠨᠳᠦᠰᠦᠨ ᠨᠦᠬᠦᠴᠡᠯ | ︵ᠨᠢᠭᠡ︶ ᠡᠯᠰᠡᠬᠦ ᠲᠥᠯᠦᠪᠯᠡᠭᠡ ᠳᠤ ᠬᠡᠰᠡᠭ ᠠᠵᠢᠯ ᠤᠨ ᠪᠠᠶᠢᠷᠢ ᠳᠤ ᠵᠤᠬᠢᠬᠤ ᠬᠠᠷᠢᠴᠠᠯ ᠢᠶᠠᠷ | ᠦᠢᠯᠡᠴᠢᠯᠡᠬᠦ ᠬᠤᠭᠤᠴᠠᠭ᠎ᠠ ᠨᠢ ᠳᠠᠭᠤᠰᠤᠭᠰᠠᠨ ᠮᠦᠷᠲᠡᠭᠡᠨ ᠬᠢᠨᠠᠨ ᠲᠤᠭᠲᠠᠭᠠᠯᠲᠠ ᠨᠢ ᠬᠢᠷᠢ ᠲᠡᠩᠴᠡᠭᠰᠡᠨ ᠲᠦᠷᠦᠯ | ᠵᠦᠢᠯ ᠤᠨ ᠤᠶᠤᠲᠠᠨ ᠢ ᠡᠯᠰᠡᠨ᠎ᠡ᠂ ᠪᠤᠰᠤᠳ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠤᠶᠤᠲᠠᠨ ᠤ ᠬᠤᠭᠤᠰᠤᠨ | ᠠᠵᠢᠯ ᠤᠨ ᠪᠠᠶᠢᠷᠢ ᠳᠤ ᠪᠦᠷ ᠰᠢᠨ᠎ᠡ ᠲᠡᠭᠦᠰᠴᠦ ᠪᠠᠶᠢᠬᠤ ᠤᠶᠤᠲᠠᠨ ᠪᠠ ᠠᠵᠢᠯ ᠰᠤᠩᠭᠤᠬᠤ ᠬᠤᠭᠤᠴᠠᠭᠠᠨ ᠤ | ᠠᠵᠢᠯ ᠤᠨ ᠪᠠᠶᠢᠷᠢᠨ ᠳᠤ ᠭᠠᠷᠤᠭ᠎ᠠ ᠦᠭᠡᠢ ᠶᠡᠭᠡ ᠳᠡᠭᠡᠳᠦ ᠰᠤᠷᠭᠠᠭᠤᠯᠢ ᠶᠢᠨ ᠤᠶᠤᠲᠠᠨ ᠢ ᠲᠤᠰᠬᠠᠢ ᠲᠦᠷᠦᠯ ᠢᠶᠠᠷ | ᠡᠯᠰᠡᠨ᠎ᠡ ︵ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠤᠶᠤᠲᠠᠨ ᠭᠡᠵᠦ ᠲᠣᠪᠴᠢᠯᠠᠨ᠎ᠠ︶᠃ ᠬᠡᠰᠡᠭ ᠠᠵᠢᠯ ᠤᠨ | ᠪᠠᠶᠢᠷᠢ ᠳᠤ ᠬᠠᠨᠳᠤᠯᠭᠠᠲᠠᠢ ᠪᠠᠷ ︽ᠮᠤᠩᠭᠤᠯ ᠬᠢᠲᠠᠳ ᠬᠤᠤᠰ ᠬᠡᠯᠡᠨ ᠳᠤ ᠨᠡᠪᠲᠡᠷᠬᠡᠢ ᠠᠵᠢᠯᠲᠠᠨ︾ ᠡᠯᠰᠡᠨ᠎ᠡ᠃ | 1.ᠳᠤᠤᠷᠠᠬᠢ ᠭᠤᠷᠪᠠᠨ ᠲᠦᠷᠦᠯ ᠤᠨ ᠬᠦᠮᠦᠰ ᠢ ᠬᠠᠮᠲᠤ ᠳᠤᠨᠢ ︽ᠲᠦᠷᠦᠯ ᠵᠦᠢᠯ ᠤᠨ ᠬᠦᠮᠦᠰ︾ ᠭᠡᠵᠦ | ᠨᠡᠷᠡᠯᠡᠨ᠎ᠡ᠄ | ⑴︽ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠦᠨᠳᠦᠰᠦᠨ ᠱᠠᠲᠤᠨ ᠳᠤ ᠦᠢᠯᠡᠴᠢᠯᠡᠬᠦ ᠲᠦᠷᠦᠯ | ᠵᠦᠢᠯ︾ ᠤᠨ ᠬᠦᠮᠦᠰ᠄ ᠦᠪᠡᠷᠲᠡᠭᠡᠨ ᠵᠠᠰᠠᠬᠤ ᠣᠷᠤᠨ ᠤ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ | ᠪᠠᠲᠤᠯᠠᠭ᠎ᠠ ᠶᠢᠨ ᠲᠢᠩᠬᠢᠮ ᠲᠤᠯᠤᠭᠠᠶᠢᠯᠠᠨ ᠵᠤᠬᠢᠶᠠᠨ ᠪᠠᠶᠢᠭᠤᠯᠤᠭᠰᠠᠨ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ | ᠤᠶᠤᠲᠠᠨ ᠤ ︽ᠭᠤᠷᠪᠠ ᠶᠢ ᠳᠡᠮᠵᠢᠵᠦ ᠨᠢᠭᠡ ᠶᠢ ᠳᠡᠳᠬᠦᠬᠦ︾ ᠲᠥᠯᠦᠪᠯᠡᠭᠡ᠂ ᠨᠡᠶᠢᠭᠡᠮ ᠲᠣᠭᠤᠷᠢᠭ ᠠᠷᠠᠳ ᠤᠨ | ᠠᠮᠢᠳᠤᠷᠠᠯ ᠤᠨ ᠠᠵᠢᠯ ᠤᠨ ᠰᠠᠶᠢᠨ ᠳᠤᠷᠠᠴᠤᠳ ᠤᠨ ᠦᠢᠯᠡᠴᠢᠯᠡᠭᠡᠨ ᠤ ᠲᠥᠯᠦᠪᠯᠡᠭᠡ᠂ ᠳᠤᠮᠳᠠ ᠪᠠᠭ᠎ᠠ ᠠᠵᠤ | ᠠᠬᠤᠶᠢᠯᠠᠯ ᠤᠨ ᠴᠢᠳᠠᠪᠤᠷᠢᠲᠠᠨ ᠤ ᠨᠦᠭᠡᠴᠡ ᠶᠢᠨ ᠲᠥᠯᠦᠪᠯᠡᠭᠡ ᠶᠢ ᠵᠢᠭᠠᠨ᠎ᠠ᠃ ᠦᠪᠡᠷᠲᠡᠭᠡᠨ ᠵᠠᠰᠠᠬᠤ ᠣᠷᠤᠨ ᠤ | ᠰᠤᠷᠭᠠᠨ ᠬᠦᠮᠦᠵᠢᠯ ᠤᠨ ᠲᠢᠩᠬᠢᠮ ᠲᠣᠯᠤᠭᠠᠶᠢᠯᠠᠨ ᠵᠤᠬᠢᠶᠠᠨ ᠪᠠᠶᠢᠭᠤᠯᠤᠭᠰᠠᠨ ᠬᠦᠳᠡᠭᠡ ᠲᠤᠰᠬᠤᠨ ᠮᠠᠯᠵᠢᠬᠤ | ᠣᠷᠤᠨ ᠤ ᠠᠯᠪᠠᠨ ᠵᠢᠷᠦᠮ ᠤᠨ ᠰᠤᠷᠭᠠᠨ ᠬᠦᠮᠦᠵᠢᠯ ᠤᠨ ᠱᠠᠲᠤᠨ ᠤ ᠰᠤᠷᠭᠠᠭᠤᠯᠢ ᠶᠢᠨ ᠪᠠᠭᠰᠢ ᠶᠢᠨ ᠤᠨᠴᠠ | ᠪᠠᠶᠢᠷᠢ ᠶᠢᠨ ᠲᠥᠯᠦᠪᠯᠡᠭᠡ᠃ ᠦᠪᠡᠷᠲᠡᠭᠡᠨ ᠵᠠᠰᠠᠬᠤ ᠣᠷᠤᠨ ᠤ ᠡᠪᠯᠡᠯ ᠤᠨ ᠬᠤᠷᠢᠶ᠎ᠠ ᠲᠤᠯᠤᠭᠠᠶᠢᠯᠠᠨ ᠵᠤᠬᠢᠶᠠᠨ | ᠪᠠᠶᠢᠭᠤᠯᠤᠭᠰᠠᠨ ᠶᠡᠭᠡ ᠳᠡᠭᠡᠳᠦ ᠰᠤᠷᠭᠠᠭᠤᠯᠢ ᠶᠢᠨ ᠰᠠᠶᠢᠨ ᠳᠤᠷᠠᠴᠤᠳ ᠤᠨ ᠪᠠᠷᠠᠭᠤᠨ ᠤᠷᠤᠨ ᠳᠤ ᠦᠢᠯᠡᠴᠢᠯᠡᠬᠦ | ᠲᠥᠯᠦᠪᠯᠡᠭᠡ ︵ᠦᠢᠯᠡᠴᠢᠯᠡᠬᠦ ᠬᠤᠭᠤᠴᠠᠭ᠎ᠠ ᠬᠤᠶᠠᠷ ᠵᠢᠯ ᠠᠴᠠ ᠳᠡᠭᠡᠭᠰᠢ︶᠃ | ⑵︽ᠦᠨᠳᠦᠰᠦᠨ ᠱᠠᠲᠤᠨ ᠤ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ ᠳᠤ | ᠦᠢᠯᠡᠴᠢᠯᠡᠬᠦ ᠬᠦᠮᠦᠰ︾᠄ ᠦᠪᠡᠷᠲᠡᠭᠡᠨ ᠵᠠᠰᠠᠬᠤ ᠣᠷᠤᠨ ᠤ ᠬᠦᠮᠦᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠤᠨ 2013 ᠣᠨ ᠳᠤ ᠲᠤᠯᠤᠭᠠᠶᠢᠯᠠᠨ ᠵᠣᠬᠢᠶᠠᠨ ᠪᠠᠶᠢᠭᠤᠯᠤᠭᠰᠠᠨ᠂ | ᠶᠠᠳᠠᠭᠤ ᠬᠦᠴᠢᠷᠳᠡᠯᠲᠡᠢ ᠭᠡᠷ ᠪᠦᠯᠢ ᠶᠢᠨ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠤᠶᠤᠲᠠᠨ ᠪᠠ ᠮᠤᠩᠭᠤᠯ ᠢᠶᠠᠷ | ᠬᠢᠴᠢᠶᠡᠯᠯᠡᠭᠰᠡᠨ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠤᠶᠤᠲᠠᠳ ᠢ ᠡᠯᠰᠡᠵᠦ᠂ ᠬᠤᠲᠠ ᠪᠠᠯᠭᠠᠰᠤ ᠨᠡᠶᠢᠭᠡᠮ | ᠲᠣᠭᠤᠷᠢᠭ᠂ ᠰᠤᠮᠤᠨ ︵ᠰᠢᠶᠠᠩ ᠪᠠᠯᠭᠠᠰᠤ︶ ᠳᠤ ᠬᠦᠷᠴᠦ᠂ ᠭᠤᠤᠯᠳᠠᠭᠤ ᠬᠦᠳᠡᠯᠮᠦᠷᠢ ᠦᠢᠯᠡᠴᠢᠯᠡᠭᠡ ᠠᠵᠢᠯ | ᠣᠯᠭᠤᠯᠲᠠ᠂ ᠨᠡᠶᠢᠭᠡᠮ ᠤᠨ ᠪᠠᠲᠤᠯᠠᠭ᠎ᠠ᠂ ᠬᠦᠳᠡᠯᠮᠦᠷᠢ ᠶᠢᠨ ᠬᠠᠷᠢᠴᠠᠭ᠎ᠠ ᠶᠢ ᠵᠣᠬᠢᠴᠠᠭᠤᠯᠬᠤ ᠵᠢᠴᠢ ᠨᠡᠶᠢᠭᠡᠮ | ᠲᠣᠭᠤᠷᠢᠭ ᠤᠨ ᠬᠠᠮᠢᠶᠠᠷᠤᠯᠲᠠ ᠪᠠ ᠦᠢᠯᠡᠴᠢᠯᠡᠭᠡ ᠵᠡᠷᠭᠡ ᠠᠵᠢᠯ ᠢ ᠬᠢᠨ᠎ᠡ᠂ ᠦᠢᠯᠡᠴᠢᠯᠡᠬᠦ ᠬᠤᠭᠤᠴᠠᠭ᠎ᠠ ᠨᠢ | 2014 ᠣᠨ ᠤ 3 ᠰᠠᠷ᠎ᠠ ᠠᠴᠠ 2017 ᠣᠨ ᠤ 2 ᠰᠠᠷ᠎ᠠ ᠬᠦᠷᠲᠡᠯ᠎ᠡ᠂ ᠦᠢᠯᠡᠴᠢᠯᠡᠬᠦ ᠬᠤᠭᠤᠴᠠᠭ᠎ᠠ ᠨᠢ ᠲᠤᠯᠵᠤ | ︽ᠶᠠᠳᠠᠭᠤ ᠬᠦᠴᠢᠷᠳᠡᠯᠲᠡᠢ ᠭᠡᠷ ᠪᠦᠯᠢ ᠪᠠ ᠮᠤᠩᠭᠤᠯ ᠢᠶᠠᠷ ᠬᠢᠴᠢᠶᠡᠯᠯᠡᠭᠰᠡᠨ ᠶᠡᠭᠡ ᠳᠡᠭᠡᠳᠦ ᠰᠤᠷᠭᠠᠭᠤᠯᠢ | ᠲᠡᠭᠦᠰᠦᠭᠰᠡᠨ ᠤᠶᠤᠲᠠᠨ ᠤ ᠦᠨᠳᠦᠰᠦᠨ ᠱᠠᠲᠤᠨ ᠤ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ | ᠪᠠᠶᠢᠷᠢ ᠳᠤ ᠦᠢᠯᠡᠴᠢᠯᠡᠭᠰᠡᠨ ᠦᠨᠡᠮᠯᠡᠯ︾ ᠤᠯᠤᠭᠰᠠᠳ ᠢ ᠵᠢᠭᠠᠨ᠎ᠠ᠃ | ⑶︽ᠴᠡᠷᠢᠭ ᠠᠴᠠ ᠬᠠᠯᠠᠭᠳᠠᠭᠰᠠᠨ ᠤᠶᠤᠲᠠᠨ ᠴᠡᠷᠢᠭ︾᠄ ᠤᠯᠤᠰ ᠤᠨ ᠬᠠᠮᠢᠶ᠎ᠠ ᠪᠦᠬᠦᠢ ᠲᠣᠭᠲᠠᠭᠠᠯ | ᠶᠤᠰᠤᠭᠠᠷ ᠭᠠᠵᠠᠷ ᠣᠷᠤᠨ ᠤ ᠪᠦᠬᠦᠯᠢ ᠡᠳᠦᠷ ᠤᠨ ᠲᠦᠷᠢᠮᠲᠦ ᠡᠩ ᠤᠨ ᠶᠡᠭᠡ ᠳᠡᠭᠡᠳᠦ ᠰᠤᠷᠭᠠᠭᠤᠯᠢ ᠶᠢᠨ ᠲᠤᠰᠬᠠᠢ | ᠮᠡᠷᠭᠡᠵᠢᠯ ᠵᠢᠴᠢ ᠲᠡᠭᠦᠨ ᠠᠴᠠ ᠳᠡᠭᠡᠭᠰᠢᠬᠢ ᠰᠤᠷᠤᠯᠭ᠎ᠠ ᠶᠢᠨ ᠨᠠᠮᠲᠠᠷ ᠲᠠᠢ ᠮᠦᠷᠲᠡᠭᠡᠨ ᠨᠡᠷ᠎ᠡ ᠮᠡᠳᠡᠭᠦᠯᠬᠦ ᠡᠳᠦᠷ ᠠᠴᠠ | ᠡᠮᠦᠨ᠎ᠡ ᠴᠡᠷᠢᠭ ᠠᠴᠠ ᠬᠠᠯᠠᠭᠳᠠᠭᠰᠠᠳ ᠢ ᠵᠢᠭᠠᠨ᠎ᠠ᠃ | 2. ︽ᠠᠵᠢᠯ ᠰᠤᠩᠭᠤᠬᠤ ᠬᠤᠭᠤᠴᠠᠭᠠᠨ ᠤ ᠠᠵᠢᠯ ᠤᠨ ᠪᠠᠶᠢᠷᠢᠨ ᠳᠤ ᠭᠠᠷᠤᠭ᠎ᠠ ᠦᠭᠡᠢ ᠶᠡᠭᠡ ᠳᠡᠭᠡᠳᠦ | ᠰᠤᠷᠭᠠᠭᠤᠯᠢ ᠲᠡᠭᠦᠰᠦᠭᠰᠡᠨ ᠤᠶᠤᠲᠠᠨ︾ ᠭᠡᠵᠦ ᠤᠯᠤᠰ ᠤᠨ ᠨᠢᠭᠡᠲᠦᠯᠲᠡᠢ ᠡᠯᠰᠡᠭᠰᠡᠨ ᠡᠩ ᠤᠨ ᠶᠡᠭᠡ ᠳᠡᠭᠡᠳᠦ | ᠰᠤᠷᠭᠠᠭᠤᠯᠢ ᠲᠡᠭᠦᠰᠦᠭᠰᠡᠨ ᠤᠶᠤᠲᠠᠨ ᠲᠡᠭᠦᠰᠬᠦ ᠦᠶᠡᠰ ᠤᠯᠤᠰ ᠤᠨ ᠲᠤᠭᠲᠠᠭᠠᠭᠰᠠᠨ ᠠᠵᠢᠯ ᠰᠤᠩᠭᠤᠬᠤ | ᠬᠤᠭᠤᠴᠠᠭᠠᠨ ︵ᠠᠵᠢᠯ ᠰᠤᠩᠭᠤᠬᠤ ᠬᠤᠭᠤᠴᠠᠭ᠎ᠠ 2 ᠵᠢᠯ᠂ 2019᠂ 2020 ᠤᠨ ᠳᠤ ᠲᠡᠭᠦᠰᠦᠭᠰᠡᠨ | ᠤᠶᠤᠲᠠᠨ︶ ᠳᠤ ᠠᠵᠢᠯ ᠤᠨ ᠪᠠᠶᠢᠷᠢᠨ ᠳᠤ ᠭᠠᠷᠤᠭ᠎ᠠ ᠦᠭᠡᠢ᠂ ᠲᠤᠰ ᠠᠯᠪᠠᠨ ᠨᠡᠶᠢᠲᠡᠯᠡᠯ ᠢ ᠨᠡᠶᠢᠲᠡᠯᠡᠭᠰᠡᠨ | ᠡᠳᠦᠷ ᠠᠴᠠ ᠡᠮᠦᠨ᠎ᠡ ᠬᠤᠪᠢ ᠬᠦᠮᠦᠨ ᠤ ᠨᠠᠮᠲᠠᠷ ᠨᠢ ᠮᠦᠨ ᠤᠤᠯ ᠤᠨ ᠲᠡᠭᠦᠰᠦᠭᠰᠡᠨ ᠰᠤᠷᠭᠠᠭᠤᠯᠢ ᠳᠤ ᠪᠠᠨ | ᠪᠠᠶᠢᠭ᠎ᠠ ᠪᠤᠶᠤ ᠡᠯ᠎ᠡ ᠱᠠᠲᠤᠨ ᠤ ᠲᠡᠭᠦᠰᠦᠭᠰᠡᠨ ᠤᠶᠤᠲᠠᠨ ᠤ ᠠᠵᠢᠯ ᠣᠯᠭᠤᠯᠲᠠ ᠶᠢ ᠭᠤᠤᠯᠯᠠᠨ ᠬᠠᠮᠢᠶᠠᠷᠬᠤ | ᠰᠠᠯᠠᠭ᠎ᠠ ᠮᠦᠴᠢᠷ ︵ᠤᠶᠤᠲᠠᠳ ᠤᠨ ᠠᠵᠢᠯ ᠤᠯᠭᠤᠯᠲᠠ ᠶᠢᠨ ᠵᠢᠯᠤᠭᠤᠳᠤᠯᠭ᠎ᠠ ᠦᠢᠯᠡᠴᠢᠯᠡᠭᠡᠨ ᠤ ᠲᠦᠪ︶᠂ ᠡᠯ᠎ᠡ | ᠱᠠᠲᠤᠨ ᠤ ᠴᠢᠳᠠᠪᠤᠷᠢᠲᠠᠨ ᠤ ᠰᠤᠯᠢᠯᠴᠠᠭᠠᠨ ᠤ ᠦᠢᠯᠡᠴᠢᠯᠡᠭᠡᠨ ᠤ ᠪᠠᠶᠢᠭᠤᠯᠤᠮᠵᠢ ᠪᠠ ᠡᠯ᠎ᠡ ᠱᠠᠲᠤᠨ ᠤ ᠤᠯᠠᠨ | ᠨᠡᠶᠢᠲᠡ ᠶᠢᠨ ᠠᠵᠢᠯ ᠣᠯᠭᠤᠯᠲᠠ ᠶᠢᠨ ᠦᠢᠯᠡᠴᠢᠯᠡᠭᠡᠨ ᠤ ᠪᠠᠶᠢᠭᠤᠯᠤᠮᠵᠢ ᠳᠤ ᠪᠠᠶᠢᠭ᠎ᠠ ᠲᠡᠭᠦᠰᠦᠭᠰᠡᠨ ᠤᠶᠤᠲᠠᠨ ᠢ | ᠵᠢᠭᠠᠨ᠎ᠠ᠃ | 3. ︽ᠮᠤᠩᠭᠤᠯ ᠬᠢᠲᠠᠳ ᠬᠤᠤᠰ ᠬᠡᠯᠡᠨ ᠳᠤ ᠨᠡᠪᠲᠡᠷᠬᠡᠢ ᠠᠵᠢᠯᠲᠠᠨ︾᠄ ᠮᠤᠩᠭᠤᠯ ᠦᠭᠡ ᠬᠡᠯᠡ | ᠦᠰᠦᠭ ᠪᠢᠴᠢᠭ ᠪᠠ ᠬᠢᠲᠠᠳ ᠦᠭᠡ ᠬᠡᠯᠡ ᠦᠰᠦᠭ ᠪᠢᠴᠢᠭ ᠢ ᠪᠤᠯᠪᠠᠰᠤᠷᠠᠩᠭᠤᠢ ᠶᠠᠷᠢᠵᠦ ᠪᠢᠴᠢᠵᠦ ᠢᠯᠡᠳᠬᠡᠵᠦ | ᠴᠢᠳᠠᠬᠤ ᠠᠵᠢᠯᠲᠠᠨ ᠢ ᠵᠢᠭᠠᠨ᠎ᠠ᠃ | ︵ᠬᠤᠶᠠᠷ︶ ᠦᠨᠳᠦᠰᠦᠨ ᠨᠦᠬᠦᠴᠡᠯ | 1.ᠪᠥᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠤᠰ ᠤᠨ ᠬᠠᠷᠢᠶ᠎ᠠ ᠲᠠᠢ ᠪᠠᠶᠢᠬᠤ ᠬᠡᠷᠡᠭᠲᠡᠢ᠃ | | 2.ᠪᠥᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠨ ᠬᠠᠤᠯᠢ ᠪᠠ ᠬᠠᠤᠯᠢ | ᠴᠠᠭᠠᠵᠠ ᠶᠢ ᠵᠢᠷᠤᠮᠯᠠᠬᠤ ᠬᠡᠷᠡᠭᠲᠡᠢ᠃ | 3.ᠰᠢᠯᠢᠳᠡᠭ ᠰᠠᠶᠢᠨ ᠬᠦᠮᠦᠨ ᠮᠦᠰᠦ ᠬᠡᠪ ᠪᠤᠯᠪᠠᠰᠤᠷᠠᠯ ᠲᠠᠢ ᠪᠠᠶᠢᠬᠤ ᠬᠡᠷᠡᠭᠲᠡᠢ᠃ | 4.ᠡᠯᠰᠡᠬᠦ ᠠᠵᠢᠯ ᠤᠨ ᠪᠠᠶᠢᠷᠢ ᠶᠢᠨ ᠨᠦᠬᠦᠴᠡᠯ ᠢ ᠬᠠᠩᠭᠠᠭᠰᠠᠨ ᠰᠤᠷᠤᠯᠭ᠎ᠠ ᠶᠢᠨ ᠨᠠᠮᠲᠠᠷ᠂ ᠡᠷᠳᠡᠮ ᠤᠨ | ᠴᠣᠯᠠ ᠲᠠᠢ ᠪᠠᠶᠢᠬᠤ ᠬᠡᠷᠡᠭᠲᠡᠢ᠄ ᠬᠤᠶᠠᠳᠤᠭᠠᠷ ᠡᠷᠳᠡᠮ ᠤᠨ ᠴᠣᠯᠠ ᠪᠠᠷ ᠨᠡᠷ᠎ᠡ ᠮᠡᠳᠡᠭᠦᠯᠵᠦ ᠪᠣᠯᠤᠨ᠎ᠠ᠃ | ᠠᠰᠫᠢᠷᠠᠨᠲ ᠤᠨ ᠰᠤᠷᠤᠯᠭ᠎ᠠ ᠶᠢᠨ ᠨᠠᠮᠲᠠᠷ ᠲᠠᠢ ᠡᠯᠰᠡᠭᠦᠯᠦᠭᠴᠢ᠂ ᠰᠤᠷᠭᠠᠨ ᠬᠦᠮᠦᠵᠢᠯ ᠤᠨ ᠶᠠᠮᠤᠨ ᠤ | ᠠᠯᠪᠠᠨ ᠲᠢᠩᠬᠢᠮ ᠵᠡᠷᠭᠡ ᠲᠠᠪᠤᠨ ᠰᠠᠯᠠᠭ᠎ᠠ ᠮᠦᠴᠢᠷ ᠤᠨ ︽ᠪᠦᠬᠦᠯᠢ ᠡᠳᠦᠷ ᠤᠨ ᠲᠦᠷᠢᠮᠲᠦ ᠪᠤᠰᠤ ᠠᠰᠫᠢᠷᠠᠨᠲ ᠤᠨ | ᠠᠵᠢᠯ ᠣᠯᠭᠤᠯᠲᠠ ᠶᠢᠨ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠬᠦ ᠲᠤᠬᠠᠢ ᠮᠡᠳᠡᠭᠳᠡᠯ︾ ︵ᠰᠤᠷᠭᠠᠨ | ᠰᠤᠳᠤᠯᠬᠤ ᠲᠢᠩᠬᠢᠮ ᠠᠯᠪᠠᠨ ᠵᠠᠬᠢᠲᠠᠯ ﹇2019﹈ 1 ᠳ᠋ᠦ᠋ᠭᠡᠷ ᠲᠣᠭᠠᠲᠤ︶ ᠤᠨ ᠵᠣᠷᠢᠭ ᠰᠠᠨᠠᠭ᠎ᠠ ᠶᠢ | ᠲᠤᠭᠤᠰᠢᠯᠠᠭᠤᠯᠵᠤ᠂ 2017 ᠣᠨ ᠳᠤ ᠰᠤᠷᠭᠠᠭᠤᠯᠢ ᠳᠤ ᠤᠷᠤᠵᠤ ᠤᠯᠤᠰ ᠤᠨ ᠨᠢᠭᠡᠲᠦᠯᠲᠡᠢ ᠠᠰᠫᠢᠷᠠᠨᠲ ᠡᠯᠰᠡᠬᠦ | ᠲᠥᠯᠦᠪᠯᠡᠭᠡ ᠪᠠᠷ ᠨᠢᠭᠡᠨᠲᠡ ᠰᠤᠷᠤᠯᠭ᠎ᠠ ᠲᠡᠭᠦᠰᠦᠭᠰᠡᠨ ᠪᠦᠬᠦᠯᠢ ᠡᠳᠦᠷ ᠤᠨ ᠳᠦᠷᠢᠮᠲᠦ ᠪᠤᠰᠤ ᠠᠰᠫᠢᠷᠠᠨᠲ ᠨᠢ | ᠪᠦᠬᠦᠯᠢ ᠡᠳᠦᠷ ᠤᠨ ᠲᠦᠷᠢᠮᠲᠦ ᠠᠰᠫᠢᠷᠠᠨᠲ ᠲᠠᠢ ᠠᠳᠠᠯᠢ ᠬᠠᠷᠠᠭᠠᠯᠵᠠᠯ ᠲᠠᠢ ᠃ | ᠤᠯᠤᠰ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠶᠠᠮᠤᠨ ᠤ ︽ | ᠮᠡᠷᠭᠡᠵᠢᠯ ᠤᠨ ᠠᠵᠢᠯᠲᠠᠨ ᠤ ᠰᠤᠷᠭᠠᠨ ᠬᠦᠮᠦᠵᠢᠯ ᠤᠨ ︿ᠠᠷᠪᠠᠨ ᠭᠤᠷᠪᠠᠳᠤᠭᠠᠷ ᠲᠠᠪᠤᠨ ᠵᠢᠯ﹀ ᠤᠨ | ᠲᠥᠯᠦᠪᠵᠢᠭᠦᠯᠭᠡ ᠶᠢ ᠬᠡᠪᠯᠡᠨ ᠲᠠᠷᠬᠠᠭᠠᠬᠤ ᠲᠤᠬᠠᠢ ᠮᠡᠳᠡᠭᠳᠡᠯ︾ ︵ᠬᠦᠮᠦᠨ ᠨᠡᠶᠢᠭᠡᠮ ᠶᠠᠮᠤᠨ ﹇2016﹈ 121 | ᠳ᠋ᠦ᠋ᠭᠡᠷ ᠲᠤᠭᠠᠲᠤ︶ ᠤᠨ ᠱᠠᠭᠠᠷᠳᠠᠯᠭ᠎ᠠ ᠶᠢ ᠦᠨᠳᠦᠰᠦᠯᠡᠨ᠂ ᠦᠪᠡᠷᠲᠡᠭᠡᠨ ᠵᠠᠰᠠᠬᠤ ᠣᠷᠤᠨ ᠤ ᠲᠤᠲᠤᠷᠠᠬᠢ ᠠᠵᠢᠯ | ᠮᠡᠷᠭᠡᠵᠢᠯ ᠤᠨ ᠰᠤᠷᠭᠠᠭᠤᠯᠢ ᠶᠢᠨ ᠦᠨᠳᠦᠷ ᠳᠡᠰ ᠤᠨ ᠮᠡᠷᠭᠡᠵᠢᠯᠲᠡᠨ ᠤ ᠠᠩᠭᠢ᠂ ᠪᠡᠯᠡᠳᠬᠡᠯ ᠮᠡᠷᠭᠡᠵᠢᠯᠲᠠᠨ ︵ | ᠮᠡᠷᠭᠡᠵᠢᠯᠲᠡᠨ︶ ᠤ ᠠᠩᠭᠢ ᠲᠡᠭᠦᠰᠦᠭᠰᠡᠳ᠂ ᠲᠤᠰᠪᠤᠷᠢ ᠡᠩ ᠤᠨ ᠶᠡᠭᠡ ᠳᠡᠭᠡᠳᠦ ᠰᠤᠷᠭᠠᠭᠤᠯᠢ ᠶᠢᠨ ᠪᠦᠬᠦᠯᠢ | ᠡᠳᠦᠷ ᠤᠨ ᠲᠦᠷᠢᠮᠲᠦ ᠳᠡᠭᠡᠳᠦ ᠵᠡᠷᠭᠡ ᠶᠢᠨ ᠲᠤᠰᠬᠠᠢ ᠮᠡᠷᠭᠡᠵᠢᠯ᠂ ᠵᠢᠩᠬᠢᠨᠢ ᠠᠩᠭᠢ ᠶᠢᠨ ᠰᠤᠷᠤᠯᠭ᠎ᠠ ᠶᠢᠨ ᠨᠠᠮᠲᠡᠷ | ᠲᠠᠢ ᠬᠠᠷᠢᠴᠠᠭᠤᠯᠤᠨ᠂ ᠨᠦᠬᠦᠴᠡᠯ ᠳᠤ ᠨᠡᠶᠢᠴᠡᠭᠰᠡᠨ ᠠᠵᠢᠯ ᠤᠨ ᠪᠠᠶᠢᠷᠢ ᠳᠤ ᠮᠡᠳᠡᠭᠦᠯᠵᠦ ᠪᠤᠯᠤᠨ᠎ᠠ᠃ | 5.ᠨᠠᠰᠤ ᠵᠢᠯ ᠤᠨ ᠬᠢᠵᠠᠭᠠᠷᠯᠠᠯ ᠨᠢ 18 ᠪᠦᠬᠦᠯᠢ ᠨᠠᠰᠤᠨ ᠠᠴᠠ 35 ᠪᠦᠬᠦᠯᠢ ᠨᠠᠰᠤᠨ ᠤ ᠬᠤᠭᠤᠷᠤᠨᠳᠤ | ︵1985 ᠤᠨ ᠤ 7 ᠰᠠᠷ᠎ᠠ ᠶᠢᠨ 5 ᠤ ᠡᠳᠦᠷ ᠠᠴᠠ 2003 ᠤᠨ ᠤ 7 ᠰᠠᠷ᠎ᠠ ᠶᠢᠨ 5 ᠤ ᠡᠳᠦᠷ ᠤᠨ | ᠬᠤᠭᠤᠷᠤᠨᠳᠤ ᠲᠦᠷᠦᠭᠰᠡᠨ︶ ᠪᠠᠶᠢᠬᠤ ᠬᠡᠷᠡᠭᠲᠡᠢ᠃ | 6.ᠬᠡᠪ ᠤᠨ ᠶᠤᠰᠤᠭᠠᠷ ᠡᠭᠦᠷᠭᠡ ᠲᠤᠰᠢᠶᠠᠯ ᠢᠶᠠᠨ ᠪᠡᠶᠡᠯᠡᠭᠦᠯᠬᠦ ᠪᠡᠶ᠎ᠡ ᠮᠠᠬᠠᠪᠤᠳ ᠤᠨ ᠨᠦᠬᠦᠴᠡᠯ ᠲᠠᠢ | ᠪᠠᠶᠢᠬᠤ ᠬᠡᠷᠡᠭᠲᠡᠢ᠃ | 7.ᠮᠡᠳᠡᠭᠦᠯᠬᠦ ᠭᠡᠵᠦ ᠪᠠᠶᠢᠭ᠎ᠠ ᠠᠵᠢᠯ ᠤᠨ ᠪᠠᠶᠢᠷᠢ ᠶᠢᠨ ᠱᠠᠭᠠᠷᠳᠠᠯᠭ᠎ᠠ ᠳᠤ ᠨᠡᠶᠢᠴᠡᠭᠰᠡᠨ ᠠᠵᠢᠯ ᠤᠨ | ᠴᠢᠳᠠᠪᠤᠷᠢ ᠲᠠᠢ ᠪᠠᠶᠢᠬᠤ ᠬᠡᠷᠡᠭᠲᠡᠢ᠃ | 8.ᠮᠡᠳᠡᠭᠦᠯᠬᠦ ᠭᠡᠵᠦ ᠪᠠᠶᠢᠭ᠎ᠠ ᠠᠵᠢᠯ ᠤᠨ ᠪᠠᠶᠢᠷᠢ ᠶᠢᠨ ᠱᠠᠭᠠᠷᠳᠠᠭᠰᠠᠨ ᠪᠤᠰᠤᠳ ᠬᠢᠷᠢ ᠬᠡᠮ᠂ ᠨᠦᠬᠦᠴᠡᠯ ᠢ | ᠪᠦᠷᠢᠯᠳᠦᠭᠦᠯᠦᠭᠰᠡᠨ ᠪᠠᠶᠢᠬᠤ ᠬᠡᠷᠡᠭᠲᠡᠢ᠃ | 9.2021 ᠣᠨ ᠳᠤ ᠰᠢᠨ᠎ᠡ ᠲᠡᠭᠦᠰᠬᠦ ᠤᠶᠤᠲᠠᠨ ᠤ ᠰᠤᠷᠤᠯᠭ᠎ᠠ ᠶᠢᠨ ᠨᠠᠮᠲᠠᠷ᠂ ᠡᠷᠳᠡᠮ ᠤᠨ ᠴᠣᠯᠠ | ᠬᠦᠷᠲᠡᠬᠦ ᠴᠠᠭ ᠢ 2021 ᠣᠨ ᠤ ᠵᠢᠯ ᠤᠨ ᠡᠴᠦᠰ ᠢᠶᠠᠷ ᠬᠢᠵᠠᠭᠠᠷᠯᠠᠨ᠎ᠠ᠂ ᠲᠦᠷᠦᠯ ᠵᠦᠢᠯ ᠤᠨ ᠬᠦᠮᠦᠰ ᠤᠨ | ᠦᠢᠯᠡᠴᠢᠯᠡᠬᠦ ᠬᠤᠭᠤᠴᠠᠭ᠎ᠠ ᠲᠤᠯᠬᠤ ᠴᠠᠭ ᠢ 2021 ᠣᠨ ᠤ 8 ᠰᠠᠷ᠎ᠠ ᠶᠢᠨ ᠰᠡᠭᠦᠯᠴᠢ ᠪᠠᠷ ᠬᠢᠵᠠᠭᠠᠷᠯᠠᠨ᠎ᠠ᠃ | ᠡᠷᠦᠬᠡ ᠠᠮᠠ ᠤᠯᠤᠭᠰᠠᠨ ᠴᠠᠭ ᠠᠴᠠ ᠪᠤᠰᠤᠳ ᠬᠢᠷᠢ ᠬᠡᠮ ᠤᠯᠤᠭᠰᠠᠨ ᠴᠠᠭ ᠢ ᠪᠦᠷ ᠢᠯᠡ ᠪᠠᠷ ᠠᠵᠢᠯᠲᠠᠨ ᠡᠯᠰᠡᠬᠦ | ᠠᠵᠢᠯ ᠤᠨ ᠨᠡᠷ᠎ᠡ ᠮᠡᠳᠡᠭᠦᠯᠬᠦ ᠡᠳᠦᠷ ᠠᠴᠠ ᠡᠮᠦᠨ᠎ᠡ ᠪᠠᠶᠢᠬᠤ ᠶᠢ ᠱᠠᠭᠠᠷᠳᠠᠨ᠎ᠠ᠃ | ︵ᠭᠤᠷᠪᠠ︶ ᠡᠷᠦᠬᠡ ᠠᠮᠠ ᠶᠢᠨ ᠨᠦᠬᠦᠴᠡᠯ | ᠡᠯᠰᠡᠭᠦᠯᠦᠭᠴᠢ ᠡᠷᠬᠡᠪᠰᠢ ᠤᠯᠠᠭᠠᠨᠬᠠᠳᠠ ᠬᠤᠲᠠ ᠶᠢᠨ ᠡᠷᠦᠬᠡ ᠠᠮᠠ ᠲᠠᠢ ᠪᠤᠶᠤ ᠡᠰᠡᠬᠦᠯ᠎ᠡ | ᠰᠤᠷᠭᠠᠭᠤᠯᠢ ᠳᠤ ᠣᠷᠤᠬᠤ ᠠᠴᠠ ᠡᠮᠦᠨ᠎ᠡ ᠤᠯᠠᠭᠠᠨᠬᠠᠳᠠ ᠬᠤᠲᠠ ᠶᠢᠨ ᠡᠷᠦᠬᠡ ᠠᠮᠠ ᠲᠠᠢ᠂ ᠡᠷᠦᠬᠡ ᠠᠮᠠ | ᠤᠯᠤᠭᠰᠠᠨ ᠴᠠᠭ ᠨᠢ ᠡᠷᠬᠡᠪᠰᠢ ᠲᠤᠰ ᠲᠤᠪᠴᠢ ᠳᠦᠷᠢᠮ ᠢ ᠨᠡᠶᠢᠲᠡᠯᠡᠭᠰᠡᠨ ᠡᠳᠦᠷ ︵2021 ᠣᠨ ᠤ 6 | ᠰᠠᠷ᠎ᠠ ᠶᠢᠨ 25 ᠤ ᠡᠳᠦᠷ︶ ᠠᠴᠠ ᠡᠮᠦᠨ᠎ᠡ ᠪᠠᠶᠢᠬᠤ ᠬᠡᠷᠡᠭᠲᠡᠢ᠃ ᠤᠯᠠᠭᠠᠨᠬᠠᠳᠠ ᠬᠤᠲᠠ ᠳᠤ ᠦᠢᠯᠡᠴᠢᠯᠡᠭᠰᠡᠨ | ᠬᠤᠭᠤᠴᠠᠭ᠎ᠠ ᠨᠢ ᠲᠤᠯᠤᠭᠰᠠᠨ ᠮᠦᠷᠲᠡᠭᠡᠨ ᠬᠢᠨᠠᠨ ᠲᠤᠭᠲᠠᠭᠠᠯᠲᠠ ᠨᠢ ᠬᠢᠷᠢ ᠲᠡᠩᠴᠡᠭᠰᠡᠨ ᠶᠡᠭᠡ ᠳᠡᠭᠡᠳᠦ | ᠰᠤᠷᠭᠠᠭᠤᠯᠢ ᠲᠡᠭᠦᠰᠦᠭᠰᠡᠨ ᠦᠨᠳᠦᠰᠦᠨ ᠱᠠᠲᠤᠨ ᠳᠤ ᠦᠢᠯᠡᠴᠢᠯᠡᠭᠰᠡᠨ ᠲᠦᠷᠦᠯ ᠵᠦᠢᠯ ᠤᠨ ᠤᠶᠤᠲᠠᠨ᠂ | ᠦᠨᠳᠦᠰᠦᠨ ᠱᠠᠲᠤᠨ ᠤ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ ᠳᠤ ᠦᠢᠯᠡᠴᠢᠯᠡᠭᠰᠡᠨ ᠬᠦᠮᠦᠰ | ᠪᠠ ᠴᠡᠷᠢᠭ ᠠᠴᠠ ᠬᠠᠯᠠᠭᠳᠠᠭᠰᠠᠨ ᠤᠶᠤᠲᠠᠨ ᠴᠡᠷᠢᠭ ︽ᠲᠦᠷᠦᠯ ᠵᠦᠢᠯ ᠤᠨ ᠬᠦᠮᠦᠰ︾ ᠤᠨ ᠠᠵᠢᠯ ᠤᠨ | ᠪᠠᠶᠢᠷᠢ ᠳᠤ ᠮᠡᠳᠡᠭᠦᠯᠬᠦ ᠳᠤ ᠡᠷᠦᠬᠡ ᠠᠮᠠ ᠶᠢᠨ ᠬᠢᠵᠠᠭᠠᠷᠯᠠᠯ ᠢ ᠬᠦᠷᠲᠡᠬᠦ ᠦᠭᠡᠢ᠃ | ︵ᠳᠦᠷᠪᠡ︶ ᠳᠤᠤᠷᠠᠬᠢ ᠬᠦᠮᠦᠰ ᠨᠡᠷ᠎ᠡ ᠮᠡᠳᠡᠭᠦᠯᠦᠨ ᠰᠢᠯᠭᠠᠵᠤ ᠪᠣᠯᠬᠤ ᠦᠭᠡᠢ᠄ | 1. ᠴᠡᠷᠢᠭ ᠤᠨ ᠠᠯᠪᠠᠨ ᠳᠤ ᠪᠠᠶᠢᠭ᠎ᠠ ᠬᠦᠮᠦᠰ᠃ | 2.ᠪᠦᠬᠦᠯᠢ ᠡᠳᠦᠷ ᠤᠨ ᠳᠦᠷᠢᠮᠲᠦ ᠰᠤᠷᠭᠠᠭᠤᠯᠢ ᠳᠤ ᠪᠠᠶᠢᠭ᠎ᠠ ᠤᠶᠤᠲᠠᠨ ︵2021 ᠤᠨ ᠤ ᠵᠢᠯ ᠤᠨ | ᠡᠴᠦᠰ ᠠᠴᠠ ᠡᠮᠦᠨ᠎ᠡ ᠲᠡᠭᠦᠰᠬᠦ ᠡᠩ ᠤᠨ ᠶᠡᠭᠡ ᠳᠡᠭᠡᠳᠦ ᠰᠤᠷᠭᠠᠭᠤᠯᠢ ᠶᠢᠨ ᠤᠶᠤᠲᠠᠨ ᠢ ᠪᠠᠭᠲᠠᠭᠠᠬᠤ ᠦᠭᠡᠢ︶᠃ | | 3.ᠲᠤᠰ ᠤᠷᠢᠵᠤ ᠡᠯᠰᠡᠬᠦ ᠠᠯᠪᠠᠨ ᠵᠠᠷᠯᠠᠯ ᠢ ᠨᠡᠶᠢᠲᠡᠯᠡᠬᠦ ᠠᠴᠠ ᠡᠮᠦᠨ᠎ᠡ ᠨᠢᠭᠡᠨᠲᠡ ᠪᠠᠶᠢᠭᠤᠯᠭ᠎ᠠ ᠠᠵᠢᠯ | ᠦᠢᠯᠡᠰ ᠤᠨ ᠨᠢᠭᠡᠴᠡ ᠶᠢᠨ ᠣᠷᠤᠨ ᠲᠤᠭ᠎ᠠ ᠪᠦᠬᠦᠢ ᠠᠵᠢᠯᠲᠠᠨ ︵ᠲᠤᠷᠰᠢᠨ ᠬᠡᠷᠡᠭᠯᠡᠬᠦ ᠬᠤᠭᠤᠴᠠᠭᠠᠨ ᠳᠠᠬᠢ ᠬᠢ ᠶᠢ | ᠪᠠᠭᠲᠠᠭᠠᠨ᠎ᠠ︶ ᠪᠤᠯᠤᠭᠰᠠᠨ᠃ | 4.ᠶᠠᠯ᠎ᠠ ᠬᠢᠵᠦ ᠡᠷᠡᠭᠦᠦ ᠶᠢᠨ ᠰᠢᠢᠳᠬᠡᠯ ᠤᠯᠵᠤ ᠦᠩᠭᠡᠷᠡᠭᠰᠡᠨ ᠪᠠ ᠠᠯᠪᠠᠨ ᠲᠤᠰᠢᠶᠠᠯ ᠠᠴᠠ | ᠬᠦᠭᠡᠭᠡᠭᠳᠡᠭᠰᠡᠨ ᠬᠦᠮᠦᠰ᠃ | 5.ᠳᠤᠮᠳᠠᠳᠤ ᠤᠯᠤᠰ ᠤᠨ ᠡᠪ ᠬᠠᠮᠲᠤ ᠨᠠᠮ ᠠᠴᠠ ᠬᠦᠭᠡᠭᠡᠭᠳᠡᠭᠰᠡᠳ᠃ | 6.ᠢᠲᠡᠭᠡᠮᠵᠢ ᠠᠯᠳᠠᠭᠰᠠᠨ ᠬᠤᠯᠪᠤᠭᠠᠯᠠᠭᠰᠠᠨ ᠰᠢᠢᠳᠬᠡᠯ ᠳᠤ ᠬᠠᠤᠯᠢ ᠶᠤᠰᠤᠭᠠᠷ ᠵᠢᠭᠰᠠᠭᠠᠭᠳᠠᠭᠰᠠᠳ᠃ | | 7.ᠠᠯᠪᠠᠲᠠᠨ ᠤ ᠰᠢᠯᠭᠠᠯᠲᠠ ᠪᠠ ᠠᠵᠢᠯ ᠦᠢᠯᠡᠰ ᠤᠨ ᠨᠢᠭᠡᠴᠡ ᠶᠢᠨ ᠤᠷᠢᠨ ᠡᠯᠰᠡᠯᠲᠡ ᠳᠤ ᠭᠡᠮ ᠬᠢᠬᠦ | ᠮᠡᠲᠦ ᠶᠢᠨ ᠰᠠᠬᠢᠯᠭ᠎ᠠ ᠪᠠᠲᠤ ᠠᠴᠠ ᠬᠦᠨᠳᠦ ᠨᠤᠴᠢᠲᠠᠢ ᠵᠦᠷᠢᠴᠡᠭᠰᠡᠨ ᠠᠵᠢᠯᠯᠠᠭ᠎ᠠ ᠲᠠᠢ ᠮᠦᠷᠲᠡᠭᠡᠨ ᠢᠲᠡᠭᠡᠮᠵᠢ ᠶᠢᠨ | ᠳᠠᠩᠰᠠ ᠡᠪᠬᠡᠮᠡᠯ ᠤᠨ ᠲᠡᠮᠳᠡᠭᠯᠡᠯ ᠪᠦᠬᠦᠢ ᠬᠤᠭᠤᠴᠠᠭᠠᠨ ᠳᠤ ᠪᠠᠶᠢᠭ᠎ᠠ ᠬᠦᠮᠦᠰ᠃ | 8.ᠬᠠᠤᠯᠢ ᠴᠠᠭᠠᠵᠠ ᠬᠠᠤᠯᠢ ᠲᠤᠭᠲᠠᠭᠠᠯ ᠳᠤ ᠲᠤᠭᠲᠠᠭᠠᠭᠰᠠᠨ ᠠᠵᠢᠯ ᠦᠢᠯᠡᠰ ᠤᠨ ᠨᠢᠭᠡᠴᠡ ᠳᠤ | ᠤᠷᠢᠵᠤ ᠬᠡᠷᠡᠭᠯᠡᠵᠦ ᠪᠣᠯᠬᠤ ᠦᠭᠡᠢ ᠪᠤᠰᠤᠳ ᠪᠠᠶᠢᠳᠠᠯ ᠪᠦᠬᠦᠢ ᠬᠦᠮᠦᠰ᠃ | ᠭᠤᠷᠪᠠ᠂ ᠨᠡᠷ᠎ᠡ ᠮᠡᠳᠡᠭᠦᠯᠬᠦ ᠪᠠ ᠬᠢᠷᠢ ᠬᠡᠮ ᠤᠨ ᠠᠩᠬᠠᠨ ᠤ ᠬᠢᠨᠠᠯᠲᠠ | ︵ᠨᠢᠭᠡ︶ ᠰᠦᠯᠵᠢᠶᠡᠨ ᠳᠤ ᠨᠡᠷ᠎ᠡ ᠮᠡᠳᠡᠭᠦᠯᠦᠨ᠎ᠡ᠂ ᠨᠡᠷ᠎ᠡ ᠮᠡᠳᠡᠭᠦᠯᠬᠦ ᠰᠦᠯᠵᠢᠶ᠎ᠡ ᠨᠢ ᠤᠯᠠᠭᠠᠨᠬᠠᠳᠠ | ᠬᠤᠲᠠ ᠶᠢᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠤᠪᠴᠢᠶᠠᠨ ᠤ ᠠᠯᠪᠠᠨ | ᠰᠦᠯᠵᠢᠶ᠎ᠡ᠃http://rsj.chifeng.gov.cn/᠃ ︽2021 ᠤᠨ ᠤ ᠤᠯᠠᠭᠠᠨᠬᠠᠳᠠ ᠬᠤᠲᠠ ᠶᠢᠨ ᠠᠵᠢᠯ | ᠦᠢᠯᠡᠰ ᠤᠨ ᠨᠢᠭᠡᠴᠡ ᠶᠢᠨ ᠢᠯᠡ ᠪᠠᠷ ᠠᠵᠢᠯᠲᠠᠨ ᠤᠷᠢᠵᠤ ᠡᠯᠰᠡᠬᠦ ᠲᠤᠰᠬᠠᠢ ᠪᠣᠯᠤᠩ︾ ᠭᠡᠬᠦ ᠬᠦᠳᠡᠯᠭᠡᠨᠲᠦ | ᠴᠤᠩᠬᠤᠪᠴᠢ ᠶᠢ ᠳᠠᠷᠤᠵᠤ ︽ᠬᠠᠷᠠᠴᠢᠨ ᠬᠤᠰᠢᠭᠤᠨ ᠤ ᠠᠵᠢᠯ ᠦᠢᠯᠡᠰ ᠤᠨ ᠨᠢᠭᠡᠴᠡ ᠶᠢᠨ ᠢᠯᠡ ᠪᠠᠷ ᠠᠵᠢᠯᠲᠠᠨ | ᠡᠯᠰᠡᠬᠦ ᠲᠤᠰᠬᠠᠢ ᠪᠤᠯᠤᠩ︾ ᠳᠤ ᠨᠡᠷ᠎ᠡ ᠮᠡᠳᠡᠭᠦᠯᠦᠨ᠎ᠡ᠃ | ︵ᠬᠤᠶᠠᠷ︶ ᠲᠤᠰ ᠤᠳᠠᠭᠠᠨ ᠤ ᠡᠯᠰᠡᠯᠲᠡ ᠳᠤ ᠰᠢᠯᠭᠠᠯᠲᠠ ᠶᠠᠪᠤᠭᠳᠠᠭᠤᠯᠬᠤ ᠬᠠᠷᠢᠴᠠᠯ ᠲᠣᠬᠢᠷᠠᠭᠤᠯᠬᠤ | ᠦᠭᠡᠢ᠃ | ︵ᠭᠤᠷᠪᠠ︶ ᠨᠡᠷ᠎ᠡ ᠮᠡᠳᠡᠭᠦᠯᠬᠦ | 1.ᠨᠢᠭᠡᠳᠦᠭᠡᠷ ᠱᠠᠲᠤ᠄ ︽ᠲᠦᠷᠦᠯ ᠵᠦᠢᠯ ᠤᠨ ᠬᠦᠮᠦᠰ︾᠂ ︽ᠶᠡᠭᠡ ᠳᠡᠭᠡᠳᠦ ᠰᠤᠷᠭᠠᠭᠤᠯᠢ | ᠲᠡᠭᠦᠰᠦᠭᠰᠡᠨ ᠤᠶᠤᠲᠠᠨ︾ ᠤ ᠠᠵᠢᠯ ᠤᠨ ᠪᠠᠶᠢᠷᠢ ᠳᠤ ᠨᠡᠷ᠎ᠡ ᠮᠡᠳᠡᠭᠦᠯᠦᠨ᠎ᠡ | ᠨᠡᠷ᠎ᠡ ᠮᠡᠳᠡᠭᠦᠯᠬᠦ ᠬᠤᠭᠤᠴᠠᠭ᠎ᠠ᠄ 2021 ᠣᠨ ᠤ 7 ᠰᠠᠷ᠎ᠠ ᠶᠢᠨ 5 ᠤ ᠡᠳᠦᠷ ᠤᠨ 9᠄ 00 - 7 | ᠰᠠᠷ᠎ᠠ ᠶᠢᠨ 8 ᠤ ᠡᠳᠦᠷ ᠤᠨ 17᠄ 00᠃ ᠬᠢᠷᠢ ᠬᠡᠮ ᠤᠨ ᠠᠩᠬᠠᠨ ᠤ ᠬᠢᠨᠠᠯᠲᠠ ᠶᠢᠨ ᠴᠠᠭ ᠤᠨ ᠬᠢᠵᠠᠭᠠᠷᠯᠠᠯ᠄ | 2021ᠣᠨ ᠤ 7 ᠰᠠᠷ᠎ᠠ ᠶᠢᠨ 9 ᠤ ᠡᠳᠦᠷ ᠤᠨ 17᠄ 00᠃ ᠰᠦᠢᠳᠬᠡᠯ ᠲᠤᠰᠢᠶᠠᠬᠤ ᠴᠠᠭ ᠤᠨ ᠬᠢᠵᠠᠭᠠᠷᠯᠠᠯ᠄ | 2021 ᠣᠨ ᠤ 7 ᠰᠠᠷ᠎ᠠ ᠶᠢᠨ 10 ᠤ ᠡᠳᠦᠷ ᠤᠨ 24᠄ 00᠃ ᠨᠡᠷ᠎ᠡ ᠮᠡᠳᠡᠭᠦᠯᠵᠦ ᠰᠦᠢᠳᠬᠡᠯ ᠲᠤᠰᠢᠶᠠᠵᠤ | ᠳᠠᠭᠤᠰᠤᠭᠰᠠᠨ ᠤ ᠳᠠᠷᠠᠭ᠎ᠠ ᠬᠡᠷᠪᠡ ︽ᠲᠦᠷᠦᠯ ᠵᠦᠢᠯ ᠤᠨ ᠬᠦᠮᠦᠰ︾᠂ ︽ᠶᠡᠭᠡ ᠳᠡᠭᠡᠳᠦ ᠰᠤᠷᠭᠠᠭᠤᠯᠢ | ᠲᠡᠭᠦᠰᠦᠭᠰᠡᠨ ᠤᠶᠤᠲᠠᠨ︾ ᠤ ᠠᠵᠢᠯ ᠤᠨ ᠪᠠᠶᠢᠷᠢ ᠶᠢᠨ ᠪᠢᠷ ᠤᠨ ᠰᠢᠯᠭᠠᠯᠲᠠ ᠶᠢᠨ ᠰᠢᠯᠭᠠᠯᠲᠠ ᠶᠠᠪᠤᠭᠳᠠᠭᠤᠯᠬᠤ | ᠬᠠᠷᠢᠴᠠᠯ ᠳᠤ ᠬᠦᠷᠬᠦ ᠦᠭᠡᠢ ᠪᠣᠯ ︽ᠲᠦᠷᠦᠯ ᠵᠦᠢᠯ ᠤᠨ ᠬᠦᠮᠦᠰ︾᠂ ︽ᠶᠡᠭᠡ ᠳᠡᠭᠡᠳᠦ ᠰᠤᠷᠭᠠᠭᠤᠯᠢ | ᠲᠡᠭᠦᠰᠦᠭᠰᠡᠨ ᠤᠶᠤᠲᠠᠨ︾ ᠤ ᠠᠵᠢᠯ ᠤᠨ ᠪᠠᠶᠢᠷᠢ ᠶᠢᠨ ᠰᠢᠨᠵᠢ ᠴᠢᠨᠠᠷ ᠢ ᠦᠭᠡᠶᠢᠰᠬᠡᠵᠦ᠂ ᠡᠩ ᠤᠨ ᠠᠵᠢᠯ ᠤᠨ | ᠪᠠᠶᠢᠷᠢ ᠪᠣᠯᠭᠠᠨ᠎ᠠ᠃ ᠡᠯᠰᠡᠬᠦ ᠠᠵᠢᠯ ᠤᠨ ᠪᠠᠶᠢᠷᠢ᠂ ᠡᠯᠰᠡᠬᠦ ᠨᠦᠬᠦᠴᠡᠯ ᠠᠳᠠᠯᠢ ᠪᠣᠯ ᠡᠯᠰᠡᠬᠦ ᠲᠥᠯᠦᠪᠯᠡᠭᠡ ᠶᠢ | ᠨᠢᠭᠡᠳᠬᠡᠨ᠎ᠡ᠃ | 2.ᠬᠤᠶᠠᠳᠤᠭᠠᠷ ᠱᠠᠲᠤ᠄ ᠡᠩ ᠤᠨ ᠠᠵᠢᠯ ᠤᠨ ᠪᠠᠶᠢᠷᠢ ᠪᠠ ᠬᠡᠰᠡᠭ ᠠᠵᠢᠯ ᠤᠨ ᠪᠠᠶᠢᠷᠢ ᠶᠢᠨ ᠰᠢᠨᠵᠢ | ᠴᠢᠨᠠᠷ ᠢ ᠬᠤᠪᠢᠷᠠᠭᠠᠭᠰᠠᠨ ᠠᠵᠢᠯ ᠤᠨ ᠪᠠᠶᠢᠷᠢ ᠳᠤ ᠨᠡᠷ᠎ᠡ ᠮᠡᠳᠡᠭᠦᠯᠬᠦ | ᠨᠡᠷ᠎ᠡ ᠮᠡᠳᠡᠭᠦᠯᠬᠦ ᠬᠤᠭᠤᠴᠠᠭ᠎ᠠ᠄ 2021 ᠣᠨ ᠤ 7 ᠰᠠᠷ᠎ᠠ ᠶᠢᠨ 14 ᠤ ᠡᠳᠦᠷ ᠤᠨ 9᠄ 00 - 7 | ᠰᠠᠷ᠎ᠠ ᠶᠢᠨ 16 ᠤ ᠡᠳᠦᠷ ᠤᠨ 17᠄ 00᠃ ᠬᠢᠷᠢ ᠬᠡᠮ ᠤᠨ ᠠᠩᠬᠠᠨ ᠤ ᠬᠢᠨᠠᠯᠲᠠ ᠶᠢᠨ ᠴᠠᠭ ᠤᠨ ᠬᠢᠵᠠᠭᠠᠷᠯᠠᠯ᠄ | 2021 ᠣᠨ ᠤ 7 ᠰᠠᠷ᠎ᠠ ᠶᠢᠨ 17 ᠤ ᠡᠳᠦᠷ ᠤᠨ 17᠄ 00᠃ ᠰᠦᠢᠳᠬᠡᠯ ᠲᠤᠰᠢᠶᠠᠬᠤ ᠴᠠᠭ ᠤᠨ ᠬᠢᠵᠠᠭᠠᠷᠯᠠᠯ | ᠄ 2021 ᠣᠨ ᠤ 7 ᠰᠠᠷ᠎ᠠ ᠶᠢᠨ 18 ᠤ ᠡᠳᠦᠷ ᠤᠨ 24᠄ 00᠃ | 3.ᠬᠠᠮᠢᠶ᠎ᠠ ᠪᠦᠬᠦᠢ ᠱᠠᠭᠠᠷᠳᠠᠯᠭ᠎ᠠ | ᠡᠯᠰᠡᠭᠦᠯᠦᠭᠴᠢ ᠪᠦᠷᠢ ᠨᠢ ᠵᠦᠪᠬᠡᠨ ᠨᠢᠭᠡ ᠯᠡ ᠠᠵᠢᠯ ᠤᠨ ᠪᠠᠶᠢᠷᠢ ᠳᠤ ᠨᠡᠷ᠎ᠡ ᠮᠡᠳᠡᠭᠦᠯᠵᠦ ᠪᠣᠯᠤᠨ᠎ᠠ᠃ | ᠨᠡᠷ᠎ᠡ ᠮᠡᠳᠡᠭᠦᠯᠦᠨ ᠰᠢᠯᠭᠠᠭᠰᠠᠳ ᠡᠷᠬᠡᠪᠰᠢ ᠲᠤᠰ ︽ᠲᠤᠪᠴᠢ ᠳᠦᠷᠢᠮ︾ ᠪᠠ ︽ᠠᠵᠢᠯ ᠤᠨ ᠪᠠᠶᠢᠷᠢ ᠶᠢᠨ | ᠬᠦᠰᠦᠨᠦᠭᠲᠦ︾ ᠳᠠᠬᠢ ᠬᠠᠮᠢᠶ᠎ᠠ ᠪᠦᠬᠦᠢ ᠰᠢᠯᠭᠠᠯᠲᠠ ᠳᠤ ᠮᠡᠳᠡᠭᠦᠯᠬᠦ ᠱᠠᠭᠠᠷᠳᠠᠯᠭ᠎ᠠ ᠪᠠ ᠬᠢᠷᠢ ᠬᠡᠮ ᠤᠨ ᠨᠦᠬᠦᠴᠡᠯ ᠢ | ᠨᠠᠷᠢᠨ ᠬᠢᠨᠠᠮᠠᠭᠠᠢ ᠤᠩᠰᠢᠵᠤ᠂ ᠬᠤᠪᠢ ᠪᠡᠶ᠎ᠡ ᠶᠢᠨ ᠪᠠᠶᠢᠳᠠᠯ ᠲᠠᠢ ᠪᠠᠨ ᠬᠠᠷᠠᠭᠠᠯᠵᠠᠭᠤᠯᠤᠨ᠂ ᠨᠦᠬᠦᠴᠡᠯ ᠳᠤ | ᠨᠡᠶᠢᠴᠡᠭᠰᠡᠨ ᠠᠵᠢᠯ ᠤᠨ ᠪᠠᠶᠢᠷᠢ ᠶᠢ ᠰᠤᠩᠭᠤᠵᠤ ᠮᠡᠳᠡᠭᠦᠯᠬᠦ ᠬᠡᠷᠡᠭᠲᠡᠢ᠃ | ᠨᠡᠷ᠎ᠡ ᠮᠡᠳᠡᠭᠦᠯᠬᠦ ᠳᠤ ᠡᠯᠰᠡᠭᠦᠯᠦᠭᠴᠢ ᠡᠷᠬᠡᠪᠰᠢ ᠰᠦᠯᠵᠢᠶᠡᠨ ᠳᠤ ︽ᠰᠢᠯᠭᠠᠭᠤᠯᠤᠭᠰᠠᠳ ᠤᠨ | ᠢᠲᠡᠭᠡᠮᠵᠢ ᠶᠢᠨ ᠠᠮᠠᠯᠠᠯᠲᠠ ᠶᠢᠨ ᠪᠢᠴᠢᠭ︾ ᠲᠤ ᠭᠠᠷ ᠤᠨ ᠦᠰᠦᠭ ᠵᠢᠷᠤᠵᠤ᠂ ᠳᠠᠷᠠᠭ᠎ᠠ ᠨᠢ ︽ᠨᠡᠷ᠎ᠡ ᠮᠡᠳᠡᠭᠦᠯᠬᠦ | ᠳᠠᠩᠰᠠᠯᠠᠯᠲᠠ ᠶᠢᠨ ᠬᠦᠰᠦᠨᠦᠭᠲᠦ︾ ᠶᠢᠨ ᠰᠤᠷᠠᠭ ᠵᠠᠩᠭᠢ ᠶᠢ ᠱᠠᠭᠠᠷᠳᠠᠯᠭ᠎ᠠ ᠶᠤᠰᠤᠭᠠᠷ ᠲᠠᠭᠯᠠᠬᠤ ᠶᠢᠨ ᠬᠠᠮᠲᠤ ᠲᠤᠰ | ᠬᠦᠮᠦᠨ ᠤ ᠤᠶᠢᠷ᠎ᠠ ᠶᠢᠨ ᠬᠤᠭᠤᠴᠠᠭᠠᠨ ᠤ 2 ᠢᠮᠠᠬᠤ ᠶᠢᠨ ᠲᠥᠪ ᠰᠡᠭᠦᠳᠡᠷ ︵jpg ᠬᠡᠯᠪᠡᠷᠢ᠂ ᠶᠡᠭᠡ ᠪᠠᠭ᠎ᠠ ᠨᠢ | 20KB ᠠᠴᠠ ᠪᠠᠭ᠎ᠠ ︶᠂ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠪᠠ ᠲᠡᠭᠦᠰᠬᠦ ᠦᠨᠡᠮᠯᠡᠯ ︵2021 | ᠣᠨ ᠤ ᠰᠢᠨ᠎ᠡ ᠲᠡᠭᠦᠰᠬᠦ ᠤᠶᠤᠲᠠᠨ ᠬᠠᠷᠠᠬᠠᠨ ᠰᠤᠷᠤᠯᠭ᠎ᠠ ᠶᠢᠨ ᠨᠠᠮᠲᠠᠷ ᠤᠯᠤᠭ᠎ᠠ ᠦᠭᠡᠢ ᠪᠣᠯ ᠨᠠᠮᠲᠡᠷ ᠲᠤ ᠪᠠᠨ ︽ | 2021 ᠣᠨ ᠤ ᠵᠢᠯ ᠤᠨ ᠡᠴᠦᠰ ᠠᠴᠠ ᠡᠮᠦᠨ᠎ᠡ ᠲᠡᠭᠦᠰᠦᠨ᠎ᠡ᠂ ᠬᠠᠷᠠᠬᠠᠨ ᠰᠤᠷᠤᠯᠭ᠎ᠠ ᠶᠢᠨ ᠨᠠᠮᠲᠠᠷ ᠤᠯᠤᠭ᠎ᠠ | ᠦᠭᠡᠢ ᠪᠠᠶᠢᠭᠰᠠᠭᠠᠷ︾ ᠭᠡᠵᠦ ᠪᠢᠴᠢᠨ᠎ᠡ᠃ ᠰᠢᠯᠭᠠᠯᠲᠠ ᠶᠢᠨ ᠰᠦᠢᠳᠬᠡᠯ ᠢᠶᠠᠨ ᠬᠠᠰᠤᠵᠤ ᠬᠡᠯᠲᠦᠷᠢᠭᠦᠯᠬᠦ ᠴᠢᠬᠤᠯᠠᠲᠠᠢ | ᠬᠦᠳᠡᠭᠡ ᠲᠤᠰᠬᠤᠨ ᠮᠠᠯᠵᠢᠬᠤ ᠣᠷᠤᠨ ᠤ ᠶᠠᠳᠠᠭᠤ ᠬᠦᠴᠢᠷᠳᠡᠯᠲᠡᠢ ᠭᠡᠷ ᠪᠦᠯᠢ ᠶᠢᠨ ᠡᠯᠰᠡᠭᠦᠯᠦᠭᠴᠢ ᠰᠠᠭᠤᠭ᠎ᠠ | ᠭᠠᠵᠠᠷ ᠣᠷᠤᠨ ᠤ ᠪᠠᠨ ᠬᠤᠰᠢᠭᠤ ᠰᠢᠶᠠᠨ ᠲᠣᠭᠤᠷᠢᠭ ᠤᠨ ᠶᠠᠳᠠᠭᠤ ᠶᠢ ᠳᠡᠳᠬᠦᠬᠦ ᠰᠠᠯᠠᠭ᠎ᠠ ᠮᠦᠴᠢᠷ ᠤᠨ | ᠲᠠᠷᠬᠠᠭᠠᠭᠰᠠᠨ ᠨᠠᠮᠲᠠᠷ ᠤᠨ ᠺᠠᠷᠲ ︵ᠭᠠᠷ ᠳᠡᠪᠲᠡᠷ︶ ᠪᠤᠶᠤ ᠶᠠᠳᠠᠭᠤ ᠬᠦᠴᠢᠷᠳᠡᠯᠲᠡᠢ ᠶᠢᠨ ᠭᠡᠷᠡᠴᠢᠯᠡᠭᠡ ᠪᠠᠨ | ᠬᠠᠩᠭᠠᠬᠤ ᠬᠡᠷᠡᠭᠲᠡᠢ᠃ ᠰᠢᠯᠭᠠᠯᠲᠠ ᠶᠢᠨ ᠰᠦᠢᠳᠬᠡᠯ ᠢᠶᠠᠨ ᠬᠠᠰᠤᠵᠤ ᠬᠡᠯᠲᠦᠷᠢᠭᠦᠯᠬᠦ ᠴᠢᠬᠤᠯᠠᠲᠠᠢ ᠬᠤᠲᠠ | ᠪᠠᠯᠭᠠᠰᠤᠨ ᠤ ᠬᠠᠮᠤᠭ ᠤᠨ ᠳᠤᠤᠷ᠎ᠠ ᠠᠮᠢᠳᠤᠷᠠᠯ ᠤᠨ ᠪᠠᠲᠤᠯᠠᠭ᠎ᠠ ᠪᠦᠬᠦᠢ ᠭᠡᠷ ᠪᠦᠯᠢ ᠶᠢᠨ ᠡᠯᠰᠡᠭᠦᠯᠦᠭᠴᠢ ᠰᠠᠭᠤᠭ᠎ᠠ | ᠭᠠᠵᠠᠷ ᠣᠷᠤᠨ ᠤ ᠪᠠᠨ ᠬᠤᠰᠢᠭᠤ ᠰᠢᠶᠠᠨ ᠲᠣᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠠᠴᠠ | ᠬᠠᠩᠭᠠᠭᠰᠠᠨ ᠬᠠᠮᠤᠭ ᠤᠨ ᠳᠤᠤᠷ᠎ᠠ ᠠᠮᠢᠳᠤᠷᠠᠯ ᠤᠨ ᠪᠠᠲᠤᠯᠠᠭ᠎ᠠ ᠶᠢ ᠡᠳ᠋ᠯᠡᠵᠦ ᠪᠠᠶᠢᠭ᠎ᠠ ᠭᠡᠷᠡᠴᠢᠯᠡᠭᠡ ᠪᠤᠶᠤ ᠳᠤᠤᠷ᠎ᠠ | ᠪᠠᠲᠤᠯᠠᠭ᠎ᠠ ᠶᠢᠨ ᠭᠡᠷᠡᠴᠢ ᠪᠠᠨ ᠬᠠᠩᠭᠠᠬᠤ ᠬᠡᠷᠡᠭᠲᠡᠢ᠃ | ᠡᠯᠰᠡᠭᠦᠯᠦᠭᠴᠢ ᠨᠠᠮᠲᠠᠷ ᠢᠶᠠᠨ ᠪᠢᠴᠢᠬᠦ ᠳᠡᠭᠡᠨ ᠲᠤᠰᠬᠠᠢ ᠮᠡᠷᠭᠡᠵᠢᠯ ︵ᠵᠢᠩᠬᠢᠨᠢ ᠠᠩᠭᠢ︶ | ᠲᠡᠭᠦᠰᠦᠭᠰᠡᠨ ᠠᠴᠠ ᠣᠳᠣ ᠪᠤᠯᠲᠠᠯᠠᠬᠢ ᠦᠩᠭᠡᠷᠡᠯᠲᠡ ᠪᠠᠨ ᠪᠦᠷᠢᠨ ᠭᠦᠢᠴᠡᠳ ᠪᠢᠴᠢᠵᠦ᠂ ᠴᠠᠭ ᠬᠤᠭᠤᠴᠠᠭ᠎ᠠ ᠶᠢ | ᠲᠠᠰᠤᠯᠳᠠᠭᠤᠯᠵᠤ ᠪᠣᠯᠬᠤ ᠦᠭᠡᠢ᠃ ᠱᠠᠭᠠᠷᠳᠠᠯᠭ᠎ᠠ ᠶᠤᠰᠤᠭᠠᠷ ᠪᠢᠴᠢᠬᠦ ᠦᠭᠡᠢ ᠪᠤᠶᠤ ᠴᠠᠭ ᠬᠤᠭᠤᠴᠠᠭ᠎ᠠ ᠶᠢ | ᠲᠠᠰᠤᠯᠳᠠᠭᠤᠯᠪᠠᠯ ᠬᠢᠨᠠᠯᠲᠠ ᠳᠤ ᠦᠩᠭᠡᠷᠡᠭᠦᠯᠬᠦ ᠦᠭᠡᠢ᠃ | ᠰᠤᠷᠤᠯᠴᠠᠯᠭ᠎ᠠ ᠶᠢᠨ ᠦᠩᠭᠡᠷᠡᠯᠲᠡ᠄ ᠰᠤᠷᠭᠠᠭᠤᠯᠢ ᠳᠤ ᠪᠠᠶᠢᠭᠰᠠᠨ ︵ᠲᠤᠰᠬᠠᠢ ᠮᠡᠷᠭᠡᠵᠢᠯ᠂ ᠵᠢᠩᠬᠢᠨᠢ | ᠠᠩᠭᠢ᠂ ᠠᠰᠫᠢᠷᠠᠨᠲ︶ ᠣᠨ ᠵᠢᠯ᠂ ᠰᠤᠷᠭᠠᠭᠤᠯᠢ᠂ ᠳᠡᠭᠡᠳᠦ ᠰᠤᠷᠭᠠᠭᠤᠯᠢ ᠰᠠᠯᠪᠤᠷᠢ᠂ ᠲᠤᠰᠬᠠᠢ ᠮᠡᠷᠭᠡᠵᠢᠯ᠃ | ᠠᠵᠢᠯ ᠰᠤᠩᠭᠤᠬᠤ ᠬᠤᠭᠤᠴᠠᠭᠠᠨ ᠤ ᠠᠵᠢᠯ ᠤᠨ ᠪᠠᠶᠢᠷᠢᠨ ᠳᠤ ᠭᠠᠷᠤᠭ᠎ᠠ ᠦᠭᠡᠢ ᠶᠡᠭᠡ ᠳᠡᠭᠡᠳᠦ ᠰᠤᠷᠭᠠᠭᠤᠯᠢ | ᠲᠡᠭᠦᠰᠦᠭᠰᠡᠨ ᠤᠶᠤᠲᠠᠨ ︽ᠰᠠᠶ᠋ᠢ ᠲᠡᠭᠦᠰᠴᠦ ᠪᠠᠶᠢᠭ᠎ᠠ ᠪᠠ ᠠᠵᠢᠯ ᠰᠤᠩᠭᠤᠬᠤ ᠬᠤᠭᠤᠴᠠᠭᠠᠨ ᠤ ᠠᠵᠢᠯ ᠤᠨ | ᠪᠠᠶᠢᠷᠢᠨ ᠳᠤ ᠭᠠᠷᠤᠭ᠎ᠠ ᠦᠭᠡᠢ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠤᠶᠤᠲᠠᠨ︾ ᠤ ᠠᠵᠢᠯ ᠤᠨ ᠪᠠᠶᠢᠷᠢᠨ ᠳᠤ | ᠨᠡᠷ᠎ᠡ ᠮᠡᠳᠡᠭᠦᠯᠦᠨ ᠰᠢᠯᠭᠠᠭᠤᠯᠬᠤ ᠳᠠᠭᠠᠨ ᠲᠤᠰ ᠬᠦᠮᠦᠨ ᠤ ᠳᠠᠩᠰᠠ ᠡᠪᠬᠡᠮᠡᠯ ᠢᠶᠠᠨ ᠬᠠᠳᠠᠭᠠᠯᠠᠵᠤ ᠪᠠᠶᠢᠭ᠎ᠠ | ᠭᠠᠵᠠᠷ ᠢᠶᠠᠨ ᠲᠠᠭᠯᠠᠬᠤ ᠬᠡᠷᠡᠭᠲᠡᠢ᠃ | ᠠᠵᠢᠯ ᠤᠨ ᠲᠤᠪᠴᠢ ᠨᠠᠮᠲᠠᠷ᠄ ᠨᠡᠷ᠎ᠡ ᠮᠡᠳᠡᠭᠦᠯᠬᠦ ᠪᠣᠯᠲᠠᠯᠠᠬᠢ ᠠᠵᠢᠯ ᠤᠨ ᠦᠩᠭᠡᠷᠡᠯᠲᠡ ᠪᠠᠨ ᠪᠢᠴᠢᠨ᠎ᠡ᠂ | ᠡᠬᠢᠯᠡᠵᠦ ᠠᠵᠢᠯᠯᠠᠭᠰᠠᠨ ᠴᠠᠭ᠂ ᠠᠵᠢᠯᠯᠠᠵᠤ ᠪᠠᠶᠢᠭ᠎ᠠ ᠪᠤᠶᠤ ᠦᠢᠯᠡᠴᠢᠯᠡᠵᠦ ᠪᠠᠶᠢᠭ᠎ᠠ ᠪᠠᠶᠢᠭᠤᠯᠭ᠎ᠠ ᠨᠢᠭᠡᠴᠡ᠂ ᠭᠤᠤᠯ | ᠡᠷᠬᠢᠯᠡᠵᠦ ᠪᠠᠶᠢᠭ᠎ᠠ ᠠᠵᠢᠯ᠃ ᠵᠢᠱᠢᠶᠡᠯᠡᠪᠡᠯ ᠨᠡᠷ᠎ᠡ ᠮᠡᠳᠡᠭᠦᠯᠬᠦ ᠠᠴᠠ ᠡᠮᠦᠨ᠎ᠡ ᠪᠠᠶᠢᠭᠤᠯᠭ᠎ᠠ ᠳᠤ ᠠᠵᠢᠯᠯᠠᠵᠤ ᠪᠠᠶᠢᠭᠰᠠᠨ | ᠪᠣᠯ ᠪᠠᠶᠢᠭᠤᠯᠭ᠎ᠠ ᠨᠢᠭᠡᠴᠡ ᠶᠢᠨ ᠣᠷᠤᠨ ᠲᠤᠭ᠎ᠠ ᠲᠠᠢ ᠠᠵᠢᠯᠲᠠᠨ ᠮᠦᠨ ᠡᠰᠡᠭᠦ ᠪᠠᠨ ᠲᠤᠳᠤᠷᠬᠠᠶᠢᠯᠠᠨ᠎ᠠ᠃ | ᠲᠦᠷᠦᠯ ᠵᠦᠢᠯ ᠤᠨ ᠬᠦᠮᠦᠰ ︽ᠲᠦᠷᠦᠯ ᠵᠦᠢᠯ ᠤᠨ ᠠᠵᠢᠯᠲᠠᠨ︾ ᠤ ᠠᠵᠢᠯ ᠤᠨ ᠪᠠᠶᠢᠷᠢ ᠳᠤ ᠨᠡᠷ᠎ᠡ | ᠮᠡᠳᠡᠭᠦᠯᠬᠦ ᠳᠡᠭᠡᠨ ᠦᠨᠳᠦᠰᠦᠨ ᠱᠠᠲᠤᠨ ᠳᠤ ᠦᠢᠯᠡᠴᠢᠯᠡᠭᠰᠡᠨ ᠲᠦᠷᠦᠯ ᠵᠦᠢᠯ ᠤᠨ ᠨᠡᠷᠡᠶᠢᠳᠦᠯ᠂ ᠦᠢᠯᠡᠴᠢᠯᠡᠭᠰᠡᠨ | ᠬᠤᠭᠤᠴᠠᠭ᠎ᠠ᠂ ᠦᠢᠯᠡᠴᠢᠯᠡᠬᠦ ᠬᠤᠭᠤᠴᠠᠭ᠎ᠠ ᠳᠠᠭᠤᠰᠴᠤ ᠬᠢᠷᠢ ᠲᠡᠩᠴᠡᠭᠰᠡᠨ ᠮᠦᠷᠲᠡᠭᠡᠨ ᠦᠨᠡᠮᠯᠡᠯ ᠤᠯᠤᠭᠰᠠᠨ | ᠡᠰᠡᠭᠦ ᠪᠠᠨ ᠲᠤᠳᠤᠷᠬᠠᠢ ᠪᠢᠴᠢᠬᠦ ᠬᠡᠷᠡᠭᠲᠡᠢ᠃ | ︽ᠮᠤᠩᠭᠤᠯ ᠬᠢᠲᠠᠳ ᠬᠤᠤᠰ ᠬᠡᠯᠡᠨ ᠳᠤ ᠨᠡᠪᠲᠡᠷᠬᠡᠢ ᠠᠵᠢᠯᠲᠠᠨ︾ ᠤ ᠠᠵᠢᠯ ᠤᠨ ᠪᠠᠶᠢᠷᠢ ᠳᠤ ᠮᠡᠳᠡᠭᠦᠯᠦᠨ | ᠰᠢᠯᠭᠠᠭᠤᠯᠪᠠᠯ ᠪᠢᠷ ᠤᠨ ᠰᠢᠯᠭᠠᠯᠲᠠ ᠪᠠᠨ ᠮᠤᠩᠭᠤᠯ ᠬᠢᠲᠠᠳ ᠬᠤᠤᠰ ᠬᠡᠯᠡ ᠪᠠᠷ ᠬᠠᠷᠢᠭᠤᠯᠬᠤ ᠬᠡᠷᠡᠭᠲᠡᠢ᠃ ᠪᠤᠰᠤᠳ | ᠡᠯᠰᠡᠭᠦᠯᠦᠭᠴᠢ ᠰᠢᠯᠭᠠᠯᠲᠠ ᠶᠢᠨ ᠦᠭᠡ ᠬᠡᠯᠡ ᠪᠠᠨ ᠦᠪᠡᠷᠲᠡᠭᠡᠨ ᠰᠤᠩᠭᠤᠨ᠎ᠠ᠃ ᠰᠢᠯᠭᠠᠯᠲᠠ ᠶᠢᠨ ᠦᠭᠡ ᠬᠡᠯᠡ ᠪᠠᠨ | ᠨᠢᠭᠡᠨᠲᠡ ᠰᠤᠩᠭᠤᠭᠰᠠᠨ ᠪᠣᠯ ᠰᠤᠯᠢᠵᠤ ᠪᠣᠯᠬᠤ ᠦᠭᠡᠢ᠃ | ᠡᠯᠰᠡᠭᠦᠯᠦᠭᠴᠢ ᠬᠦᠴᠦᠨ ᠪᠦᠬᠦᠢ ᠬᠤᠭᠤᠴᠠᠭᠠᠨ ᠤ ᠬᠤᠶᠠᠳᠤᠭᠠᠷ ᠥᠶ᠎ᠡ ᠶᠢᠨ ᠪᠡᠶ᠎ᠡ ᠶᠢᠨ ᠦᠨᠡᠮᠯᠡᠯ ︵ | ᠪᠤᠶᠤ ᠲᠦᠷ ᠴᠠᠭ ᠤᠨ ᠪᠡᠶ᠎ᠡ ᠶᠢᠨ ᠦᠨᠡᠮᠯᠡᠯ᠂ ᠨᠡᠶᠢᠭᠡᠮ ᠤᠨ ᠪᠠᠲᠤᠯᠠᠭ᠎ᠠ ᠶᠢᠨ ᠺᠠᠷᠲ᠂ ᠫᠠᠰᠫᠤᠷᠲ︶ ᠤᠨ ᠰᠤᠷᠠᠭ | ᠵᠠᠩᠭᠢ ᠪᠠᠨ ᠲᠠᠭᠯᠠᠨ᠎ᠠ᠂ ᠨᠡᠷ᠎ᠡ ᠮᠡᠳᠡᠭᠦᠯᠬᠦ᠂ ᠪᠢᠷ ᠤᠨ ᠰᠢᠯᠭᠠᠯᠲᠠ᠂ ᠨᠢᠭᠤᠷᠳᠠᠬᠤ ᠰᠢᠯᠭᠠᠯᠲᠠ ᠪᠦᠷ ᠢᠵᠢᠯ ᠨᠢᠭᠡᠨ | ᠦᠨᠡᠮᠯᠡᠯ ᠢ ᠬᠡᠷᠡᠭᠯᠡᠬᠦ ᠬᠡᠷᠡᠭᠲᠡᠢ᠃ | 4.ᠠᠮᠠᠯᠠᠯᠲᠠ ᠪᠠᠨ ᠮᠡᠳᠡᠭᠳᠡᠬᠦ ᠳᠦᠷᠢᠮ ᠢ ᠬᠡᠷᠡᠭᠵᠢᠭᠦᠯᠦᠨ᠎ᠡ᠃ ᠡᠯᠰᠡᠭᠦᠯᠦᠭᠴᠢ ᠲᠠᠭᠯᠠᠭᠰᠠᠨ ᠰᠤᠷᠠᠭ | ᠵᠠᠩᠭᠢ ᠶᠢᠨ ᠢᠶᠠᠨ ᠦᠨᠡᠨ ᠪᠤᠳᠠᠲᠤ ᠴᠢᠨᠠᠷ᠂ ᠤᠨᠤᠪᠴᠢᠲᠤ ᠴᠢᠨᠠᠷ᠂ ᠪᠦᠷᠢᠨ ᠪᠦᠲᠦᠨ ᠴᠢᠨᠠᠷ ᠲᠤ ᠬᠠᠷᠢᠭᠤᠴᠠᠵᠤ᠂ | ᠬᠠᠭᠤᠷᠮᠠᠭ ᠠᠮᠠᠯᠠᠯᠲᠠ ᠶᠢᠨ ᠬᠠᠮᠢᠶ᠎ᠠ ᠪᠦᠬᠦᠢ ᠬᠠᠷᠢᠭᠤᠴᠠᠯᠭ᠎ᠠ ᠶᠢ ᠡᠭᠦᠷᠭᠡᠯᠡᠨ᠎ᠡ᠃ ᠲᠠᠭᠯᠠᠭᠰᠠᠨ ᠰᠤᠷᠠᠭ ᠵᠠᠩᠭᠢ | ᠪᠤᠷᠤᠭᠤ᠂ ᠬᠤᠳᠠᠯ ᠬᠠᠭᠤᠷᠮᠠᠭ᠂ ᠴᠢᠬᠤᠯᠠ ᠰᠤᠷᠠᠭ ᠵᠠᠩᠭᠢ ᠶᠢ ᠨᠢᠭᠤᠨ ᠳᠠᠯᠳᠠᠯᠠᠭᠰᠠᠨ ᠪᠠᠶᠢᠪᠠᠯ ᠬᠢᠨᠠᠨ | ᠨᠤᠲᠠᠯᠠᠭᠰᠠᠨ ᠤ ᠳᠠᠷᠠᠭ᠎ᠠ ᠤᠷᠢᠵᠤ ᠡᠯᠰᠡᠬᠦ ᠬᠢᠷᠢ ᠬᠡᠮ ᠢ ᠦᠭᠡᠶᠢᠰᠬᠡᠨ᠎ᠡ᠃ | ︵ᠳᠦᠷᠪᠡ︶ ᠬᠢᠷᠢ ᠬᠡᠮ ᠤᠨ ᠠᠩᠬᠠᠨ ᠤ ᠬᠢᠨᠠᠯᠲᠠ | 1.ᠬᠢᠷᠢ ᠬᠡᠮ ᠤᠨ ᠠᠩᠬᠠᠨ ᠤ ᠬᠢᠨᠠᠯᠲᠠ ᠶᠢᠨ ᠠᠵᠢᠯ ᠢ ᠰᠦᠯᠵᠢᠶᠡᠨ ᠳᠤ ᠶᠠᠪᠤᠭᠳᠠᠭᠤᠯᠤᠨ᠎ᠠ᠃ ᠬᠢᠷᠢ | ᠬᠡᠮ ᠤᠨ ᠠᠩᠬᠠᠨ ᠤ ᠬᠢᠨᠠᠯᠲᠠ ᠶᠢᠨ ᠠᠵᠢᠯ ᠢ ᠬᠤᠲᠠ ᠶᠢᠨ ᠰᠢᠭᠤᠳ ᠬᠠᠷᠢᠶ᠎ᠠ ᠡᠯ᠎ᠡ ᠬᠦᠮᠦᠨ ᠬᠡᠷᠡᠭᠯᠡᠬᠦ ᠨᠢᠭᠡᠴᠡ ᠶᠢᠨ | ᠭᠤᠤᠯ ᠬᠠᠮᠢᠶᠠᠷᠤᠯᠲᠠ ᠶᠢᠨ ᠰᠠᠯᠠᠭ᠎ᠠ ᠮᠦᠴᠢᠷ ᠬᠠᠷᠢᠭᠤᠴᠠᠵᠤ᠂ ᠬᠢᠷᠢ ᠬᠡᠮ ᠤᠨ ᠬᠢᠨᠠᠯᠲᠠ ᠶᠢᠨ ᠰᠠᠯᠠᠭ᠎ᠠ ᠮᠦᠴᠢᠷ | ᠡᠯᠰᠡᠭᠦᠯᠦᠭᠴᠢ ᠰᠦᠯᠵᠢᠶᠡᠨ ᠳᠤ ᠨᠡᠷ᠎ᠡ ᠮᠡᠳᠡᠭᠦᠯᠦᠭᠰᠡᠨ ᠤ ᠳᠠᠷᠠᠭ᠎ᠠ 1 ᠡᠳᠦᠷ ᠤᠨ ᠲᠤᠲᠤᠷ᠎ᠠ ᠬᠢᠨᠠᠯᠲᠠ ᠶᠢᠨ | ᠰᠠᠨᠠᠯ ᠢᠶᠠᠨ ᠳᠤᠷᠠᠳᠤᠨ᠎ᠠ᠃ ᠡᠯᠰᠡᠬᠦ ᠬᠢᠷᠢ ᠬᠡᠮ ᠤᠨ ᠨᠦᠬᠦᠴᠡᠯ ᠳᠤ ᠨᠡᠶᠢᠴᠡᠭᠰᠡᠨ ᠪᠣᠯ ᠬᠢᠨᠠᠯᠲᠠ ᠶᠢ | ᠦᠩᠭᠡᠷᠡᠭᠦᠯᠦᠨ᠎ᠡ᠃ ᠡᠯᠰᠡᠬᠦ ᠬᠢᠷᠢ ᠬᠡᠮ ᠤᠨ ᠨᠦᠬᠦᠴᠡᠯ ᠳᠤ ᠨᠡᠶᠢᠴᠡᠬᠦ ᠦᠭᠡᠢ ᠬᠢᠨᠠᠯᠲᠠ ᠶᠢ ᠦᠩᠭᠡᠷᠡᠭᠦᠯᠦᠭᠰᠡᠨ | ᠦᠭᠡᠢ ᠪᠣᠯ ᠦᠩᠭᠡᠷᠡᠭᠦᠯᠦᠭᠰᠡᠨ ᠦᠭᠡᠢ ᠰᠢᠯᠲᠠᠭᠠᠨ ᠢᠶᠠᠨ ᠲᠤᠳᠤᠷᠬᠠᠶᠢᠯᠠᠨ᠎ᠠ᠃ | ᠠᠩᠬᠠᠨ ᠤ ᠬᠢᠨᠠᠯᠲᠠ ᠶᠢ ᠦᠩᠭᠡᠷᠡᠬᠦ ᠠᠴᠠ ᠡᠮᠦᠨ᠎ᠡ ᠡᠯᠰᠡᠭᠦᠯᠦᠭᠴᠢ ᠰᠤᠷᠠᠭ ᠵᠠᠩᠭᠢ ᠪᠠᠨ ᠦᠪᠡᠷᠲᠡᠭᠡᠨ | ᠵᠠᠰᠠᠵᠤ ᠪᠤᠯᠤᠨ᠎ᠠ᠃ ᠠᠩᠬᠠᠨ ᠤ ᠬᠢᠨᠠᠯᠲᠠ ᠶᠢ ᠦᠩᠭᠡᠷᠡᠭᠦᠯᠦᠭᠰᠡᠨ ᠦᠭᠡᠢ ᠪᠣᠯ ︽ᠰᠢᠯᠲᠠᠭᠠᠨ ᠤ ᠰᠠᠨᠠᠭᠤᠯᠤᠮᠵᠢ︾ | ᠶᠢ ᠦᠨᠳᠦᠰᠦᠯᠡᠨ᠂ ᠰᠤᠷᠠᠭ ᠵᠠᠩᠭᠢ ᠪᠠᠨ ᠵᠠᠰᠠᠬᠤ ᠪᠤᠶᠤ ᠠᠵᠢᠯ ᠤᠨ ᠪᠠᠶᠢᠷᠢ ᠪᠠᠨ ᠰᠤᠯᠢᠵᠤ ᠮᠡᠳᠡᠭᠦᠯᠦᠨ᠂ ᠲᠠᠬᠢᠨ | ᠲᠤᠰᠢᠶᠠᠨ᠎ᠠ᠃ ᠠᠩᠬᠠᠨ ᠤ ᠬᠢᠨᠠᠯᠲᠠ ᠨᠢᠭᠡᠨᠲᠡ ᠦᠩᠭᠡᠷᠡᠴᠢᠬᠡᠭᠰᠡᠨ ᠪᠣᠯ ᠠᠯᠢᠪᠠ ᠰᠤᠷᠠᠭ ᠵᠠᠩᠭᠢ ᠶᠢ ᠵᠠᠰᠠᠵᠤ ᠪᠣᠯᠬᠤ | ᠦᠭᠡᠢ᠃ | 2.ᠰᠢᠯᠭᠠᠯᠲᠠ ᠶᠢᠨ ᠶᠠᠪᠤᠳᠠᠯ ᠤᠨ ᠰᠦᠢᠳᠬᠡᠯ ᠤᠨ ᠪᠠᠷᠢᠮᠵᠢᠶ᠎ᠠ ᠵᠢᠴᠢ ᠰᠦᠢᠳᠬᠡᠯ ᠲᠤᠰᠢᠶᠠᠬᠤ ᠠᠷᠭ᠎ᠠ | ᠬᠡᠯᠪᠡᠷᠢ | ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠤᠨ ᠤ ᠤᠤᠯ ᠤᠨ ᠲᠥᠯᠦᠪᠯᠡᠭᠡᠨ ᠤ ᠵᠦᠪᠯᠡᠯ᠂ ᠡᠳ᠋ ᠤᠨ | ᠵᠠᠰᠠᠭ ᠤᠨ ᠲᠢᠩᠬᠢᠮ ᠤᠨ ︽ᠡᠯ᠎ᠡ ᠲᠦᠷᠦᠯ ᠤᠨ ᠲᠤᠰᠬᠠᠢ ᠮᠡᠷᠭᠡᠵᠢᠯ ᠤᠨ ᠬᠢᠷᠢ ᠬᠡᠮ᠂ ᠠᠵᠢᠯ ᠮᠡᠷᠭᠡᠵᠢᠯ ᠤᠨ ᠬᠢᠷᠢ | ᠬᠡᠮ ᠤᠨ ᠰᠢᠯᠭᠠᠯᠲᠠ ᠵᠡᠷᠭᠡ ᠶᠢᠨ ᠰᠦᠢᠳᠬᠡᠯ ᠬᠤᠷᠢᠶᠠᠬᠤ ᠪᠠᠷᠢᠮᠵᠢᠶ᠎ᠠ ᠶᠢᠨ ᠲᠤᠬᠠᠢ ᠴᠤᠬᠤᠯᠠᠪᠤᠷᠢ︾ ︵ᠦᠪᠦᠷ | ᠲᠦᠯᠦᠪᠯᠡᠭᠡ ᠰᠦᠢᠳᠬᠡᠯ ᠦᠰᠦᠭ ﹇2002﹈ 887 ᠳ᠋ᠤᠭᠠᠷ ᠲᠤᠭᠠᠲᠤ︶ ᠶᠢ ᠦᠨᠳᠦᠰᠦᠯᠡᠨ᠂ ᠬᠦᠮᠦᠨ ᠪᠦᠷᠢ | ᠠᠴᠠ ᠨᠡᠷ᠎ᠡ ᠮᠡᠳᠡᠭᠦᠯᠬᠦ ᠰᠦᠢᠳᠬᠡᠯ 20 ᠲᠦᠭᠦᠷᠢᠭ᠂ ᠪᠢᠷ ᠤᠨ ᠰᠢᠯᠭᠠᠯᠲᠠ ᠶᠢᠨ ᠰᠢᠯᠭᠠᠯᠲᠠ ᠶᠢᠨ ᠶᠠᠪᠤᠳᠠᠯ ᠤᠨ | ᠰᠦᠢᠳᠬᠡᠯ 50 ᠲᠦᠭᠦᠷᠢᠭ ᠬᠤᠷᠢᠶᠠᠨ᠎ᠠ᠃ | ⑴2019 ᠣᠨ ᠵᠢᠴᠢ ᠲᠡᠭᠦᠨ ᠠᠴᠠ ᠡᠮᠦᠨ᠎ᠡ ᠲᠡᠭᠦᠰᠦᠭᠰᠡᠳ ᠰᠦᠯᠵᠢᠶᠡᠨ ᠳᠤ 70 ᠲᠦᠭᠦᠷᠢᠭ ᠤᠨ | ᠰᠦᠢᠳᠬᠡᠯ ᠲᠤᠰᠢᠶᠠᠨ᠎ᠠ᠃ | ⑵2020 ᠣᠨ ᠤ ᠡᠩ ᠤᠨ ᠶᠡᠭᠡ ᠳᠡᠭᠡᠳᠦ ᠰᠤᠷᠭᠠᠭᠤᠯᠢ ᠶᠢᠨ ᠤᠶᠤᠲᠠᠨ ᠤ ᠨᠡᠷ᠎ᠡ ᠮᠡᠳᠡᠭᠦᠯᠬᠦ | ᠰᠦᠢᠳᠬᠡᠯ᠂ ᠰᠢᠯᠭᠠᠯᠲᠠ ᠶᠢᠨ ᠶᠠᠪᠤᠳᠠᠯ ᠤᠨ ᠰᠦᠢᠳᠬᠡᠯ ᠢ ᠬᠠᠭᠠᠰ ᠢᠶᠠᠷ ᠬᠢᠮᠳᠠᠷᠠᠭᠤᠯᠵᠤ ᠬᠤᠷᠢᠶᠠᠨ᠎ᠠ᠂ ᠨᠡᠷ᠎ᠡ | ᠮᠡᠳᠡᠭᠦᠯᠵᠦ ᠬᠢᠷᠢ ᠬᠡᠮ ᠤᠨ ᠬᠢᠨᠠᠯᠲᠠ ᠳᠠᠭᠤᠰᠤᠭᠰᠠᠨ ᠤ ᠳᠠᠷᠠᠭ᠎ᠠ ᠰᠦᠯᠵᠢᠶᠡᠨ ᠳᠤ ᠰᠦᠢᠳᠬᠡᠯ ᠲᠤᠰᠢᠶᠠᠬᠤ | ᠴᠢᠬᠤᠯᠠ ᠦᠭᠡᠢ᠂ ᠬᠤᠪᠢ ᠬᠦᠮᠦᠨ ᠤ ᠰᠦᠯᠵᠢᠶᠡᠨ ᠪᠠᠩᠬᠢ᠂ ᠪᠠᠩᠬᠢ ᠶᠢᠨ ᠲᠤᠤᠷ ᠴᠡᠭ ᠯᠠᠩᠭᠦᠢ ᠵᠡᠷᠭᠡ ᠠᠷᠭ᠎ᠠ | ᠬᠡᠯᠪᠡᠷᠢ ᠪᠠᠷ ᠨᠡᠷ᠎ᠡ ᠮᠡᠳᠡᠬᠦᠯᠬᠦ ᠰᠦᠢᠳᠬᠡᠯ᠂ ᠰᠢᠯᠭᠠᠯᠲᠠ ᠶᠢᠨ ᠶᠠᠪᠤᠳᠠᠯ ᠤᠨ ᠰᠦᠢᠳᠬᠡᠯ ᠨᠡᠶᠢᠲᠡ 35 ᠲᠦᠭᠦᠷᠢᠭ | ᠲᠤᠰᠢᠶᠠᠨ᠎ᠠ᠃ | ᠵᠤᠭᠤᠰ ᠬᠤᠷᠢᠶᠠᠬᠤ ᠨᠢᠭᠡᠴᠡ᠄ ᠳᠤᠮᠳᠠᠳᠤ ᠤᠯᠤᠰ ᠤᠨ ᠲᠠᠷᠢᠶᠠᠯᠠᠩ ᠤᠨ ᠪᠠᠩᠬᠢ ᠶᠢᠨ ᠬᠤᠪᠢ | ᠤᠷᠤᠭᠤᠯᠤᠭᠰᠠᠨ ᠬᠢᠵᠠᠭᠠᠷᠲᠤ ᠺᠣᠮᠫᠠᠨᠢ ᠶᠢᠨ ᠤᠯᠠᠭᠠᠨᠬᠠᠳᠠ ᠶᠢᠨ ᠰᠦᠩᠱᠠᠨ ᠳᠠᠬᠢ ᠰᠢᠨ᠎ᠡ ᠬᠤᠲᠠ ᠶᠢᠨ ᠰᠠᠯᠪᠤᠷᠢ | ᠪᠠᠩᠬᠢ | ᠪᠠᠩᠬᠢ ᠶᠢᠨ ᠳ᠋ᠤᠭᠠᠷ᠄ 103194024110 | ᠳᠠᠩᠰᠠᠨ ᠳ᠋ᠤᠭᠠᠷ᠄ 249301040000252 | ᠰᠦᠢᠳᠬᠡᠯ ᠲᠤᠰᠢᠶᠠᠬᠤ ᠲᠤᠳᠤᠷᠬᠠᠶᠢᠯᠠᠯᠲᠠ ᠳᠠᠭᠠᠨ ︽ᠤᠪᠤᠭ ᠨᠠᠷ᠎ᠡ᠂ ᠨᠡᠷ᠎ᠡ ᠮᠡᠳᠡᠭᠦᠯᠦᠭᠰᠡᠨ ᠳ᠋ᠤᠭᠠᠷ᠂ | ᠨᠡᠷ᠎ᠡ ᠮᠡᠳᠡᠭᠦᠯᠦᠭᠰᠡᠨ ᠪᠠᠶᠢᠭᠤᠯᠭ᠎ᠠ ᠨᠢᠭᠡᠴᠡ ︵ᠵᠢᠱᠢᠶᠡᠯᠡᠪᠡᠯ᠄ ᠸᠠᠩ xx᠂ 1359᠂ ᠬᠤᠲᠠ ᠶᠢᠨ ᠰᠢᠨᠵᠢᠯᠡᠭᠡ | ᠮᠡᠷᠭᠡᠵᠢᠯ ᠤᠨ ᠲᠣᠪᠴᠢᠶ᠎ᠠ ︶ ︾ ᠭᠡᠵᠦ ᠪᠢᠴᠢᠨ᠎ᠡ᠃ | ⑶2021 ᠣᠨ ᠤ ᠪᠦᠬᠦᠯᠢ ᠡᠳᠦᠷ ᠤᠨ ᠲᠦᠷᠢᠮᠳᠦ ᠡᠩ ᠤᠨ ᠶᠡᠭᠡ ᠳᠡᠭᠡᠳᠦ ᠰᠤᠷᠭᠠᠭᠤᠯᠢ ᠶᠢᠨ ᠰᠢᠨ᠎ᠡ | ᠲᠡᠭᠦᠰᠬᠦ ᠤᠶᠤᠲᠠᠨ᠂ ᠬᠦᠳᠡᠭᠡ ᠲᠤᠰᠬᠤᠨ ᠮᠠᠯᠵᠢᠬᠤ ᠤᠷᠤᠨ ᠤ ᠳᠠᠩᠰᠠ ᠡᠪᠬᠡᠮᠡᠯ ᠪᠦᠬᠦᠢ ᠶᠠᠳᠠᠭᠤ ᠬᠦᠴᠢᠷᠳᠡᠯᠲᠡᠢ | ᠡᠷᠦᠬᠡ ᠪᠠ ᠬᠤᠲᠠ ᠪᠠᠯᠭᠠᠰᠤᠨ ᠤ ᠬᠠᠮᠤᠭ ᠳᠤᠤᠷ᠎ᠠ ᠠᠮᠢᠳᠤᠷᠠᠯ ᠤᠨ ᠪᠠᠲᠤᠯᠠᠭ᠎ᠠ ᠬᠦᠷᠲᠡᠵᠦ ᠪᠠᠶᠢᠭ᠎ᠠ ᠭᠡᠷ ᠪᠦᠯᠢ ᠶᠢᠨ | ᠡᠯᠰᠡᠭᠦᠯᠦᠭᠴᠢ ᠨᠡᠷ᠎ᠡ ᠮᠡᠳᠡᠭᠦᠯᠵᠦ ᠬᠢᠷᠢ ᠬᠡᠮ ᠤᠨ ᠬᠢᠨᠠᠯᠲᠠ ᠳᠠᠭᠤᠰᠤᠭᠰᠠᠨ ᠤ ᠳᠠᠷᠠᠭ᠎ᠠ ᠨᠡᠷ᠎ᠡ ᠮᠡᠳᠡᠭᠦᠯᠵᠦ | ᠳᠠᠭᠤᠰᠤᠨ᠎ᠠ᠂ ᠰᠦᠢᠳᠬᠡᠯ ᠲᠤᠰᠢᠶᠠᠬᠤ ᠴᠢᠬᠤᠯᠠ ᠦᠭᠡᠢ᠃ ︵ᠠᠩᠬᠠᠨ ᠤ ᠬᠢᠨᠠᠯᠲᠠ ᠶᠢᠨ ᠬᠤᠭᠤᠴᠠᠭ᠎ᠠ ᠨᠢ ᠠᠷᠠᠢ | ᠵᠢᠭᠠᠬᠠᠨ ᠬᠤᠶᠢᠰᠢᠯᠠᠨᠠ︶᠃ | ᠡᠰᠡᠷᠭᠦᠴᠡᠵᠦ ᠪᠤᠯᠤᠰᠢ ᠦᠭᠡᠢ ᠬᠦᠴᠦᠨ ᠵᠦᠢᠯ ᠠᠴᠠ ᠪᠤᠰᠤ ᠪᠤᠰᠤᠳ ᠰᠢᠯᠲᠠᠭᠠᠨ ᠢᠶᠠᠷ ᠰᠢᠯᠭᠠᠯᠲᠠ ᠳᠤ | ᠤᠷᠤᠯᠴᠠᠬᠤ ᠦᠭᠡᠢ ᠪᠣᠯ ᠨᠡᠷ᠎ᠡ ᠮᠡᠳᠡᠭᠦᠯᠬᠦ ᠰᠦᠢᠳᠬᠡᠯ᠂ ᠰᠢᠯᠭᠠᠯᠲᠠ ᠶᠢᠨ ᠶᠠᠪᠤᠳᠠᠯ ᠤᠨ ᠰᠦᠢᠳᠬᠡᠯ ᠢ ᠪᠤᠴᠠᠭᠠᠬᠤ | ᠦᠭᠡᠢ᠃ | 3.