2020 ᠤᠨ ᠤ ᠵᠠᠰᠠᠭ ᠤᠨ ᠣᠷᠳᠤᠨ ᠤ ᠠᠵᠢᠯ ᠤᠨ ᠮᠡᠳᠡᠭᠦᠯᠦᠯᠲᠡ | - 2020ᠤᠨ ᠤ 4 ᠰᠠᠷ᠎ᠠ ᠶᠢᠨ 23 ᠤ ᠡᠳᠦᠷ | ᠤᠯᠠᠭᠠᠨᠬᠠᠳᠠ ᠬᠤᠲᠠ ᠶᠢᠨ ᠬᠤᠩᠱᠠᠨ ᠲᠣᠭᠤᠷᠢᠭ ᠤᠨ | ᠶᠢᠰᠦᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ | ᠶᠡᠭᠡ ᠬᠤᠷᠠᠯ ᠤᠨ ᠳᠦᠷᠪᠡᠳᠦᠭᠡᠷ ᠬᠤᠷᠠᠯᠳᠤᠭᠠᠨ ᠳᠡᠭᠡᠷ᠎ᠡ | ᠳᠤᠭᠤᠷᠢᠭ ᠤᠨ ᠳᠠᠷᠤᠭ᠎ᠠ ᠯᠢᠨ ᠵᠢᠩ ᠬᠤᠸᠠ | ᠲᠦᠯᠦᠭᠡᠯᠡᠭᠴᠢᠳ ᠡ᠄ | ᠡᠳᠦᠭᠡ ᠪᠢ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠢ ᠲᠦᠯᠦᠭᠡᠯᠡᠨ ᠶᠡᠭᠡ ᠬᠤᠷᠠᠯ ᠳᠤ | ᠠᠵᠢᠯ ᠢᠶᠠᠨ ᠬᠠᠷᠢᠭᠤ ᠮᠡᠳᠡᠭᠦᠯᠦᠶ᠎ᠡ᠂ ᠬᠢᠨᠠᠨ ᠵᠦᠪᠯᠡᠬᠦ ᠪᠣᠯᠪᠠᠤ᠂ ᠲᠣᠭᠤᠷᠢᠭ ᠤᠨ ᠤᠯᠤᠰ ᠲᠦᠷᠦ ᠶᠢᠨ | ᠵᠦᠪᠯᠡᠯᠭᠡᠨ ᠤ ᠭᠡᠰᠢᠭᠦᠳ ᠪᠠ ᠬᠤᠷᠠᠯ ᠳᠤ ᠰᠤᠯᠠ ᠣᠷᠤᠯᠴᠠᠭᠰᠠᠨ ᠨᠦᠬᠦᠳ ᠰᠠᠨᠠᠯ ᠢᠶᠠᠨ ᠳᠤᠷᠠᠳᠬᠤ ᠪᠤᠯᠪᠠᠤ᠃ | ᠨᠢᠭᠡ᠂ 2019 ᠤᠨ ᠤ ᠠᠵᠢᠯ ᠤᠨ ᠡᠷᠭᠢᠴᠡᠭᠦᠯᠦᠯ | 2019 ᠤᠨ ᠪᠣᠯ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠪᠣᠯᠤᠨ᠎ᠠ᠂ ᠰᠢ | ᠶᠢᠨ ᠫᠢᠩ ᠶᠡᠷᠦᠩᠬᠡᠢ ᠱᠦᠵᠢ ᠤᠯᠠᠭᠠᠨᠬᠠᠳᠠ ᠬᠤᠲᠠ ᠳᠤ ᠲᠣᠭᠤᠷᠢᠨ ᠪᠠᠶᠢᠴᠠᠭᠠᠵᠤ ᠵᠢᠭᠠᠨ ᠵᠢᠯᠤᠭᠤᠳᠴᠤ᠂ | ᠪᠢᠳᠡᠨ ᠤ ᠬᠦᠭᠵᠢᠯᠲᠡ ᠳᠤ ᠴᠢᠭᠯᠡᠯ ᠵᠢᠭᠠᠨ ᠦᠭᠴᠦ᠂ ᠲᠤᠭᠤᠷᠢᠭ ᠤᠨ ᠺᠠᠳ᠋ᠷ ᠤᠯᠠᠨ ᠲᠦᠮᠡᠨ ᠤ ᠠᠵᠢᠯ ᠬᠢᠵᠦ | ᠦᠢᠯᠡᠰ ᠪᠤᠰᠬᠠᠬᠤ ᠤᠷᠮ᠎ᠠ ᠵᠣᠷᠢᠭ ᠢ ᠶᠡᠬᠡᠪᠡᠷ ᠬᠦᠪᠴᠢᠯᠡᠪᠡ᠃ ᠨᠢᠭᠡ ᠵᠢᠯ ᠤᠨ ᠲᠤᠷᠰᠢ ᠬᠠᠲᠠᠭᠤ ᠪᠡᠷᠬᠡᠰᠢᠶᠡᠯᠲᠦ | ᠨᠠᠷᠢᠨ ᠪᠤᠳᠤᠯᠢᠶᠠᠨᠲᠤ ᠠᠵᠤ ᠠᠬᠤᠢ ᠶᠢᠨ ᠬᠠᠨᠳᠤᠰᠢ ᠪᠠ ᠠᠯᠢ ᠤᠯᠠᠨ ᠬᠦᠴᠢᠷ ᠲᠦᠪᠡᠭ ᠦᠷᠢᠰᠦᠯᠳᠦᠭᠡᠨ ᠳᠤ | ᠪᠢᠳᠡ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭᠲᠤ ᠨᠡᠶᠢᠭᠡᠮ ᠵᠢᠷᠦᠮ ᠤᠨ | ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠨ᠂ ᠶᠡᠷᠦᠩᠬᠡᠢ ᠱᠦᠵᠢ ᠶᠢᠨ ᠴᠢᠬᠤᠯᠠ ᠶᠠᠷᠢᠶ᠎ᠠ᠂ ᠴᠢᠬᠤᠯᠠ | ᠵᠢᠭᠠᠪᠤᠷᠢ ᠶᠢᠨ ᠵᠣᠷᠢᠭ ᠰᠠᠨᠠᠭ᠎ᠠ ᠪᠠ ᠨᠠᠮ ᠤᠨ ᠲᠦᠪ ᠬᠤᠷᠢᠶᠠᠨ ᠤ ᠰᠢᠢᠳᠪᠦᠷᠢ ᠪᠠᠶᠢᠷᠢᠯᠠᠭᠤᠯᠤᠯᠲᠠ ᠶᠢ ᠭᠦᠨᠵᠡᠭᠡᠢ | ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠦᠪᠡᠷᠲᠡᠭᠡᠨ ᠵᠠᠰᠠᠬᠤ ᠣᠷᠤᠨ᠂ ᠤᠯᠠᠭᠠᠨᠬᠠᠳᠠ ᠬᠤᠲᠠ ᠪᠠ | ᠲᠣᠭᠤᠷᠢᠭ ᠤᠨ ᠨᠠᠮ ᠤᠨ ᠬᠤᠷᠢᠶᠠᠨ ᠤ ᠠᠵᠢᠯ ᠤᠨ ᠪᠠᠶᠢᠷᠢᠯᠠᠭᠤᠯᠤᠯᠲᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ | ︽ᠲᠠᠪᠤᠨ ᠶᠡᠭᠡ ᠬᠤᠲᠠ︾ ᠶᠢᠨ ᠪᠠᠶᠢᠭᠤᠯᠤᠯᠲᠠ ᠶᠢᠨ ᠳᠠᠭᠠᠭᠤᠯᠤᠭᠴᠢ ᠪᠣᠯᠬᠤ ᠪᠠᠷ ᠭᠠᠷᠳᠠᠴᠠ ᠪᠣᠯᠭᠠᠨ᠂ ᠰᠢᠨ᠎ᠡ ᠶᠢ | ᠡᠭᠦᠳᠦᠨ ᠪᠤᠳᠠᠲᠠᠢ ᠬᠢᠵᠦ᠂ ᠰᠢᠷᠭᠠᠭᠤ ᠲᠡᠮᠡᠴᠡᠨ᠂ ᠠᠵᠤ ᠠᠬᠤᠢ ᠨᠡᠶᠢᠭᠡᠮ ᠤᠨ ᠦᠷᠭᠦᠯᠵᠢᠯᠡᠨ ᠡᠷᠡᠭᠦᠯ | ᠬᠦᠭᠵᠢᠯᠲᠡ ᠶᠢ ᠪᠠᠲᠤᠯᠠᠵᠤ᠂ ᠲᠣᠭᠤᠷᠢᠭ ᠤᠨ ᠶᠢᠰᠦᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ | ᠭᠤᠷᠪᠠᠳᠤᠭᠠᠷ ᠤᠳᠠᠭᠠᠨ ᠤ ᠬᠤᠷᠠᠯ ᠤᠨ ᠲᠤᠭᠲᠠᠭᠠᠭᠰᠠᠨ ᠬᠠᠷᠠᠯᠲᠠ ᠡᠭᠦᠷᠭᠡ ᠶᠢ ᠨᠡᠯᠢᠶᠡᠳ ᠰᠠᠶᠢᠨ ᠭᠦᠢᠴᠡᠳᠬᠡᠪᠡ᠃ | ᠪᠦᠬᠦ ᠵᠢᠯ ᠤᠨ ᠭᠠᠵᠠᠷ ᠣᠷᠤᠨ ᠤ ᠦᠢᠯᠡᠳᠪᠦᠷᠢᠯᠡᠯ ᠤᠨ ᠶᠡᠷᠦᠩᠬᠡᠢ ᠦᠷᠲᠡᠭ 291.8 ᠳ᠋ᠦᠩᠰᠢᠭᠤᠷ ᠲᠦᠭᠦᠷᠢᠭ ᠢ | ᠪᠡᠶᠡᠯᠡᠭᠦᠯᠵᠦ᠂ 4.8% ᠪᠠᠷ ᠨᠡᠮᠡᠭᠳᠡᠪᠡ᠃ ᠬᠡᠪᠴᠢᠶᠡᠵᠢᠯ ᠠᠴᠠ ᠳᠡᠭᠡᠭᠰᠢᠬᠢ ᠲᠤᠭᠲᠠᠮᠠᠯ ᠬᠦᠷᠦᠩᠭᠡ ᠶᠢᠨ 86.2 | ᠳ᠋ᠦᠩᠰᠢᠭᠤᠷ ᠲᠦᠭᠦᠷᠢᠭ ᠬᠦᠷᠴᠦ᠂ 11.5% ᠪᠠᠷ ᠨᠡᠮᠡᠭᠳᠡᠪᠡ᠃ ᠨᠡᠶᠢᠭᠡᠮ ᠤᠨ ᠬᠡᠷᠡᠭᠯᠡᠭᠡᠨ ᠤ ᠡᠳ᠋ ᠤᠨ ᠬᠡᠰᠡᠭᠯᠡᠨ | ᠪᠤᠷᠤᠯᠠᠭᠤᠯᠤᠭᠰᠠᠨ ᠶᠡᠷᠦᠩᠬᠡᠢ ᠲᠤᠭ᠎ᠠ 172 ᠳ᠋ᠦᠩᠰᠢᠭᠤᠷ ᠲᠦᠭᠦᠷᠢᠭ ᠬᠦᠷᠴᠦ᠂ 6% ᠪᠠᠷ ᠨᠡᠮᠡᠭᠳᠡᠪᠡ᠃ | ᠡᠩ ᠤᠨ ᠤᠯᠠᠨ ᠨᠡᠶᠢᠲᠡ ᠶᠢᠨ ᠡᠳ᠋ ᠤᠨ ᠵᠠᠰᠠᠭ ᠤᠨ ᠣᠷᠤᠯᠭ᠎ᠠ 27.06% ᠳ᠋ᠦᠩᠰᠢᠭᠤᠷ ᠲᠦᠭᠦᠷᠢᠭ ᠬᠦᠷᠴᠦ᠂ | ᠭᠠᠶᠢᠯᠢ ᠶᠢ ᠬᠠᠰᠤᠵᠤ ᠰᠦᠢᠳᠬᠡᠯ ᠢ ᠬᠡᠯᠲᠦᠷᠢᠭᠦᠯᠦᠭᠰᠡᠨ ᠤ ᠳᠠᠷᠠᠭ᠎ᠠ᠂ ᠬᠠᠷᠢᠴᠠᠭᠤᠯᠵᠤ ᠪᠣᠯᠬᠤ ᠠᠷᠭ᠎ᠠ ᠮᠠᠶ᠋ᠢᠭ ᠢᠶᠠᠷ | ᠪᠤᠳᠣᠪᠠᠯ 10.4% ᠪᠠᠷ ᠨᠡᠮᠡᠭᠳᠡᠪᠡ᠃ ᠬᠤᠲᠠ ᠬᠦᠳᠡᠭᠡ ᠶᠢᠨ ᠪᠠᠶᠢᠩᠭᠤ ᠶᠢᠨ ᠰᠠᠭᠤᠭᠠᠯᠢ ᠠᠷᠠᠳ ᠤᠨ ᠬᠦᠮᠦᠨ | ᠳᠤᠮᠳᠠᠴᠢ ᠶᠢᠨ ᠡᠵᠡᠮᠳᠡᠵᠦ ᠪᠣᠯᠬᠤ ᠣᠷᠤᠯᠭ᠎ᠠ ᠲᠤᠰᠪᠤᠷᠢ 38195 ᠲᠦᠭᠦᠷᠢᠭ ᠪᠤᠯᠤᠨ 21315 ᠲᠦᠭᠦᠷᠢᠭ | ᠪᠠᠶᠢᠵᠤ᠂ 6.8% ᠪᠣᠯᠤᠨ 10.7% ᠪᠠᠷ ᠨᠡᠮᠡᠭᠳᠡᠪᠡ᠃ ᠨᠢᠭᠡ ᠵᠢᠯ ᠤᠨ ᠲᠤᠷᠰᠢ ᠪᠢᠳᠡ ᠵᠢᠷᠭᠤᠭᠠᠨ ᠲᠠᠯ᠎ᠠ ᠶᠢᠨ | ᠠᠵᠢᠯ ᠢ ᠭᠤᠤᠯᠳᠠᠯᠭ᠎ᠠ ᠲᠠᠢ ᠬᠢᠪᠡ᠄ | ︵ᠨᠢᠭᠡ︶ ᠭᠤᠷᠪᠠᠨ ᠶᠡᠭᠡ ᠪᠤᠭᠤᠮᠲᠠ ᠰᠢᠪᠲᠤᠯᠬᠤ ᠳᠠᠶᠢᠯᠠᠯᠳᠤᠭᠠᠨ ᠢ ᠬᠦᠴᠦᠨ ᠢᠶᠠᠨ ᠲᠦᠪᠯᠡᠷᠡᠭᠦᠯᠦᠨ | ᠰᠠᠶᠢᠲᠤᠷ ᠬᠢᠪᠡ᠃ ᠶᠠᠳᠠᠭᠤ ᠠᠴᠠ ᠠᠩᠬᠢᠵᠢᠷᠠᠭᠤᠯᠬᠤ ᠦᠷ᠎ᠡ ᠪᠦᠲᠦᠮᠵᠢ ᠶᠢ ᠪᠦᠬᠦ ᠲᠠᠯ᠎ᠠ ᠪᠠᠷ ᠪᠠᠬᠢᠵᠢᠭᠦᠯᠪᠡ᠃ | ᠲᠦᠪ ᠤᠨ ᠲᠣᠭᠤᠷᠢᠨ ᠪᠠᠶᠢᠴᠠᠭᠠᠵᠤ ᠬᠠᠷᠢᠭᠤ ᠲᠤᠰᠬᠠᠭᠰᠠᠨ ᠠᠰᠠᠭᠤᠳᠠᠯ ᠢ ᠪᠦᠬᠦᠨ ᠢ ᠲᠤᠭᠤᠰᠢᠲᠠᠢ ᠴᠡᠭᠴᠡᠯᠡᠵᠦ᠂ | ᠠᠷᠪᠠᠨ ᠲᠦᠷᠦᠯ ᠤᠨ ︽ᠲᠡᠭ ᠪᠣᠯᠭᠠᠬᠤ ᠪᠠᠷᠢᠮᠵᠢᠶᠠᠲᠤ︾ ᠠᠵᠢᠯᠯᠠᠭᠠᠨ ᠢ ᠪᠦᠬᠦ ᠲᠠᠯ᠎ᠠ ᠪᠠᠷ ᠪᠡᠶᠡᠯᠡᠭᠦᠯᠪᠡ᠃ | ᠲᠤᠭᠲᠠᠭᠤᠨ ᠢᠶᠠᠷ ᠶᠠᠳᠠᠭᠤ ᠠᠴᠠ ᠠᠩᠭᠢᠵᠢᠷᠠᠭᠤᠯᠬᠤ ᠤᠷᠲᠤᠮᠵᠢ ᠶᠢᠨ ᠲᠤᠭᠲᠠᠴᠠ ᠶᠢ ᠪᠦᠷᠢᠨᠰᠢᠭᠦᠯᠵᠦ᠂ ᠠᠵᠤ | ᠦᠢᠯᠡᠰ ᠢᠶᠠᠷ ᠶᠠᠳᠠᠭᠤ ᠶᠢ ᠳᠡᠳᠬᠦᠬᠦ ᠵᠠᠩᠭᠢᠯᠠᠭ᠎ᠠ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠨᠠᠷᠢᠨ ᠨᠢᠭᠲᠠ | ᠠᠰᠢᠭ ᠲᠤᠰᠠ ᠶᠢᠨ ᠬᠤᠯᠪᠤᠭᠠᠯᠠᠯ ᠢ ᠭᠦᠨᠵᠡᠭᠡᠶᠢᠷᠡᠭᠦᠯᠵᠦ᠂ ᠵᠢᠶᠠ ᠷᠦᠨ ᠠᠮᠢᠳᠤ ᠪᠤᠳᠠᠰ ᠤᠨ ᠠᠪᠠᠭᠠᠯᠲᠠᠢ | ᠡᠪᠡᠰᠦᠨ ᠤ ᠠᠵᠤ ᠦᠢᠯᠡᠰ ᠤᠨ ᠬᠦᠷᠢᠶᠡᠯᠡᠩ ᠢ ᠡᠬᠢᠯᠡᠨ ᠪᠠᠶᠢᠭᠤᠯᠵᠤ᠂ ᠲᠦᠩ ᠮᠢᠩ ᠴᠢᠶᠠᠨ ᠡᠾᠧ᠂ ᠵᠤᠤ | ᠣᠳᠠ ᠶᠢᠨ ᠨᠤᠤᠰᠤᠨ ᠨᠡᠬᠡᠮᠡᠯ ᠵᠡᠷᠭᠡ ᠶᠠᠳᠠᠭᠤ ᠶᠢ ᠳᠡᠳᠬᠦᠬᠦ ᠲᠤᠯᠤᠭᠠᠶᠢᠯᠠᠭᠴᠢ ᠠᠵᠤ ᠠᠬᠤᠶᠢᠯᠠᠯ ᠤᠨ | ᠲᠠᠭᠠᠭᠤᠯᠤᠭᠴᠢ ᠦᠢᠯᠡᠳᠦᠯ ᠪᠦᠲᠦᠮᠵᠢᠲᠡᠢ ᠰᠠᠶᠢᠵᠢᠷᠠᠵᠤ᠂ ᠶᠠᠳᠠᠭᠤ ᠬᠦᠴᠢᠷᠲᠡᠢ ᠤᠯᠠᠨ ᠲᠦᠮᠡᠨ ᠤᠷᠤᠯᠭ᠎ᠠ ᠶᠢᠨ | ᠲᠤᠭᠲᠠᠭᠤᠨ ᠨᠡᠮᠡᠭᠳᠡᠯ ᠢ ᠪᠠᠲᠤᠯᠠᠪᠠ᠃ ᠰᠤᠷᠭᠠᠨ ᠬᠦᠮᠦᠵᠢᠯ ᠢᠶᠠᠷ ᠶᠠᠳᠠᠭᠤ ᠶᠢ ᠳᠡᠳᠬᠦᠬᠦ ︵ᠣᠶᠤᠨ ᠢᠶᠠᠷ ᠳᠡᠳᠬᠦᠬᠦ︶ | ᠶᠢ ᠤᠨᠤᠴᠢᠲᠠᠢ ᠠᠬᠢᠭᠤᠯᠵᠤ᠂ ᠠᠮᠢᠳᠤᠷᠠᠯ ᠤᠨ ᠨᠦᠬᠦᠴᠡᠯ ᠠᠨᠠᠢ ᠰᠤᠷᠤᠭᠴᠢ ᠶᠢ ᠳᠡᠳᠬᠦᠬᠦ ᠠᠵᠢᠯᠯᠠᠭᠠᠨ ᠢ | ᠶᠠᠪᠤᠭᠳᠠᠭᠤᠯᠵᠤ᠂ ᠠᠵᠢᠯ ᠮᠡᠷᠭᠡᠵᠢᠯ ᠤᠨ ᠪᠣᠯᠪᠠᠰᠤᠷᠠᠯ ᠦᠷᠨᠢᠭᠦᠯᠵᠦ᠂ ᠶᠠᠳᠠᠭᠤ ᠠᠴᠠ ᠠᠩᠭᠢᠵᠢᠷᠠᠭᠰᠠᠨ ᠤᠯᠠᠨ | ᠲᠦᠮᠡᠨ ᠤ ᠲᠤᠲᠤᠭᠠᠳᠤ ᠬᠦᠳᠡᠯᠭᠡᠬᠦ ᠬᠦᠴᠦᠨ ᠢ ᠲᠠᠰᠤᠷᠠᠯᠲᠠ ᠦᠭᠡᠢ ᠴᠢᠩᠭᠠᠳᠬᠠᠪᠠ᠃ ᠳᠤᠤᠷ᠎ᠠ ᠵᠠᠬ᠎ᠠ ᠶᠢ | ᠪᠠᠲᠤᠯᠠᠬᠤ ᠪᠠᠲᠤᠯᠠᠭ᠎ᠠ ᠶᠢᠨ ᠬᠢᠷᠢ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠵᠦ᠂ ᠶᠠᠳᠠᠭᠤ ᠬᠦᠴᠢᠷᠲᠡᠢ ᠡᠷᠦᠬᠡ | ᠪᠤᠢ ᠪᠣᠯᠬᠤ ᠨᠤᠷᠮ᠎ᠠ ᠶᠢ ᠬᠦᠲᠡᠯᠦᠩᠭᠦᠢ ᠪᠠᠷ ᠲᠡᠭ ᠪᠣᠯᠭᠠᠬᠤ ᠶᠢ ᠪᠠᠲᠤᠯᠠᠪᠠ᠃ ᠪᠤᠵᠠᠷᠳᠤᠯ ᠢ ᠰᠡᠷᠭᠡᠶᠢᠯᠡᠨ ᠵᠠᠰᠠᠬᠤ ᠶᠢ | ᠦᠷᠭᠦᠯᠵᠢᠯᠡᠨ ᠴᠢᠩᠭᠠᠳᠬᠠᠪᠠ᠃ ᠲᠦᠪ᠂ ᠦᠪᠡᠷᠲᠡᠭᠡᠨ ᠵᠠᠰᠠᠬᠤ ᠣᠷᠤᠨ ᠤ ᠤᠷᠴᠢᠨ ᠲᠣᠭᠤᠷᠢᠨ ᠤ | ᠬᠠᠮᠠᠭᠠᠯᠠᠯᠲᠠ ᠶᠢᠨ ᠱᠠᠪᠳᠠᠨ ᠪᠠᠶᠢᠴᠠᠭᠠᠯᠲᠠ ᠵᠢᠴᠢ ︽ᠡᠷᠭᠢᠨ ᠬᠠᠷᠠᠬᠤ︾ ᠳᠤ ᠲᠤᠰᠬᠠᠭᠰᠠᠨ ᠠᠰᠠᠭᠤᠳᠠᠯ ᠤᠨ | ᠴᠡᠭᠴᠡᠯᠡᠨ ᠵᠠᠰᠠᠯᠲᠠ ᠶᠢ ᠭᠦᠨᠵᠡᠭᠡᠢ ᠠᠬᠢᠭᠤᠯᠵᠤ᠂ ᠬᠤᠶᠠᠳᠤᠭᠠᠷ ᠤᠳᠠᠭᠠᠨ ᠤ ᠪᠦᠬᠦ ᠤᠯᠤᠰ ᠤᠨ ᠪᠤᠵᠠᠷᠳᠤᠯ ᠤᠨ | ᠡᠬᠢ ᠶᠢ ᠪᠠᠶᠢᠴᠠᠭᠠᠨ ᠳᠠᠩᠰᠠᠯᠠᠯᠲᠠ ᠶᠢ ᠪᠡᠶᠡᠯᠡᠭᠦᠯᠪᠡ᠃ ︽ᠤᠶᠤᠨᠴᠢ ᠣᠷᠴᠢᠨ ᠲᠣᠭᠤᠷᠢᠨ ᠤ ᠬᠠᠮᠠᠭᠠᠯᠠᠯᠲᠠ︾ ᠶᠢᠨ | ᠬᠢᠨᠠᠨ ᠬᠡᠮᠵᠢᠯᠲᠡ ᠶᠢᠨ ᠲᠠᠪᠴᠠᠩ ᠢ ᠪᠠᠶᠢᠭᠤᠯᠵᠤ ᠠᠰᠢᠭᠯᠠᠪᠠ᠃ ᠠᠭᠠᠷ᠂ ᠤᠰᠤ᠂ ᠭᠠᠵᠠᠷ ᠰᠢᠷᠦᠢ ᠶᠢᠨ | ᠪᠤᠵᠠᠷᠲᠤᠯ ᠢ ᠰᠡᠷᠭᠡᠶᠢᠯᠡᠨ ᠵᠠᠰᠠᠬᠤ ᠵᠡᠷᠭᠡ 12 ᠲᠦᠷᠦᠯ ᠤᠨ ᠴᠡᠭᠴᠡᠯᠡᠨ ᠵᠠᠰᠠᠯᠲᠠ ᠶᠢᠨ ᠢᠨᠵᠧᠨᠧᠷᠢᠩ ᠢ | ᠦᠷᠨᠢᠭᠦᠯᠵᠦ᠂ 65 ︽ᠪᠤᠲᠠᠷᠬᠠᠢ᠂ ᠲᠢᠭᠯᠢᠮ ᠦᠭᠡᠢ᠂ ᠪᠤᠵᠠᠷ︾ ᠠᠵᠤ ᠠᠬᠤᠶᠢᠯᠠᠯ ᠢ ᠴᠡᠭᠴᠡᠯᠡᠨ ᠵᠠᠰᠠᠵᠤ᠂ | ᠬᠤᠲᠠ ᠶᠢᠨ ᠲᠣᠭᠤᠰᠤ ᠰᠢᠷᠦᠢ ᠶᠢ ᠴᠡᠭᠴᠡᠯᠡᠨ ᠵᠠᠰᠠᠬᠤ ᠶᠢ ᠴᠢᠩᠭᠠᠳᠬᠠᠨ᠂ ᠠᠭᠠᠷ ᠮᠠᠨᠳᠠᠯ ᠤᠨ ᠴᠢᠨᠠᠷ ᠴᠢᠨᠰᠠᠭ᠎ᠠ | ᠰᠠᠶᠢᠨ ᠡᠳᠦᠷ ᠤᠨ ᠲᠤᠭ᠎ᠠ 342 ᠡᠳᠦᠷ ᠪᠣᠯᠪᠠ᠃ ᠳᠦᠷᠪᠡᠨ ᠳᠡᠰ ᠤᠨ ᠭᠤᠤᠯ ᠤᠨ ᠳᠠᠷᠤᠭ᠎ᠠ ᠶᠢᠨ ᠳᠦᠷᠢᠮ ᠤᠨ | ᠰᠢᠰᠲ᠋ᠧᠮ ᠢ ᠲᠡᠭᠦᠯᠳᠡᠷᠵᠢᠭᠦᠯᠦᠨ᠂ 10 ᠭᠤᠤᠯ ᠨᠠᠭᠤᠷ ᠤᠨ ︽ᠳᠦᠷᠪᠡᠨ ᠡᠷᠦᠢ ᠬᠤᠷᠤᠢ ᠦᠭᠡᠢ ︾ ᠶᠢᠨ | ᠠᠰᠠᠭᠤᠳᠠᠯ ᠢ ᠪᠦᠬᠦᠨ ᠢ ᠤᠰᠠᠳᠬᠠᠪᠠ᠃ ᠭᠠᠵᠠᠷ ᠳᠤᠤᠷᠠᠬᠢ ᠤᠰᠤ ᠪᠠ ᠤᠰᠤᠨ ᠤ ᠡᠬᠢ ᠶᠢᠨ ᠬᠠᠮᠠᠭᠠᠯᠠᠯᠲᠠ ᠶᠢᠨ | ᠣᠷᠤᠨ ᠤ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠢᠨᠠᠨ ᠬᠠᠮᠢᠶᠠᠷᠤᠯᠲᠠ ᠶᠢ ᠴᠢᠩᠭᠠᠳᠬᠠᠨ᠂ ᠤᠰᠤᠨ ᠤ | ᠡᠬᠢ ᠶᠢᠨ ᠳᠦᠷᠢᠮᠵᠢᠭᠰᠡᠨ ᠪᠠᠶᠢᠭᠤᠯᠤᠯᠲᠠ ᠶᠢ ᠨᠠᠶᠢᠳᠠᠪᠤᠷᠢᠵᠢᠭᠤᠯᠵᠤ᠂ ᠦᠪᠡᠷᠲᠡᠭᠡᠨ ᠦᠢᠯᠡᠳᠦᠭᠰᠡᠨ ᠬᠤᠳᠳᠤᠭ ᠢ | ᠬᠠᠭᠠᠬᠤ ᠭᠤᠷᠪᠠᠨ ᠵᠢᠯ ᠤᠨ ᠡᠭᠦᠷᠭᠡ ᠶᠢ ᠬᠤᠭᠤᠴᠠᠭ᠎ᠠ ᠶᠤᠰᠤᠭᠠᠷ ᠭᠦᠢᠴᠡᠳᠬᠡᠪᠡ᠃ ᠬᠠᠲᠠᠭᠤ ᠲᠦᠯᠦᠪᠲᠦ | ᠬᠠᠶᠠᠭᠳᠠᠮᠠᠯ ᠪᠤᠳᠠᠰ ᠤᠨ ᠬᠠᠮᠢᠶᠠᠷᠤᠯᠲᠠ ᠶᠢ ᠳᠦᠷᠢᠮᠵᠢᠭᠦᠯᠵᠦ᠂ ᠡᠮᠴᠢᠯᠡᠭᠡᠨ ᠤ ᠬᠠᠶᠠᠭᠳᠠᠮᠠᠯ ᠢ ᠰᠢᠢᠳᠪᠦᠷᠢᠯᠡᠬᠦ | ᠲᠦᠪ ᠮᠡᠷᠭᠡᠵᠢᠯ ᠢᠶᠠᠨ ᠰᠢᠨᠡᠳᠬᠡᠨ ᠳᠡᠰ ᠳᠡᠪᠰᠢᠭᠦᠯᠵᠦ᠂ ᠬᠤᠭ ᠰᠢᠲᠠᠭᠠᠵᠤ ᠴᠠᠬᠢᠯᠭᠠᠨ ᠭᠠᠷᠭᠠᠬᠤ᠂ ᠲᠤᠭᠤᠭᠠᠨ | ᠭᠡᠷ ᠤᠨ ᠬᠠᠶᠠᠭᠳᠠᠮᠠᠯ ᠢ ᠣᠷᠴᠢᠯᠳᠤᠭᠤᠯᠤᠨ ᠠᠰᠢᠭᠯᠠᠬᠤ ᠲᠦᠷᠦᠯ ᠵᠦᠢᠯ ᠦᠢᠯᠡᠳᠪᠦᠷᠢᠯᠡᠯ ᠡᠬᠢᠯᠡᠨ ᠠᠰᠢᠭᠯᠠᠯᠲᠠ ᠳᠤ | ᠣᠷᠤᠵᠤ᠂ ᠭᠠᠵᠠᠷ ᠰᠢᠷᠦᠢ ᠶᠢᠨ ᠣᠷᠴᠢᠨ ᠲᠣᠭᠤᠷᠢᠨ ᠶᠡᠷᠦᠩᠬᠡᠢ ᠳᠡᠭᠡᠨ ᠲᠤᠭᠲᠠᠭᠤᠨ ᠢ ᠪᠠᠲᠤᠯᠠᠪᠠ᠃ ᠮᠦᠩᠭᠦᠨ | ᠭᠦᠢᠯᠭᠡᠭᠡᠨ ᠤ ᠲᠦᠭᠰᠢᠭᠦᠷᠢ ᠶᠢ ᠪᠦᠲᠦᠮᠵᠢᠲᠡᠢ ᠰᠡᠷᠭᠡᠶᠢᠯᠡᠨ ᠡᠵᠡᠮᠳᠡᠪᠡ᠃ ᠮᠦᠩᠭᠦᠨ ᠭᠦᠢᠯᠭᠡᠭᠡᠨ ᠤ ᠠᠶᠦᠯᠭᠦᠢ ᠶᠢᠨ | ᠬᠢᠨᠠᠨ ᠬᠠᠮᠢᠶᠠᠷᠤᠯᠲᠠ ᠶᠢ ᠴᠢᠩᠭᠠᠳᠬᠠᠨ᠂ ᠬᠠᠤᠯᠢ ᠪᠤᠰᠤ ᠪᠠᠷ ᠪᠡᠯᠡ ᠴᠤᠭᠯᠠᠭᠤᠯᠬᠤ ᠵᠡᠷᠭᠡ ᠬᠠᠤᠯᠢ ᠵᠦᠷᠢᠴᠡᠵᠦ | ᠳᠦᠷᠢᠮ ᠵᠦᠷᠢᠴᠡᠭᠰᠡᠨ ᠠᠵᠢᠯᠯᠠᠭ᠎ᠠ ᠳᠤ ᠡᠷᠡᠰ ᠴᠤᠬᠢᠯᠲᠠ ᠦᠭᠪᠡ᠃ ᠢᠷᠡᠭᠡᠳᠦᠢ ᠲᠠᠢ ᠭᠠᠶᠢᠯᠢ ᠶᠢᠨ ᠢᠷᠡᠯᠲᠡ ᠶᠢ | ᠪᠤᠶᠢᠵᠢᠭᠤᠯᠬᠤ᠂ ᠡᠵᠡᠩᠨᠡᠯᠲᠡ ᠶᠢᠨ ᠠᠰᠢᠭ ᠣᠷᠤᠯᠭ᠎ᠠ ᠪᠠᠨ ᠨᠡᠮᠡᠭᠳᠡᠭᠦᠯᠬᠦ᠂ ᠰᠠᠭᠤᠷᠢ ᠮᠦᠩᠭᠦ ᠶᠢᠨ ᠣᠷᠤᠯᠭ᠎ᠠ ᠶᠢ | ᠦᠷᠭᠡᠳᠬᠡᠬᠦ᠂ ᠡᠩ ᠤᠨ ᠴᠢᠨᠠᠷᠲᠠᠢ ᠵᠠᠷᠤᠯᠭ᠎ᠠ ᠶᠢ ᠪᠠᠭᠠᠰᠬᠠᠬᠤ ᠵᠡᠷᠭᠡ ᠠᠷᠭ᠎ᠠ ᠠᠪᠴᠠᠯ ᠢ ᠠᠪᠴᠤ᠂ 30.2 | ᠳ᠋ᠦᠩᠰᠢᠭᠤᠷ ᠲᠦᠭᠦᠷᠢᠭ ᠤᠨ ᠵᠠᠰᠠᠭ ᠤᠨ ᠣᠷᠳᠤᠨ ᠤ ᠦᠷᠢ ᠦᠭᠴᠡᠭᠡ ᠶᠢ ᠨᠠᠮᠬᠠᠳᠬᠠᠵᠤ᠂ ᠤᠨ ᠤ ᠡᠭᠦᠷᠭᠡ ᠪᠠᠨ | ᠳᠠᠪᠠᠭᠤᠯᠤᠨ ᠪᠡᠶᠡᠯᠡᠭᠦᠯᠪᠡ᠃ | ︵ᠬᠤᠶᠠᠷ︶ ᠠᠵᠤ ᠦᠢᠯᠡᠰ ᠤᠨ ᠪᠦᠬᠦᠯᠢ ᠴᠤᠭᠴᠠ ᠶᠢᠨ ᠬᠢᠷᠢ ᠲᠦᠪᠰᠢᠨ ᠢ ᠬᠦᠴᠦᠯᠡᠨ | ᠳᠡᠭᠡᠭᠰᠢᠯᠡᠭᠦᠯᠪᠡ᠃ ᠠᠵᠤ ᠦᠢᠯᠡᠳᠪᠦᠷᠢ ᠶᠢᠨ ᠠᠵᠤ ᠠᠬᠤᠢ ᠶᠢᠨ ᠴᠢᠨᠰᠠᠭ᠎ᠠ ᠶᠢ ᠳᠡᠭᠡᠭᠰᠢᠯᠡᠭᠦᠯᠦᠨ ᠬᠦᠭᠵᠢᠭᠦᠯᠪᠡ᠃ | ᠡᠸ᠋ᠨ ᠧᠦ ᠰᠢᠨᠵᠢᠯᠡᠭᠡ ᠲᠧᠭᠨᠢᠭ᠂ ᠺᠧ ᠹᠧᠩ 3D ᠳᠠᠷᠤᠮᠯᠠᠯ ᠵᠡᠷᠭᠡ ᠲᠠᠪᠤᠨ ︽ᠬᠦᠷᠢᠶᠡᠯᠡᠩ ᠳᠤᠮᠳᠠᠬᠢ | ᠬᠦᠷᠢᠶᠡᠯᠡᠩ︾ ᠤᠨ ᠲᠦᠷᠦᠯ ᠵᠦᠢᠯ ᠢ ᠬᠡᠷᠡᠭᠵᠢᠭᠦᠯᠦᠨ᠂ 29.7 ᠲᠦᠮᠡᠨ ᠲᠡᠭᠰᠢ ᠳᠦᠷᠪᠡᠯᠵᠢᠨ ᠮᠧᠲᠷ ᠤᠨ | ᠪᠠᠷᠢᠮᠵᠢᠶᠠᠵᠢᠭᠤᠯᠤᠭᠰᠠᠨ ᠦᠢᠯᠡᠳᠪᠦᠷᠢ ᠶᠢᠨ ᠲᠠᠰᠤᠭ ᠢ ᠪᠠᠶᠢᠭᠤᠯᠵᠤ᠂ ᠵᠦᠸᠧ ᠧᠦ ᠡᠯᠧᠺᠲᠷᠣᠨ᠂ ᠬᠤᠩ | ᠵᠢᠶᠦ᠋ᠨ ᠲᠧᠭᠨᠢᠭ ᠵᠡᠷᠭᠡ 27 ᠠᠵᠤ ᠦᠢᠯᠡᠰ ᠤᠨ ᠬᠡᠯᠬᠢᠶᠡᠵᠢᠭᠰᠡᠨ ᠠᠵᠤ ᠠᠬᠤᠶᠢᠯᠠᠯ ᠭᠡᠷ᠎ᠡ ᠲᠤᠭᠲᠠᠵᠤ | ᠰᠠᠭᠤᠷᠢᠰᠢᠨ᠂ ᠪᠦᠸᠧ ᠱᠧᠩ ᠳᠠᠭᠤᠨ ᠤ ᠲᠦᠬᠦᠭᠡᠷᠦᠮᠵᠢ᠂ ᡁᠢ ᠮᠢᠩ ᠡᠯᠧᠺᠲᠷᠣᠨ ᠦᠵᠦᠭᠦᠷ ᠵᠡᠷᠭᠡ 7 ᠲᠦᠷᠦᠯ | ᠵᠦᠢᠯ ᠦᠢᠯᠡᠳᠪᠦᠷᠢᠯᠡᠯ ᠡᠬᠢᠯᠡᠵᠦ ᠦᠷ᠎ᠡ ᠠᠰᠢᠭ ᠣᠯᠪᠠ᠃ 3 ᠤᠯᠤᠰ ᠤᠨ ᠳᠡᠰ ᠤᠨ ᠨᠤᠲᠠᠯᠠᠯᠲᠠ ᠶᠢ ᠬᠦᠷᠲᠡᠭᠰᠡᠨ | ᠳᠡᠭᠡᠳᠦ ᠰᠢᠨ᠎ᠡ ᠮᠡᠷᠭᠡᠵᠢᠯ ᠤᠨ ᠠᠵᠤ ᠠᠬᠤᠶᠢᠯᠠᠯ᠂ 8 ᠰᠢᠨᠵᠢᠯᠡᠭᠡ ᠮᠡᠷᠭᠡᠵᠢᠯ ᠤᠨ ᠴᠢᠨᠠᠷᠲᠠᠢ ᠳᠤᠮᠳᠠᠳᠤ ᠪᠠᠭ᠎ᠠ ᠠᠵᠤ | ᠠᠬᠤᠶᠢᠯᠠᠯ᠂ 13 ᠠᠵᠤ ᠠᠬᠤᠶᠢᠯᠠᠯ ᠦᠪᠡᠷᠲᠡᠭᠡᠨ ᠵᠠᠰᠠᠬᠤ ᠣᠷᠤᠨ ᠤ ᠳᠡᠰ ᠤᠨ ᠠᠵᠤ ᠠᠬᠤᠶᠢᠯᠠᠯ ᠤᠨ ᠰᠢᠨᠵᠢᠯᠡᠭᠡ | ᠮᠡᠷᠭᠡᠵᠢᠯ ᠤᠨ ᠲᠦᠪ ᠢᠶᠠᠷ ᠦᠨᠡᠯᠡᠭᠳᠡᠵᠦ᠂ ᠲᠦᠸᠧ ᠵᠢᠶᠠ ᠭᠡᠷᠡᠯ ᠴᠠᠬᠢᠯᠭᠠᠨ ᠤᠯᠤᠰ ᠤᠨ ᠪᠤᠬᠢᠷᠳᠤᠯ ᠦᠭᠡᠢ | ᠬᠠᠩᠭᠠᠯᠭ᠎ᠠ ᠬᠡᠷᠡᠭᠴᠡᠭᠡᠨ ᠤ ᠬᠡᠯᠬᠢᠶᠡᠨ ᠤ ᠵᠢᠱᠢᠶᠡᠴᠢ ᠠᠵᠤ ᠠᠬᠤᠶᠢᠯᠠᠯ ᠢᠶᠠᠷ ᠦᠨᠡᠯᠡᠭᠳᠡᠪᠡ᠃ ᠳᠡᠭᠡᠳᠦ ᠰᠢᠨ᠎ᠡ | ᠮᠡᠷᠭᠡᠵᠢᠯ ᠤᠨ ᠠᠵᠤ ᠦᠢᠯᠡᠰ ᠤᠨ ᠪᠡᠯᠡ ᠣᠷᠤᠭᠤᠯᠤᠯᠲᠠ ᠶᠢᠨ ᠨᠡᠮᠡᠭᠳᠡᠯ 12.5%᠂ ᠨᠡᠮᠡᠭᠳᠡᠯ ᠦᠷᠲᠡᠭ 10. | 5%᠃ ᠶᠤᠸᠠᠨ ᠯᠢᠶᠠᠨ ᠪᠣᠯᠤᠳ ᠲᠡᠮᠦᠷ ᠦᠢᠯᠡᠳᠪᠦᠷᠢᠯᠡᠯ ᠴᠢᠳᠠᠮᠵᠢ ᠶᠢᠨ ᠰᠤᠯᠢᠭᠳᠠᠯ ᠢ ᠪᠡᠶᠡᠯᠡᠭᠦᠯᠵᠦ᠂ | ᠤᠯᠠᠭᠠᠨᠬᠠᠳᠠ ᠶᠢᠨ ᠡᠮ ᠤᠨ ᠦᠢᠯᠡᠰ᠂ ᠶᠢᠨ ᠵᠢᠶᠠᠨ ᠬᠦᠷᠡᠯ ᠤᠨ ᠦᠢᠯᠡᠰ ᠲᠦᠷᠭᠡᠪᠴᠢᠯᠡᠨ ︽ᠬᠤᠲᠠ ᠠᠴᠠ | ᠤᠬᠤᠷᠢᠨ ᠬᠦᠷᠢᠶᠡᠯᠡᠩ ᠳᠤ ᠣᠷᠤᠵᠤ︾᠂ ᠰᠢ ᠯᠢ ᠯᠠᠢ ᠦᠢᠯᠡᠳᠪᠦᠷᠢ᠂ ᠮᠦ ᠶᠧ ᠱᠠᠩ ᠫᠢᠨ ᠢᠳᠡᠭᠡᠨ | ᠪᠤᠯᠪᠠᠰᠤᠷᠠᠭᠤᠯᠬᠤ ᠦᠢᠯᠡᠳᠪᠦᠷᠢ ᠵᠡᠷᠭᠡ ᠲᠦᠷᠦᠯ ᠵᠦᠢᠯ ᠤᠳᠠᠯ ᠦᠭᠡᠢ ᠦᠢᠯᠡᠳᠪᠦᠷᠢᠯᠡᠯ ᠡᠬᠢᠯᠡᠬᠦ ᠪᠤᠯᠤᠨ᠎ᠠ᠂ | ᠳ᠋ᠦᠩ ᠯᠢ ᠨᠤᠤᠰᠤᠨ ᠦᠢᠯᠡᠰ᠂ ᠱᠧᠩ ᠯᠦᠨ ᠨᠤᠤᠰᠤᠨ ᠦᠢᠯᠡᠰ ᠨᠢ ᠤᠯᠤᠰ ᠪᠠ ᠤᠷᠤᠨ ᠤ ᠳᠡᠰ ᠤᠨ | ᠪᠤᠬᠢᠷᠳᠤᠯ ᠦᠭᠡᠢ ᠦᠢᠯᠡᠳᠪᠦᠷᠢ ᠪᠠᠷ ᠦᠨᠡᠯᠡᠭᠳᠡᠨ᠂ ᠦᠢᠯᠡᠳᠪᠦᠷᠢ ᠶᠢᠨ ᠮᠡᠷᠭᠡᠵᠢᠯ ᠤᠨ ᠦᠭᠡᠷᠡᠴᠢᠯᠡᠯᠲᠡ ᠶᠢᠨ ᠪᠡᠯᠡ | ᠣᠷᠤᠭᠤᠯᠤᠯᠲᠠ ᠶᠢᠨ ᠨᠡᠮᠡᠭᠳᠡᠯ 17.8%᠃ ᠶᠡᠭᠡ ᠳ᠋ᠠᠶᠢᠲ᠋ᠠ ᠪᠠ ᠠᠵᠤ ᠦᠢᠯᠡᠰ ᠤᠨ ᠠᠭᠤᠰᠤᠯᠴᠠᠨ | ᠬᠦᠭᠵᠢᠯᠲᠡ ᠶᠢ ᠠᠬᠢᠭᠤᠯᠵᠤ᠂ 41 ᠬᠡᠪᠴᠢᠶᠠᠵᠢᠯ ᠠᠴᠠ ᠳᠡᠭᠡᠭᠰᠢᠬᠢ ᠠᠵᠤ ᠠᠬᠤᠶᠢᠯᠠᠯ ︽ᠡᠭᠦᠯᠡᠨ ᠲᠠᠪᠴᠠᠩ ᠳᠤ | ᠭᠠᠷᠴᠤ︾᠂ 6 ᠠᠵᠤ ᠠᠬᠤᠶᠢᠯᠠᠯ ᠨᠢ ᠤᠯᠤᠰ ᠪᠠ ᠤᠷᠤᠨ ᠤ ᠰᠤᠷᠠᠭ ᠵᠠᠩᠭᠢᠵᠢᠬᠤ ᠪᠠ ᠠᠵᠤ ᠦᠢᠯᠡᠳᠪᠦᠷᠢᠵᠢᠬᠦ ᠶᠢ | ᠠᠭᠤᠰᠤᠯᠴᠠᠭᠤᠯᠤᠨ ᠨᠠᠶᠢᠳᠠᠪᠤᠷᠢᠵᠢᠭᠤᠯᠬᠤ ᠪᠠᠷᠢᠮᠵᠢᠶ᠎ᠠ ᠳᠤ ᠬᠦᠷᠭᠡᠬᠦ ᠲᠤᠷᠰᠢᠯᠲᠠ ᠶᠢᠨ ᠴᠡᠭ ᠪᠣᠯᠪᠠ᠃ 4 | ᠬᠡᠪᠴᠢᠶᠡᠵᠢᠯ ᠠᠴᠠ ᠳᠡᠭᠡᠭᠰᠢᠬᠢ ᠠᠵᠤ ᠠᠬᠤᠶᠢᠯᠠᠯ ᠰᠢᠨ᠎ᠡ ᠪᠠᠷ ᠨᠡᠮᠡᠭᠳᠡᠵᠦ᠂ ᠬᠡᠪᠴᠢᠶᠡᠵᠢᠯ ᠠᠴᠠ ᠳᠡᠭᠡᠭᠰᠢᠬᠢ | ᠠᠵᠤ ᠦᠢᠯᠡᠳᠪᠦᠷᠢ ᠶᠢᠨ ᠨᠡᠮᠡᠭᠳᠡᠯ ᠦᠷᠲᠡᠭ 10.6%᠃ ᠠᠷᠠᠯᠵᠢᠶ᠎ᠠ ᠬᠤᠳᠠᠯᠳᠤᠭ᠎ᠠ ᠦᠢᠯᠡᠴᠢᠯᠡᠭᠡᠨ ᠤ | ᠦᠢᠯᠡᠰ ᠤᠨ ᠬᠡᠯᠪᠡᠷᠢ ᠶᠢ ᠲᠦᠷᠭᠡᠪᠴᠢᠯᠡᠨ ᠦᠭᠡᠷᠡᠴᠢᠯᠡᠪᠡ᠃ ᠬᠦᠭᠦᠷᠭᠡᠨ ᠤ ᠠᠷᠤ ᠶᠢᠨ ᠭᠤᠤᠯᠯᠠᠭᠴᠢ ᠠᠷᠠᠯᠵᠢᠶᠠᠨ ᠤ | ᠶᠠᠪᠤᠳᠠᠯ ᠤᠨ ᠲᠣᠭᠤᠷᠢᠭ ᠤᠨ ᠪᠠᠶᠢᠭᠤᠯᠤᠯᠲᠠ ᠣᠷᠤᠭᠰᠢᠲᠠᠢ ᠶᠠᠪᠤᠭᠳᠠᠨ᠂ ᠯᠦᠩ ᠲᠧᠩ ᠤᠯᠠᠨ ᠤᠯᠤᠰ ᠤᠨ | ᠠᠭᠤᠳᠠᠮ ᠲᠠᠯᠠᠪᠠᠢ ᠤᠳᠠᠯ ᠦᠭᠡᠢ ᠡᠭᠦᠳᠡ ᠪᠠᠨ ᠨᠡᠭᠡᠭᠡᠵᠦ ᠡᠷᠦᠬᠡ ᠪᠠᠨ ᠰᠡᠬᠦᠬᠦ ᠪᠠᠷ ᠪᠣᠯᠵᠤ᠂ ᠵᠦᠩ ᠯᠢᠶᠠᠨ ᠰᠢᠨ | ᠱᠢ ᠵᠢᠢ᠂ ᠸᠧᠢ ᠳ᠋ᠦᠸᠧ ᠯᠢ ᠮᠦᠸᠧ ᠡᠯ ᠴᠧᠩ ᠤᠨ ᠪᠠᠶᠢᠭᠤᠯᠤᠯᠲᠠ ᠶᠢ ᠲᠦᠷᠭᠡᠪᠴᠢᠯᠡᠨ ᠠᠬᠢᠭᠤᠯᠪᠠ᠃ ᠶᠠᠪᠠᠭᠠᠨ | ᠵᠡᠭᠡᠯᠢ ᠶᠢ ᠳᠡᠰ ᠳᠡᠪᠰᠢᠭᠦᠯᠬᠦ ᠲᠦᠰᠦᠯ ᠲᠦᠰᠦᠪᠯᠡᠯ ᠢ ᠭᠦᠢᠴᠡᠳᠬᠡᠵᠦ᠂ ᠲᠤᠰᠬᠠᠢ ᠡᠵᠡᠩᠨᠡᠯᠲᠡ ᠶᠢᠨ ᠺᠣᠮᠫᠠᠨᠢ ᠶᠢ | ᠪᠠᠶᠢᠭᠤᠯᠵᠤ᠂ ᠪᠤᠳᠠᠲᠠᠢ ᠠᠵᠢᠯᠯᠠᠭᠠᠨ ᠤ ᠱᠠᠲᠤᠨ ᠳᠤ ᠣᠷᠤᠪᠠ᠃ ᠲᠤᠰᠬᠠᠶᠢᠵᠢᠭᠰᠠᠨ ᠵᠠᠬ᠎ᠠ ᠳᠡᠯᠭᠡᠭᠦᠷ ᠤᠨ | ᠪᠠᠶᠢᠭᠤᠯᠤᠯᠲᠠ ᠶᠢᠨ ᠠᠯᠬᠤᠴᠠ ᠶᠢ ᠲᠦᠷᠭᠡᠳᠬᠡᠨ᠂ ᠴᠤᠤ ᠵᠧᠨ ᠵᠠᠷ ᠮᠡᠳᠡᠭᠡᠨ ᠤ ᠮᠠᠲ᠋ᠧᠷᠢᠶᠠᠯ᠂ ᠶᠢᠨ ᠢᠦᠢ ᠭᠠᠷᠠᠮ | ᠳᠠᠯᠠᠢ ᠶᠢᠨ ᠢᠳᠡᠭᠡᠨ ᠲᠠᠷᠢᠶᠠᠯᠠᠩ ᠤᠨ ᠪᠦᠲᠦᠭᠡᠭᠳᠡᠭᠦᠨ ᠵᠡᠷᠭᠡ ᠵᠠᠬ᠎ᠠ ᠳᠡᠯᠭᠡᠭᠦᠷ ᠠᠰᠢᠭᠯᠠᠯᠲᠠ ᠳᠤ ᠣᠷᠤᠵᠤ | ᠡᠵᠡᠩᠨᠡᠯᠲᠡ ᠡᠬᠢᠯᠡᠪᠡ᠃ ᠪᠠᠷᠠᠭᠠᠨ ᠤ ᠭᠦᠢᠯᠭᠡᠭᠡᠨ ᠤ ᠠᠵᠤ ᠦᠢᠯᠡᠰ ᠤᠨ ᠬᠡᠯᠬᠢᠶᠡᠵᠢᠯ ᠢ ᠬᠦᠭᠵᠢᠭᠦᠯᠵᠦ᠂ ᠵᠢᠦ | ᠲᠦᠩ ᠪᠠᠷᠠᠭᠠᠨ ᠭᠦᠢᠯᠭᠡᠭᠡᠨ ᠪᠣᠯᠤᠨ ᠵᠢᠩ ᠳ᠋ᠦᠩ ᠪᠦᠯᠦᠭᠯᠡᠯ ᠤᠨ ᠬᠠᠮᠵᠢᠯᠴᠠᠭ᠎ᠠ ᠶᠢ ᠭᠦᠨᠵᠡᠭᠡᠶᠢᠷᠡᠭᠦᠯᠦᠨ | ᠠᠬᠢᠭᠤᠯᠵᠤ᠂ ᠮᠦᠩᠭᠦᠨ ᠭᠦᠢᠯᠭᠡᠭᠡᠨ ᠤ ᠪᠠᠷᠠᠭᠠᠨ ᠭᠦᠢᠯᠭᠡᠭᠡᠨ ᠤ ᠭᠠᠷᠠᠮ ᠤᠨ ᠭᠤᠷᠪᠠᠳᠤᠭᠠᠷ ᠬᠤᠭᠤᠴᠠᠭᠠᠨ ᠤ | ᠰᠠᠭᠤᠷᠢᠰᠢᠭᠰᠠᠨ ᠠᠵᠤ ᠠᠬᠤᠶᠢᠯᠠᠯ 100 ᠡᠷᠦᠬᠡ ᠶᠢ ᠳᠠᠪᠠᠪᠠ᠃ ᠭᠤᠪᠢ ᠶᠢᠨ ᠠᠷᠤ ᠶᠢᠨ ᠮᠦᠩᠭᠦᠨ ᠭᠦᠢᠯᠭᠡᠭᠡᠨ ᠤ | ᠵᠢᠵᠢᠭ ᠪᠠᠯᠭᠠᠰᠤᠨ ᠤ ᠡᠵᠡᠩᠨᠡᠯᠲᠡ ᠦᠢᠯᠡᠴᠢᠯᠡᠭᠡ ᠶᠢ ᠤᠯᠠᠮ ᠲᠡᠭᠦᠯᠳᠡᠷᠵᠢᠭᠦᠯᠪᠡ᠃ 10 ᠦᠷᠲᠡᠭ ᠠᠴᠠ | ᠳᠠᠪᠠᠭᠰᠠᠨ ᠠᠵᠤ ᠠᠬᠤᠶᠢᠯᠠᠯ ᠰᠢᠨ᠎ᠡ ᠪᠠᠷ ᠨᠡᠮᠡᠭᠳᠡᠵᠦ᠂ ᠣᠳᠤ ᠦᠶ᠎ᠡ ᠶᠢᠨ ᠦᠢᠯᠡᠴᠢᠯᠡᠭᠡᠨ ᠤ ᠦᠢᠯᠡᠰ ᠤᠨ ᠨᠡᠮᠡᠭᠳᠡᠯ | ᠦᠷᠲᠡᠭ ᠤᠨ ᠦᠢᠯᠡᠴᠢᠯᠡᠭᠡᠨ ᠤ ᠦᠢᠯᠡᠰ ᠲᠠᠬᠢ ᠬᠠᠷᠢᠴᠠᠯ 51.6% ᠪᠣᠯᠵᠤ ᠳᠡᠭᠡᠭᠰᠢᠯᠡᠪᠡ᠃ ᠬᠦᠳᠡᠭᠡ | ᠲᠤᠰᠬᠤᠨ ᠤ ᠠᠵᠤ ᠦᠢᠯᠡᠰ ᠢ ᠮᠠᠨᠳᠤᠭᠤᠯᠬᠤ ᠶᠢ ᠪᠠᠲᠤᠲᠠᠢ ᠠᠬᠢᠭᠤᠯᠪᠠ᠃ ᠬᠦᠳᠡᠭᠡ ᠲᠤᠰᠬᠤᠨ ᠢ ᠨᠠᠮᠳᠤᠭᠤᠯᠬᠤ | ᠠᠵᠤ ᠦᠢᠯᠡᠰ ᠤᠨ ᠵᠤᠷᠢᠭᠵᠢᠭᠤᠯᠤᠯ ᠨᠦᠬᠦᠪᠦᠷᠢ ᠶᠢᠨ ᠠᠷᠭ᠎ᠠ ᠬᠡᠮᠵᠢᠶ᠎ᠡ ᠶᠢ ᠲᠤᠭᠲᠠᠭᠠᠨ᠂ ᠲᠦᠬᠦᠭᠡᠷᠦᠮᠵᠢ ᠶᠢᠨ | ᠲᠠᠷᠢᠶᠠᠯᠠᠩ᠂ ᠦᠵᠡᠮᠵᠢ ᠶᠢᠨ ᠲᠠᠷᠢᠶᠠᠯᠠᠩ᠂ ᠠᠮᠢ ᠠᠬᠤᠢ ᠠᠵᠤ ᠠᠬᠤᠢ ᠶᠢᠨ ᠤᠢ ᠶᠢᠨ ᠪᠠᠶᠢᠭᠤᠯᠤᠯᠲᠠ ᠶᠢ | ᠵᠢᠯᠤᠭᠤᠳᠴᠤ᠂ 1500 ᠮᠦ ᠤᠨᠴᠠᠯᠢᠭᠲᠤ ᠲᠠᠷᠢᠮᠠᠯ ᠢ ᠰᠢᠨ᠎ᠡ ᠪᠠᠷ ᠲᠠᠷᠢᠵᠤ᠂ 6300 ᠮᠤ᠋ ᠬᠦᠲᠦᠯ᠂ ᠲᠠᠷᠢᠶᠠᠨ | ᠭᠠᠵᠠᠷ ᠢ ᠦᠭᠡᠷᠡᠴᠢᠯᠡᠨ ᠰᠠᠶᠢᠵᠢᠷᠠᠭᠤᠯᠵᠤ᠂ 13 ᠪᠦᠲᠦᠭᠡᠭᠳᠡᠭᠦᠨ ︽ᠭᠤᠷᠪᠠᠨ ᠰᠠᠶᠢᠨ ᠨᠢᠭᠡ ᠳᠡᠮᠳᠡᠭᠲᠦ︾ ᠶᠢᠨ | ᠭᠡᠷᠡᠴᠢᠯᠡᠯ ᠬᠦᠷᠲᠡᠪᠡ᠃ ᠭᠤᠷᠪᠠᠨ ᠠᠵᠤ ᠦᠢᠯᠡᠰ ᠢ ᠠᠭᠤᠰᠤᠯᠴᠠᠭᠤᠯᠤᠨ ᠠᠬᠢᠭᠤᠯᠵᠤ᠂ ᠤᠯᠠᠭᠠᠨᠬᠠᠳᠠ ᠶᠢᠨ | ᠰᠢᠨ᠎ᠡ ᠵᠢᠭᠤᠯᠴᠢᠯᠠᠯ ᠤᠨ ᠵᠠᠰᠠᠮᠠᠯ ᠵᠠᠮ ᠪᠦᠬᠦ ᠱᠤᠭᠤᠮ ᠢᠶᠠᠷ ᠢᠶᠠᠨ ᠨᠡᠪᠲᠡᠷᠡᠵᠦ᠂ ᠬᠦᠳᠡᠭᠡ ᠲᠤᠰᠬᠤᠨ ᠢ | ᠮᠠᠨᠳᠤᠭᠤᠯᠬᠤ ᠵᠤᠴᠢᠯᠠᠬᠤ ᠲᠢᠩᠬᠢᠮ ᠢ ᠪᠠᠶᠢᠭᠤᠯᠵᠤ ᠨᠡᠭᠡᠭᠡᠨ᠂ ᠶᠠᠩ ᠵᠢᠶᠠ ᠸᠠᠨ ᠬᠦᠳᠡᠭᠡ ᠲᠤᠰᠬᠤᠨ ᠤ | ᠬᠠᠮᠲᠤ ᠶᠢᠨ ᠴᠤᠭᠴᠠ᠂ ᠳᠤᠤ ᠭᠦ᠋ ᠡᠮᠦᠨ᠎ᠡ ᠠᠭᠤᠯᠠᠨ ᠤ ᠰᠠᠯᠡᠭᠦᠴᠡᠯ ᠠᠮᠠᠷᠠᠯᠲᠠ ᠶᠢᠨ ᠲᠦᠪ ᠢ ᠲᠦᠷᠭᠡᠪᠴᠢᠯᠡᠨ | ᠠᠬᠢᠭᠤᠯᠵᠤ᠂ ᠦᠪᠡᠷᠲᠡᠭᠡᠨ ᠵᠠᠰᠠᠬᠤ ᠣᠷᠤᠨ ᠤ ᠳᠡᠰ ᠤᠨ ᠠᠵᠤ ᠦᠢᠯᠡᠰ ᠤᠨ ᠠᠭᠤᠰᠤᠯᠴᠠᠯ ᠬᠦᠭᠵᠢᠯᠲᠡ ᠶᠢᠨ | ᠵᠢᠱᠢᠶ᠎ᠡ ᠦᠵᠡᠭᠦᠯᠬᠦ ᠲᠣᠭᠤᠷᠢᠭ ᠢᠶᠠᠷ ᠦᠨᠡᠯᠡᠭᠳᠡᠪᠡ᠃ ︽ᠤᠶᠢᠷ᠎ᠠ ᠲᠡᠭᠦᠷᠭᠡ ᠶᠢᠨ ᠬᠦᠳᠡᠭᠡ ᠲᠤᠰᠬᠤᠨ ᠤ | ᠵᠢᠭᠤᠯᠴᠢᠯᠠᠯ︾ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠱᠠᠯᠠᠪᠳᠠᠨ᠂ ᠬᠤᠲᠠ ᠶᠢᠨ ᠠᠩᠬᠠᠳᠠᠭᠴᠢ | ᠵᠢᠭᠤᠯᠴᠢᠯᠠᠯ ᠤᠨ ᠶᠡᠭᠡ ᠬᠤᠷᠠᠯ ᠢ ᠦᠨᠳᠦᠷ ᠪᠠᠷᠢᠮᠵᠢᠶ᠎ᠠ ᠪᠠᠷ ᠡᠷᠬᠢᠯᠡᠵᠦ᠂ ︽ᠡᠷᠲᠡᠨ ᠤ ᠬᠡᠮᠨᠡᠯᠲᠦ ᠬᠤᠩᠱᠠᠨ᠂ ᠭᠦᠨ | ᠰᠠᠭᠤᠭᠳᠠᠯᠲᠤ ᠤᠯᠠᠭᠠᠨᠬᠠᠳᠠ︾ ᠲᠡᠮᠳᠡᠭᠲᠦ ᠶᠢᠨ ᠨᠦᠯᠦᠭᠡᠯᠡᠬᠦ ᠬᠦᠴᠦᠨ ᠤᠯᠠᠮ ᠢᠶᠠᠷ ᠴᠢᠩᠭᠠᠷᠠᠵᠤ᠂ ᠪᠦᠬᠦ | ᠵᠢᠯ ᠤᠨ ᠬᠦᠯᠢᠶᠡᠨ ᠵᠤᠴᠢᠯᠠᠭᠰᠠᠨ ᠵᠤᠭᠠᠴᠠᠭᠰᠠᠳ 340 ᠲᠦᠮᠡᠨ ᠬᠦᠮᠦᠨ ᠤᠳᠠᠭ᠎ᠠ ᠬᠦᠷᠴᠦ᠂ 13% ᠪᠠᠷ | ᠨᠡᠮᠡᠭᠳᠡᠪᠡ᠃ | ︵ᠭᠤᠷᠪᠠ︶ ᠦᠭᠡᠷᠡᠴᠢᠯᠡᠯᠲᠡ ᠨᠡᠭᠡᠭᠡᠯᠲᠡ ᠶᠢ ᠭᠦᠨᠵᠡᠭᠡᠶᠢᠷᠡᠭᠦᠯᠦᠨ ᠠᠬᠢᠭᠤᠯᠪᠠ᠃ ᠭᠤᠤᠯᠳᠠᠯᠭ᠎ᠠ ᠲᠠᠢ | ᠬᠦᠷᠢᠶ᠎ᠡ ᠬᠡᠪᠴᠢᠶᠡᠨ ᠤ ᠦᠭᠡᠷᠡᠴᠢᠯᠡᠯᠲᠡ ᠶᠢ ᠯᠠᠪᠰᠢᠷᠠᠭᠤᠯᠤᠨ ᠠᠬᠢᠭᠤᠯᠪᠠ᠃ 104 ᠲᠦᠷᠦᠯ ᠤᠨ ᠤᠨ ᠤ | ᠦᠭᠡᠷᠡᠴᠢᠯᠡᠯᠲᠡ ᠶᠢᠨ ᠡᠭᠦᠷᠭᠡ ᠶᠢ ᠪᠦᠬᠦ ᠲᠠᠯ᠎ᠠ ᠪᠠᠷ ᠪᠡᠶᠡᠯᠡᠭᠦᠯᠵᠦ᠂ 13 ᠲᠦᠷᠦᠯ ᠤᠨ ᠦᠷᠭᠦᠯᠵᠢᠯᠡᠨ ᠠᠬᠢᠭᠤᠯᠬᠤ | ᠦᠭᠡᠷᠡᠴᠢᠯᠡᠯᠲᠡ ᠶᠢᠨ ᠡᠭᠦᠷᠭᠡ ᠱᠠᠲᠤᠴᠢ ᠴᠢᠨᠠᠷᠲᠠᠢ ᠠᠮᠵᠢᠯᠲᠠ ᠣᠯᠪᠠ᠃ ᠵᠠᠰᠠᠭ ᠤᠨ ᠣᠷᠳᠤᠨ ᠤ | ᠪᠠᠶᠢᠭᠤᠯᠤᠮᠵᠢ ᠶᠢᠨ ᠦᠭᠡᠷᠡᠴᠢᠯᠡᠯᠲᠡ᠂ ᠡᠮᠴᠢᠯᠡᠭᠡᠨ ᠤ ᠳᠠᠭᠠᠳᠬᠠᠯ ᠤᠨ ᠪᠠᠶᠢᠭᠤᠯᠤᠮᠵᠢ ᠶᠢᠨ ᠲᠤᠭᠲᠠᠴᠠ ᠶᠢᠨ | ᠦᠭᠡᠷᠡᠴᠢᠯᠡᠯᠲᠡ᠂ ᠬᠤᠲᠠ ᠶᠢᠨ ᠶᠠᠪᠤᠳᠠᠯ ᠬᠦᠷᠢᠶᠡᠯᠡᠩ ᠤᠢ ᠰᠢᠭᠤᠢ ᠶᠢᠨ ᠬᠠᠮᠠᠭᠠᠯᠠᠯᠲᠠ ᠪᠤᠯᠤᠨ ᠣᠷᠴᠢᠨ | ᠲᠣᠭᠤᠷᠢᠨ ᠤ ᠬᠠᠮᠠᠭᠠᠯᠠᠯᠲᠠ ᠶᠢᠨ ᠵᠠᠬ᠎ᠠ ᠳᠡᠯᠭᠡᠭᠦᠷᠵᠢᠭᠦ ᠦᠭᠡᠷᠡᠴᠢᠯᠡᠯᠲᠡ ᠶᠢ ᠠᠮᠵᠢᠯᠲᠠ ᠲᠠᠢ ᠪᠡᠶᠡᠯᠡᠭᠦᠯᠪᠡ᠃ | ᠦᠨᠳᠦᠰᠦᠨ ᠤᠯᠠᠨ ᠨᠡᠶᠢᠲᠡ ᠶᠢᠨ ᠦᠢᠯᠡᠴᠢᠯᠡᠭᠡᠨ ᠤ ᠬᠦᠷᠢᠶ᠎ᠡ ᠬᠡᠪᠴᠢᠶᠡᠨ ᠳᠠᠬᠢ ᠬᠤᠲᠠ ᠰᠢᠶᠠᠨ ᠤ ᠡᠳ᠋ ᠤᠨ | ᠵᠠᠰᠠᠭ ᠤᠨ ᠡᠷᠬᠡ ᠲᠤᠰᠢᠶᠠᠯ ᠪᠠ ᠵᠠᠷᠤᠯᠭ᠎ᠠ ᠶᠢᠨ ᠬᠠᠷᠢᠭᠤᠴᠠᠯᠭ᠎ᠠ ᠶᠢᠨ ᠬᠤᠪᠢᠶᠠᠷᠢ᠂ ᠦᠨᠳᠦᠰᠦᠨ ᠱᠠᠲᠤᠨ ᠤ | ᠵᠦᠪᠰᠢᠶᠡᠷᠡᠯ ᠤᠨ ᠦᠢᠯᠡᠴᠢᠯᠡᠭᠡ ᠶᠢ ᠨᠡᠶᠢᠳᠬᠡᠬᠦ ᠬᠠᠤᠯᠢ ᠬᠡᠷᠡᠭᠵᠢᠭᠦᠯᠬᠦ ᠬᠦᠴᠦᠨ ᠤ ᠦᠭᠡᠷᠡᠴᠢᠯᠡᠯᠲᠡ ᠶᠢ ᠡᠬᠢᠯᠡᠨ | ᠬᠡᠷᠡᠭᠵᠢᠭᠦᠯᠵᠦ᠂ ᠤᠯᠤᠰ ᠤᠨ ᠦᠮᠴᠢᠯᠡᠯ ᠤᠨ ᠺᠣᠮᠫᠠᠨᠢ᠂ ᠬᠤᠯᠢᠮᠠᠭ ᠦᠮᠴᠢᠯᠡᠯ ᠤᠨ ᠦᠭᠡᠷᠡᠴᠢᠯᠡᠯᠲᠡ ᠰᠢᠨ᠎ᠡ | ᠠᠬᠢᠯᠲᠠ ᠲᠠᠢ᠃ ᠠᠷᠠᠯᠵᠢᠶ᠎ᠠ ᠡᠵᠡᠩᠨᠡᠯᠲᠡ ᠶᠢᠨ ᠣᠷᠴᠢᠨ ᠲᠣᠭᠤᠷᠢᠨ ᠦᠷᠭᠦᠯᠵᠢᠯᠡᠨ ᠰᠢᠯᠢᠳᠡᠭᠵᠢᠪᠡ᠃ ︽ᠲᠠᠯᠪᠢᠬᠤ | ᠬᠠᠮᠢᠶᠠᠷᠬᠤ ᠦᠢᠯᠡᠴᠢᠯᠡᠬᠦ︾ ᠦᠭᠡᠷᠡᠴᠢᠯᠡᠯᠲᠡ ᠶᠢᠨ ᠲᠦᠷᠦ ᠶᠢᠨ ᠪᠣᠳᠤᠯᠭ᠎ᠠ ᠠᠷᠭ᠎ᠠ ᠬᠡᠮᠵᠢᠶ᠎ᠡ ᠶᠢ | ᠨᠠᠶᠢᠳᠠᠪᠤᠷᠢᠵᠢᠭᠤᠯᠤᠨ᠂ ︽ᠰᠠᠯᠠᠭ᠎ᠠ ᠮᠦᠴᠢᠷ ᠤᠨ ᠴᠤᠩᠬᠤ + ᠠᠷᠤ ᠲᠠᠯ᠎ᠠ ᠠᠴᠠ ᠵᠦᠪᠰᠢᠶᠡᠷᠡᠬᠦ︾ ᠬᠤᠤᠰ | ᠴᠢᠭᠯᠡᠯ ᠤᠨ ᠡᠷᠬᠡ ᠶᠢ ᠣᠯᠭᠤᠬᠤ ᠶᠢ ᠨᠠᠶᠢᠳᠠᠪᠤᠷᠢᠵᠢᠭᠤᠯᠵᠤ᠂ ᠵᠦᠪᠰᠢᠶᠡᠷᠡᠯ ᠣᠯᠭᠤᠬᠤ ᠴᠠᠭ ᠢ 76% ᠪᠠᠷ | ᠴᠤᠮᠬᠠᠳᠬᠠᠨ᠂ ᠵᠦᠪᠰᠢᠶᠡᠷᠡᠯ ᠤᠨ ᠮᠠᠲ᠋ᠧᠷᠢᠶᠠᠯ ᠢ 38% ᠪᠠᠷ ᠴᠤᠮᠬᠠᠳᠬᠠᠵᠤ᠂ ᠠᠵᠤ ᠠᠬᠤᠶᠢᠯᠠᠯ ᠤᠨ | ᠳᠠᠩᠰᠠᠯᠠᠯᠲᠠ ᠶᠢᠨ ᠴᠠᠭ ᠢ 1 ᠠᠵᠢᠯᠯᠠᠬᠤ ᠡᠳᠦᠷ ᠴᠤᠮᠬᠠᠳᠬᠠᠪᠠ᠃ ᠠᠷᠠᠳ ᠠᠴᠠ ᠡᠵᠡᠩᠨᠡᠭᠰᠡᠨ ᠠᠵᠤ | ᠠᠬᠤᠢ ᠶᠢᠨ ᠬᠦᠭᠵᠢᠯᠲᠡ ᠶᠢ ᠲᠤᠭ ᠲᠡᠮᠳᠡᠭ ᠲᠤᠳᠤᠷᠬᠠᠢ ᠪᠠᠷ ᠳᠡᠮᠵᠢᠵᠦ᠂ ᠭᠠᠶᠢᠯᠢ ᠶᠢ ᠬᠠᠰᠤᠵᠤ ᠰᠦᠢᠳᠬᠡᠯ ᠢ | ᠬᠡᠯᠲᠦᠷᠢᠭᠦᠯᠬᠦ ᠲᠦᠷᠦ ᠶᠢᠨ ᠪᠤᠳᠤᠯᠭ᠎ᠠ ᠶᠢ ᠭᠦᠨᠵᠡᠭᠡᠶᠢᠷᠡᠭᠦᠯᠦᠨ ᠨᠠᠶᠢᠳᠠᠪᠤᠷᠢᠵᠢᠭᠤᠯᠵᠤ᠂ 9 ᠳ᠋ᠦᠩᠰᠢᠭᠤᠷ | ᠲᠦᠭᠦᠷᠢᠭ ᠤᠨ ᠠᠵᠤ ᠠᠬᠤᠶᠢᠯᠠᠯ ᠤᠨ ᠭᠠᠶᠢᠯᠢ ᠰᠦᠢᠳᠬᠡᠯ ᠢ ᠬᠠᠰᠤᠵᠤ ᠬᠡᠯᠲᠦᠷᠢᠭᠦᠯᠪᠡ᠃ ᠵᠠᠰᠠᠭ ᠮᠦᠩᠭᠦᠨ | ᠭᠦᠢᠯᠭᠡᠭᠡᠨ ᠠᠵᠤ ᠠᠬᠤᠶᠢᠯᠠᠯ ᠢ ᠵᠤᠯᠭᠠᠯᠳᠤᠭᠤᠯᠬᠤ ᠦᠢᠯᠡᠴᠢᠯᠡᠭᠡ ᠶᠢ ᠪᠠᠶᠢᠩᠭᠤᠵᠢᠭᠤᠯᠤᠨ ᠦᠷᠨᠢᠭᠦᠯᠵᠦ᠂ 9 | ᠳ᠋ᠦᠩᠰᠢᠭᠤᠷ ᠲᠦᠭᠦᠷᠢᠭ ᠤᠨ ᠪᠤᠲᠠᠳᠤ ᠠᠵᠤ ᠠᠬᠤᠢ ᠶᠢᠨ ᠬᠦᠷᠦᠩᠭᠡ ᠶᠢ ᠨᠠᠶᠢᠳᠠᠪᠤᠷᠢᠵᠢᠭᠤᠯᠵᠤ᠂ 23 ᠠᠵᠤ | ᠠᠬᠤᠶᠢᠯᠠᠯ ᠤᠯᠠᠨ ᠳᠡᠰ ᠳᠠᠪᠬᠤᠷᠭ᠎ᠠ ᠶᠢᠨ ᠬᠦᠷᠦᠩᠭᠡ ᠶᠢᠨ ᠵᠠᠬ᠎ᠠ ᠳᠡᠯᠭᠡᠭᠦᠷ ᠲᠤ ᠣᠷᠤᠪᠠ᠃ ︽ᠲᠤᠭᠤᠰᠢᠲᠠᠢ | ᠴᠡᠭᠴᠡᠯᠡᠬᠦ︾ ᠠᠵᠢᠯᠯᠠᠭᠠᠨ ᠢ ᠬᠦᠴᠦᠲᠡᠢ ᠠᠬᠢᠭᠤᠯᠤᠨ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠦᠷᠢ | ᠦᠭᠴᠡᠭᠡ ᠶᠢ ᠪᠦᠬᠦ ᠲᠠᠯ᠎ᠠ ᠪᠠᠷ ᠴᠡᠭᠴᠡᠯᠡᠨ᠂ ᠶᠠᠮᠠᠷ ᠴᠦ ᠦᠨᠳᠦᠰᠦᠯᠡᠯ ᠦᠭᠡᠢ ᠰᠦᠢᠳᠬᠡᠯ ᠬᠤᠷᠢᠶᠠᠬᠤ ᠤᠴᠢᠷ | ᠶᠠᠪᠤᠳᠠᠯ ᠢ ᠴᠠᠭᠠᠵᠠᠯᠠᠵᠤ᠂ ᠠᠵᠤ ᠠᠬᠤᠶᠢᠯᠠᠯ ᠤᠨ ᠬᠦᠭᠵᠢᠯᠲᠡ ᠶᠢᠨ ᠢᠲᠡᠭᠡᠯ ᠵᠣᠷᠢᠭ ᠢ ᠬᠦᠪᠴᠢᠯᠡᠪᠡ᠃ | ᠨᠡᠭᠡᠭᠡᠯᠲᠡ ᠶᠢᠨ ᠦᠷ᠎ᠡ ᠪᠦᠲᠦᠮᠵᠢ ᠢᠯᠡᠷᠬᠡᠢ ᠳᠡᠭᠡᠭᠰᠢᠯᠡᠪᠡ᠃ ᠠᠷᠠᠯᠵᠢᠶᠠᠴᠢᠨ ᠣᠷᠢᠵᠤ ᠪᠡᠯᠡ ᠲᠠᠲᠠᠬᠤ ᠪᠤᠯᠤᠨ | ᠲᠦᠷᠦᠯ ᠵᠦᠢᠯ ᠤᠨ ᠪᠠᠶᠢᠭᠤᠯᠤᠯᠲᠠ ᠶᠢᠨ ︽ᠡᠪᠦᠯ ᠤᠨ ᠤᠯᠠᠷᠢᠯ ᠤᠨ ᠠᠵᠢᠯᠯᠠᠭᠠᠨ︾ ᠢ ᠦᠷᠨᠢᠭᠦᠯᠵᠦ᠂ | ᠠᠩᠬᠠᠳᠠᠭᠴᠢ ᠡᠮᠴᠢᠯᠡᠭᠡᠨ ᠤ ᠠᠵᠤ ᠦᠢᠯᠡᠰ ᠤᠨ ᠦᠭᠦᠯᠡᠯ ᠤᠨ ᠲᠠᠪᠴᠠᠩ᠂ ᠮᠤᠩᠭᠤᠯ ᠬᠢᠲᠠᠳ ᠡᠮ ᠤᠨ ᠠᠵᠤ | ᠦᠢᠯᠡᠰ ᠤᠨ ᠴᠢᠳᠠᠪᠤᠷᠢᠲᠠᠨ ᠤ ᠴᠤᠭᠯᠠᠭᠠᠨ ᠢ ᠡᠷᠬᠢᠯᠡᠵᠦ᠂ ᠤᠯᠠᠭᠠᠨᠬᠠᠳᠠ ᠶᠢᠨ ᠴᠤᠭᠯᠠᠭᠠᠨ᠂ ᠵᠦᠵᠢᠶᠠᠩ | ᠮᠦᠷᠡᠨ ᠤ ᠭᠤᠷᠪᠠᠯᠵᠢᠨ ᠬᠤᠶᠢᠭ ᠤᠨ ᠣᠷᠤᠨ ᠤ ᠠᠵᠤ ᠦᠢᠯᠡᠰ ᠤᠨ ᠵᠤᠯᠭᠠᠯᠴᠠᠭᠠᠨ ᠤ ᠬᠤᠷᠠᠯ ᠵᠡᠷᠭᠡ ᠶᠢ ᠠᠰᠢᠭᠯᠠᠨ | ᠂ ᠠᠷᠠᠯᠵᠢᠶᠠᠴᠢᠨ ᠣᠷᠢᠵᠤ ᠠᠷᠭ᠎ᠠ ᠤᠬᠠᠭᠠᠨ ᠬᠠᠶᠢᠬᠤ ᠠᠷᠭ᠎ᠠ ᠵᠠᠮ ᠢ ᠪᠦᠬᠦ ᠣᠷᠤᠨ ᠬᠡᠴᠡ ᠠᠴᠠ ᠦᠷᠭᠡᠳᠬᠡᠵᠦ᠂ | ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠠᠺᠡᠳᠧᠮᠢᠴᠢ ᠵᠡᠷᠭᠡ ᠶᠢᠨ 7 ᠰᠢᠨᠵᠢᠯᠡᠬᠦ | ᠤᠬᠠᠭᠠᠨᠲᠠᠨ ᠢ ᠣᠷᠢᠵᠤ ︽ᠬᠤᠩᠱᠠᠨ ᠤ ᠤᠨᠴᠠ ᠣᠷᠢᠭᠰᠠᠨ ᠡᠷᠳᠡᠮᠲᠡᠨ︾ ᠪᠤᠯᠭᠠᠪᠠ᠂ 34 ᠲᠦᠷᠦᠯ ᠤᠨ | ᠳ᠋ᠦᠩᠰᠢᠭᠤᠷ ᠲᠦᠭᠦᠷᠢᠭ ᠠᠴᠠ ᠳᠡᠭᠡᠭᠰᠢᠬᠢ ᠲᠦᠷᠦᠯ ᠵᠦᠢᠯ ᠢ ᠭᠡᠷ᠎ᠡ ᠲᠤᠭᠲᠠᠨ ᠪᠤᠳᠠᠲᠠᠶᠢᠵᠢᠭᠤᠯᠵᠤ᠂ 166.2 | ᠳ᠋ᠦᠩᠰᠢᠭᠤᠷ ᠲᠦᠭᠦᠷᠢᠭ ᠤᠨ ᠪᠡᠯᠡ ᠲᠠᠲᠠᠪᠠ᠃ ᠭᠠᠳᠠᠭᠠᠳᠤ ᠠᠷᠠᠯᠵᠢᠶᠠᠨ ᠤ ᠬᠠᠮᠵᠢᠯᠴᠠᠭ᠎ᠠ ᠲᠠᠰᠤᠷᠠᠯᠲᠠ ᠦᠭᠡᠢ | ᠭᠦᠨᠵᠡᠭᠡᠶᠢᠷᠡᠵᠦ᠂ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭᠠᠨ ᠤ ᠰᠤᠯᠢᠯᠴᠠᠭ᠎ᠠ ᠲᠦᠮᠡ ᠭᠠᠷᠴᠤ᠂ ᠲᠠᠸᠠᠷ ᠤᠨ | ᠲᠡᠮᠳᠡᠭᠲᠦ ᠶᠢᠨ ᠵᠦᠪᠰᠢᠶᠡᠷᠡᠯ ᠦᠭᠡᠢ ᠪᠠᠷ ᠭᠠᠳᠠᠭᠠᠳᠤ ᠠᠴᠠ ᠣᠷᠤᠭᠤᠯᠤᠭᠰᠠᠨ ᠲᠡᠷᠭᠡᠨ ᠤ ᠪᠤᠷᠤᠯᠠᠭᠤᠯᠭ᠎ᠠ | ᠳ᠋ᠦᠩᠰᠢᠭᠤᠷ ᠲᠦᠭᠦᠷᠢᠭ ᠢ ᠳᠠᠪᠠᠨ᠂ ᠤᠯᠤᠰ ᠤᠨ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭᠠᠨ ᠤ | ᠶᠠᠪᠤᠳᠠᠯ ᠤᠨ ᠶᠡᠷᠦᠩᠬᠡᠶᠢᠯᠡᠭᠰᠡᠨ ᠲᠤᠷᠰᠢᠯᠲᠠ ᠶᠢᠨ ᠴᠡᠭ ᠪᠠ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭᠠᠨ ᠤ | ᠬᠡᠰᠡᠭᠯᠡᠨ ᠪᠤᠷᠤᠯᠠᠭᠤᠯᠬᠤ ᠭᠠᠳᠠᠭᠠᠳᠤ ᠠᠴᠠ ᠣᠷᠤᠭᠤᠯᠬᠤ ᠲᠤᠷᠰᠢᠯᠲᠠ ᠶᠢᠨ ᠬᠤᠲᠠ ᠶᠢ ᠡᠷᠡᠮᠡᠯᠵᠡᠨ ᠪᠦᠲᠦᠭᠡᠨ | ᠪᠠᠶᠢᠭᠤᠯᠪᠠ᠃ | ︵ᠳᠦᠷᠪᠡ︶ ᠴᠡᠪᠡᠷ ᠲᠣᠬᠢᠯᠢᠭ ᠬᠤᠲᠠ ᠶᠢ ᠬᠦᠴᠦᠯᠡᠨ ᠪᠦᠲᠦᠭᠡᠨ ᠪᠠᠶᠢᠭᠤᠯᠪᠠ᠃ ᠬᠤᠲᠠ ᠶᠢᠨ | ᠪᠦᠲᠦᠭᠡᠨ ᠪᠠᠶᠢᠭᠤᠯᠤᠯᠲᠠ ᠨᠡᠩ ᠴᠢᠨᠰᠠᠭ᠎ᠠ ᠲᠠᠢ ᠪᠣᠯᠪᠠ᠃ ᠰᠢ ᠴᠧᠩ᠂ ᠳ᠋ᠦᠩ ᠴᠧᠩ᠂ ᠬᠠᠳᠠᠨᠬᠤᠰᠢᠭᠤ᠂ ᠯᠢᠦ | ᠳ᠋ᠠ ᠹᠧᠨ ᠬᠡᠰᠡᠭ ᠤᠨ ᠨᠡᠭᠡᠭᠡᠯᠲᠡ ᠶᠢ ᠪᠠᠲᠤᠲᠠᠢ ᠠᠬᠢᠭᠤᠯᠤᠨ᠂ 22 ᠲᠦᠮᠡᠨ ᠲᠡᠭᠰᠢ ᠳᠦᠷᠪᠡᠯᠵᠢᠨ ᠮᠧᠲᠷ | ᠬᠠᠭᠤᠴᠢᠨ ᠰᠠᠭᠤᠭᠠᠯᠢ ᠲᠣᠭᠤᠷᠢᠭ ᠢ ᠦᠭᠡᠷᠡᠴᠢᠯᠡᠨ ᠪᠠᠶᠢᠭᠤᠯᠵᠤ᠂ 2300 ᠡᠷᠦᠬᠡ ᠲᠠᠷᠠᠬᠠᠢ ᠪᠤᠲᠠᠷᠬᠠᠢ ᠪᠦᠷᠭᠡᠲᠦ | ᠲᠣᠭᠤᠷᠢᠭ ᠢ ᠨᠡᠶᠢᠭᠡᠮ ᠲᠣᠭᠤᠷᠢᠭᠴᠢᠯᠠᠨ ᠦᠭᠡᠷᠡᠴᠢᠯᠡᠨ ᠪᠠᠶᠢᠭᠤᠯᠪᠠ᠃ ︽ᠬᠤᠶᠠᠷ ᠠᠭᠤᠯᠠ ᠬᠤᠶᠠᠷ ᠬᠦᠷᠢᠶᠡᠯᠡᠩ︾ | ᠤᠨ ᠦᠵᠡᠮᠵᠢ ᠶᠢ ᠲᠦᠷᠭᠡᠪᠴᠢᠯᠡᠨ ᠳᠡᠰ ᠳᠡᠪᠰᠢᠭᠦᠯᠵᠦ᠂ ᠬᠤᠩᠱᠠᠨ ᠴᠡᠴᠡᠷᠯᠢᠭ᠂ ᠬᠠᠳᠠᠨᠬᠤᠰᠢᠭᠤ ᠴᠡᠴᠡᠷᠯᠢᠭ᠂ | ᠤᠯᠠᠭᠠᠨᠬᠠᠳᠠ ᠴᠡᠴᠡᠷᠯᠢᠭ᠂ ᠴᠢᠩ ᠡᠾᠧ ᠵᠠᠮ ᠤᠨ ᠪᠦᠰᠡ ᠬᠡᠯᠪᠡᠷᠢ ᠶᠢᠨ ᠴᠡᠴᠡᠷᠯᠢᠭ ᠢ ᠬᠡᠰᠡᠭ ᠲᠠᠯ᠎ᠠ ᠪᠠᠷ ᠨᠡᠭᠡᠭᠡᠪᠡ᠃ | ᠬᠤᠲᠠ ᠶᠢᠨ ᠡᠮᠦᠨᠡᠬᠢ ᠪᠤᠰᠤᠭ᠎ᠠ ᠰᠤᠯᠪᠢᠴᠠᠲᠤ ᠬᠦᠭᠦᠷᠭᠡ᠂ ᠵᠢᠭᠤᠯᠴᠢᠯᠠᠯ ᠤᠨ ᠵᠠᠰᠠᠮᠠᠯ ᠵᠠᠮ ᠵᠡᠷᠭᠡ ᠭᠤᠤᠯᠳᠠᠯᠭ᠎ᠠ | ᠲᠠᠢ ᠣᠷᠤᠨ ᠬᠡᠪᠴᠢᠶᠡᠨ ᠤ ᠦᠵᠡᠮᠵᠢ ᠤᠶᠢᠵᠢᠭᠤᠯᠤᠯᠲᠠ ᠦᠨᠳᠦᠰᠦᠨ ᠳᠡᠭᠡᠨ ᠳᠠᠭᠤᠰᠴᠤ᠂ 4200 ᠮᠦ | ᠰᠢᠨ᠎ᠡ ᠪᠠᠷ ᠪᠠ ᠦᠭᠡᠷᠡᠴᠢᠯᠡᠨ ᠤᠶᠢᠵᠢᠭᠤᠯᠵᠠᠢ᠃ ᠨᠢᠩ ᠯᠠᠨ ᠭᠤᠤᠯ᠂ ᠠᠨ ᠯᠠᠨ ᠭᠤᠤᠯ ᠤᠨ ᠭᠤᠤᠯ ᠮᠦᠷᠡᠨ ᠤ | ᠵᠠᠰᠠᠯᠲᠠ ᠬᠤᠭᠤᠴᠠᠭ᠎ᠠ ᠶᠤᠰᠤᠭᠠᠷ ᠳᠠᠭᠤᠰᠴᠤ᠂ ᠬᠤᠲᠠ ᠶᠢᠨ ᠳᠡᠰ ᠴᠢᠨᠠᠷ ᠲᠠᠰᠤᠷᠠᠯᠲᠠ ᠦᠭᠡᠢ ᠳᠡᠭᠡᠭᠰᠢᠯᠡᠪᠡ᠃ | ᠬᠤᠲᠠ ᠶᠢᠨ ᠶᠠᠪᠤᠳᠠᠯ ᠤᠨ ᠲᠦᠬᠦᠭᠡᠷᠦᠮᠵᠢ ᠨᠡᠩ ᠲᠡᠭᠦᠯᠳᠡᠷᠵᠢᠪᠡ᠃ ᠬᠤᠩ ᠶᠤᠸᠠᠨ ᠶᠡᠭᠡ ᠵᠠᠮ ᠤᠨ ᠬᠤᠩᠱᠠᠨ ᠤ | ᠬᠡᠰᠡᠭ᠂ ᠣᠴᠢ ᠡᠮᠦᠨ᠎ᠡ ᠵᠠᠮ᠂ ᠪᠦᠯᠬᠦᠮᠳᠡᠯ ᠡᠮᠦᠨ᠎ᠡ ᠵᠠᠮ᠂ ᠴᠢᠦᠢ ᠵᠢᠶᠠ ᠭᠸᠦ ᠵᠡᠭᠦᠨ ᠵᠠᠮ ᠠᠵᠢᠯ ᠳᠠᠭᠤᠰᠤᠨ | ᠲᠡᠷᠭᠡ ᠨᠡᠪᠲᠡᠷᠡᠵᠦ᠂ ᠪᠠᠷᠠᠭᠠᠨ ᠭᠦᠢᠯᠭᠡᠭᠡᠨ ᠤ ᠬᠦᠷᠢᠶᠡᠯᠡᠩ ᠲᠣᠭᠤᠷᠢᠭ ᠤᠨ ᠲᠡᠮᠦᠷ ᠵᠠᠮ ᠤᠨ ᠲᠤᠰᠬᠠᠢ ᠱᠤᠭᠤᠮ | ᠰᠠᠭᠠᠳ ᠦᠭᠡᠢ ᠨᠡᠪᠲᠡᠷᠵᠡᠦ᠂ ᠰᠦᠩ ᠵᠸᠦ ᠡᠮᠦᠨ᠎ᠡ ᠵᠠᠮ ᠤᠨ ᠳᠤᠷᠤᠭᠰᠢ ᠨᠡᠪᠲᠡᠷᠡᠬᠦ ᠬᠦᠭᠦᠷᠭᠡ ᠶᠢᠨ ᠭᠤᠤᠯ | ᠴᠤᠭᠴᠠ ᠠᠵᠢᠯ ᠳᠠᠭᠤᠰᠴᠤ᠂ ᠰᠦᠩ ᠵᠸᠦ ᠵᠠᠮ ᠡᠮᠦᠨᠡᠰᠢ ᠨᠡᠪᠲᠡᠷᠡᠨ᠂ ᠨᠢᠩ ᠯᠠᠨ ᠵᠠᠮ ᠤᠮᠠᠷᠠᠰᠢ ᠨᠡᠪᠲᠡᠷᠡᠬᠦ ᠶᠢ | ᠡᠷᠴᠢᠮᠲᠠᠢ ᠠᠬᠢᠭᠤᠯᠵᠤ᠂ 4 ᠵᠡᠭᠡᠯᠢ ᠦᠩᠭᠡᠷᠡᠬᠦ ᠶᠠᠪᠠᠭᠠᠨ ᠬᠦᠭᠦᠷᠭᠡ ᠶᠢ ᠪᠠᠶᠢᠭᠤᠯᠵᠤ᠂ 7 ᠠᠷᠠᠳ ᠲᠤ ᠳᠦᠭᠦᠮ | ᠦᠵᠡᠭᠦᠯᠬᠦ ᠵᠠᠮ ᠬᠦᠭᠦᠷᠭᠡ ᠶᠢ ᠨᠡᠮᠡᠵᠦ᠂ 4 ᠵᠤᠷᠪᠤᠰ ᠵᠡᠭᠡᠯᠢ ᠭᠤᠳᠤᠮᠵᠢ ᠶᠢ ᠴᠡᠭᠴᠡᠯᠡᠨ ᠵᠠᠰᠠᠪᠠ᠃ 6800 | ᠤᠶᠤᠨᠴᠢ ᠲᠡᠷᠭᠡᠨ ᠵᠤᠭᠰᠤᠭᠠᠯ᠂ 3 ᠰᠠᠭᠤᠷᠢ ᠪᠤᠰᠤᠭ᠎ᠠ ᠴᠤᠭᠴᠠᠲᠤ ᠲᠡᠷᠭᠡᠨ ᠵᠤᠭᠰᠤᠭᠠᠯ ᠤᠨ ᠠᠰᠠᠷ ᠢ ᠪᠠᠷᠢᠪᠠ᠃ | ᠪᠤᠷᠤᠭᠠᠨ ᠤ ᠤᠰᠤ᠂ ᠪᠤᠬᠢᠷ ᠤᠰᠤ ᠶᠢ ᠢᠯᠭᠠᠬᠤ ᠭᠤᠷᠪᠠᠨ ᠵᠢᠯ ᠤᠨ ᠠᠵᠢᠯᠯᠠᠭᠠᠨ ᠤ ᠲᠦᠯᠦᠪᠯᠡᠭᠡ ᠶᠢ | ᠭᠦᠨᠵᠡᠭᠡᠶᠢᠷᠡᠭᠦᠯᠦᠨ ᠠᠬᠢᠭᠤᠯᠵᠤ᠂ 22 ᠺᠢᠯᠦᠮᠧᠲᠷ ᠤᠨ ᠪᠤᠷᠤᠭᠠᠨ ᠤ ᠤᠰᠤ᠂ ᠪᠤᠬᠢᠷ ᠤᠰᠤᠨ ᠤ ᠬᠤᠭᠤᠯᠠᠢ ᠶᠢ | ᠰᠢᠨ᠎ᠡ ᠪᠠᠷ ᠨᠡᠮᠡᠪᠡ᠃ ᠵᠤᠷᠯᠤᠩ ᠤᠨ ᠦᠭᠡᠷᠡᠴᠢᠯᠡᠯᠲᠡ ᠶᠢ ᠢᠳᠡᠪᠬᠢᠲᠡᠢ ᠠᠬᠢᠭᠤᠯᠵᠤ᠂ ᠬᠤᠲᠠ ᠲᠣᠭᠤᠷᠢᠭ ᠤᠨ | 30 ᠵᠤᠷᠯᠤᠩ᠂ ᠬᠦᠳᠡᠭᠡ ᠲᠤᠰᠬᠤᠨ ᠤ 2000 ᠵᠣᠷᠯᠤᠩ ᠢ ᠰᠢᠨ᠎ᠡ ᠪᠠᠷ ᠪᠠ ᠦᠭᠡᠷᠡᠴᠢᠯᠡᠨ ᠪᠠᠶᠢᠭᠤᠯᠪᠠ᠃ | ᠬᠦᠮᠦᠨ ᠰᠠᠭᠤᠭᠠᠯᠢ ᠶᠢᠨ ᠣᠷᠴᠢᠨ ᠲᠣᠭᠤᠷᠢᠨ ᠨᠡᠩ ᠴᠡᠪᠡᠷ ᠴᠡᠮᠴᠡᠭᠡᠷ ᠪᠣᠯᠪᠠ᠃ ᠠᠳᠠᠯ ᠠᠬᠤᠢ ᠶᠢᠨ ᠦᠢᠯᠡᠰ ᠤᠨ | ᠦᠢᠯᠡᠴᠢᠯᠡᠭᠡᠨ ᠤ ᠴᠢᠨᠰᠠᠭ᠎ᠠ ᠶᠢ ᠳᠡᠭᠡᠭᠰᠢᠯᠡᠭᠦᠯᠬᠦ ᠤᠨ ᠤ ᠠᠵᠢᠯᠯᠠᠭᠠᠨ ᠢ ᠦᠷᠨᠢᠭᠦᠯᠵᠦ᠂ ᠠᠳᠠᠯ ᠠᠬᠤᠢ ᠶᠢᠨ | ᠦᠢᠯᠡᠴᠢᠯᠡᠭᠡᠨ ᠤ ᠬᠢᠷᠢ ᠲᠦᠪᠰᠢᠨ ᠳᠡᠭᠡᠭᠰᠢᠯᠡᠪᠡ᠃ ︽ᠲᠠᠪᠤᠨ ᠣᠪᠤᠭ᠎ᠠ ᠶᠢ ᠴᠡᠪᠡᠷᠯᠡᠵᠦ︾᠂ ︽ᠠᠷᠪᠠᠨ ᠡᠷᠦᠢ | ᠬᠤᠷᠤᠢ ᠦᠭᠡᠢ ᠶᠢ ᠠᠷᠢᠯᠭᠠᠨ︾᠂ 10 ᠲᠦᠮᠡᠨ ᠲᠡᠭᠰᠢ ᠳᠦᠷᠪᠡᠯᠵᠢᠨ ᠮᠧᠲᠷ ᠬᠠᠤᠯᠢ ᠪᠤᠰᠤ ᠪᠠᠷᠢᠯᠭ᠎ᠠ ᠶᠢ | ᠨᠤᠷᠠᠭᠠᠯᠭᠠᠵᠤ᠂ 84 ᠬᠤᠭ ᠯᠤᠪᠰᠢ ᠶᠢ ᠬᠤᠷᠢᠶᠠᠨ ᠰᠢᠢᠳᠪᠦᠷᠢᠯᠡᠬᠦ ᠭᠠᠵᠠᠷ᠂ 1.6 ᠲᠦᠮᠡᠨ ᠬᠡᠰᠡᠭ ᠳᠦᠷᠢᠮ | ᠵᠦᠷᠢᠴᠡᠭᠰᠡᠨ ᠵᠠᠷ᠂ ᠫᠠᠶᠢᠰᠠ ᠢᠯᠡᠷᠬᠡᠶᠢᠯᠡᠯ ᠢ ᠴᠠᠭᠠᠵᠠᠯᠠᠵᠤ᠂ 20 ᠲᠦᠮᠡᠨ ᠲᠤᠨ ᠡᠯ᠎ᠡ ᠲᠦᠷᠦᠯ ᠤᠨ ᠬᠤᠭ | ᠯᠤᠪᠰᠢ ᠶᠢ ᠴᠡᠪᠡᠷᠯᠡᠪᠡ᠃ ︽ᠤᠶᠤᠨᠴᠢ ᠬᠤᠲᠠ ᠶᠢᠨ ᠬᠠᠮᠢᠶᠠᠷᠤᠯᠲᠠ︾ ᠶᠢᠨ ᠦᠢᠯᠡᠳᠦᠯ ᠢ ᠪᠠᠳᠠᠷᠠᠭᠤᠯᠤᠨ᠂ ᠤᠯᠠᠨ | ᠰᠠᠯᠠᠭ᠎ᠠ ᠮᠦᠴᠢᠷ ᠬᠤᠯᠪᠤᠭᠠᠯᠠᠨ ᠬᠦᠳᠡᠯᠦᠯᠴᠡᠵᠦ᠂ ᠬᠤᠯᠪᠤᠭᠠᠯᠠᠨ ᠵᠠᠯᠬᠠᠭᠠᠨ ᠴᠡᠭᠡᠷᠯᠡᠬᠦᠯᠵᠦ᠂ ᠬᠤᠲᠠ | ᠬᠦᠳᠡᠭᠡ ᠶᠢᠨ ᠨᠠᠷᠢᠯᠢᠭᠵᠢᠭᠰᠠᠨ ᠬᠠᠮᠢᠶᠠᠷᠤᠯᠲᠠ ᠶᠢᠨ ᠬᠢᠷᠢ ᠲᠦᠪᠰᠢᠨ ᠪᠦᠲᠦᠮᠵᠢᠲᠡᠢ ᠳᠡᠭᠡᠭᠰᠢᠯᠡᠨ᠂ ᠬᠤᠲᠠ ᠶᠢᠨ | ᠳᠦᠷᠢ ᠳᠦᠷᠬᠦ ᠣᠷᠴᠢᠨ ᠲᠣᠭᠤᠷᠢᠨ ᠢᠯᠡᠷᠬᠡᠢ ᠰᠠᠶᠢᠵᠢᠷᠠᠪᠠ᠃ | ︵ᠲᠠᠪᠤ︶ ᠠᠷᠠᠳ ᠤᠨ ᠠᠮᠢᠳᠤᠷᠠᠯ ᠤᠨ ᠪᠠᠲᠤᠯᠠᠭ᠎ᠠ ᠶᠢ ᠦᠨᠡᠨᠬᠦ ᠰᠠᠶᠢᠵᠢᠷᠠᠭᠤᠯᠪᠠ᠃ ᠪᠦᠬᠦ ᠵᠢᠯ ᠤᠨ | ᠠᠷᠠᠳ ᠤᠨ ᠠᠮᠢᠳᠤᠷᠠᠯ ᠤᠨ ᠬᠦᠷᠢᠶ᠎ᠡ ᠬᠡᠪᠴᠢᠶᠡᠨ ᠳᠤ 25 ᠳ᠋ᠦᠩᠰᠢᠭᠤᠷ ᠲᠦᠭᠦᠷᠢᠭ ᠤᠨ ᠪᠡᠯᠡ ᠤᠷᠤᠭᠤᠯᠵᠤ᠂ | ᠡᠳ᠋ ᠤᠨ ᠵᠠᠰᠠᠭ ᠤᠨ ᠵᠠᠷᠤᠯᠭ᠎ᠠ ᠶᠢᠨ 79% ᠶᠢ ᠡᠵᠡᠯᠡᠨ᠂ ᠤᠯᠠᠨ ᠲᠦᠮᠡᠨ ᠤ ᠬᠦᠷᠲᠡᠭᠡᠮᠵᠢᠲᠦ ᠲᠦᠷᠦᠭᠳᠡᠯ᠂ ᠵᠣᠯ | ᠵᠢᠷᠭᠠᠯᠲᠤ ᠲᠦᠷᠦᠭᠳᠡᠯ᠂ ᠠᠮᠤᠷ ᠲᠠᠶᠢᠪᠤᠩ ᠲᠦᠷᠦᠭᠳᠡᠯ ᠲᠠᠰᠤᠷᠠᠯᠲᠠ ᠦᠭᠡᠢ ᠨᠡᠮᠡᠭᠳᠡᠪᠡ᠃ ᠠᠷᠠᠳ ᠤᠨ | ᠠᠮᠢᠳᠤᠷᠠᠯ ᠤᠨ ᠪᠠᠲᠤᠯᠠᠭ᠎ᠠ ᠶᠢᠨ ᠴᠢᠳᠠᠪᠤᠷᠢ ᠦᠷᠭᠦᠯᠵᠢᠯᠡᠨ ᠴᠢᠩᠭᠠᠷᠠᠪᠠ᠃ ᠰᠢᠨ᠎ᠡ ᠪᠠᠷ ᠨᠡᠮᠡᠭᠳᠡᠭᠰᠡᠨ ᠠᠵᠢᠯ | ᠤᠯᠭᠤᠭᠰᠠᠳ 9184 ᠬᠦᠮᠦᠨ ᠪᠠᠶᠢᠵᠤ᠂ 15017 ᠬᠦᠳᠡᠭᠡ ᠲᠤᠰᠬᠤᠨ ᠤ ᠬᠦᠳᠡᠯᠮᠦᠷᠢ ᠬᠦᠴᠦᠨ ᠢ | ᠰᠢᠯᠵᠢᠭᠦᠯᠪᠡ᠃ ᠬᠤᠲᠠ ᠬᠦᠳᠡᠭᠡ ᠶᠢᠨ ᠨᠠᠰᠤᠵᠢᠯ ᠤᠨ ᠳᠠᠭᠠᠳᠬᠠᠯ ᠢ ᠵᠢᠯ ᠪᠦᠷᠢ 1536 ᠲᠦᠭᠦᠷᠢᠭ ᠪᠤᠯᠭᠠᠨ | ᠳᠡᠭᠡᠭᠰᠢᠯᠡᠭᠦᠯᠵᠦ᠂ ᠳᠤᠤᠷ᠎ᠠ ᠪᠠᠲᠤᠯᠠᠭ᠎ᠠ ᠶᠢ ᠲᠤᠰᠪᠤᠷᠢ ᠵᠢᠯ ᠪᠦᠷᠢ 8400 ᠲᠦᠭᠦᠷᠢᠭ ᠪᠠ 4860 ᠲᠦᠭᠦᠷᠢᠭ | ᠪᠣᠯᠭᠠᠨ ᠳᠡᠭᠡᠭᠰᠢᠯᠡᠭᠦᠯᠪᠡ᠃ ᠬᠤᠲᠠ ᠬᠦᠳᠡᠭᠡ ᠶᠢᠨ ᠡᠮᠴᠢᠯᠡᠭᠡᠨ ᠤ ᠳᠠᠭᠠᠳᠬᠠᠯ ᠪᠦᠬᠦ ᠠᠷᠠᠳ ᠢ ᠬᠠᠮᠤᠷᠴᠤ᠂ | ᠨᠡᠶᠢᠭᠡᠮ ᠠᠪᠤᠷᠠᠨ ᠲᠤᠰᠠᠯᠠᠬᠤ ᠳᠡᠳᠬᠦᠮᠵᠢ 8540 ᠲᠦᠮᠡᠨ ᠲᠦᠭᠦᠷᠢᠭ ᠲᠠᠷᠬᠠᠭᠠᠪᠠ᠃ ︽ᠬᠤᠶᠠᠷ ᠮᠦᠩᠭᠦ | ᠭᠤᠷᠪᠠᠨ ᠳᠦᠷᠢᠮ︾ ᠢ ᠴᠢᠩᠭ᠎ᠠ ᠨᠠᠶᠢᠳᠠᠪᠤᠷᠢᠵᠢᠭᠤᠯᠵᠤ᠂ ︽ᠴᠠᠯᠢᠩ ᠦᠷᠢᠲᠦᠬᠦ ᠶᠢ ᠦᠨᠳᠦᠰᠦ ᠠᠴᠠ ᠨᠢ ᠵᠠᠰᠠᠬᠤ | ︾ ᠠᠵᠢᠯᠯᠠᠭᠠᠨ ᠢ ᠦᠷᠨᠢᠭᠦᠯᠦᠨ᠂ ᠬᠦᠳᠡᠯᠮᠦᠷᠢᠴᠢᠳ ᠤᠨ ᠬᠠᠤᠯᠢ ᠶᠤᠰᠤᠨ ᠤ ᠡᠷᠬᠡ ᠠᠰᠢᠭ ᠢ ᠪᠠᠲᠤᠯᠠᠪᠠ᠃ ᠤᠯᠠᠨ | ᠨᠡᠶᠢᠲᠡ ᠶᠢᠨ ᠦᠢᠯᠡᠴᠢᠯᠡᠭᠡᠨ ᠤ ᠬᠠᠩᠭᠠᠯᠭ᠎ᠠ ᠰᠢᠯᠢᠳᠡᠭ ᠮᠦᠷᠲᠡᠭᠡᠨ ᠲᠡᠩᠴᠡᠭᠦᠷᠢᠲᠡᠢ᠃ ᠰᠤᠷᠭᠠᠨ ᠬᠦᠮᠦᠵᠢᠯ ᠤᠨ | ᠪᠠᠶᠢᠷᠢᠯᠠᠭᠤᠯᠤᠯᠲᠠ ᠪᠠ ᠲᠡᠩᠴᠡᠭᠦᠷᠢᠲᠦ ᠬᠦᠭᠵᠢᠯᠲᠡ ᠶᠢᠨ ᠭᠤᠷᠪᠠᠨ ᠵᠢᠯ ᠤᠨ ᠠᠵᠢᠯᠯᠠᠭᠠᠨ ᠤ ᠲᠦᠯᠦᠪᠯᠡᠭᠡ ᠶᠢ | ᠭᠦᠨᠵᠡᠭᠡᠶᠢᠷᠡᠭᠦᠯᠦᠨ ᠨᠠᠶᠢᠳᠠᠪᠤᠷᠢᠵᠢᠭᠤᠯᠵᠤ᠂ ᠰᠢᠨ ᠳ᠋ᠢ ᠪᠠᠭ᠎ᠠ ᠰᠤᠷᠭᠠᠭᠤᠯᠢ᠂ ᠦᠨᠳᠦᠰᠦᠲᠡᠨ ᠤ ᠬᠡᠦᠬᠡᠳ ᠤᠨ | ᠴᠡᠴᠡᠷᠯᠢᠭ ᠵᠡᠷᠭᠡ 5 ᠰᠤᠷᠭᠠᠭᠤᠯᠢ ᠶᠢ ᠪᠠᠶᠢᠭᠤᠯᠵᠤ᠂ 4410 ᠰᠤᠷᠤᠭᠴᠢ ᠶᠢᠨ ᠣᠷᠤᠨ ᠲᠤᠭ᠎ᠠ ᠶᠢ ᠰᠢᠨ᠎ᠡ ᠪᠠᠷ | ᠨᠡᠮᠡᠭᠳᠡᠭᠦᠯᠪᠡ᠃ ᠰᠤᠷᠭᠠᠭᠤᠯᠢ ᠠᠵᠤ ᠠᠬᠤᠶᠢᠯᠠᠯ ᠬᠤᠯᠪᠤᠭᠠᠯᠠᠨ ᠰᠤᠷᠤᠭᠴᠢ ᠡᠯᠰᠡᠵᠦ᠂ ᠬᠤᠯᠪᠤᠭᠠᠯᠠᠨ ᠬᠦᠮᠦᠵᠢᠭᠦᠯᠬᠦ | ᠲᠤᠭᠲᠠᠴᠠ ᠶᠢ ᠪᠦᠬᠦ ᠲᠠᠯ᠎ᠠ ᠪᠠᠷ ᠲᠦᠭᠡᠮᠡᠯᠵᠢᠭᠦᠯᠵᠦ᠂ ᠠᠵᠢᠯ ᠮᠡᠷᠭᠡᠵᠢᠯ ᠤᠨ ᠰᠤᠷᠭᠠᠭᠤᠯᠢ ᠶᠢᠨ ᠠᠵᠢᠯ | ᠣᠯᠭᠤᠯᠲᠠ ᠶᠢᠨ ᠨᠤᠷᠮ᠎ᠠ 100% ᠳᠤ ᠬᠦᠷᠪᠡ᠃ ᠡᠮᠴᠢᠯᠡᠭᠡᠨ ᠤ ᠪᠦᠯᠦᠭᠯᠡᠯ ᠤᠨ ᠦᠢᠯᠡᠴᠢᠯᠡᠭᠡᠨ ᠤ ᠴᠢᠳᠠᠪᠤᠷᠢ | ᠲᠠᠰᠤᠷᠠᠯᠲᠠ ᠦᠭᠡᠢ ᠴᠢᠩᠭᠠᠷᠠᠵᠤ᠂ ᠬᠤᠶᠠᠳᠤᠭᠠᠷ ᠡᠮᠨᠡᠯᠭᠡ ᠶᠢᠨ ᠬᠤᠷᠢᠶᠠᠨ ᠤ ᠬᠦᠭᠦᠷᠭᠡᠨ ᠤ ᠠᠷᠤ ᠳᠠᠬᠢ ᠬᠤᠪᠢᠶᠠᠷᠢ | ᠡᠮᠨᠡᠯᠭᠡ ᠶᠢᠨ ᠬᠤᠷᠢᠶ᠎ᠠ ᠶᠢᠨ ᠭᠤᠤᠯ ᠴᠤᠭᠴᠠ ᠦᠨᠳᠦᠰᠦᠨ ᠳᠡᠭᠡᠨ ᠠᠵᠢᠯ ᠳᠠᠭᠤᠰᠴᠤ᠂ ᠡᠬᠡ ᠨᠢᠯᠬᠠᠰ ᠤᠨ | ᠡᠮᠨᠡᠯᠭᠡ ᠶᠢᠨ ᠬᠤᠷᠢᠶ᠎ᠠ ᠶᠢ ᠨᠡᠭᠦᠯᠭᠡᠨ ᠪᠠᠶᠢᠭᠤᠯᠵᠤ᠂ ᠬᠤᠶᠠᠳᠤᠭᠠᠷ ᠮᠤᠩᠭᠤᠯ ᠬᠢᠲᠠᠳ ᠡᠮᠨᠡᠯᠭᠡ ᠶᠢᠨ ᠬᠤᠷᠢᠶ᠎ᠠ ᠶᠢ | ᠦᠭᠡᠷᠡᠴᠢᠯᠡᠨ ᠪᠠᠶᠢᠭᠤᠯᠵᠤ᠂ ᠡᠮ ᠬᠤᠳᠠᠯᠳᠤᠬᠤ ᠳᠤ ︽ᠬᠤᠶᠠᠷ ᠭᠠᠷᠳᠠᠮ ᠤᠨ ᠳᠦᠷᠢᠮ︾ ᠢ ᠬᠡᠷᠡᠭᠵᠢᠭᠦᠯᠵᠦ᠂ | ᠦᠪᠡᠷᠲᠡᠭᠡᠨ ᠵᠠᠰᠠᠬᠤ ᠣᠷᠤᠨ ᠤ ᠡᠷᠡᠭᠦᠯ ᠴᠢᠬᠢᠷᠠᠭ ᠢ ᠠᠬᠢᠭᠤᠯᠬᠤ ᠲᠣᠭᠤᠷᠢᠭ ᠢᠶᠠᠷ ᠦᠨᠡᠯᠡᠭᠳᠡᠪᠡ᠃ ᠰᠤᠶᠤᠯ | ᠲᠠᠮᠢᠷ ᠤᠨ ᠦᠢᠯᠡᠰ ᠪᠦᠬᠦ ᠲᠠᠯ᠎ᠠ ᠪᠠᠷ ᠬᠦᠭᠵᠢᠵᠦ᠂ ︽ᠡᠷᠲᠡᠨ ᠤ ᠬᠤᠩᠱᠠᠨ︾ ᠲᠡᠦᠬᠡᠲᠦ ᠵᠦᠴᠦᠭᠡ ᠶᠢ | ᠦᠢᠯᠡᠳᠴᠦ᠂ ᠬᠤᠩᠱᠠᠨ ᠮᠦᠽᠸᠢ ᠡᠬᠢᠯᠡᠨ ᠨᠡᠭᠡᠭᠡᠵᠦ᠂ ᠬᠤᠩᠱᠠᠨ ᠪᠤᠳᠠᠰ ᠤᠨ ᠪᠤᠰᠤ ᠰᠤᠶᠤᠯ ᠤᠨ ᠦᠪ ᠤᠨ | ᠰᠤᠶᠤᠯ ᠨᠠᠶᠢᠷ᠂ ᠦᠪᠦᠷ ᠮᠤᠩᠭᠤᠯ ᠤᠨ ᠮᠠᠷᠠᠰᠤᠨ ᠬᠤᠯᠪᠤᠭᠠᠲᠤ ᠣᠷᠤᠯᠳᠤᠭᠠᠨ᠂ ᠤᠯᠠᠭᠠᠨᠬᠠᠳᠠ ᠶᠢᠨ ᠪᠦᠬᠦ | ᠠᠷᠠᠳ ᠤᠨ ᠳᠤᠭᠤᠢ ᠲᠡᠷᠭᠡᠨ ᠤ ᠤᠷᠤᠯᠳᠤᠭᠠᠨ ᠢ ᠠᠮᠵᠢᠯᠲᠠ ᠲᠠᠢ ᠡᠷᠬᠢᠯᠡᠪᠡ᠃ ᠨᠡᠶᠢᠭᠡᠮ ᠤᠨ ᠶᠡᠷᠦᠩᠬᠡᠢ ᠪᠠᠶᠢᠳᠠᠯ | ᠡᠶ᠎ᠡ ᠵᠤᠬᠢᠴᠠᠯᠲᠠᠢ ᠲᠤᠭᠲᠠᠭᠤᠨ᠃ ︽ᠠᠶᠦᠯᠭᠦᠢ ᠦᠢᠯᠡᠳᠪᠦᠷᠢᠯᠡᠯ ᠤᠨ ᠦᠭᠡᠷᠡᠴᠢᠯᠡᠯᠲᠡ ᠶᠢᠨ ᠤᠨ︾ ᠢ | ᠭᠦᠨᠵᠡᠭᠡᠶᠢᠷᠡᠭᠦᠯᠦᠨ ᠦᠷᠨᠢᠭᠦᠯᠵᠦ᠂ ᠲᠤᠰᠬᠠᠢ ᠮᠡᠷᠭᠡᠵᠢᠯᠲᠡᠨ ᠢ ᠤᠷᠢᠵᠤ ᠬᠠᠤᠯᠢ ᠬᠡᠷᠡᠭᠵᠢᠭᠦᠯᠦᠯᠲᠡ ᠳᠤ | ᠣᠷᠤᠯᠴᠠᠭᠤᠯᠵᠤ᠂ ᠠᠵᠤ ᠠᠬᠤᠶᠢᠯᠠᠯ ᠤᠨ ᠨᠢᠭᠤᠭᠳᠠᠮᠠᠯ ᠭᠡᠮ ᠰᠤᠭᠤᠭ ᠢ ᠦᠨᠡᠨᠬᠦ ᠴᠡᠭᠴᠡᠯᠡᠨ᠂ ᠠᠳᠡᠯ ᠡᠭᠦᠰᠦᠭᠰᠡᠨ | ᠲᠤᠭ᠎ᠠ ᠪᠠ ᠠᠳᠡᠭᠰᠡᠨ ᠬᠦᠮᠦᠨ ᠤ ᠲᠤᠭ᠎ᠠ ᠪᠦᠷ ᠳᠤᠷᠤᠭᠰᠢᠯᠠᠪᠠ᠃ ᠬᠠᠷ᠎ᠠ ᠪᠦᠯᠦᠭᠲᠡᠨ ᠢ ᠡᠰᠡᠷᠭᠦᠴᠡᠵᠦ ᠬᠠᠷᠭᠢᠰ | ᠬᠦᠴᠦᠨ ᠢ ᠤᠰᠠᠳᠬᠠᠬᠤ ᠲᠤᠰᠬᠠᠢ ᠲᠦᠷᠦᠯ ᠤᠨ ᠲᠡᠮᠡᠴᠡᠯ ᠢ ᠭᠦᠨᠵᠡᠭᠡᠶᠢᠷᠡᠭᠦᠯᠦᠨ ᠠᠬᠢᠭᠤᠯᠵᠤ᠂ ᠡᠯ᠎ᠡ ᠲᠦᠷᠦᠯ ᠤᠨ | ᠬᠠᠤᠯᠢ ᠵᠦᠷᠢᠴᠡᠵᠦ ᠶᠠᠯ᠎ᠠ ᠬᠢᠭᠰᠡᠨ ᠠᠵᠢᠯᠯᠠᠭᠠᠨ ᠳᠤ ᠬᠦᠨᠳᠦ ᠴᠣᠬᠢᠯᠲᠠ ᠦᠭᠪᠡ᠃ ᠵᠠᠬᠢᠳᠠᠯ ᠰᠤᠷᠪᠤᠯᠵᠢᠯᠠᠭ᠎ᠠ ᠶᠢᠨ | ᠳᠠᠷᠤᠭᠳᠠᠮᠠᠯ ᠬᠡᠷᠡᠭ ᠢ ᠨᠠᠮᠬᠠᠳᠬᠠᠨ ᠰᠢᠢᠳᠪᠦᠷᠢᠯᠡᠬᠦ ᠶᠢ ᠶᠡᠭᠡ ᠬᠦᠴᠦᠨ ᠢᠶᠠᠷ ᠠᠬᠢᠭᠤᠯᠤᠨ᠂ ᠤᠯᠠᠨ ᠲᠦᠮᠡᠨ ᠤ | ᠭᠤᠮᠤᠳᠠᠯ ᠲᠤᠭᠠᠴᠢᠵᠤ ᠬᠦᠰᠡᠯᠲᠡ ᠪᠠᠨ ᠢᠯᠡᠷᠬᠡᠶᠢᠯᠡᠬᠦ ᠰᠤᠪᠠᠭ ᠢ ᠢᠯᠭᠤᠮ ᠨᠡᠪᠲᠡᠷᠡᠭᠦᠯᠵᠦ᠂ ᠡᠯ᠎ᠡ ᠲᠦᠷᠦᠯ ᠤᠨ | ᠵᠦᠷᠢᠴᠡᠯ ᠵᠢᠭᠤᠷᠠᠯᠳᠤᠭᠠᠨ ᠢ ᠲᠤᠬᠢᠲᠠᠢ ᠨᠠᠮᠬᠠᠳᠬᠠᠨ ᠰᠢᠢᠳᠪᠦᠷᠢᠯᠡᠪᠡ᠃ ᠦᠨᠳᠦᠰᠦᠲᠡᠨ ᠱᠠᠰᠢᠨ ᠰᠤᠷᠲᠠᠬᠤᠨ᠂ | ᠤᠯᠤᠰ ᠤᠨ ᠪᠠᠲᠤᠯᠠᠨ ᠬᠠᠮᠠᠭᠠᠯᠠᠯᠲᠠ ᠶᠢᠨ ᠳᠠᠶᠢᠴᠢᠯᠠᠯᠲᠠ᠂ ᠬᠤᠶᠠᠷ ᠢ ᠬᠦᠷᠢᠶᠡᠯᠡᠬᠦ ᠶᠢ ᠬᠠᠮᠲᠤᠪᠡᠷ ᠪᠠᠶᠢᠭᠤᠯᠬᠤ᠂ | ᠠᠮᠤ ᠪᠤᠳᠠᠭᠠᠨ ᠤ ᠠᠶᠦᠯᠭᠦᠢ᠂ ᠳᠠᠩᠰᠠ ᠡᠪᠬᠡᠮᠡᠯ ᠲᠡᠦᠬᠡ ᠤᠶᠢᠯᠠᠯᠭ᠎ᠠ᠂ ᠴᠠᠭ ᠠᠭᠤᠷ ᠤᠨ ᠦᠢᠯᠡᠴᠢᠯᠡᠭᠡ ᠵᠡᠷᠭᠡ | ᠠᠵᠢᠯ ᠢ ᠴᠢᠩᠭᠠᠳᠬᠠᠵᠤ᠂ ᠡᠮᠡᠭᠲᠡᠶᠢᠴᠦᠳ ᠬᠡᠦᠬᠡᠳ᠂ ᠤᠯᠠᠭᠠᠨ ᠵᠠᠭᠠᠯᠮᠠᠶᠢᠲᠠᠨ᠂ ᠨᠢᠭᠦᠯᠡᠰᠦᠩᠭᠦᠢ ᠶᠢᠨ ᠦᠢᠯᠡᠰ᠂ | ᠨᠠᠰᠤᠲᠠᠳ᠂ ᠬᠤᠶᠢᠴᠢ ᠦᠶ᠎ᠡ ᠶᠢ ᠬᠠᠯᠠᠮᠵᠢᠯᠠᠬᠤ ᠪᠤᠯᠤᠨ ᠵᠡᠮᠳᠡᠭᠴᠦᠳ ᠤᠨ ᠠᠵᠢᠯ ᠵᠡᠷᠭᠡ ᠠᠵᠢᠯ ᠦᠢᠯᠡᠰ ᠢ ᠪᠦᠬᠦ | ᠲᠠᠯ᠎ᠠ ᠪᠠᠷ ᠬᠦᠭᠵᠢᠭᠦᠯᠪᠡ᠃ | ︵ᠵᠢᠷᠭᠤᠭ᠎ᠠ︶ ᠵᠠᠰᠠᠭ ᠤᠨ ᠣᠷᠳᠤᠨ ᠤ ᠲᠤᠰ ᠪᠡᠶ᠎ᠡ ᠶᠢᠨ ᠪᠠᠶᠢᠭᠤᠯᠤᠯᠲᠠ ᠶᠢ ᠪᠦᠬᠦ ᠲᠠᠯ᠎ᠠ ᠪᠠᠷ | ᠴᠢᠩᠭᠠᠳᠬᠠᠪᠠ᠃ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠭᠤᠤᠯ ᠴᠤᠭᠴᠠ ᠶᠢᠨ ᠬᠠᠷᠢᠭᠤᠴᠠᠯᠭ᠎ᠠ ᠶᠢ ᠪᠦᠬᠦ | ᠲᠠᠯ᠎ᠠ ᠪᠠᠷ ᠨᠠᠶᠢᠳᠠᠪᠤᠷᠢᠵᠢᠭᠤᠯᠵᠤ᠂ ︽ᠳᠦᠷᠪᠡᠨ ᠤᠬᠠᠮᠰᠠᠷ︾ ᠢ ᠪᠠᠲᠤᠵᠢᠭᠤᠯᠤᠨ᠂ ︽ᠳᠦᠷᠪᠡᠨ ᠢᠲᠡᠭᠡᠯ︾ ᠢᠶᠠᠨ | ᠦᠨᠡᠨᠬᠦ ᠴᠢᠩᠭᠠᠳᠬᠠᠵᠤ᠂ ︽ᠬᠤᠶᠠᠷ ᠢ ᠬᠠᠮᠠᠭᠠᠯᠠᠬᠤ︾ ᠶᠢ ᠡᠷᠡᠰ ᠭᠦᠢᠴᠡᠳᠬᠡᠨ᠂ ᠲᠦᠷᠦ ᠶᠢᠨ ᠶᠠᠪᠤᠳᠠᠯ ᠤᠨ | ᠬᠤᠷᠢᠶᠠᠨ ᠤ ᠶᠡᠭᠡ ᠱᠠᠪᠳᠠᠨ ᠪᠠᠶᠢᠴᠠᠭᠠᠯᠲᠠ ᠳᠤ ᠬᠠᠷᠢᠭᠤ ᠲᠤᠰᠬᠠᠭᠰᠠᠨ ᠠᠰᠠᠭᠤᠳᠠᠯ ᠢ ᠴᠡᠭᠴᠡᠯᠡᠨ ᠵᠠᠰᠠᠬᠤ ᠶᠢ | ᠪᠠᠲᠤᠲᠠᠢ ᠠᠬᠢᠭᠤᠯᠪᠠ᠃ ︽ᠤᠭ ᠰᠠᠨᠠᠭ᠎ᠠ ᠪᠠᠨ ᠦᠯᠦ ᠮᠠᠷᠲᠠᠨ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ | ᠭᠤᠤᠯ ᠰᠡᠳᠦᠪᠲᠦ ᠬᠦᠮᠦᠵᠢᠯ ᠢ ᠭᠦᠨᠵᠡᠭᠡᠶᠢᠷᠡᠭᠦᠯᠦᠨ ᠦᠷᠨᠢᠭᠦᠯᠵᠦ᠂ ᠤᠯᠤᠰ ᠤᠨ ᠦᠮᠴᠢᠯᠡᠯᠲᠦ ᠭᠠᠵᠠᠷ ᠰᠢᠷᠦᠢ | ᠭᠡᠷ ᠬᠦᠷᠦᠩᠭᠡ ᠶᠢᠨ ᠡᠷᠬᠡ ᠶᠢᠨ ᠦᠮᠴᠢᠯᠡᠯ ᠤᠨ ᠳᠠᠩᠰᠠᠯᠠᠯᠲᠠ ᠵᠡᠷᠭᠡ 26 ᠲᠡᠦᠬᠡᠨ ᠠᠴᠠ ᠦᠯᠡᠳᠡᠭᠳᠡᠵᠦ ᠢᠷᠡᠭᠰᠡᠨ | ᠠᠰᠠᠭᠤᠳᠠᠯ᠂ 69 ᠠᠷᠠᠳ ᠤᠨ ᠠᠮᠢᠳᠤᠷᠠᠯ ᠤᠨ ᠤᠴᠢᠷ ᠶᠠᠪᠤᠳᠠᠯ ᠢ ᠰᠢᠢᠳᠪᠦᠷᠢᠯᠡᠵᠦ᠂ ᠭᠦᠢᠴᠡᠳᠬᠡᠭᠰᠡᠨ ᠨᠤᠷᠮ᠎ᠠ | ᠲᠤᠰᠪᠤᠷᠢ 100% ᠪᠠ 98% ᠳᠤ ᠬᠦᠷᠪᠡ᠃ ᠬᠠᠤᠯᠢᠵᠢᠭᠰᠠᠨ ᠵᠠᠰᠠᠭ ᠤᠨ ᠣᠷᠳᠤᠨ ᠤ ᠪᠠᠶᠢᠭᠤᠯᠤᠯᠲᠠ ᠶᠢ ᠪᠦᠬᠦ | ᠲᠠᠯ᠎ᠠ ᠪᠠᠷ ᠴᠢᠩᠭᠠᠳᠬᠠᠨ᠂ ︽ᠳᠤᠯᠤᠭ᠎ᠠ ᠲᠠᠪᠤ︾ ᠬᠠᠤᠯᠢ ᠲᠦᠭᠡᠮᠡᠯᠵᠢᠭᠦᠯᠬᠦ ᠶᠢ ᠭᠦᠨᠵᠡᠭᠡᠶᠢᠷᠡᠭᠦᠯᠦᠨ ᠠᠬᠢᠭᠤᠯᠵᠤ᠂ | ᠠᠷᠠᠳ ᠤᠨ ᠲᠦᠯᠦᠭᠯᠡᠩᠴᠢᠳ ᠤᠨ ᠶᠡᠭᠡ ᠬᠤᠷᠠᠯ ᠪᠠ ᠲᠡᠭᠦᠨ ᠤ ᠪᠠᠶᠢᠩᠭᠤ ᠶᠢᠨ ᠬᠤᠷᠢᠶᠠᠨ ᠤ ᠰᠢᠢᠳᠪᠦᠷᠢ | ᠲᠤᠭᠲᠠᠭᠠᠯ ᠢ ᠨᠠᠷᠢᠨ ᠬᠢᠨᠠᠮᠠᠭᠠᠢ ᠬᠡᠷᠡᠭᠵᠢᠭᠦᠯᠵᠦ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ | ᠴᠠᠭᠠᠵᠠ ᠶᠢᠨ ᠬᠢᠨᠠᠯᠲᠠ ᠪᠠ ᠤᠯᠤᠰ ᠲᠦᠷᠦ ᠶᠢᠨ ᠵᠦᠪᠯᠡᠯᠭᠡᠨ ᠤ ᠠᠷᠠᠳᠴᠢᠯᠠᠭᠰᠠᠨ ᠬᠢᠨᠠᠯᠲᠠ ᠶᠢ | ᠤᠬᠠᠮᠰᠠᠷ ᠠᠴᠠ ᠪᠠᠨ ᠬᠦᠯᠢᠶᠡᠵᠦ᠂ 154 ᠬᠤᠪᠢ ᠠᠷᠠᠳ ᠤᠨ ᠲᠦᠯᠦᠭᠡᠯᠡᠭᠴᠢᠳ ᠤᠨ ᠰᠠᠨᠠᠯ ᠰᠠᠨᠠᠭᠤᠯᠭ᠎ᠠ᠂ 117 | ᠬᠤᠪᠢ ᠤᠯᠤᠰ ᠲᠦᠷᠦ ᠶᠢᠨ ᠵᠦᠪᠯᠡᠯᠭᠡᠨ ᠤ ᠭᠡᠰᠢᠭᠦᠳ ᠤᠨ ᠳᠤᠷᠠᠳᠤᠯᠭ᠎ᠠ ᠶᠢ ᠦᠨᠳᠦᠷ ᠪᠦᠲᠦᠮᠵᠢᠲᠡᠢ ᠬᠦᠯᠢᠶᠡᠨ | ᠰᠢᠢᠳᠪᠦᠷᠢᠯᠡᠵᠦ᠂ ᠬᠦᠯᠢᠶᠡᠨ ᠰᠢᠢᠳᠪᠦᠷᠢᠯᠡᠵᠦ ᠬᠠᠷᠢᠭᠤ ᠦᠭᠭᠦᠭᠰᠡᠨ ᠨᠤᠷᠮ᠎ᠠ 100% ᠳᠤ ᠬᠦᠷᠪᠡ᠃ | ᠨᠡᠶᠢᠭᠡᠮ ᠤᠨ ᠬᠢᠨᠠᠯᠲᠠ ᠶᠢ ᠦᠷᠭᠡᠨ ᠢᠶᠠᠷ ᠬᠦᠯᠢᠶᠡᠨ ᠠᠪᠴᠤ᠂ 10343 ᠬᠤᠪᠢ ︽96345︾ ᠵᠠᠰᠠᠭ ᠤᠨ | ᠣᠷᠳᠤᠨ ᠤ ᠦᠢᠯᠡᠴᠢᠯᠡᠭᠡᠨ ᠤ ᠤᠲᠠᠰᠤ ᠪᠠᠷ ᠬᠦᠯᠢᠶᠡᠨ ᠰᠢᠢᠳᠪᠦᠷᠢᠯᠡᠭᠰᠡᠨ ᠡᠯ᠎ᠡ ᠲᠦᠷᠦᠯ ᠤᠨ ᠬᠦᠰᠡᠯ ᠱᠠᠭᠠᠷᠳᠠᠯᠭ᠎ᠠ | ᠂ ᠬᠦᠯᠢᠶᠡᠨ ᠭᠦᠢᠴᠡᠳᠬᠡᠭᠰᠡᠨ ᠨᠣᠷᠮ᠎ᠠ 96.5%᠃ ᠨᠠᠮ ᠤᠨ ᠰᠤᠷᠲᠠᠯ ᠴᠢᠭᠡᠴᠢ ᠵᠠᠰᠠᠭ ᠤᠨ ᠪᠠᠶᠢᠭᠤᠯᠤᠯᠲᠠ ᠶᠢᠨ | ︽ᠨᠢᠭᠡ ᠠᠵᠢᠯ ᠤᠨ ᠪᠠᠶᠢᠷᠢ ᠳᠤ ᠬᠤᠤᠰ ᠬᠠᠷᠢᠭᠤᠴᠠᠯᠭ᠎ᠠ ︾ ᠶᠢ ᠭᠦᠨᠵᠡᠭᠡᠶᠢᠷᠡᠭᠦᠯᠦᠨ ᠨᠠᠶᠢᠳᠠᠪᠤᠷᠢᠵᠢᠭᠤᠯᠵᠤ᠂ | ᠲᠦᠪ ᠤᠨ ᠨᠠᠢᠮᠠᠨ ᠲᠤᠭᠲᠠᠭᠠᠯ ᠵᠢᠴᠢ ᠲᠡᠭᠦᠨ ᠢ ᠬᠡᠷᠡᠭᠵᠢᠭᠦᠯᠬᠦ ᠨᠠᠷᠢᠨ ᠳᠦᠷᠢᠮ ᠤᠨ ᠵᠣᠷᠢᠭ ᠰᠠᠨᠠᠭ᠎ᠠ ᠶᠢ ᠡᠷᠡᠰ | ᠲᠤᠭᠤᠰᠢᠯᠠᠭᠤᠯᠤᠨ᠂ ᠵᠠᠰᠠᠭ ᠵᠠᠬᠢᠷᠭᠠᠨ ᠤ ᠬᠢᠨᠠᠯᠲᠠ ᠪᠠ ᠬᠢᠨᠠᠨ ᠪᠣᠳᠤᠯᠲᠠ ᠶᠢᠨ ᠬᠢᠨᠠᠯᠲᠠ ᠶᠢ ᠦᠨᠡᠨᠬᠦ | ᠴᠢᠩᠭᠠᠳᠬᠠᠵᠤ᠂ ︽ᠳᠦᠷᠪᠡᠨ ᠰᠤᠷᠲᠠᠯ︾ ᠢ ᠡᠷᠡᠰ ᠴᠡᠭᠴᠡᠯᠡᠬᠦ ᠶᠢ ᠪᠠᠷᠢᠮᠲᠠᠯᠠᠨ᠂ ᠠᠷᠢᠭᠤᠨ ᠰᠤᠷᠲᠠᠯ ᠴᠢᠭᠡᠴᠢ | ᠠᠭᠤᠷ ᠠᠮᠢᠰᠬᠤᠯ ᠤᠨ ᠬᠦᠭᠵᠢᠯᠲᠡ ᠶᠢᠨ ᠣᠷᠴᠢᠨ ᠲᠣᠭᠤᠷᠢᠨ ᠢ ᠬᠦᠴᠦᠯᠡᠨ ᠪᠠᠶᠢᠭᠤᠯᠪᠠ᠃ | ᠲᠦᠯᠦᠭᠡᠯᠡᠭᠴᠢᠳ ᠡ᠂ ᠦᠩᠭᠡᠷᠡᠭᠰᠡᠨ ᠨᠢᠭᠡ ᠵᠢᠯ ᠤᠨ ᠠᠮᠵᠢᠯᠲᠠ ᠪᠦᠲᠦᠮᠵᠢ ᠨᠢ ᠬᠢᠯᠪᠡᠷᠬᠠᠨ ᠢᠶᠠᠷ | ᠢᠷᠡᠭᠰᠡᠨ ᠪᠢᠰᠢ ᠶᠤᠮ᠂ ᠡᠨᠡ ᠪᠣᠯ ᠰᠢ ᠶᠢᠨ ᠫᠢᠩ ᠨᠦᠬᠦᠷ ᠢᠶᠠᠷ ᠭᠤᠤᠯᠯᠠᠭᠴᠢ ᠪᠣᠯᠭᠠᠭᠰᠠᠨ ᠨᠠᠮ ᠤᠨ ᠲᠦᠪ | ᠬᠤᠷᠢᠶᠠᠨ ᠤ ᠡᠷᠡᠰ ᠪᠠᠲᠤ ᠤᠳᠤᠷᠢᠳᠤᠯᠭ᠎ᠠ ᠶᠢᠨ ᠦᠷ᠎ᠡ ᠳ᠋ᠦᠩ ᠮᠦᠨ᠂ ᠡᠨᠡ ᠪᠣᠯ ᠰᠢ ᠶᠢᠨ ᠫᠢᠩ ᠤᠨ ᠰᠢᠨ᠎ᠡ ᠴᠠᠭ | ᠦᠶ᠎ᠡ ᠶᠢᠨ ᠳᠤᠮᠳᠠᠳᠤ ᠤᠯᠤᠰ ᠤᠨ ᠤᠨᠴᠠᠯᠢᠭ ᠪᠦᠬᠦᠢ ᠨᠡᠶᠢᠭᠡᠮ ᠵᠢᠷᠦᠮ ᠤᠨ ᠦᠵᠡᠯ ᠰᠠᠨᠠᠭᠠᠨ ᠤ ᠰᠢᠨᠵᠢᠯᠡᠬᠦ | ᠤᠬᠠᠭᠠᠨᠴᠢ ᠵᠢᠯᠤᠭᠤᠳᠤᠯᠭ᠎ᠠ ᠶᠢᠨ ᠦᠷ᠎ᠡ ᠳ᠋ᠦᠩ ᠮᠦᠨ᠂ ᠡᠨᠡ ᠪᠣᠯ ᠬᠤᠲᠠ ᠶᠢᠨ ᠨᠠᠮ ᠤᠨ ᠬᠤᠷᠢᠶ᠎ᠠ ᠵᠠᠰᠠᠭ ᠤᠨ | ᠣᠷᠳᠤᠨ ᠪᠠ ᠲᠣᠭᠤᠷᠢᠭ ᠤᠨ ᠨᠠᠮ ᠤᠨ ᠬᠤᠷᠢᠶᠠᠨ ᠤ ᠡᠷᠡᠰ ᠪᠠᠲᠤ ᠣᠳᠤᠷᠢᠳᠤᠯᠭ᠎ᠠ ᠶᠢᠨ ᠦᠷ᠎ᠡ ᠳ᠋ᠦᠩ ᠮᠦᠨ᠂ | ᠡᠨᠡ ᠪᠣᠯ ᠲᠣᠭᠤᠷᠢᠭ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠤᠯᠤᠰ ᠲᠦᠷᠦ ᠶᠢᠨ ᠵᠦᠪᠯᠡᠯᠭᠡᠨ ᠤ | ᠪᠦᠬᠦ ᠬᠦᠴᠦᠨ ᠢᠶᠠᠷ ᠢᠶᠠᠨ ᠳᠡᠮᠵᠢᠭᠰᠡᠨ ᠤ ᠦᠷ᠎ᠡ ᠳ᠋ᠦᠩ ᠪᠤᠯᠤᠨ᠎ᠠ᠂ ᠡᠨᠡ ᠪᠣᠯ ᠲᠣᠭᠤᠷᠢᠭ ᠤᠨ ᠺᠠᠳ᠋ᠷ ᠤᠯᠠᠨ | ᠲᠦᠮᠡᠨ ᠤ ᠰᠡᠳᠬᠢᠯ ᠨᠢᠭᠡᠲᠦᠨ ᠬᠦᠴᠦᠨ ᠢᠶᠠᠨ ᠬᠠᠮᠲᠤᠳᠬᠠᠵᠤ᠂ ᠬᠦᠴᠢᠷ ᠪᠡᠷᠬᠡ ᠶᠢ ᠢᠯᠠᠨ ᠳᠠᠪᠠᠵᠤ᠂ ᠴᠢᠷᠮᠠᠶᠢᠨ | ᠲᠡᠮᠡᠴᠡᠭᠰᠡᠨ ᠤ ᠦᠷ᠎ᠡ ᠳ᠋ᠦᠩ ᠪᠤᠯᠤᠨ᠎ᠠ᠃ ᠠᠳᠡ ᠪᠢ ᠲᠣᠭᠤᠷᠢᠭ ᠤᠨ ᠵᠠᠰᠠᠭ ᠤᠨ ᠣᠷᠳᠤᠨ ᠢ ᠲᠦᠯᠦᠭᠡᠯᠡᠨ᠂ | ᠲᠣᠭᠤᠷᠢᠭ ᠤᠨ ᠡᠯ᠎ᠡ ᠦᠨᠳᠦᠰᠦᠲᠡᠨ ᠤ ᠠᠷᠠᠳ ᠲᠦᠮᠡᠨ᠂ ᠬᠤᠩᠱᠠᠨ ᠲᠣᠭᠤᠷᠢᠭ ᠤᠨ ᠬᠦᠭᠵᠢᠯᠲᠡ ᠶᠢ | ᠬᠠᠯᠠᠮᠵᠢᠯᠠᠵᠤ ᠳᠡᠮᠵᠢᠵᠦ ᠢᠷᠡᠭᠰᠡᠨ ᠨᠦᠬᠦᠳ᠂ ᠨᠠᠶᠢᠵᠠ ᠨᠠᠷ ᠲᠤ ᠴᠢᠩ ᠰᠡᠳᠬᠢᠯ ᠤᠨ ᠲᠠᠯᠠᠷᠬᠠᠯ ᠳᠡᠪᠰᠢᠭᠦᠯᠦᠶ᠎ᠡ︕ | | ᠠᠮᠵᠢᠯᠲᠠ ᠪᠠᠨ ᠤᠯᠵᠤ ᠬᠠᠷᠠᠬᠤ ᠶᠢᠨ ᠬᠠᠮᠲᠤ᠂ ᠪᠢᠳᠡ ᠮᠠᠨ ᠤ ᠲᠤᠭᠤᠷᠢᠭ ᠤᠨ ᠠᠵᠤ ᠠᠬᠤᠢ | ᠨᠡᠶᠢᠭᠡᠮ ᠤᠨ ᠬᠦᠭᠵᠢᠯᠲᠡ ᠳᠤ ᠤᠷᠤᠰᠢᠵᠤ ᠪᠠᠶᠢᠭ᠎ᠠ ᠪᠠᠭ᠎ᠠ ᠪᠤᠰᠤ ᠬᠦᠴᠢᠷ ᠪᠡᠷᠬᠡ ᠪᠠ ᠠᠰᠠᠭᠤᠳᠠᠯ ᠢ ᠰᠡᠷᠡᠵᠦ | ᠮᠡᠳᠡᠪᠠ᠄ ᠠᠵᠤ ᠠᠬᠤᠢ ᠶᠢᠨ ᠬᠦᠭᠵᠢᠯᠲᠡ ᠶᠢᠨ ᠳᠤᠷᠤᠭᠰᠢᠯᠠᠬᠤ ᠳᠠᠷᠤᠯᠲᠠ ᠦᠷᠭᠦᠯᠵᠢᠯᠡᠨ ᠨᠡᠮᠡᠭᠳᠡᠵᠦ᠂ ᠪᠤᠳᠠᠲᠤ | ᠠᠵᠤ ᠠᠬᠤᠢ ᠶᠢᠨ ᠬᠦᠴᠢᠷᠳᠡᠯ ᠨᠡᠯᠢᠶᠡᠳ ᠣᠯᠠᠨ᠂ ᠪᠦᠲᠦᠮᠵᠢᠲᠡᠢ ᠪᠡᠯᠡ ᠣᠷᠤᠭᠤᠯᠤᠯᠲᠠ ᠶᠢᠨ ᠬᠦᠳᠡᠯᠭᠡᠭᠦᠷ | ᠲᠤᠲᠠᠮᠠᠭ᠃ ᠠᠵᠤ ᠦᠢᠯᠡᠰ ᠤᠨ ᠲᠦᠪᠯᠡᠷᠡᠭᠰᠡᠨ ᠬᠦᠭᠵᠢᠯᠲᠡ ᠶᠢᠨ ᠬᠢᠷᠢ ᠲᠦᠪᠰᠢᠨ ᠦᠨᠳᠦᠷ ᠪᠢᠰᠢ᠂ ᠲᠠᠲᠠᠬᠤ | ᠬᠦᠴᠦᠨ ᠴᠢᠩᠭ᠎ᠠ ᠪᠢᠰᠢ᠃ ᠠᠷᠠᠯᠵᠢᠶ᠎ᠠ ᠡᠵᠡᠩᠨᠡᠯᠲᠡ ᠶᠢᠨ ᠣᠷᠴᠢᠨ ᠲᠣᠭᠤᠷᠢᠨ ᠢ ᠲᠠᠰᠤᠷᠠᠯᠲᠠ ᠦᠭᠡᠢ | ᠲᠡᠭᠦᠯᠳᠡᠷᠵᠢᠭᠦᠯᠬᠦ ᠴᠢᠬᠤᠯᠠᠲᠠᠢ᠃ ᠠᠵᠤ ᠦᠢᠯᠡᠰ ᠬᠤᠲᠠ ᠶᠢᠨ ᠲᠤᠰᠬᠠᠭᠠᠷᠯᠠᠯ ᠤᠨ ᠠᠰᠠᠭᠤᠳᠠᠯ ᠨᠡᠯᠢᠶᠡᠳ | ᠳᠤᠪᠤᠶᠢᠮ᠎ᠠ᠃ ᠬᠤᠲᠠ ᠶᠢᠨ ᠴᠢᠳᠠᠮᠵᠢ ᠶᠢ ᠦᠷᠭᠦᠯᠵᠢᠯᠡᠨ ᠪᠦᠷᠢᠨᠰᠢᠭᠦᠯᠬᠦ ᠴᠢᠬᠤᠯᠠᠲᠠᠢ᠃ ᠭᠠᠵᠠᠷ ᠳᠤᠤᠷᠠᠬᠢ | ᠤᠰᠤ ᠶᠢ ᠬᠡᠲᠦ ᠨᠡᠭᠡᠭᠡᠨ ᠠᠰᠢᠭᠯᠠᠬᠤ ᠶᠢ ᠴᠡᠭᠴᠡᠯᠡᠨ ᠵᠠᠰᠠᠬᠤ ᠡᠭᠦᠷᠭᠡ ᠮᠦᠨ ᠬᠦ ᠬᠦᠴᠢᠷ ᠪᠡᠷᠬᠡᠰᠢᠶᠡᠯᠲᠡᠢ | ᠪᠠᠶᠢᠭᠰᠠᠭᠠᠷ᠃ ᠰᠤᠷᠭᠠᠨ ᠬᠦᠮᠦᠵᠢᠯ᠂ ᠡᠮ ᠡᠮᠨᠡᠯᠭᠡ᠂ ᠨᠠᠰᠤᠵᠢᠯ ᠤᠨ ᠠᠰᠠᠷᠠᠮᠵᠢ ᠵᠡᠷᠭᠡ ᠨᠡᠶᠢᠭᠡᠮ ᠤᠨ ᠠᠵᠢᠯ | ᠦᠢᠯᠡᠰ ᠪᠣᠯᠤᠨ ᠣᠯᠠᠨ ᠲᠦᠮᠡᠨ ᠤ ᠬᠦᠰᠡᠯ ᠱᠠᠭᠠᠷᠳᠠᠯᠭ᠎ᠠ ᠮᠦᠨ ᠬᠦ ᠵᠦᠷᠢᠶ᠎ᠠ ᠣᠷᠤᠰᠢᠭᠰᠠᠭᠠᠷ ᠪᠠᠶᠢᠨ᠎ᠠ᠃ | ᠣᠨᠴᠠᠭᠠᠢ ᠵᠠᠷᠢᠮ ᠨᠢᠭᠡ ᠰᠠᠯᠠᠭ᠎ᠠ ᠮᠦᠴᠢᠷ ᠤᠨ ᠬᠡᠯᠪᠡᠷᠢᠴᠢ ᠦᠵᠡᠯ᠂ ᠨᠣᠶᠠᠨᠴᠢ ᠰᠤᠷᠲᠠᠯ ᠮᠦᠨ ᠬᠦ ᠣᠷᠤᠰᠢᠭᠰᠠᠭᠠᠷ᠃ | ᠪᠢᠳᠡ ᠠᠰᠠᠭᠤᠳᠠᠯ ᠠᠴᠠ ᠵᠠᠶᠢᠯᠠᠬᠤ ᠦᠭᠡᠢ ᠪᠠᠶᠢᠵᠤ᠂ ᠨᠡᠩ ᠤᠨᠤᠪᠴᠢᠲᠠᠢ ᠠᠷᠭ᠎ᠠ ᠬᠡᠮᠵᠢᠶ᠎ᠡ ᠠᠪᠴᠤ᠂ | ᠠᠰᠠᠭᠤᠳᠠᠯ ᠢ ᠦᠨᠡᠨᠬᠦ ᠰᠢᠢᠳᠪᠦᠷᠢᠯᠡᠬᠦ ᠬᠡᠷᠡᠭᠲᠡᠢ᠃ | ᠬᠤᠶᠠᠷ᠂ 2020 ᠤᠨ ᠤ ᠭᠤᠤᠯ ᠠᠵᠢᠯ | ᠡᠨᠡ ᠵᠢᠯ ᠪᠣᠯ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ᠂ ᠶᠠᠳᠠᠭᠤ ᠠᠴᠠ | ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠤ ᠬᠤᠷᠢᠶᠠᠯᠲᠠ ᠶᠢᠨ ᠣᠨ ᠪᠣᠯᠤᠨ᠎ᠠ᠂ ᠪᠠᠰᠠᠴᠤ ︽ | ᠠᠷᠪᠠᠨ ᠭᠤᠷᠪᠠᠳᠤᠭᠠᠷ ᠲᠠᠪᠤᠨ ᠵᠢᠯ︾ ᠤᠨ ᠲᠦᠯᠦᠪᠵᠢᠭᠦᠯᠭᠡ ᠶᠢᠨ ᠬᠤᠷᠢᠶᠠᠯᠲᠠ ᠶᠢᠨ ᠣᠨ ᠮᠦᠨ᠂ ᠡᠨᠡ ᠵᠢᠯ ᠤᠨ | ᠠᠵᠢᠯ ᠢ ᠰᠠᠶᠢᠲᠤᠷ ᠬᠢᠬᠦ ᠨᠢ ᠬᠦᠨᠳᠦ ᠴᠢᠬᠤᠯᠠ ᠠᠴᠢ ᠬᠤᠯᠪᠤᠭᠳᠠᠯ ᠲᠠᠢ ᠶᠤᠮ᠃ ᠵᠢᠯ ᠤᠨ ᠡᠬᠢᠨ ᠤ ᠭᠡᠨᠡᠳᠲᠡ ᠶᠢᠨ | ᠬᠢᠵᠢᠭ ᠨᠢ ᠠᠵᠣ ᠠᠬᠤᠢ ᠨᠡᠶᠢᠭᠡᠮ ᠤᠨ ᠬᠦᠭᠵᠢᠯᠲᠡ ᠳᠤ ᠳᠠᠭᠠᠷᠢᠯᠲᠠ ᠪᠠ ᠦᠷᠢᠰᠦᠯᠳᠦᠭᠡᠨ ᠤᠴᠠᠷᠠᠭᠤᠯᠵᠠᠢ᠂ | ᠭᠡᠪᠡᠴᠦ ᠬᠢᠵᠢᠭ ᠤᠨ ᠪᠠᠶᠢᠳᠠᠯ ᠨᠦᠯᠦᠭᠡ ᠨᠢ ᠱᠠᠲᠤᠴᠢ ᠴᠢᠨᠠᠷ᠂ ᠲᠦᠷ ᠴᠠᠭ ᠤᠨ ᠴᠢᠨᠠᠷ ᠲᠠᠢ᠂ ᠮᠠᠨ ᠤ | ᠲᠣᠭᠤᠷᠢᠭ ᠤᠨ ᠠᠵᠤ ᠠᠬᠤᠢ ᠶᠢᠨ ᠬᠦᠭᠵᠢᠯᠲᠡ ᠶᠢᠨ ᠲᠤᠭᠲᠠᠭᠤᠨ ᠤ ᠳᠤᠮᠳᠠ ᠠᠬᠢᠯᠲᠠ ᠲᠠᠢ᠂ ᠤᠷᠲᠤ | ᠬᠤᠭᠤᠴᠠᠭᠠᠨ ᠲᠤᠷᠰᠢ ᠦᠷᠨᠢᠭᠦᠨ ᠦᠨᠳᠦᠰᠦᠨ ᠪᠠᠶᠢᠳᠠᠯ ᠢ ᠬᠤᠪᠢᠷᠠᠭᠤᠯᠵᠤ ᠳᠡᠶᠢᠯᠬᠦ ᠦᠭᠡᠢ᠃ ᠭᠤᠶᠢᠪᠢᠰᠢ ᠦᠭᠡᠢ | ᠢᠲᠡᠭᠡᠯ ᠢᠶᠠᠷ ᠢᠳᠡᠪᠬᠢᠲᠡᠢ ᠠᠷᠭᠠᠴᠠᠪᠠᠯ ᠪᠢᠳᠡ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ | ᠪᠠᠶᠢᠩᠭᠤ ᠶᠢᠨ ᠴᠢᠨᠠᠷᠲᠠᠢ ᠰᠠᠶᠢᠲᠤᠷ ᠬᠢᠬᠦ ᠶᠢᠨ ᠬᠠᠮᠲᠤ ᠬᠢᠵᠢᠭ ᠤᠨ ᠪᠠᠶᠢᠳᠠᠯ ᠳᠤ ᠨᠦᠯᠦᠭᠡᠯᠡᠭᠳᠡᠬᠦ ᠦᠭᠡᠢ ᠪᠠᠷ | ᠵᠢᠱᠢᠭᠰᠡᠨ ᠬᠠᠷᠠᠯᠲᠠ ᠪᠠᠨ ᠴᠢᠷᠮᠠᠶᠢᠨ ᠪᠡᠶᠡᠯᠡᠭᠦᠯᠬᠦ ᠪᠦᠷᠢᠨ ᠴᠢᠳᠠᠪᠤᠷᠢ ᠲᠠᠢ᠃ ᠲᠣᠭᠤᠷᠢᠭ ᠤᠨ ᠨᠠᠮ ᠤᠨ | ᠬᠤᠷᠢᠶᠠᠨ ᠤ ᠨᠠᠢᠮᠠᠳᠤᠭᠠᠷ ᠬᠤᠭᠤᠴᠠᠭᠠᠨ ᠤ ᠠᠷᠪᠠᠨ ᠬᠤᠶᠠᠳᠤᠭᠠᠷ ᠤᠳᠠᠭᠠᠨ ᠤ ᠪᠦᠭᠦᠳᠡ ᠬᠤᠷᠠᠯ ