| ᠯᠢ ᠺᠧ ᠴᠢᠶᠠᠩ ᠲᠦᠷᠦ ᠶᠢᠨ ᠶᠠᠪᠤᠳᠠᠯ ᠤᠨ ᠬᠤᠷᠢᠶᠠᠨ ᠤ ︽ᠠᠷᠪᠠᠨ ᠳᠥᠷᠪᠡᠳᠦᠭᠡᠷ ᠲᠠᠪᠤᠨ ᠵᠢᠯ︾ ᠤᠨ | ᠲᠥᠯᠥᠪᠵᠢᠭᠦᠯᠭᠡ ᠶᠢᠨ ︽ᠬᠥᠲᠥᠯᠪᠦᠷᠢ ᠶᠢᠨ ᠲᠥᠰᠦᠯ︾ ᠢ ᠨᠠᠶᠢᠷᠠᠭᠤᠯᠤᠨ ᠵᠣᠬᠢᠶᠠᠬᠤ ᠠᠵᠢᠯ ᠤᠨ ᠤᠳᠤᠷᠢᠳᠬᠤ | ᠳᠤᠭᠤᠶᠢᠯᠠᠩ ᠤᠨ ᠬᠤᠷᠠᠯ ᠢ ᠡᠷᠬᠢᠯᠡᠨ ᠬᠤᠷᠠᠯᠳᠤᠭᠤᠯᠵᠤ ᠬᠥᠲᠥᠯᠪᠦᠷᠢ ᠶᠢᠨ ᠲᠥᠰᠦᠯ ᠢ ᠨᠠᠶᠢᠷᠠᠭᠤᠯᠤᠨ ᠵᠣᠬᠢᠶᠠᠭᠰᠠᠨ | ᠪᠠᠶᠢᠳᠠᠯ ᠤᠨ ᠲᠤᠬᠠᠢ ᠬᠠᠷᠢᠭᠤ ᠮᠡᠳᠡᠭᠦᠯᠦᠯᠲᠡ ᠶᠢ ᠰᠣᠨᠣᠰᠤᠭᠰᠠᠨ ᠪᠥᠭᠡᠳ ᠦᠨᠡᠨ ᠠᠴᠠ ᠵᠥᠪ ᠢ ᠡᠷᠢᠬᠦ ᠶᠢ | ᠪᠠᠷᠢᠮᠲᠠᠯᠠᠵᠤ ᠣᠳᠣᠬᠠᠨ ᠤ ᠪᠠ ᠠᠯᠤᠰ ᠬᠡᠳᠦ ᠶᠢᠨ ᠬᠢ ᠶᠢ ᠬᠠᠮᠲᠤ ᠳᠤᠨᠢ ᠬᠠᠷᠠᠭᠠᠯᠵᠠᠨ ᠥᠭᠡᠷᠡᠴᠢᠯᠡᠯᠲᠡ | ᠨᠡᠭᠡᠭᠡᠯᠲᠡ ᠶᠢ ᠭᠦᠨᠵᠡᠭᠡᠶᠢᠷᠡᠭᠦᠯᠵᠦ ᠦᠢᠯᠡᠳᠦᠯᠭᠡ ᠪᠠ ᠲᠡᠦᠬᠡ ᠶᠢᠨ ᠰᠢᠯᠭᠠᠯᠲᠠ ᠶᠢ ᠳᠠᠭᠠᠭᠠᠵᠤ ᠳᠡᠶᠢᠯᠬᠦ | ᠲᠥᠯᠥᠪᠵᠢᠭᠦᠯᠭᠡ ᠶᠢᠨ ᠬᠥᠲᠥᠯᠪᠦᠷᠢ ᠶᠢ ᠨᠠᠶᠢᠷᠠᠭᠤᠯᠤᠨ ᠵᠣᠬᠢᠶᠠᠬᠤ ᠬᠡᠷᠡᠭᠲᠡᠶ ᠭᠡᠵᠦ ᠴᠢᠬᠤᠯᠠᠴᠢᠯᠠᠪᠠ ᠬᠠᠨ ᠵᠧᠩ | ᠬᠤᠷᠠᠯ ᠳᠤ ᠣᠷᠣᠯᠴᠠᠪᠠ | 12 ᠳ᠋ᠤᠭᠠᠷ ᠰᠠᠷ᠎ᠠ ᠶᠢᠨ 23 ᠤ ᠡᠳᠦᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ | ᠬᠤᠷᠢᠶᠠᠨ ᠤ ᠤᠯᠤᠰ ᠲᠥᠷᠥ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ᠂ ᠲᠥᠷᠥ ᠶᠢᠨ ᠶᠠᠪᠤᠳᠠᠯ ᠤᠨ | ᠬᠤᠷᠢᠶᠠᠨ ᠤ ᠶᠡᠷᠦᠩᠬᠡᠶ ᠰᠠᠶᠢᠳ ᠯᠢ ᠺᠧ ᠴᠢᠶᠠᠩ ᠲᠦᠷᠦ ᠶᠢᠨ ᠶᠠᠪᠤᠳᠠᠯ ᠤᠨ ᠬᠤᠷᠢᠶᠠᠨ ᠤ ︽ᠠᠷᠪᠠᠨ | ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ ︽ᠬᠥᠲᠥᠯᠪᠦᠷᠢ ᠶᠢᠨ ᠲᠥᠰᠦᠯ︾ ᠢ ᠨᠠᠶᠢᠷᠠᠭᠤᠯᠤᠨ | ᠵᠣᠬᠢᠶᠠᠬᠤ ᠠᠵᠢᠯ ᠤᠨ ᠤᠳᠤᠷᠢᠳᠬᠤ ᠳᠤᠭᠤᠶᠢᠯᠠᠩ ᠤᠨ ᠬᠤᠷᠠᠯ ᠢ ᠡᠷᠭᠢᠯᠡᠨ ᠬᠤᠷᠠᠯᠳᠤᠭᠤᠯᠵᠤ᠂ ᠬᠥᠲᠥᠯᠪᠦᠷᠢ ᠶᠢᠨ | ᠲᠥᠰᠦᠯ ᠢ ᠨᠠᠶᠢᠷᠠᠭᠤᠯᠤᠨ ᠵᠣᠬᠢᠶᠠᠭᠰᠠᠨ ᠪᠠᠶᠢᠳᠠᠯ ᠤᠨ ᠲᠤᠬᠠᠢ ᠬᠠᠷᠢᠭᠤ ᠮᠡᠳᠡᠭᠦᠯᠦᠯᠲᠡ ᠶᠢ ᠳᠠᠬᠢᠨᠲᠠ ᠰᠣᠨᠣᠰᠤᠭᠰᠠᠨ | ᠪᠥᠭᠡᠳ ᠴᠢᠬᠤᠯᠠ ᠶᠠᠷᠢᠶ᠎ᠠ ᠲᠠᠯᠪᠢᠪᠠ᠃ | ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ ᠲᠥᠷᠥ ᠶᠢᠨ ᠲᠣᠪᠴᠢᠶᠠᠨ ᠤ | ᠪᠠᠶᠢᠩᠭᠤ ᠶᠢᠨ ᠭᠡᠰᠢᠭᠦᠨ᠂ ᠲᠦᠷᠦ ᠶᠢᠨ ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠬᠠᠨ ᠵᠧᠩ | ᠬᠤᠷᠠᠯ ᠳᠤ ᠣᠷᠣᠯᠴᠠᠪᠠ᠃ | ᠬᠤᠷᠠᠯ ᠳᠡᠭᠡᠷ᠎ᠡ᠂ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠬᠥᠲᠥᠯᠪᠦᠷᠢ ᠶᠢᠨ | ᠲᠥᠰᠦᠯ ᠢ ᠨᠠᠶᠢᠷᠠᠭᠤᠯᠤᠨ ᠵᠣᠬᠢᠶᠠᠬᠤ ᠲᠤᠬᠠᠶ ᠬᠠᠷᠢᠭᠤ ᠮᠡᠳᠡᠭᠦᠯᠦᠯᠲᠡ ᠬᠢᠵᠦ᠂ ᠬᠤᠷᠠᠯ ᠳᠤ ᠣᠷᠣᠯᠴᠠᠭᠰᠠᠨ | ᠨᠥᠬᠦᠳ ᠰᠤᠳᠤᠯᠤᠨ ᠶᠠᠷᠢᠯᠴᠠᠵᠠᠭᠠᠪᠠ᠃ | ᠯᠢ ᠺᠧ ᠴᠢᠶᠠᠩ ᠬᠡᠯᠡᠭᠰᠡᠨ ᠨᠢ᠂ ᠡᠯ᠎ᠡ ᠲᠠᠯ᠎ᠠ ᠶᠢᠨ ᠬᠠᠮᠲᠤ ᠶᠢᠨ ᠴᠢᠷᠮᠠᠶᠢᠯᠭ᠎ᠠ ᠪᠠᠷ᠂ ᠬᠥᠲᠥᠯᠪᠦᠷᠢ ᠶᠢᠨ | ᠲᠥᠰᠦᠯ ᠢ ᠨᠠᠶᠢᠷᠠᠭᠤᠯᠤᠨ ᠵᠣᠬᠢᠶᠠᠬᠤ ᠠᠵᠢᠯ ᠴᠢᠬᠤᠯᠠ ᠠᠬᠢᠴᠠ ᠲᠠᠢ ᠪᠣᠯᠪᠠ᠂ ᠤᠯᠠᠨ ᠪᠦᠭᠦᠳᠡ ᠪᠠᠷ ᠢᠶᠠᠨ | ᠦᠷᠭᠦᠯᠵᠢᠯᠡᠨ ᠤᠶᠤᠨ ᠤᠬᠠᠭᠠᠨ ᠢᠶᠠᠨ ᠲᠥᠪᠯᠡᠷᠡᠭᠦᠯᠦᠨ᠂ ᠭᠦᠨᠵᠡᠭᠡᠢ ᠰᠤᠳᠤᠯᠤᠨ ᠨᠤᠲᠠᠯᠠᠵᠤ᠂ ᠨᠢᠭᠲᠠ ᠠᠴᠠ | ᠨᠢᠭᠲᠠ ᠪᠠᠶᠢᠬᠤ ᠶᠢ ᠪᠡᠶᠡᠯᠡᠭᠦᠯᠬᠦ ᠬᠡᠷᠡᠭᠲᠡᠢ᠃ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠬᠤ ᠶᠢ ᠪᠠᠷᠢᠮᠲᠠᠯᠠᠵᠤ᠂ ᠨᠠᠮ ᠤᠨ | ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠲᠠᠪᠤᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ | ᠲᠤᠤᠱᠯᠠᠭᠤᠯᠤᠨ᠂ ᠪᠥᠬᠦᠳᠡ ᠬᠤᠷᠠᠯ ᠤᠨ ︽ᠰᠠᠨᠠᠭᠤᠯᠭ᠎ᠠ︾ ᠶᠣᠰᠣᠭᠠᠷ᠂ ᠬᠥᠲᠥᠯᠪᠦᠷᠢ ᠶᠢᠨ ᠲᠥᠰᠦᠯ ᠢ ᠨᠠᠷᠢᠨ | ᠨᠢᠮᠪᠠᠶ ᠨᠠᠶᠢᠷᠠᠭᠤᠯᠤᠨ ᠵᠣᠬᠢᠶᠠᠵᠤ᠂ ᠰᠢᠨ᠎ᠡ ᠬᠥᠭᠵᠢᠯᠲᠡ ᠶᠢᠨ ᠱᠠᠲᠤᠨ ᠳᠤ ᠰᠠᠭᠤᠷᠢᠯᠠᠬᠤ᠂ ᠰᠢᠨ᠎ᠡ ᠬᠥᠭᠵᠢᠯᠲᠡ ᠶᠢᠨ | ᠣᠨᠣᠯᠵᠢᠬᠤᠨ ᠢ ᠲᠤᠤᠱᠯᠠᠭᠤᠯᠬᠤ᠂ ᠰᠢᠨ᠎ᠡ ᠬᠥᠭᠵᠢᠯᠲᠡ ᠶᠢᠨ ᠪᠠᠶᠢᠷᠢᠰᠢᠯ ᠢ ᠪᠠᠶᠢᠭᠤᠯᠬᠤ᠂ ᠴᠢᠨᠠᠷ ᠰᠠᠶᠢᠲᠠᠶ | ᠬᠥᠭᠵᠢᠯᠲᠡ ᠶᠢ ᠠᠬᠢᠭᠤᠯᠬᠤ ᠱᠠᠭᠠᠷᠳᠠᠯᠭ᠎ᠠ ᠶᠢ ᠲᠤᠤᠱᠯᠠᠭᠤᠯᠵᠦ᠂ ᠠᠷᠠᠳ ᠲᠦᠮᠡᠨ ᠢᠶᠠᠷ ᠭᠤᠤᠯ ᠪᠣᠯᠭᠠᠬᠤ | ᠬᠥᠭᠵᠢᠯᠲᠡ ᠶᠢᠨ ᠦᠵᠡᠯ ᠰᠠᠨᠠᠭ᠎ᠠ ᠶᠢ ᠪᠠᠷᠢᠮᠲᠠᠯᠠᠵᠤ᠂ ᠪᠣᠳᠠᠲᠠᠢ ᠠᠵᠢᠯ ᠳᠤᠮᠳᠠ ᠦᠵᠡᠭᠦᠯᠬᠦ ᠲᠥᠯᠥᠪᠵᠢᠭᠦᠯᠭᠡ ᠶᠢᠨ | ᠬᠥᠲᠥᠯᠪᠦᠷᠢ ᠶᠢᠨ ᠪᠠᠷᠠᠯᠠᠯᠲᠠ ᠵᠢᠯᠣᠭᠤᠳᠤᠯᠭ᠎ᠠ ᠶᠢᠨ ᠦᠢᠯᠡᠳᠦᠯ ᠢ ᠨᠢ ᠦᠨᠡᠨ ᠬᠦ ᠪᠠᠳᠠᠷᠠᠭᠤᠯᠵᠤ᠂ ᠦᠢᠯᠡᠳᠦᠯᠭᠡ ᠪᠠ | ᠲᠡᠦᠬᠡ ᠶᠢᠨ ᠰᠢᠯᠭᠠᠯᠲᠠ ᠶᠢ ᠳᠠᠭᠠᠭᠠᠵᠤ ᠳᠡᠶᠢᠯᠬᠦ ᠪᠣᠯᠭᠠᠬᠤ ᠬᠡᠷᠡᠭᠲᠡᠶ ᠭᠡᠪᠡ᠃ | ᠯᠢ ᠺᠧ ᠴᠢᠶᠠᠩ ᠵᠢᠭᠠᠵᠤ ᠭᠠᠷᠭᠠᠭᠰᠠᠨ ᠨᠢ᠂ ᠬᠥᠲᠥᠯᠪᠦᠷᠢ ᠶᠢᠨ ᠲᠥᠰᠦᠯ ᠢ ᠨᠠᠶᠢᠷᠠᠭᠤᠯᠤᠨ ᠵᠣᠬᠢᠶᠠᠬᠤ ᠳᠤ | ᠣᠳᠣᠬᠠᠨ ᠤ ᠪᠠ ᠠᠯᠤᠰ ᠬᠡᠳᠦ ᠶᠢᠨ ᠬᠢ ᠶᠢ ᠬᠠᠮᠲᠤ ᠳᠤᠨᠢ ᠬᠠᠷᠠᠭᠠᠯᠵᠠᠬᠤ ᠬᠡᠷᠡᠭᠲᠡᠶ᠃ ᠲᠥᠪ ᠬᠤᠷᠢᠶᠠᠨ ᠤ | ᠲᠠᠪᠤᠳᠤᠭᠠᠷ ᠪᠥᠬᠦᠳᠡ ᠬᠤᠷᠠᠯ ᠤᠨ ︽ᠰᠠᠨᠠᠭᠤᠯᠭ᠎ᠠ︾ ᠳᠤ ︽ᠠᠷᠪᠠᠨ ᠳᠥᠷᠪᠡᠳᠦᠭᠡᠷ ᠲᠠᠪᠤᠨ ᠵᠢᠯ︾ ᠤᠨ | ᠬᠥᠭᠵᠢᠯᠲᠡ ᠳᠤ ᠭᠤᠤᠯᠳᠠᠯᠭ᠎ᠠ ᠲᠠᠢ ᠪᠠᠶᠢᠷᠢᠯᠠᠭᠤᠯᠤᠯᠲᠠ ᠬᠢᠭᠰᠡᠨ ᠪᠥᠭᠡᠳ ᠪᠠᠰᠠ 2035 ᠣᠨ ᠤ ᠠᠯᠤᠰ ᠤᠨ | ᠬᠠᠷᠠᠯᠲᠠ ᠶᠢ ᠳᠤᠷᠠᠳᠴᠠᠶ᠃ ᠡᠨᠡ ᠵᠢᠯ ᠤᠨ ᠲᠥᠪ ᠤᠨ ᠠᠵᠤ ᠠᠬᠤᠶ ᠶᠢᠨ ᠠᠵᠢᠯ ᠤᠨ ᠬᠤᠷᠠᠯ ᠨᠢ ᠢᠷᠡᠬᠦ ᠵᠢᠯ | ᠴᠢᠨᠠᠭᠰᠢᠯᠠᠪᠠᠯ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ ᠪᠦᠬᠦ᠋ᠢᠯᠡ ᠬᠤᠭᠤᠴᠠᠭ᠎ᠠ ᠶᠢ | ᠨᠢᠭᠡᠳᠦᠯᠲᠡᠢ ᠲᠥᠯᠥᠪᠯᠡᠨ ᠪᠣᠳᠣᠯᠬᠢᠯᠠᠵᠤ᠂ ᠬᠤᠶᠢᠰᠢᠳᠠ ᠶᠢᠨ ᠬᠤᠶᠠᠷ ᠵᠢᠯ ᠤᠨ ᠠᠵᠤ ᠠᠬᠤᠶ ᠶᠢᠨ ᠠᠵᠢᠯ ᠢ | ᠭᠤᠤᠯᠳᠠᠯᠭ᠎ᠠ ᠲᠠᠢ ᠪᠠᠶᠢᠷᠢᠯᠠᠭᠤᠯᠪᠠ᠃ ᠬᠥᠲᠥᠯᠪᠦᠷᠢ ᠶᠢᠨ ᠲᠥᠰᠦᠯ ᠢ ᠨᠠᠶᠢᠷᠠᠭᠤᠯᠤᠨ ᠵᠣᠬᠢᠶᠠᠬᠤ ᠳᠤ ᠪᠠᠨ | ᠢᠷᠡᠭᠡᠳᠦᠢ ᠶᠢᠨ ᠲᠠᠪᠤᠨ ᠵᠢᠯ ᠤᠨ ᠬᠥᠭᠵᠢᠯᠲᠡ ᠶᠢ ᠪᠥᠬᠦ ᠲᠠᠯ᠎ᠠ ᠪᠠᠷ ᠪᠣᠳᠣᠯᠬᠢᠯᠠᠵᠤ᠂ 2035 ᠣᠨ ᠤ ᠠᠯᠤᠰ ᠤᠨ | ᠬᠠᠷᠠᠯᠲᠠ ᠲᠠᠢ ᠵᠣᠯᠭᠠᠯᠳᠤᠭᠤᠯᠬᠤ ᠪᠠᠷ ᠪᠠᠷᠠᠬᠤ ᠥᠭᠡᠢ ᠪᠠᠰᠠ ᠬᠤᠶᠢᠰᠢᠳᠠ ᠶᠢᠨ ᠬᠤᠶᠠᠷ ᠵᠢᠯ ᠤᠨ ᠠᠵᠤ ᠠᠬᠤᠢ ᠶᠢᠨ | ᠬᠡᠪ ᠤᠨ ᠨᠡᠮᠡᠭᠳᠡᠯ ᠤᠨ ᠰᠡᠷᠭᠦᠯᠲᠡ ᠶᠢ ᠠᠬᠢᠭᠤᠯᠬᠤ᠂ ᠬᠥᠭᠵᠢᠯᠲᠡ ᠶᠢᠨ ᠰᠠᠭᠤᠷᠢ ᠶᠢ ᠪᠠᠲᠤᠳᠬᠠᠬᠤ ᠣᠨᠴᠠᠭᠠᠢ | ᠪᠠᠶᠢᠳᠠᠯ ᠳᠤ ᠴᠢᠭᠯᠡᠭᠦᠯᠦᠨ ᠨᠢᠭᠡᠳᠦᠯᠲᠡᠢ ᠲᠥᠯᠥᠪᠯᠡᠨ ᠲᠤᠬᠢᠷᠠᠭᠤᠯᠬᠤ ᠬᠡᠷᠡᠭᠲᠡᠢ ᠭᠡᠪᠡ᠃ | ᠯᠢ ᠺᠧ ᠴᠢᠶᠠᠩ ᠬᠡᠯᠡᠭᠰᠡᠨ ᠨᠢ᠂ ᠬᠥᠲᠥᠯᠪᠦᠷᠢ ᠶᠢᠨ ᠲᠥᠰᠦᠯ ᠢ ᠨᠠᠶᠢᠷᠠᠭᠤᠯᠤᠨ ᠵᠣᠬᠢᠶᠠᠬᠤ ᠳᠤ | ᠦᠨᠡᠨ ᠠᠴᠠ ᠵᠥᠪ ᠢ ᠡᠷᠢᠬᠦ ᠶᠢ ᠪᠠᠷᠢᠮᠲᠠᠯᠠᠵᠤ᠂ ᠵᠢᠮ᠎ᠡ ᠶᠣᠰᠣ ᠶᠢ ᠵᠢᠷᠤᠮᠯᠠᠬᠤ ᠬᠡᠷᠡᠭᠲᠡᠢ᠃ ︽ᠠᠷᠪᠠᠨ ᠳᠥᠷᠪᠡᠳᠦᠭᠡᠷ | ᠲᠠᠪᠤᠨ ᠵᠢᠯ︾ ᠤᠨ ᠬᠥᠭᠵᠢᠯᠲᠡ ᠶᠢᠨ ᠬᠠᠷᠠᠯᠲᠠ ᠶᠢ ᠰᠢᠨᠵᠢᠯᠡᠬᠦ ᠤᠬᠠᠭᠠᠨᠴᠢ ᠪᠠᠷ ᠲᠣᠭᠲᠠᠭᠠᠨ᠂ ᠬᠥᠮᠦᠰ ᠢ | ᠵᠣᠷᠢᠭᠵᠢᠭᠤᠯᠬᠤ ᠪᠥᠭᠡᠳ ᠪᠠᠰᠠ ᠣᠷᠣᠨ ᠵᠠᠶ ᠦᠯᠡᠳᠡᠭᠡᠵᠦ᠂ ᠪᠥᠬᠦ ᠨᠡᠶᠢᠭᠡᠮ ᠢ ᠬᠠᠮᠲᠤ ᠶᠢᠨ ᠲᠠᠨᠢᠯᠲᠠ ᠲᠠᠢ | ᠪᠣᠯᠭᠠᠬᠤ ᠬᠡᠷᠡᠭᠲᠡᠶ᠃ ᠮᠠᠨ ᠤ ᠤᠯᠤᠰ ᠤᠨ ᠠᠵᠤ ᠠᠬᠤᠢ ᠶᠢᠨ ᠰᠠᠭᠤᠷᠢ ᠲᠤᠭ᠎ᠠ ᠨᠢᠭᠡᠨᠲᠡ ᠨᠡᠯᠢᠶᠡᠳ ᠶᠡᠭᠡ ᠪᠤᠯᠵᠤ᠂ | ᠢᠷᠡᠭᠡᠳᠦᠢ ᠶᠢᠨ ᠲᠠᠪᠤᠨ ᠵᠢᠯ ᠳᠤ ᠵᠣᠬᠢᠰᠲᠠᠢ ᠬᠤᠷᠳᠤᠴᠠ ᠪᠠᠷ ᠲᠣᠭᠲᠠᠭᠤᠨ ᠨᠡᠮᠡᠭᠳᠡᠬᠦ ᠪᠣᠯᠣᠨ᠎ᠠ᠂ | ᠬᠤᠷᠠᠮᠳᠤᠭᠤᠯᠤᠭᠠᠳ ᠠᠪᠤᠪᠠᠯ ᠬᠢᠯᠪᠠᠷ ᠪᠤᠰᠤ ᠠᠮᠵᠢᠯᠲᠠ ᠪᠣᠯᠬᠤ ᠶᠤᠮ᠃ ᠠᠵᠤ ᠦᠢᠯᠡᠰ ᠤᠨ ᠬᠥᠭᠵᠢᠯᠲᠡ ᠶᠢ | ᠠᠬᠢᠭᠤᠯᠬᠤ᠂ ᠰᠠᠭᠤᠷᠢ ᠪᠡᠯᠡᠳᠬᠡᠮᠵᠢ ᠶᠢ ᠴᠢᠩᠭᠠᠳᠬᠠᠬᠤ᠂ ᠠᠷᠠᠳ ᠤᠨ ᠠᠮᠢᠳᠤᠷᠠᠯ ᠤᠨ ᠢᠨᠵᠧᠨᠧᠷᠢᠩ ᠢ | ᠬᠡᠷᠡᠭᠵᠢᠭᠦᠯᠬᠦ ᠵᠡᠷᠭᠡ ᠡᠭᠦᠷᠭᠡ ᠪᠠ ᠠᠷᠭ᠎ᠠ ᠬᠡᠮᠵᠢᠶ᠎ᠡ ᠶᠢ ᠳᠤᠷᠠᠳᠬᠤ ᠳᠠᠭᠠᠨ ᠴᠥᠮ ᠭᠤᠣᠯᠳᠠᠯᠭ᠎ᠠ ᠶᠢ ᠳᠤᠪᠤᠶᠢᠯᠭᠠᠵᠤ᠂ | ᠴᠢᠳᠠᠯ ᠢᠶᠠᠷ ᠢᠶᠠᠨ ᠴᠢᠷᠮᠠᠶᠢᠬᠤ ᠮᠥᠷᠲᠡᠭᠡᠨ ᠴᠢᠳᠠᠯ ᠤᠨ ᠢᠶᠠᠨ ᠬᠢᠷᠢ ᠪᠠᠷ ᠬᠢᠵᠦ᠂ ᠰᠣᠬᠤᠷ ᠪᠠᠯᠠᠢ ᠪᠠᠷ ᠪᠦᠲᠦᠭᠡᠨ | ᠪᠠᠶᠢᠭᠤᠯᠬᠤ ᠦᠭᠡᠢ ᠪᠠᠶᠢᠵᠤ᠂ ᠳᠤᠷᠠᠳᠤᠭᠰᠠᠨ ᠪᠦᠬᠦᠨ ᠢ ᠪᠡᠶᠡᠯᠡᠭᠦᠯᠬᠦ ᠶᠢ ᠦᠨᠡᠨ ᠬᠦ ᠪᠠᠲᠤᠯᠠᠬᠤ ᠬᠡᠷᠡᠭᠲᠡᠢ᠃ | ᠬᠥᠲᠥᠯᠪᠦᠷᠢ ᠶᠢᠨ ᠲᠥᠰᠦᠯ ᠢ ᠡᠯ᠎ᠡ ᠲᠤᠰᠬᠠᠶ ᠲᠥᠯᠥᠪᠵᠢᠭᠦᠯᠭᠡ᠂ ᠣᠷᠣᠨ ᠨᠤᠲᠤᠭ ᠤᠨ ᠲᠥᠯᠥᠪᠵᠢᠭᠦᠯᠭᠡ ᠯᠦᠭᠡ | ᠵᠣᠯᠭᠠᠯᠳᠤᠭᠤᠯᠬᠤ ᠶᠢ ᠴᠢᠩᠭᠠᠳᠬᠠᠵᠤ᠂ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠤᠳ ᠲᠤᠰ ᠬᠦᠷᠢᠶᠡᠨ ᠤ | ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ᠂ ᠬᠡᠷᠡᠭᠴᠡᠭᠡ ᠪᠠᠨ ᠦᠨᠳᠦᠰᠦᠯᠡᠬᠦ ᠮᠦᠷᠲᠡᠭᠡᠨ ᠪᠠᠰᠠ ᠪᠣᠯᠤᠯᠴᠠᠭ᠎ᠠ ᠶᠢ | ᠪᠣᠳᠣᠯᠬᠢᠯᠠᠵᠤ᠂ ᠬᠠᠷᠠᠯᠲᠠ ᠪᠣᠯᠤᠨ ᠡᠭᠦᠷᠭᠡ ᠪᠠᠨ ᠰᠠᠶᠢᠲᠤᠷ ᠡᠵᠡᠮᠰᠢᠬᠦ ᠬᠡᠷᠡᠭᠲᠡᠶ︔ ᠡᠭᠦᠨ ᠤ ᠬᠠᠮᠲᠤ ᠡᠯ᠎ᠡ | ᠭᠠᠵᠠᠷ ᠤᠨ ᠣᠷᠣᠨ ᠨᠤᠲᠤᠭ ᠤᠨ ᠲᠥᠯᠥᠪᠵᠢᠭᠦᠯᠭᠡ ᠪᠠᠨ ᠰᠢᠨᠵᠢᠯᠡᠬᠦ ᠤᠬᠠᠭᠠᠨᠴᠢ ᠪᠠᠷ ᠨᠠᠶᠢᠷᠠᠭᠤᠯᠤᠨ | ᠵᠣᠬᠢᠶᠠᠬᠤ ᠶᠢ ᠨᠢ ᠬᠥᠲᠥᠯᠥᠨ ᠵᠢᠯᠣᠭᠤᠳᠴᠤ᠂ ᠣᠷᠣᠨ ᠪᠦᠰᠡ ᠶᠢᠨ ᠵᠣᠬᠢᠴᠠᠩᠭᠤᠶ ᠬᠥᠭᠵᠢᠯᠲᠡ ᠶᠢ ᠠᠬᠢᠭᠤᠯᠬᠤ | ᠬᠡᠷᠡᠭᠲᠡᠢ ᠭᠡᠪᠡ᠃ | ᠯᠢ ᠺᠧ ᠴᠢᠶᠠᠩ ᠵᠢᠭᠠᠵᠤ ᠭᠠᠷᠭᠠᠭᠰᠠᠨ ᠨᠢ᠂ ᠬᠥᠲᠥᠯᠪᠦᠷᠢ ᠶᠢᠨ ᠲᠥᠰᠦᠯ ᠢ ᠨᠠᠶᠢᠷᠠᠭᠤᠯᠤᠨ | ᠵᠣᠬᠢᠶᠠᠬᠤ ᠳᠠᠭᠠᠨ ᠥᠭᠡᠷᠡᠴᠢᠯᠡᠯᠲᠡ ᠨᠡᠬᠡᠬᠡᠯᠳᠡ ᠶᠢ ᠭᠦᠨᠵᠡᠭᠡᠶᠢᠷᠡᠭᠦᠯᠬᠦ ᠶᠢ ᠲᠤᠰᠬᠠᠵᠤ᠂ ᠳᠤᠮᠳᠠᠳᠤ ᠤᠯᠤᠰ ᠤᠨ | ᠥᠭᠡᠷᠡᠴᠢᠯᠡᠯᠲᠡ ᠨᠡᠬᠡᠬᠡᠯᠳᠡ ᠶᠢ ᠡᠷᠡᠰ ᠠᠬᠢᠭᠤᠯᠬᠤ ᠡᠷᠴᠢ ᠵᠣᠷᠢᠭ ᠢ ᠢᠯᠡᠷᠡᠭᠦᠯᠬᠦ ᠬᠡᠷᠡᠭᠲᠡᠢ᠃ ᠡᠬᠢ ᠪᠠᠶᠠᠯᠢᠭ ᠤᠨ | ᠲᠤᠬᠢᠷᠠᠭᠤᠯᠤᠯᠲᠠ ᠳᠠᠬᠢ ᠵᠠᠬ᠎ᠠ ᠳᠡᠯᠭᠡᠭᠦᠷ ᠤᠨ ᠰᠢᠢᠳᠪᠦᠷᠢᠯᠡᠭᠴᠢ ᠴᠢᠨᠠᠷᠲᠠᠢ ᠦᠢᠯᠡᠳᠦᠯ ᠢ ᠨᠢ ᠭᠦᠢᠴᠡᠳ | ᠪᠠᠳᠠᠷᠠᠭᠤᠯᠵᠤ᠂ ᠵᠠᠰᠠᠭ ᠤᠨ ᠣᠷᠳᠣᠨ ᠤ ᠦᠢᠯᠡᠳᠦᠯ ᠢ ᠨᠡᠩ ᠰᠠᠶᠢᠲᠤᠷ ᠪᠠᠳᠠᠷᠠᠭᠤᠯᠬᠤ ᠬᠡᠷᠡᠭᠲᠡᠢ᠃ | ᠬᠥᠲᠥᠯᠪᠦᠷᠢ ᠶᠢᠨ ᠲᠥᠰᠦᠯ ᠳᠤ ᠥᠭᠡᠷᠡᠴᠢᠯᠡᠯᠲᠡ ᠶᠢᠨ ᠰᠡᠳᠬᠢᠮᠵᠢ ᠪᠣᠯᠤᠨ ᠠᠷᠭ᠎ᠠ ᠶᠢ ᠲᠣᠪᠤᠶᠢᠮ᠎ᠠ ᠬᠡᠷᠡᠭᠯᠡᠬᠦ | ᠬᠡᠷᠡᠭᠲᠡᠶ᠃ ᠠᠵᠢᠯ ᠣᠯᠭᠤᠯᠲᠠ ᠶᠢ ᠨᠡᠮᠡᠭᠳᠡᠭᠦᠯᠬᠦ᠂ ᠰᠢᠨ᠎ᠡ ᠶᠢ ᠡᠭᠦᠳᠬᠦ ᠶᠢ ᠠᠬᠢᠭᠤᠯᠬᠤ᠂ ᠡᠳ᠋ ᠪᠠᠶᠠᠯᠢᠭ ᠢ ᠡᠭᠦᠳᠬᠦ | ᠂ ᠦᠷᠭᠦᠯᠵᠢᠯᠡᠬᠦ ᠬᠥᠭᠵᠢᠯᠲᠡ ᠶᠢ ᠠᠬᠢᠭᠤᠯᠬᠤ ᠵᠡᠷᠭᠡ ᠲᠠᠯ᠎ᠠ ᠪᠠᠷ ᠴᠥᠮ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠪᠠᠷ | ᠳᠠᠮᠵᠢᠭᠤᠯᠤᠨ᠂ ᠵᠠᠬ᠎ᠠ ᠳᠡᠯᠭᠡᠭᠦᠷ ᠤᠨ ᠪᠡᠶᠡᠴᠢ ᠴᠣᠭᠴᠠ ᠶᠢᠨ ᠠᠮᠢᠵᠢᠷᠠᠯ ᠤᠨ ᠬᠦᠴᠦᠨ ᠪᠠ ᠨᠡᠶᠢᠭᠡᠮ ᠤᠨ | ᠪᠦᠲᠦᠭᠡᠯᠴᠢ ᠴᠢᠳᠠᠪᠤᠷᠢ ᠶᠢ ᠨᠡᠩ ᠶᠡᠭᠡ ᠪᠠᠷ ᠬᠥᠭᠵᠢᠭᠡᠬᠦ ᠬᠡᠷᠡᠭᠲᠡᠢ᠃ ᠠᠷᠠᠳ ᠤᠨ ᠠᠮᠢᠳᠤᠷᠠᠯ ᠤᠨ | ᠭᠤᠣᠯᠳᠠᠯᠭ᠎ᠠ ᠲᠠᠢ ᠢᠨᠵᠧᠨᠧᠷᠢᠩ ᠢ ᠬᠡᠷᠡᠭᠵᠢᠭᠦᠯᠬᠦ᠂ ᠪᠦᠲᠦᠮᠵᠢᠲᠡᠶ ᠪᠡᠯᠡ ᠣᠷᠣᠭᠤᠯᠤᠯᠲᠠ ᠶᠢ ᠥᠷᠭᠡᠳᠬᠡᠬᠦ ᠵᠡᠷᠭᠡ | ᠲᠠᠯ᠎ᠠ ᠪᠠᠷ ᠪᠠᠶᠢᠭᠤᠯᠤᠯ ᠲᠣᠭᠲᠠᠴᠠ ᠶᠢᠨ ᠰᠢᠨ᠎ᠡ ᠶᠢ ᠡᠭᠦᠳᠬᠦ ᠪᠠᠷ ᠳᠠᠮᠵᠢᠭᠤᠯᠤᠨ᠂ ᠵᠠᠰᠠᠭ ᠤᠨ ᠣᠷᠳᠣᠨ ᠤ ᠪᠡᠯᠡ | ᠮᠥᠩᠭᠦ ᠶᠢᠨ ᠬᠥᠰᠢᠭᠦᠷᠭᠡ ᠶᠢᠨ ᠦᠢᠯᠡᠳᠦᠯ ᠢ ᠰᠠᠶᠢᠲᠤᠷ ᠪᠠᠳᠠᠷᠠᠭᠤᠯᠵᠤ᠂ ᠨᠡᠶᠢᠭᠡᠮ ᠤᠨ ᠬᠥᠷᠥᠩᠭᠡ ᠶᠢᠨ ᠬᠠᠮᠲᠤ ᠪᠠᠷ | ᠣᠷᠣᠯᠴᠠᠬᠤ ᠶᠢ ᠬᠥᠲᠥᠯᠥᠨ ᠵᠢᠯᠣᠭᠤᠳᠬᠤ ᠬᠡᠷᠡᠭᠲᠡᠶ᠃ ᠭᠠᠳᠠᠭᠠᠳᠤ ᠨᠡᠬᠡᠬᠡᠯᠳᠡ ᠶᠢ ᠥᠷᠭᠡᠳᠬᠡᠬᠦ ᠲᠠᠯ᠎ᠠ ᠪᠠᠷ ᠨᠡᠩ | ᠤᠯᠠᠨ ᠳᠦᠷᠢᠮ ᠤᠨ ᠬᠡᠯᠪᠡᠷᠢ ᠶᠢᠨ ᠨᠡᠬᠡᠬᠡᠯᠳᠡ ᠶᠢᠨ ᠰᠢᠨ᠎ᠡ ᠠᠷᠭ᠎ᠠ ᠬᠡᠮᠵᠢᠶ᠎ᠡ ᠶᠢ ᠳᠤᠷᠠᠳᠴᠤ᠂ ᠭᠠᠳᠠᠭᠠᠳᠤ | ᠠᠷᠠᠯᠵᠢᠶ᠎ᠠ ᠭᠠᠳᠠᠭᠠᠳᠤ ᠪᠡᠯᠡ ᠶᠢᠨ ᠣᠷᠴᠢᠨ ᠨᠦᠭᠦᠴᠡᠯ ᠢ ᠰᠠᠶᠢᠵᠢᠷᠠᠭᠤᠯᠵᠤ᠂ ᠤᠯᠠᠨ ᠤᠯᠤᠰ ᠤᠨ ᠰᠣᠯᠢᠯᠴᠠᠭ᠎ᠠ | ᠬᠠᠮᠲᠤᠷᠠᠯᠴᠠᠭ᠎ᠠ ᠶᠢ ᠴᠢᠩᠭᠠᠳᠬᠠᠨ᠂ ᠬᠠᠮᠲᠤ ᠪᠠᠷ ᠠᠰᠢᠭ ᠬᠦᠷᠳᠡᠬᠦ ᠬᠥᠭᠵᠢᠯᠲᠡ ᠶᠢ ᠠᠬᠢᠭᠤᠯᠬᠤ ᠬᠡᠷᠡᠭᠲᠡᠢ ᠭᠡᠪᠡ᠃ | | ᠯᠢ ᠺᠧ ᠴᠢᠶᠠᠩ ᠬᠡᠯᠡᠭᠰᠡᠨ ᠨᠢ᠂ ᠥᠭᠡᠷᠡᠴᠢᠯᠡᠯᠲᠡ ᠨᠡᠭᠡᠭᠡᠯᠳᠠ ᠬᠢᠭᠰᠡᠨ ᠳᠥᠴᠢ ᠭᠠᠷᠤᠢ ᠵᠢᠯ ᠤᠨ | ᠬᠥᠭᠵᠢᠯᠲᠡ ᠶᠢᠨ ᠠᠮᠵᠢᠯᠲᠠ ᠪᠦᠲᠦᠮᠵᠢ ᠶᠢ ᠪᠦᠬᠦ ᠠᠷᠠᠳ ᠲᠦᠮᠡᠨ ᠰᠢᠷᠭᠠᠭᠤ ᠬᠠᠲᠠᠭᠤᠵᠢᠯᠲᠠᠢ ᠲᠡᠮᠡᠴᠡᠵᠦ ᠪᠠᠶᠢᠭᠠᠳ | ᠣᠯᠤᠭᠰᠠᠨ ᠶᠤᠮ᠂ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶᠠᠨ ᠤ ᠪᠠᠲᠤ ᠴᠢᠩᠭ᠎ᠠ | ᠤᠳᠤᠷᠢᠳᠤᠯᠭ᠎ᠠ ᠳᠣᠣᠷ᠎ᠠ᠂ ᠦᠷᠭᠦᠯᠵᠢᠯᠡᠨ ᠯᠠᠪᠳᠠᠭᠤᠨ ᠪᠠᠲᠤᠲᠠᠢ ᠴᠥᠬᠦᠷᠡᠰᠢ ᠦᠭᠡᠢ ᠲᠡᠮᠡᠴᠡᠬᠦ ᠬᠡᠷᠡᠭᠲᠡᠢ᠃ ᠢᠷᠡᠬᠦ | ᠵᠢᠯ ᠪᠣᠯ ︽ᠠᠷᠪᠠᠨ ᠳᠥᠷᠪᠡᠳᠦᠭᠡᠷ ᠲᠠᠪᠤᠨ ᠵᠢᠯ︾ ᠤᠨ ᠡᠬᠢᠯᠡᠯᠲᠡ ᠶᠢᠨ ᠵᠢᠯ ᠮᠦᠨ᠂ ᠲᠦᠢᠯ ᠤᠨ ᠵᠠᠩᠭᠢᠯᠠᠭ᠎ᠠ | ᠪᠣᠯᠤᠨ᠎ᠠ᠂ ᠠᠵᠤ ᠠᠬᠤᠶ ᠶᠢᠨ ᠲᠣᠭᠲᠠᠭᠤᠨ ᠰᠡᠷᠭᠦᠯᠲᠡ ᠶᠢᠨ ᠪᠠᠶᠢᠳᠠᠯ ᠢ ᠬᠦᠴᠦᠯᠡᠨ ᠪᠠᠬᠢᠵᠢᠭᠦᠯᠵᠦ᠂ ᠠᠵᠤ | ᠠᠬᠤᠶ ᠶᠢᠨ ᠠᠵᠢᠯᠯᠠᠭᠠᠨ ᠢ ᠵᠣᠬᠢᠰᠲᠠᠶ ᠬᠡᠪᠴᠢᠶᠡᠨ ᠳᠤ ᠪᠠᠶᠢᠯᠭᠠᠬᠤ ᠶᠢ ᠪᠠᠲᠤᠯᠠᠨ᠂ ︽ᠠᠷᠪᠠᠨ ᠳᠥᠷᠪᠡᠳᠦᠭᠡᠷ | ᠲᠠᠪᠤᠨ ᠵᠢᠯ︾ ᠤᠨ ᠬᠥᠭᠵᠢᠯᠲᠡ ᠶᠢᠨ ᠰᠠᠶᠢᠨ ᠰᠠᠶᠢᠬᠠᠨ ᠡᠬᠢᠯᠡᠯᠲᠡ ᠶᠢ ᠪᠡᠶᠡᠯᠡᠭᠦᠯᠬᠦ ᠬᠡᠷᠡᠭᠲᠡᠶ ᠭᠡᠪᠡ᠃ | ᠰᠦᠨ ᠴᠦᠨ ᠯᠠᠨ᠂ ᠬᠤ᠋ ᠴᠦᠨ ᠬᠤᠸᠠ᠂ ᠸᠧᠢ ᠹᠧᠩ ᠡᡁᠧ᠂ ᠸᠠᠩ ᠶᠦᠩ᠂ ᠸᠠᠩ ᠢ᠂ ᠰᠢᠶᠤᠤ | ᠵᠢᠶᠧ᠂ ᠵᠤᠤ ᠺᠧ ᡁᠢ ᠬᠤᠷᠠᠯ ᠳᠤ ᠣᠷᠣᠯᠴᠠᠪᠠ᠃ | |