ᠠᠩᠬᠠᠨ ᠤ ᠬᠢᠨᠠᠯᠲᠠ ᠳᠠᠭᠤᠰᠤᠭᠰᠠᠨ ᠤ ᠳᠠᠷᠠᠭ᠎ᠠ ᠡᠯᠰᠡᠭᠦᠯᠦᠭᠴᠢ ᠴᠠᠭ ᠲᠤᠬᠠᠢ ᠳᠤᠨᠢ ︽ᠨᠡᠷ᠎ᠡ | ᠮᠡᠳᠡᠭᠦᠯᠦᠭᠰᠡᠨ ᠳᠠᠩᠰᠠᠯᠠᠯᠲᠠ ᠶᠢᠨ ᠬᠦᠰᠦᠨᠦᠭᠲᠦ︾ ᠪᠠᠨ ᠳᠠᠷᠤᠮᠠᠯᠯᠠᠵᠤ᠂ ᠬᠢᠷᠢ ᠬᠡᠮ ᠤᠨ ᠲᠠᠬᠢᠨ ᠬᠢᠨᠠᠯᠲᠠ ᠳᠤ | ᠪᠡᠯᠡᠳᠬᠡᠨ᠎ᠡ᠃ ᠨᠡᠷ᠎ᠡ ᠮᠡᠳᠡᠭᠦᠯᠬᠦ ᠠᠵᠢᠯ ᠳᠠᠭᠤᠰᠤᠭᠰᠠᠨ ᠤ ᠳᠠᠷᠠᠭ᠎ᠠ᠂ ︽ᠨᠡᠷ᠎ᠡ ᠮᠡᠳᠡᠭᠦᠯᠦᠭᠰᠡᠨ ᠳᠠᠩᠰᠠᠯᠠᠯᠲᠠ ᠶᠢᠨ | ᠬᠦᠰᠦᠨᠦᠭᠲᠦ︾ ᠶᠢ ᠳᠠᠷᠤᠮᠠᠯᠯᠠᠵᠤ ᠪᠣᠯᠬᠤ ᠦᠭᠡᠢ᠃ | ᠳᠦᠷᠪᠡ᠂ ᠡᠯᠰᠡᠬᠦ ᠠᠷᠭ᠎ᠠ ᠬᠡᠯᠪᠡᠷᠢ | ︵ ᠨᠢᠭᠡ︶ ᠪᠢᠷ ᠤᠨ ᠰᠢᠯᠭᠠᠯᠲᠠ | 1.ᠪᠢᠷ ᠤᠨ ᠰᠢᠯᠭᠠᠯᠲᠠ ᠶᠢ ᠤᠯᠠᠭᠠᠨᠬᠠᠳᠠ ᠬᠤᠲᠠ ᠶᠢᠨ ᠬᠦᠮᠦᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠲᠣᠪᠴᠢᠶᠠᠨ ᠤ ᠨᠠᠶᠢᠳᠠᠯᠭ᠎ᠠ ᠪᠠᠷ ᠬᠤᠲᠠ ᠶᠢᠨ ᠭᠠᠳᠠᠨᠠᠬᠢ ᠲᠤᠰᠬᠠᠶᠢᠵᠢᠭᠰᠠᠨ | ᠰᠢᠯᠭᠠᠯᠲᠠ ᠶᠢᠨ ᠪᠠᠶᠢᠭᠤᠯᠤᠮᠵᠢ ᠪᠠᠷ ᠰᠢᠯᠭᠠᠯᠲᠠ ᠭᠠᠷᠭᠠᠭᠤᠯᠤᠨ᠎ᠠ᠃ ᠭᠤᠤᠯᠳᠠᠭᠤ ᠡᠯᠰᠡᠭᠦᠯᠦᠭᠴᠢ ᠶᠢᠨ | ᠶᠡᠷᠦᠩᠬᠡᠶᠢᠯᠡᠭᠰᠡᠨ ᠬᠡᠪ ᠴᠢᠨᠠᠷ ᠢ ᠰᠢᠯᠭᠠᠨ ᠪᠠᠶᠢᠴᠠᠭᠠᠵᠤ᠂ ᠠᠭᠤᠯᠭ᠎ᠠ ᠨᠢ ᠠᠵᠢᠯ ᠦᠢᠯᠡᠰ ᠤᠨ ᠨᠢᠭᠡᠴᠡ ᠶᠢᠨ | ᠠᠵᠢᠯᠲᠠᠨ ᠤ ᠪᠦᠷᠢᠯᠳᠦᠭᠦᠯᠪᠠᠰᠤ ᠵᠤᠬᠢᠬᠤ ᠤᠯᠠᠨ ᠨᠡᠶᠢᠲᠡ ᠶᠢᠨ ᠰᠠᠭᠤᠷᠢ ᠮᠡᠳᠡᠯᠭᠡ ᠪᠠ ᠦᠨᠳᠦᠰᠦᠨ ᠴᠢᠳᠠᠪᠤᠷᠢ ᠶᠢᠨ | ᠪᠠᠶᠢᠴᠠᠭᠠᠯᠲᠠ ᠪᠣᠯᠤᠨ᠎ᠠ᠃ ᠨᠢᠭᠡᠨ ᠬᠤᠪᠢ ᠰᠢᠯᠭᠠᠯᠲᠠ ᠶᠢᠨ ᠰᠡᠳᠦᠪ ᠪᠠᠶᠢᠵᠤ᠂ ᠪᠦᠷᠢᠨ ᠬᠤᠪᠢ ᠨᠢ 100 ᠬᠤᠪᠢ᠃ | | ᠪᠢᠷ ᠤᠨ ᠰᠢᠯᠭᠠᠯᠲᠠ ᠶᠢ ᠭᠤᠷᠪᠠᠨ ᠲᠦᠷᠦᠯ ᠤᠨ ᠰᠢᠯᠭᠠᠯᠲᠠ ᠬᠠᠭᠤᠳᠠᠰᠤ ᠠᠩᠭᠢᠯᠠᠨ᠎ᠠ᠄ ᠬᠢᠲᠠᠳ᠂ | ᠮᠤᠩᠭᠤᠯ᠂ ᠬᠢᠲᠠᠳ ᠮᠤᠩᠭᠤᠯ ᠬᠤᠤᠰ ᠬᠡᠯᠡᠨ ᠤ ᠰᠢᠯᠭᠠᠯᠲᠠ ᠶᠢᠨ ᠬᠠᠭᠤᠳᠠᠰᠤ᠃ ︽ᠮᠤᠩᠭᠤᠯ ᠬᠢᠲᠠᠳ ᠬᠤᠤᠰ | ᠬᠡᠯᠡᠨ ᠳᠤ ᠨᠡᠪᠲᠡᠷᠬᠡᠢ ᠠᠵᠢᠯᠲᠠᠨ︾ ᠤ ᠠᠵᠢᠯ ᠤᠨ ᠪᠠᠶᠢᠷᠢ ᠳᠤ ᠮᠡᠳᠡᠭᠦᠯᠦᠨ ᠰᠢᠯᠭᠠᠭᠤᠯᠤᠭᠰᠠᠳ ︽ᠮᠤᠩᠭᠤᠯ | ᠬᠢᠲᠠᠳ ᠬᠤᠤᠰ ᠬᠡᠯᠡᠨ︾ ᠤ ᠰᠡᠳᠦᠪ ᠢᠶᠠᠷ ᠨᠢᠭᠤᠷᠳᠠᠨ ᠰᠢᠯᠭᠠᠵᠤ᠂ ︽ᠬᠢᠲᠠᠳ ᠬᠡᠯᠡᠨ ᠤ ᠰᠡᠳᠦᠪ︾ ᠢ | ᠬᠢᠲᠠᠳ ᠢᠶᠠᠷ ᠬᠠᠷᠢᠭᠤᠯᠵᠤ᠂ ︽ᠮᠤᠩᠭᠤᠯ ᠬᠡᠯᠡᠨ ᠤ ᠰᠡᠳᠦᠪ︾ ᠢ ᠮᠤᠩᠭᠤᠯ ᠢᠶᠠᠷ ᠬᠠᠷᠢᠭᠤᠯᠤᠨ᠎ᠠ᠂ ᠬᠤᠪᠢ ᠶᠢᠨ | ᠬᠠᠷᠢᠴᠠᠯ ᠨᠢ ᠲᠤᠰᠪᠤᠷᠢ 50%᠃ ᠪᠤᠰᠤᠳ ᠰᠢᠯᠭᠠᠭᠤᠯᠤᠭᠰᠠᠳ ᠨᠡᠷ᠎ᠡ ᠮᠡᠳᠡᠭᠦᠯᠬᠦ ᠥᠶ᠎ᠡ ᠳᠤ ᠰᠤᠩᠭᠤᠭᠰᠠᠨ | ᠦᠭᠡ ᠬᠡᠯᠡ ᠪᠠᠷ ᠢᠶᠠᠨ ᠬᠠᠷᠢᠭᠤᠯᠤᠨ᠎ᠠ᠃ | 2.ᠪᠢᠷ ᠤᠨ ᠰᠢᠯᠭᠠᠯᠲᠠ ᠶᠢ ᠬᠠᠷᠠᠴᠢᠨ ᠬᠤᠰᠢᠭᠤᠨ ᠤ ᠶᠢᠨ ᠱᠠᠨ ᠪᠠᠯᠭᠠᠰᠤᠨ ᠳᠤ ᠰᠢᠯᠭᠠᠯᠲᠠ ᠶᠢᠨ | ᠲᠠᠯᠠᠪᠠᠢ ᠲᠣᠬᠢᠷᠠᠭᠤᠯᠤᠨ᠎ᠠ ︵ᠰᠢᠯᠭᠠᠭᠤᠯᠬᠤ ᠦᠨᠡᠮᠯᠡᠯ ᠳᠤ ᠦᠵᠡᠭᠡᠷᠡᠢ︶᠃ | 3.ᠰᠢᠯᠭᠠᠭᠤᠯᠬᠤ ᠦᠨᠡᠮᠯᠡᠯ ᠢᠶᠠᠨ ᠳᠠᠷᠤᠮᠠᠯᠯᠠᠬᠤ ᠴᠠᠭ | 2021 ᠣᠨ ᠤ 7 ᠰᠠᠷ᠎ᠠ ᠶᠢᠨ 27 ᠤ ᠡᠳᠦᠷ ᠤᠨ 9᠄ 00 -7 ᠰᠠᠷ᠎ᠠ ᠶᠢᠨ 30 ᠤ ᠡᠳᠦᠷ ᠤᠨ 24 | ᠄ 00 ᠪᠤᠯᠲᠠᠯ᠎ᠠ᠂ ᠨᠡᠷ᠎ᠡ ᠮᠡᠳᠡᠭᠦᠯᠦᠭᠰᠡᠨ ᠰᠦᠯᠵᠢᠶᠡᠨ ᠳᠡᠭᠡᠨ ᠭᠠᠷᠴᠤ ᠪᠢᠷ ᠤᠨ ᠰᠢᠯᠭᠠᠯᠲᠠ ᠶᠢᠨ ᠰᠢᠯᠭᠠᠭᠤᠯᠬᠤ | ᠦᠨᠡᠮᠯᠡᠯ ᠢᠶᠠᠨ ᠳᠠᠷᠤᠮᠠᠯᠯᠠᠭᠠᠷᠠᠢ᠃ | 4.ᠪᠢᠷ ᠤᠨ ᠰᠢᠯᠭᠠᠯᠲᠠ ᠶᠢᠨ ᠴᠠᠭ ᠪᠠ ᠭᠠᠵᠠᠷ | ᠪᠢᠷ ᠤᠨ ᠰᠢᠯᠭᠠᠯᠲᠠ ᠶᠢᠨ ᠴᠠᠭ 2021 ᠣᠨ ᠤ 7 ᠰᠠᠷ᠎ᠠ ᠶᠢᠨ 31 ᠤ ᠡᠳᠦᠷ ︵ᠭᠠᠷᠠᠭ ᠤᠨ | ᠵᠢᠷᠭᠤᠭᠠᠨ︶ 9᠄ 00 - 11᠄ 00᠃ ᠰᠢᠯᠭᠠᠬᠤ ᠭᠠᠵᠠᠷ ᠢ ᠰᠢᠯᠭᠠᠭᠤᠯᠬᠤ ᠦᠨᠡᠮᠯᠡᠯ ᠠᠴᠠ ᠯᠠᠪᠯᠠᠭᠠᠷᠠᠢ᠃ | ᠡᠯᠰᠡᠭᠦᠯᠦᠭᠴᠢ ᠪᠢᠷ ᠤᠨ ᠰᠢᠯᠭᠠᠯᠲᠠ ᠳᠤ ᠤᠷᠤᠯᠴᠠᠬᠤ ᠳᠠᠭᠠᠨ ᠨᠡᠷ᠎ᠡ ᠮᠡᠳᠡᠭᠦᠯᠬᠦ ᠥᠶ᠎ᠡ ᠳᠤ ᠬᠡᠷᠡᠭᠯᠡᠭᠰᠡᠨ ᠬᠦᠴᠦᠨ | ᠪᠦᠬᠦᠢ ᠬᠤᠭᠤᠴᠠᠭᠠᠨ ᠤ ᠬᠤᠶᠠᠳᠤᠭᠠᠷ ᠥᠶ᠎ᠡ ᠶᠢᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ︵ᠪᠤᠶᠤ ᠲᠦᠷ | ᠴᠠᠭ ᠤᠨ ᠪᠡᠶ᠎ᠡ ᠶᠢᠨ ᠦᠨᠡᠮᠯᠡᠯ᠂ ᠨᠡᠶᠢᠭᠡᠮ ᠤᠨ ᠪᠠᠲᠤᠯᠠᠭ᠎ᠠ ᠶᠢᠨ ᠺᠠᠷᠲ᠂ ᠫᠠᠰᠫᠤᠷᠲ︶ ᠂ ᠪᠢᠷ ᠤᠨ ᠰᠢᠯᠭᠠᠯᠲᠠ ᠶᠢᠨ | ᠰᠢᠯᠭᠠᠭᠤᠯᠬᠤ ᠦᠨᠡᠮᠯᠡᠯ ᠢᠶᠠᠨ ᠠᠪᠴᠤ ᠤᠷᠤᠬᠤ ᠬᠡᠷᠡᠭᠲᠡᠢ᠂ ᠡᠰᠡᠪᠡᠰᠦ ᠰᠢᠯᠭᠠᠯᠲᠠ ᠳᠤ ᠤᠷᠤᠯᠴᠠᠭᠤᠯᠬᠤ ᠦᠭᠡᠢ᠃ | 5.ᠪᠢᠷ ᠤᠨ ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ | ᠪᠢᠷ ᠤᠨ ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ = ᠪᠢᠷ ᠤᠨ ᠰᠢᠯᠭᠠᠯᠲᠠ ᠶᠢᠨ ᠬᠢᠷᠢ ᠪᠦᠲᠦᠮᠵᠢ + | ᠦᠨᠳᠦᠰᠦᠲᠡᠨ ᠤ ᠲᠦᠷᠦ ᠶᠢᠨ ᠪᠣᠳᠤᠯᠭ᠎ᠠ ᠶᠢᠨ ᠬᠠᠷᠠᠭᠠᠯᠵᠠᠯ ᠤᠨ ᠬᠤᠪᠢ | ᠦᠨᠳᠦᠰᠦᠲᠡᠨ ᠤ ᠲᠦᠷᠦ ᠶᠢᠨ ᠪᠣᠳᠤᠯᠭ᠎ᠠ ᠶᠢᠨ ᠬᠠᠷᠠᠭᠠᠯᠵᠠᠯ ᠤᠨ ᠬᠤᠪᠢ᠄ ᠮᠤᠩᠭᠤᠯ ᠦᠨᠳᠦᠰᠦᠲᠡᠨ᠂ | ᠳᠠᠭᠤᠷ ᠦᠨᠳᠦᠰᠦᠲᠡᠨ᠂ ᠣᠷᠴᠤᠨ ᠦᠨᠳᠦᠰᠦᠲᠡᠨ᠂ ᠡᠸᠡᠩᠬᠢ ᠦᠨᠳᠦᠰᠦᠲᠡᠨ ᠤ ᠡᠯᠰᠡᠭᠦᠯᠦᠭᠴᠢ ᠶᠢᠨ ᠪᠢᠷ ᠤᠨ | ᠰᠢᠯᠭᠠᠯᠲᠠ ᠶᠢᠨ ᠬᠢᠷᠢ ᠪᠦᠲᠦᠮᠵᠢ ᠳᠡᠭᠡᠷ᠎ᠡ 2.5 ᠬᠤᠪᠢ ᠨᠡᠮᠡᠨ᠎ᠡ᠃ | 6.ᠪᠢᠷ ᠤᠨ ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ ᠶᠢ ᠨᠡᠶᠢᠲᠡᠯᠡᠬᠦ | ᠨᠡᠷ᠎ᠡ ᠮᠡᠳᠡᠭᠦᠯᠦᠭᠰᠡᠨ ᠰᠦᠯᠵᠢᠶᠡᠨ ᠳᠤ ᠰᠢᠯᠭᠠᠭᠤᠯᠤᠭᠴᠢ ᠶᠢᠨ ᠪᠢᠷ ᠤᠨ ᠰᠢᠯᠭᠠᠯᠲᠠ ᠶᠢᠨ ᠶᠡᠷᠦᠩᠬᠡᠢ ᠬᠢᠷᠢ | ᠪᠦᠲᠦᠮᠵᠢ ᠶᠢ ᠨᠡᠶᠢᠲᠡᠯᠡᠨ᠎ᠡ᠃ ᠰᠢᠯᠭᠠᠯᠲᠠ ᠶᠢᠨ ᠪᠠᠶᠢᠳᠠᠯ ᠢ ᠦᠨᠳᠦᠰᠦᠯᠡᠨ ᠪᠢᠷ ᠤᠨ ᠰᠢᠯᠭᠠᠯᠲᠠ ᠶᠢᠨ ᠬᠠᠮᠤᠭ | ᠳᠤᠤᠷ᠎ᠠ ᠬᠢᠷᠢ ᠲᠡᠩᠴᠡᠬᠦ ᠪᠠᠷᠢᠮᠵᠢᠶ᠎ᠠ ᠬᠤᠪᠢ ᠶᠢ ᠲᠤᠭᠲᠠᠭᠠᠨ᠎ᠠ᠃ | 7.ᠪᠢᠷ ᠤᠨ ᠰᠢᠯᠭᠠᠯᠲᠠ ᠶᠢᠨ ᠬᠠᠭᠤᠳᠠᠰᠤ ᠶᠢ ᠬᠢᠨᠠᠬᠤ ᠠᠵᠢᠯ ᠢ ᠠᠤᠲ᠋ᠤᠴᠢᠯᠠᠭᠰᠠᠨ ᠰᠢᠰᠲ᠋ᠧᠮ ᠢ | ᠠᠰᠢᠭᠯᠠᠨ ᠭᠦᠢᠴᠡᠳᠬᠡᠵᠦ᠂ ᠬᠦᠮᠦᠨ ᠤ ᠬᠦᠴᠦᠨ ᠢᠶᠠᠷ ᠬᠤᠪᠢ ᠲᠡᠮᠳᠡᠭᠯᠡᠬᠦ᠂ ᠬᠤᠪᠢ ᠬᠠᠷᠭᠤᠭᠤᠯᠬᠤ ᠶᠠᠪᠤᠴᠠ | ᠪᠠᠶᠢᠬᠤ ᠦᠭᠡᠢ᠂ ᠰᠢᠯᠭᠠᠯᠲᠠ ᠳᠤ ᠣᠷᠤᠯᠴᠠᠭᠰᠠᠨ ᠪᠠᠶᠢᠲᠠᠯ᠎ᠠ ᠲᠡᠭ ᠬᠤᠪᠢ ᠶᠢᠨ ᠤᠨᠴᠠᠭᠠᠢ ᠪᠠᠶᠢᠳᠠᠯ ᠢᠯᠡᠷᠡᠬᠦ ᠠᠴᠠ | ᠪᠤᠰᠤᠳ ᠪᠠᠶᠢᠳᠠᠯ ᠳᠤ ᠡᠯᠰᠡᠭᠦᠯᠦᠭᠴᠢ ᠶᠢᠨ ᠬᠤᠪᠢ ᠪᠠᠨ ᠪᠠᠶᠢᠴᠠᠭᠠᠬᠤ ᠡᠷᠡᠮᠡᠯᠵᠡᠯ ᠢ ᠬᠦᠯᠢᠶᠡᠨ ᠰᠢᠢᠳᠪᠦᠷᠢᠯᠡᠬᠦ | ᠦᠭᠡᠢ᠃ | ︵ᠬᠤᠶᠠᠷ︶ ᠨᠢᠭᠤᠷᠳᠠᠬᠤ ᠰᠢᠯᠭᠠᠯᠲᠠ ᠶᠢᠨ ᠬᠢᠷᠢ ᠬᠡᠮ ᠢ ᠲᠠᠬᠢᠨ ᠬᠢᠨᠠᠬᠤ | 1.ᠨᠢᠭᠤᠷᠳᠠᠬᠤ ᠰᠢᠯᠭᠠᠯᠲᠠ ᠶᠢᠨ ᠬᠢᠷᠢ ᠬᠡᠮ ᠢ ᠲᠠᠬᠢᠨ ᠬᠢᠨᠠᠬᠤ ᠠᠵᠢᠯ ᠢ ᠬᠤᠲᠠ ᠶᠢᠨ ᠰᠢᠭᠤᠳ ᠬᠠᠷᠢᠶ᠎ᠠ | ᠬᠦᠮᠦᠨ ᠬᠡᠷᠡᠭᠯᠡᠬᠦ ᠨᠢᠭᠡᠴᠡ ᠶᠢᠨ ᠭᠤᠣᠯ ᠬᠠᠮᠢᠶᠠᠷᠤᠯᠲᠠ ᠶᠢᠨ ᠰᠠᠯᠠᠭ᠎ᠠ ᠮᠦᠴᠢᠷ ᠬᠠᠷᠢᠭᠤᠴᠠᠨ᠎ᠠ᠃ ᠪᠢᠷ ᠤᠨ | ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ ᠨᠢ ᠬᠠᠮᠤᠭ ᠳᠤᠤᠷ᠎ᠠ ᠬᠢᠷᠢ ᠲᠡᠩᠴᠡᠬᠦ ᠪᠠᠷᠢᠮᠵᠢᠶ᠎ᠠ ᠳᠤ ᠬᠦᠷᠦᠭᠰᠡᠳ | ᠠᠵᠢᠯ ᠤᠨ ᠪᠠᠶᠢᠷᠢ ᠶᠢᠨ ᠬᠦᠮᠦᠨ ᠤ ᠲᠤᠭ᠎ᠠ ᠪᠠ ᠨᠢᠭᠤᠷᠳᠠᠬᠤ ᠬᠦᠮᠦᠨ ᠤ ᠲᠤᠭ᠎ᠠ 1᠄ 3 ᠶᠢᠨ ᠬᠠᠷᠢᠴᠠᠯ ᠢᠶᠠᠷ | ᠬᠤᠪᠢ ᠶᠢᠨ ᠦᠨᠳᠦᠷ ᠳᠤᠤᠷ᠎ᠠ ᠶᠢᠨ ᠳᠠᠷᠠᠭᠠᠯᠠᠯ ᠢᠶᠠᠷ ᠬᠢᠷᠢ ᠬᠡᠮ ᠤᠨ ᠲᠠᠬᠢᠨ ᠬᠢᠨᠠᠯᠲᠠ ᠳᠤ ᠣᠷᠤᠬᠤ ᠬᠦᠮᠦᠨ ᠤ | ᠬᠦᠷᠢᠶ᠎ᠡ ᠬᠡᠪᠴᠢᠶ᠎ᠡ ᠶᠢ ᠲᠤᠭᠲᠠᠭᠠᠨ᠎ᠠ᠂ ᠮᠡᠳᠡᠭᠦᠯᠦᠨ ᠰᠢᠯᠭᠠᠭᠤᠯᠤᠭᠰᠠᠨ ᠠᠵᠢᠯ ᠤᠨ ᠪᠠᠶᠢᠷᠢ ᠶᠢᠨ ᠬᠠᠮᠤᠭ ᠤᠨ | ᠳᠤᠤᠷ᠎ᠠ ᠬᠤᠪᠢ ᠶᠢᠨ ᠪᠠᠷᠢᠮᠵᠢᠶ᠎ᠠ ᠳᠤ ᠬᠦᠷᠦᠭᠰᠡᠳ 3 ᠬᠦᠮᠦᠨ ᠠᠴᠠ ᠪᠠᠭ᠎ᠠ ᠪᠣᠯ ᠪᠤᠳᠠᠲᠤ ᠬᠦᠮᠦᠨ ᠤ ᠲᠤᠭ᠎ᠠ ᠪᠠᠷ | ᠬᠢᠷᠢ ᠬᠡᠮ ᠤᠨ ᠲᠠᠬᠢᠨ ᠬᠢᠨᠠᠯᠲᠠ ᠶᠢᠨ ᠬᠦᠷᠢᠶ᠎ᠡ ᠬᠡᠪᠴᠢᠶᠡᠨ ᠳᠤ ᠣᠷᠤᠨ᠎ᠠ᠃ ᠢᠵᠢᠯ ᠨᠢᠭᠡᠨ ᠠᠵᠢᠯ ᠤᠨ ᠪᠠᠶᠢᠷᠢ ᠳᠤ | 1᠄ 3 ᠶᠢᠨ ᠬᠠᠷᠢᠴᠠᠯ ᠢᠶᠠᠷ ᠬᠢᠷᠢ ᠪᠦᠲᠦᠮᠵᠢ ᠨᠢ ᠲᠠᠪᠬᠤᠴᠠᠭᠰᠠᠨ ᠬᠦᠮᠦᠰ ᠪᠠᠶᠢᠪᠠᠯ ᠮᠦᠨ ᠲᠠᠬᠢᠨ ᠬᠢᠨᠠᠯᠲᠠ ᠶᠢᠨ | ᠬᠡᠪᠴᠢᠶᠡᠨ ᠳᠤ ᠤᠷᠤᠭᠤᠯᠤᠨ᠎ᠠ᠃ | 2.ᠨᠢᠭᠤᠷᠳᠠᠬᠤ ᠰᠢᠯᠭᠠᠯᠲᠠ ᠶᠢᠨ ᠲᠠᠬᠢᠨ ᠬᠢᠨᠠᠯᠲᠠ ᠶᠢᠨ ᠬᠡᠪᠴᠢᠶᠡᠨ ᠳᠤ ᠤᠷᠤᠭᠰᠠᠨ ᠰᠢᠯᠭᠠᠭᠤᠯᠤᠭᠴᠢ᠂ | ᠬᠢᠷᠢ ᠬᠡᠮ ᠤᠨ ᠲᠠᠬᠢᠨ ᠬᠢᠨᠠᠯᠲᠠ ᠳᠤ ᠲᠤᠰ ᠬᠦᠮᠦᠨ ᠤ ︽ᠨᠡᠷ᠎ᠡ ᠮᠡᠳᠡᠭᠦᠯᠦᠭᠰᠡᠨ ᠳᠠᠩᠰᠠᠯᠠᠯᠲᠠ ᠶᠢᠨ ᠬᠦᠰᠦᠨᠦᠭᠲᠦ︾ | ᠂ ᠨᠡᠷ᠎ᠡ ᠮᠡᠳᠡᠭᠦᠯᠬᠦ ᠥᠶ᠎ᠡ ᠳᠤ ᠬᠡᠷᠡᠭᠯᠡᠭᠰᠡᠨ ᠬᠦᠴᠦᠨ ᠪᠦᠬᠦᠢ ᠬᠤᠭᠤᠴᠠᠭᠠᠨ ᠤ ᠬᠤᠶᠠᠳᠤᠭᠠᠷ ᠥᠶ᠎ᠡ ᠶᠢᠨ | ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ︵ᠪᠤᠶᠤ ᠲᠦᠷ ᠴᠠᠭ ᠤᠨ ᠪᠡᠶ᠎ᠡ ᠶᠢᠨ ᠦᠨᠡᠮᠯᠡᠯ᠂ ᠨᠡᠶᠢᠭᠡᠮ ᠤᠨ | ᠪᠠᠲᠤᠯᠠᠭ᠎ᠠ ᠶᠢᠨ ᠺᠠᠷᠲ᠂ ᠫᠠᠰᠫᠤᠷᠲ︶᠂ ᠲᠡᠭᠦᠰᠬᠦ ᠦᠨᠡᠮᠯᠡᠯ ᠪᠠ ᠡᠷᠳᠡᠮ ᠤᠨ ᠴᠤᠯᠠ ᠶᠢᠨ ᠦᠨᠡᠮᠯᠡᠯ ︵ | ᠭᠠᠳᠠᠭᠠᠳᠤ ᠳᠤ ᠰᠤᠷᠤᠯᠴᠠᠭᠠᠳ ᠤᠯᠤᠰ ᠲᠤ ᠪᠠᠨ ᠪᠤᠴᠠᠭᠰᠠᠨ ᠬᠦᠮᠦᠰ ᠰᠤᠷᠭᠠᠨ ᠬᠦᠮᠦᠵᠢᠯ ᠤᠨ ᠶᠠᠮᠤᠨ ᠤ | ᠭᠠᠳᠠᠭᠠᠳᠤ ᠳᠤ ᠰᠤᠷᠤᠯᠴᠠᠭᠰᠠᠳ ᠤᠨ ᠦᠢᠯᠡᠴᠢᠯᠡᠭᠡᠨ ᠤ ᠲᠥᠪ ᠤᠨ ᠬᠠᠩᠭᠠᠭᠰᠠᠨ ︽ᠤᠯᠤᠰ ᠤᠨ ᠭᠠᠳᠠᠨᠠᠬᠢ | ᠰᠤᠷᠤᠯᠭ᠎ᠠ ᠶᠢᠨ ᠨᠠᠮᠲᠠᠷ ᠡᠷᠳᠡᠮ ᠤᠨ ᠴᠣᠯᠠ ᠶᠢᠨ ᠭᠡᠷᠡᠴᠢᠯᠡᠯ︾︶᠂ ᠡᠷᠦᠬᠡ ᠠᠮᠠ ᠶᠢᠨ ᠮᠠᠲ᠋ᠧᠷᠢᠶᠠᠯ ︵ᠡᠷᠦᠬᠡ | ᠠᠮᠠ ᠶᠢᠨ ᠳᠡᠪᠲᠡᠷ ᠪᠤᠶᠤ ᠡᠷᠦᠭᠡ ᠠᠮᠠ ᠪᠠᠶᠢᠭ᠎ᠠ ᠭᠠᠵᠠᠷ ᠤᠨ ᠲᠤᠲᠤᠭᠠᠳᠤ ᠶᠢ ᠬᠠᠮᠠᠭᠠᠯᠠᠬᠤ ᠲᠤᠪᠴᠢᠶᠠᠨ ᠤ | ᠲᠤᠮᠢᠯᠠᠭᠰᠠᠨ ᠰᠠᠯᠪᠤᠷᠢ ᠶᠢᠨ ᠡᠷᠦᠬᠡ ᠠᠮᠠ ᠶᠢᠨ ᠭᠡᠷᠡᠴᠢ︶ ᠤᠨ ᠤᠭ ᠮᠠᠲ᠋ᠧᠷᠢᠶᠠᠯ ᠢ ᠬᠠᠩᠭᠠᠬᠤ ᠬᠡᠷᠡᠭᠲᠡᠢ᠃ | ᠬᠢᠷᠢ ᠬᠡᠮ ᠤᠨ ᠲᠠᠬᠢᠨ ᠬᠢᠨᠠᠯᠲᠠ ᠳᠠᠭᠤᠰᠤᠭᠰᠠᠨ ᠤ ᠳᠠᠷᠠᠭ᠎ᠠ ᠨᠢᠭᠤᠷᠳᠠᠬᠤ ᠰᠢᠯᠭᠠᠯᠲᠠ ᠶᠢᠨ | ᠬᠡᠪᠴᠢᠶᠡᠨ ᠳᠤ ᠣᠷᠤᠭᠰᠠᠨ ᠰᠢᠯᠭᠠᠭᠤᠯᠤᠭᠴᠢ ᠨᠢᠭᠤᠷᠳᠠᠬᠤ ᠰᠢᠯᠭᠠᠯᠲᠠ ᠶᠢᠨ ᠰᠢᠯᠭᠠᠯᠲᠠ ᠶᠢᠨ ᠶᠠᠪᠤᠳᠠᠯ ᠤᠨ | ᠰᠦᠢᠳᠬᠡᠯ 50 ᠲᠦᠭᠦᠷᠢᠭ ᠲᠤᠰᠢᠶᠠᠨ᠎ᠠ᠃ | 3.ᠨᠢᠭᠤᠷᠳᠠᠬᠤ ᠰᠢᠯᠭᠠᠯᠲᠠ ᠶᠢᠨ ᠬᠢᠷᠢ ᠬᠡᠮ ᠤᠨ ᠲᠠᠬᠢᠨ ᠬᠢᠨᠠᠯᠲᠠ ᠭᠤᠤᠯᠳᠠᠭᠤ ᠨᠡᠷ᠎ᠡ | ᠮᠡᠳᠡᠭᠦᠯᠦᠭᠰᠡᠳ ᠤᠨ ᠲᠠᠭᠯᠠᠭᠰᠠᠨ ᠰᠤᠷᠠᠭ ᠵᠠᠩᠭᠢ ᠪᠠ ᠬᠠᠩᠭᠠᠭᠰᠠᠨ ᠬᠠᠮᠢᠶ᠎ᠠ ᠪᠦᠬᠦᠢ ᠦᠨᠡᠮᠯᠡᠯ᠂ ᠮᠠᠲ᠋ᠧᠷᠢᠶᠠᠯ ᠨᠢ | ᠢᠵᠢᠯ ᠡᠰᠡᠭᠦ ᠶᠢ ᠬᠢᠨᠠᠨ ᠬᠠᠷᠭᠤᠭᠤᠯᠤᠨ᠎ᠠ᠃ | 4.ᠨᠢᠭᠤᠷᠳᠠᠬᠤ ᠰᠢᠯᠭᠠᠯᠲᠠ ᠶᠢᠨ ᠬᠡᠪᠴᠢᠶᠡᠨ ᠳᠤ ᠤᠷᠤᠭᠰᠠᠳ ᠠᠴᠠ ᠬᠢᠷᠢ ᠬᠡᠮ ᠤᠨ ᠲᠠᠬᠢᠨ ᠬᠢᠨᠠᠯᠲᠠ ᠨᠢ | ᠦᠩᠭᠡᠷᠡᠬᠦ ᠦᠭᠡᠢ ᠬᠦᠮᠦᠰ ᠪᠠᠶᠢᠪᠠᠯ ᠲᠤᠰ ᠠᠵᠢᠯ ᠤᠨ ᠪᠠᠶᠢᠷᠢ ᠶᠢᠨ ᠪᠢᠷ ᠤᠨ ᠰᠢᠯᠭᠠᠯᠲᠠ ᠶᠢᠨ ᠶᠡᠷᠦᠩᠬᠡᠢ ᠬᠢᠷᠢ | ᠪᠦᠲᠦᠮᠵᠢ ᠶᠢᠨ ᠬᠤᠪᠢ ᠶᠢᠨ ᠦᠨᠳᠦᠷ ᠠᠴᠠ ᠳᠡᠰ ᠳᠠᠷᠠᠭᠠᠯᠠᠨ ᠨᠦᠬᠦᠵᠦ ᠡᠯᠰᠡᠨ᠎ᠡ᠃ | ︵ᠭᠤᠷᠪᠠ︶ ᠨᠢᠭᠤᠷᠳᠠᠬᠤ ᠰᠢᠯᠭᠠᠯᠲᠠ | 1.ᠨᠢᠭᠤᠷᠳᠠᠬᠤ ᠰᠢᠯᠭᠠᠯᠲᠠ ᠶᠢ ᠬᠠᠷᠠᠴᠢᠨ ᠬᠤᠰᠢᠭᠤᠨ ᠤ ᠬᠦᠳᠡᠯᠮᠦᠷᠢ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠲᠣᠪᠴᠢᠶᠠᠨ ᠠᠴᠠ ᠵᠤᠬᠢᠶᠠᠨ ᠪᠠᠶᠢᠭᠤᠯᠵᠤ ᠨᠠᠶᠢᠳᠠᠪᠤᠷᠢᠵᠢᠭᠤᠯᠤᠨ᠎ᠠ᠃ ᠨᠢᠭᠤᠷᠳᠠᠬᠤ | ᠰᠢᠯᠭᠠᠯᠲᠠ ᠶᠢᠨ ᠰᠡᠳᠦᠪ ᠢ ᠬᠤᠲᠠ ᠶᠢᠨ ᠬᠦᠳᠡᠯᠮᠦᠷᠢ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ | ᠲᠣᠪᠴᠢᠶᠠᠨ ᠠᠴᠠ ᠬᠤᠲᠠ ᠶᠢᠨ ᠭᠠᠳᠠᠨᠠᠬᠢ ᠲᠤᠰᠬᠠᠢ ᠰᠢᠯᠭᠠᠯᠲᠠ ᠶᠢᠨ ᠪᠠᠶᠢᠭᠤᠯᠤᠮᠵᠢ ᠳᠤ ᠨᠠᠶᠢᠳᠠᠵᠤ ᠰᠡᠳᠦᠪ | ᠭᠠᠷᠭᠠᠭᠤᠯᠤᠨ᠎ᠠ᠃ ᠨᠢᠭᠤᠷᠳᠠᠬᠤ ᠰᠢᠯᠭᠠᠯᠲᠠ ᠨᠢ ᠪᠦᠲᠦᠴᠡᠵᠢᠭᠰᠡᠨ ᠨᠢᠭᠤᠷᠳᠡᠨ ᠰᠢᠯᠭᠠᠯᠲᠠ ᠶᠢᠨ ᠠᠷᠭ᠎ᠠ | ᠬᠡᠯᠪᠡᠷᠢ ᠪᠠᠷ ᠶᠠᠪᠤᠭᠳᠠᠨ᠎ᠠ᠂ ᠪᠦᠷᠢᠨ ᠬᠤᠪᠢ ᠨᠢ 100 ᠬᠤᠪᠢ᠃ | 2.︽ᠮᠤᠩᠭᠤᠯ ᠬᠢᠲᠠᠳ ᠬᠤᠤᠰ ᠬᠡᠯᠡᠨ ᠳᠤ ᠨᠡᠪᠲᠡᠷᠬᠡᠢ ᠠᠵᠢᠯᠲᠠᠨ︾ ᠤ ᠠᠵᠢᠯ ᠤᠨ ᠪᠠᠶᠢᠷᠢ ᠳᠤ | ᠮᠡᠳᠡᠭᠦᠯᠦᠨ ᠰᠢᠯᠭᠠᠭᠤᠯᠤᠭᠰᠠᠳ ︽ᠮᠤᠩᠭᠤᠯ ᠬᠢᠲᠠᠳ ᠬᠤᠤᠰ ᠬᠡᠯᠡᠨ︾ ᠤ ᠰᠡᠳᠦᠪ ᠢᠶᠠᠷ ᠨᠢᠭᠤᠷᠳᠠᠨ ᠰᠢᠯᠭᠠᠵᠤ᠂ | ︽ᠬᠢᠲᠠᠳ ᠬᠡᠯᠡᠨ ᠤ ᠰᠡᠳᠦᠪ︾ ᠢ ᠬᠢᠲᠠᠳ ᠢᠶᠠᠷ ᠬᠠᠷᠢᠭᠤᠯᠵᠤ᠂ ︽ᠮᠤᠩᠭᠤᠯ ᠬᠡᠯᠡᠨ ᠤ ᠰᠡᠳᠦᠪ︾ ᠢ | ᠮᠤᠩᠭᠤᠯ ᠢᠶᠠᠷ ᠬᠠᠷᠢᠭᠤᠯᠤᠨ᠎ᠠ᠃ ᠪᠤᠰᠤᠳ ᠰᠢᠯᠭᠠᠭᠤᠯᠤᠭᠰᠠᠳ ᠬᠢᠷᠢ ᠬᠡᠮ ᠤᠨ ᠲᠠᠬᠢᠨ ᠬᠢᠨᠠᠯᠲᠠ ᠳᠤ ᠰᠤᠩᠭᠤᠭᠰᠠᠨ | ᠦᠭᠡ ᠬᠡᠯᠡ ᠪᠠᠷ ᠢᠶᠠᠨ ᠬᠠᠷᠢᠭᠤᠯᠤᠨ᠎ᠠ᠃ ᠱᠠᠭᠠᠷᠳᠠᠯᠭ᠎ᠠ ᠶᠤᠰᠤᠭᠠᠷ ᠬᠠᠷᠢᠭᠤᠯᠬᠤ ᠦᠭᠡᠢ ᠪᠣᠯ ᠲᠡᠭ ᠬᠤᠪᠢ ᠪᠠᠷ | ᠰᠢᠢᠳᠪᠦᠷᠢᠯᠡᠨ᠎ᠡ᠃ | 3.ᠨᠢᠭᠤᠷᠳᠠᠬᠤ ᠰᠢᠯᠭᠠᠯᠲᠠ ᠶᠢᠨ ᠬᠢᠷᠢ ᠪᠦᠲᠦᠮᠵᠢ ᠨᠢ 60 ᠬᠤᠪᠢ ᠬᠦᠷᠦᠭᠰᠡᠨ ᠪᠠᠶᠢᠪᠠᠯ ᠰᠠᠶ᠋ᠢ ᠳᠠᠷᠠᠭ᠎ᠠ | ᠠᠯᠬᠤᠮ ᠤᠨ ᠰᠢᠯᠭᠠᠷᠠᠭᠤᠯᠤᠯᠲᠠ ᠳᠤ ᠤᠷᠤᠵᠤ ᠳᠡᠶᠢᠯᠦᠨ᠎ᠡ᠃ | ︵ᠳᠦᠷᠪᠡ︶ ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ ᠶᠢ ᠪᠤᠳᠤᠬᠤ | ᠪᠢᠷ ᠤᠨ ᠰᠢᠯᠭᠠᠯᠲᠠ 50% ᠂ ᠨᠢᠭᠤᠷᠳᠠᠬᠤ ᠰᠢᠯᠭᠠᠯᠲᠠ 50% ᠶᠢᠨ ᠬᠠᠷᠢᠴᠠᠯ ᠢᠶᠠᠷ ᠰᠢᠯᠭᠠᠯᠲᠠ ᠶᠢᠨ | ᠶᠡᠷᠦᠩᠬᠡᠢ ᠬᠢᠷᠢ ᠪᠦᠲᠦᠮᠵᠢ ᠶᠢ ᠪᠤᠳᠤᠨ᠎ᠠ᠃ | ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ = ︵ᠪᠢᠷ ᠤᠨ ᠰᠢᠯᠭᠠᠯᠲᠠ ᠶᠢᠨ ᠬᠢᠷᠢ ᠪᠦᠲᠦᠮᠵᠢ + | ᠦᠨᠳᠦᠰᠦᠲᠡᠨ ᠤ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠤᠨ ᠬᠤᠪᠢ︶ ×50% + ᠨᠢᠭᠤᠷᠳᠠᠬᠤ | ᠰᠢᠯᠭᠠᠯᠲᠠ ᠶᠢᠨ ᠬᠢᠷᠢ ᠪᠦᠲᠦᠮᠵᠢ ×50% | ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ ᠶᠢ ᠡᠩ ᠤᠨ ᠪᠠᠶᠢᠳᠠᠯ ᠳᠤ ᠠᠷᠪᠠᠲᠤ ᠶᠢᠨ ᠪᠤᠲᠠᠷᠬᠠᠢ ᠶᠢᠨ | ᠴᠡᠭ ᠤᠨ ᠠᠷᠤ ᠳᠤ ᠬᠤᠶᠠᠷ ᠤᠷᠤᠨ ᠦᠯᠡᠳᠡᠭᠡᠵᠦ᠂ ᠬᠡᠷᠪᠡ ᠲᠠᠪᠬᠤᠴᠠᠭᠰᠠᠨ ᠬᠢᠷᠢ ᠪᠦᠲᠦᠮᠵᠢ ᠢᠯᠡᠷᠡᠪᠡᠯ | ᠳᠠᠷᠠᠭᠠᠴᠢ ᠶᠢᠨ ᠤᠷᠤᠨ ᠢ ᠦᠯᠡᠳᠡᠭᠡᠨ᠎ᠡ᠃ | ︵ᠲᠠᠪᠤ︶ ᠪᠡᠶ᠎ᠡ ᠶᠢᠨ ᠪᠠᠶᠢᠴᠠᠭᠠᠯᠲᠠ ᠪᠠ ᠬᠢᠨᠠᠨ ᠪᠠᠶᠢᠴᠠᠭᠠᠯᠲᠠ | 1.ᠪᠡᠶ᠎ᠡ ᠶᠢᠨ ᠪᠠᠶᠢᠴᠠᠭᠠᠯᠲᠠ ᠪᠠ ᠬᠢᠨᠠᠨ ᠪᠠᠶᠢᠴᠠᠭᠠᠯᠲᠠ ᠳᠤ ᠵᠢᠱᠢᠭᠳᠡᠭᠰᠡᠳ ᠢ ᠲᠤᠭᠲᠠᠭᠠᠨ᠎ᠠ᠃ | 2.ᠪᠡᠶ᠎ᠡ ᠶᠢᠨ ᠪᠠᠶᠢᠴᠠᠭᠠᠯᠲᠠ ᠶᠢᠨ ᠠᠵᠢᠯ᠃ ᠠᠯᠪᠠᠲᠠᠨ ᠡᠯᠰᠡᠬᠦ ᠪᠡᠶ᠎ᠡ ᠶᠢᠨ ᠪᠠᠶᠢᠴᠠᠭᠠᠯᠲᠠ ᠶᠢᠨ ᠬᠠᠮᠢᠶ᠎ᠠ | ᠪᠦᠬᠦᠢ ᠳᠦᠷᠢᠮ ᠲᠤᠭᠲᠠᠭᠠᠯ ᠢᠶᠠᠷ ᠶᠠᠪᠤᠭᠳᠠᠭᠤᠯᠤᠨ᠎ᠠ᠃ | 3.ᠬᠢᠨᠠᠨ ᠪᠠᠶᠢᠴᠠᠭᠠᠯᠲᠠ ᠶᠢᠨ ᠠᠵᠢᠯ᠃ ᠬᠢᠨᠠᠨ ᠪᠠᠶᠢᠴᠠᠭᠠᠯᠲᠠ ᠶᠢᠨ ᠠᠵᠢᠯ ᠢ ᠤᠷᠢᠵᠤ ᠡᠯᠰᠡᠬᠦ | ᠪᠠᠶᠢᠭᠤᠯᠭ᠎ᠠ ᠶᠢᠨ ᠭᠤᠣᠯ ᠬᠠᠮᠢᠶᠠᠷᠤᠯᠲᠠ ᠶᠢᠨ ᠰᠠᠯᠠᠭ᠎ᠠ ᠮᠦᠴᠢᠷ ᠬᠠᠷᠢᠭᠤᠴᠠᠨ᠎ᠠ᠃ | ︵ᠵᠢᠷᠭᠤᠭ᠎ᠠ︶ ᠢᠯᠡ ᠨᠡᠶᠢᠲᠡᠯᠡᠬᠦ | 1.ᠡᠯᠰᠡᠭᠦᠯᠦᠭᠴᠢ ᠶᠢᠨ ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ ᠪᠠ ᠪᠡᠶ᠎ᠡ ᠶᠢᠨ ᠪᠠᠶᠢᠴᠠᠭᠠᠯᠲᠠ ᠶᠢᠨ | ᠦᠷ᠎ᠡ ᠳ᠋ᠦᠩ ᠢ ᠦᠨᠳᠦᠰᠦᠯᠡᠨ ᠤᠷᠢᠵᠤ ᠡᠯᠰᠡᠬᠦ ᠵᠢᠱᠢᠭᠳᠡᠭᠰᠡᠳ ᠢ ᠲᠤᠭᠲᠠᠭᠠᠬᠤ ᠶᠢᠨ ᠬᠠᠮᠲᠤ ᠨᠡᠷ᠎ᠡ ᠮᠡᠳᠡᠭᠦᠯᠦᠭᠰᠡᠨ | ᠰᠦᠯᠵᠢᠶᠡᠨ ᠳᠤ ᠢᠯᠡ ᠨᠡᠶᠢᠲᠡᠯᠡᠨ᠎ᠡ᠂ ᠢᠯᠡᠴᠢᠯᠡᠨ ᠮᠡᠳᠡᠭᠦᠯᠬᠦ ᠤᠲᠠᠰᠤ ᠶᠢ ᠢᠯᠡ ᠨᠡᠶᠢᠲᠡᠯᠡᠵᠦ᠂ ᠨᠡᠶᠢᠭᠡᠮ ᠤᠨ | ᠬᠢᠨᠠᠯᠲᠠ ᠶᠢ ᠬᠦᠯᠢᠶᠡᠨ᠎ᠡ᠂ ᠢᠯᠡ ᠨᠡᠶᠢᠲᠡᠯᠡᠬᠦ ᠬᠤᠭᠤᠴᠠᠭ᠎ᠠ 7 ᠠᠵᠢᠯᠯᠠᠬᠤ ᠡᠳᠦᠷ᠃ | 2.ᠢᠯᠡ ᠨᠡᠶᠢᠲᠡᠯᠡᠯᠲᠡ ᠳᠠᠭᠤᠰᠤᠭᠰᠠᠨ ᠤ ᠳᠠᠷᠠᠭ᠎ᠠ ᠠᠰᠠᠭᠤᠳᠠᠯ ᠦᠭᠡᠢ ᠪᠤᠶᠤ ᠲᠤᠰᠬᠠᠭᠰᠠᠨ ᠠᠰᠠᠭᠤᠳᠠᠯ | ᠨᠢ ᠤᠷᠢᠵᠤ ᠡᠯᠰᠡᠬᠦ ᠶᠢ ᠨᠦᠯᠦᠭᠡᠯᠡᠬᠦ ᠦᠭᠡᠢ ᠪᠣᠯ ᠤᠷᠢᠵᠤ ᠡᠯᠰᠡᠬᠦ ᠭᠠᠷ ᠭᠦᠢᠴᠡᠳᠬᠡᠯ ᠬᠢᠨ᠎ᠡ᠃ | ︵ᠳᠤᠯᠤᠭ᠎ᠠ︶ ᠤᠷᠢᠵᠤ ᠡᠯᠰᠡᠬᠦ | 1.ᠢᠯᠡ ᠨᠡᠶᠢᠲᠡᠯᠡᠯᠲᠡ ᠶᠢᠨ ᠬᠤᠭᠤᠴᠠᠭ᠎ᠠ ᠳᠠᠭᠤᠰᠪᠠᠯ ᠺᠠᠳ᠋ᠷ ᠤᠨ ᠬᠠᠮᠢᠶᠠᠷᠤᠯᠲᠠ ᠶᠢᠨ ᠡᠷᠬᠡ ᠮᠡᠳᠡᠯ ᠤᠨ | ᠬᠡᠪᠴᠢᠶ᠎ᠡ ᠶᠤᠰᠤᠭᠠᠷ᠂ ᠵᠤᠬᠢᠶᠠᠨ ᠪᠠᠶᠢᠭᠤᠯᠬᠤ᠂ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ | ᠪᠠᠲᠤᠯᠠᠭ᠎ᠠ ᠶᠢᠨ ᠰᠠᠯᠠᠭ᠎ᠠ ᠮᠦᠴᠢᠷ ᠤᠷᠢᠵᠤ ᠡᠯᠰᠡᠯᠲᠡ ᠶᠢᠨ ᠬᠢᠨᠠᠨ ᠵᠦᠪᠰᠢᠶᠡᠷᠡᠯ ᠤᠨ ᠭᠠᠷ ᠭᠦᠢᠴᠡᠳᠬᠡᠯ ᠢ ᠬᠢᠵᠦ᠂ | 5 ᠵᠢᠯ ᠤᠨ ᠬᠤᠭᠤᠴᠠᠭ᠎ᠠ ᠪᠦᠬᠦᠢ ︽ᠠᠵᠢᠯ ᠦᠢᠯᠡᠰ ᠤᠨ ᠨᠢᠭᠡᠴᠡ ᠶᠢᠨ ᠤᠷᠢᠵᠤ ᠡᠯᠰᠡᠬᠦ ᠭᠡᠷ᠎ᠡ︾ ᠶᠢ ᠲᠤᠭᠲᠠᠨ᠎ᠠ᠃ | | 2.ᠤᠷᠢᠵᠤ ᠡᠯᠰᠡᠬᠦ ᠪᠠᠷ ᠵᠢᠱᠢᠭᠳᠡᠭᠰᠡᠳ ᠡᠷᠬᠡᠪᠰᠢ ᠲᠤᠭᠲᠠᠭᠰᠠᠨ ᠬᠤᠭᠤᠴᠠᠭᠠᠨ ᠳᠤ ᠨᠡᠷ᠎ᠡ ᠮᠡᠳᠡᠭᠦᠯᠬᠦ | ᠬᠡᠷᠡᠭᠲᠡᠢ᠂ ᠡᠰᠡᠪᠡᠰᠦ ᠲᠠᠶᠠᠭᠳᠠᠭᠰᠠᠨ ᠢᠶᠠᠷ ᠦᠵᠡᠵᠦ᠂ ᠤᠷᠢᠵᠤ ᠡᠯᠰᠡᠬᠦ ᠬᠢᠷᠢ ᠬᠡᠮ ᠢ ᠦᠭᠡᠶᠢᠰᠬᠡᠨ᠎ᠡ᠃ | 3.ᠤᠷᠢᠵᠤ ᠡᠯᠰᠡᠬᠦ ᠭᠠᠷ ᠭᠦᠢᠴᠡᠳᠬᠡᠯ ᠬᠢᠬᠦ ᠠᠴᠠ ᠡᠮᠦᠨ᠎ᠡ ᠪᠦᠬᠦᠯᠢ ᠡᠳᠦᠷ ᠤᠨ ᠳᠦᠷᠢᠮᠲᠦ ᠠᠰᠫᠢᠷᠠᠨᠲ᠂ | ᠵᠢᠩᠬᠢᠨᠢ ᠠᠩᠭᠢ ᠳᠤ ᠡᠯᠰᠡᠭᠳᠡᠵᠦ ᠰᠤᠷᠭᠠᠭᠤᠯᠢ ᠳᠠᠭᠠᠨ ᠨᠡᠷ᠎ᠡ ᠮᠡᠳᠡᠭᠦᠯᠦᠨ ᠳᠠᠩᠰᠠᠯᠠᠭᠰᠠᠨ ᠪᠣᠯ ᠤᠷᠢᠵᠤ ᠡᠯᠰᠡᠬᠦ | ᠬᠢᠷᠢ ᠬᠡᠮ ᠢ ᠦᠭᠡᠶᠢᠰᠬᠡᠨ᠎ᠡ᠃ | 4.ᠠᠵᠤ ᠠᠬᠤᠶᠢᠯᠠᠯ ᠲᠠᠢ ᠬᠦᠳᠡᠯᠮᠦᠷᠢ ᠶᠢᠨ ᠭᠡᠷ᠎ᠡ ᠲᠤᠭᠲᠠᠵᠤ᠂ ᠭᠡᠷ᠎ᠡ ᠶᠢᠨ ᠬᠤᠭᠤᠴᠠᠭᠠᠨ ᠳᠤ ᠪᠠᠨ | ᠪᠠᠶᠢᠭ᠎ᠠ ᠪᠣᠯ᠂ ᠪᠠᠶᠢᠭᠤᠯᠭ᠎ᠠ ᠨᠢ ᠬᠦᠳᠡᠯᠮᠦᠷᠢ ᠶᠢᠨ ᠭᠡᠷ᠎ᠡ ᠪᠠᠨ ᠬᠦᠴᠦᠨ ᠦᠭᠡᠢ ᠪᠣᠯᠭᠠᠬᠤ ᠶᠢ ᠵᠦᠪᠰᠢᠶᠡᠷᠡᠬᠦ ᠦᠭᠡᠢ | ᠪᠣᠯ ᠤᠷᠢᠵᠤ ᠡᠯᠰᠡᠬᠦ ᠦᠭᠡᠢ᠃ | 5.ᠤᠷᠢᠵᠤ ᠡᠯᠰᠡᠬᠦ ᠪᠠᠷ ᠵᠢᠱᠢᠭᠳᠡᠭᠰᠡᠳ ᠡᠯᠰᠡᠯᠲᠡ ᠶᠢ ᠲᠠᠶᠠᠭᠳᠠᠬᠤ ᠪᠤᠶᠤ ᠤᠷᠢᠵᠤ ᠡᠯᠰᠡᠬᠦ ᠬᠢᠷᠢ ᠬᠡᠮ ᠢ | ᠨᠢ ᠦᠭᠡᠶᠢᠰᠬᠡᠭᠰᠡᠨ ᠠᠴᠠ ᠪᠣᠯᠵᠤ ᠬᠤᠭᠤᠰᠤᠨ ᠠᠵᠢᠯ ᠤᠨ ᠪᠠᠶᠢᠷᠢ ᠢᠯᠡᠷᠡᠭᠰᠡᠨ ᠪᠣᠯ᠂ ᠬᠦᠮᠦᠨ ᠬᠡᠷᠡᠭᠯᠡᠬᠦ | ᠨᠢᠭᠡᠴᠡ ᠶᠢᠨ ᠡᠷᠡᠮᠡᠯᠵᠡᠯ ᠢᠶᠠᠷ ᠰᠢᠯᠭᠠᠯᠲᠠ ᠶᠢᠨ ᠶᠡᠷᠦᠩᠬᠡᠢ ᠬᠢᠷᠢ ᠪᠦᠲᠦᠮᠵᠢ ᠶᠢᠨ ᠵᠢᠭᠰᠠᠭᠠᠯᠲᠠ ᠶᠢᠨ ᠬᠤᠪᠢ ᠶᠢᠨ | ᠦᠨᠳᠦᠷ ᠠᠴᠠ ᠳᠡᠰ ᠳᠠᠷᠠᠭᠠᠯᠠᠨ ᠨᠦᠬᠦᠵᠦ ᠡᠯᠰᠡᠨ᠎ᠡ᠃ | ᠲᠠᠪᠤ᠂ ᠪᠤᠰᠤᠳ ᠵᠦᠢᠯᠡᠰ | ︵ᠨᠢᠭᠡ︶ ᠵᠠᠶᠢᠯᠠᠰᠬᠢᠬᠤ ᠳᠦᠷᠢᠮ ᠢ ᠬᠡᠷᠡᠭᠵᠢᠭᠦᠯᠦᠨ᠎ᠡ | ︵ᠬᠤᠶᠠᠷ︶ ᠤᠷᠢᠵᠤ ᠡᠯᠰᠡᠯᠲᠡ ᠶᠢᠨ ᠰᠠᠬᠢᠯᠭ᠎ᠠ ᠪᠠᠲᠤ ᠶᠢ ᠴᠢᠩᠭ᠎ᠠ ᠰᠠᠬᠢᠨ᠎ᠠ | ︵ᠭᠤᠷᠪᠠ︶ ᠲᠤᠰ ᠤᠳᠠᠭᠠᠨ ᠤ ᠢᠯᠡ ᠪᠠᠷ ᠤᠷᠢᠵᠤ ᠡᠯᠰᠡᠬᠦ ᠰᠢᠯᠭᠠᠯᠲᠠ ᠨᠢ ᠰᠢᠯᠭᠠᠯᠲᠠ ᠶᠢᠨ | ᠵᠢᠯᠤᠭᠤᠳᠤᠮᠵᠢ ᠶᠢᠨ ᠨᠤᠮ ᠲᠤᠭᠲᠠᠭᠠᠬᠤ ᠦᠭᠡᠢ᠂ ᠠᠯᠢᠪᠠ ᠪᠠᠶᠢᠭᠤᠯᠤᠮᠵᠢ ᠳᠤ ᠨᠠᠶᠢᠳᠠᠵᠤ ᠰᠢᠯᠭᠠᠯᠲᠠ ᠶᠢᠨ | ᠵᠢᠯᠤᠭᠤᠳᠤᠯᠭ᠎ᠠ ᠶᠢᠨ ᠠᠩᠭᠢ ᠡᠷᠬᠢᠯᠡᠬᠦ ᠦᠭᠡᠢ᠃ | ︵ᠳᠦᠷᠪᠡ︶ ᠲᠤᠰ ︽ᠲᠤᠪᠴᠢ ᠳᠦᠷᠢᠮ︾ ᠲᠤ ᠳᠤᠷᠠᠳᠤᠭᠰᠠᠨ ᠦᠭᠡᠢ ᠵᠦᠢᠯᠡᠰ ᠵᠢᠴᠢ ᠤᠷᠢᠵᠤ | ᠡᠯᠰᠡᠬᠦ ᠠᠵᠢᠯ ᠤᠨ ᠳᠤᠮᠳᠠᠬᠢ ᠬᠠᠮᠢᠶ᠎ᠠ ᠪᠦᠬᠦᠢ ᠰᠤᠷᠠᠭ ᠵᠠᠩᠭᠢ ᠶᠢ ᠴᠠᠭ ᠲᠤᠬᠠᠢ ᠳᠤᠨᠢ ᠨᠡᠷ᠎ᠡ ᠮᠡᠳᠡᠭᠦᠯᠦᠭᠰᠡᠨ | ᠰᠦᠯᠵᠢᠶᠡᠨ ᠳᠤ ᠨᠡᠶᠢᠲᠡᠯᠡᠨ᠎ᠡ᠂ ᠠᠩᠬᠠᠷᠤᠯ ᠢᠶᠠᠨ ᠬᠠᠨᠳᠤᠭᠤᠯᠬᠤ ᠪᠤᠯᠪᠠᠤ᠃ | ᠲᠤᠰ ᠲᠦᠰᠦᠯ ᠳᠤ ᠲᠠᠶᠢᠯᠤᠮᠵᠢ ᠬᠢᠬᠦ ᠶᠢ ᠬᠠᠷᠠᠴᠢᠨ ᠬᠤᠰᠢᠭᠤᠨ ᠤ ᠬᠦᠮᠦᠨ ᠤ ᠬᠦᠴᠦᠨ ᠤ ᠡᠬᠢ | ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠤᠪᠴᠢᠶ᠎ᠠ ᠬᠠᠷᠢᠭᠤᠴᠠᠨ᠎ᠠ᠃ | ᠳᠠᠭᠠᠯᠳᠤᠭᠤᠯᠤᠯ᠄ ︽ᠬᠠᠷᠠᠴᠢᠨ ᠬᠤᠰᠢᠭᠤᠨ ᠤ 2021 ᠣᠨ ᠤ ᠠᠵᠢᠯ ᠦᠢᠯᠡᠰ ᠤᠨ ᠨᠢᠭᠡᠴᠡ ᠶᠢᠨ | ᠢᠯᠡ ᠪᠠᠷ ᠠᠵᠢᠯᠲᠠᠨ ᠡᠯᠰᠡᠬᠦ ᠠᠵᠢᠯ ᠤᠨ ᠠᠵᠢᠯᠲᠠᠨ ᠤ ᠠᠵᠢᠯ ᠤᠨ ᠪᠠᠶᠢᠷᠢ ᠶᠢᠨ ᠲᠥᠯᠦᠪᠯᠡᠭᠡ ᠶᠢᠨ ᠬᠦᠰᠦᠨᠦᠭᠲᠦ︾ | | | ᠬᠠᠷᠠᠴᠢᠨ ᠬᠤᠰᠢᠭᠤᠨ ᠤ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ | ᠪᠠᠲᠤᠯᠠᠭ᠎ᠠ ᠶᠢᠨ ᠲᠣᠪᠴᠢᠶ᠎ᠠ | 2021 ᠣᠨ ᠤ 6 ᠰᠠᠷ᠎ᠠ ᠶᠢᠨ 28 ᠤ ᠡᠳᠦᠷ | | | ᠠᠭᠤᠯᠭ᠎ᠠ ᠶᠢᠨ ᠢᠷᠡᠯᠲᠡ᠄ ᠤᠯᠠᠭᠠᠨᠬᠠᠳᠠ ᠬᠤᠲᠠ ᠶᠢᠨ ᠬᠦᠮᠦᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠲᠣᠪᠴᠢᠶᠠᠨ ᠤ ᠠᠯᠪᠠᠨ ᠰᠦᠯᠵᠢᠶ᠎ᠡ | ᠣᠷᠴᠢᠭᠤᠯᠤᠭᠴᠢ᠄ ᠤᠷᠠᠨᠲᠠᠨ᠎ᠠ | ᠬᠢᠨᠠᠭᠴᠢ᠄ ᠬᠠᠰᠲᠠᠨ᠎ᠠ | | | | |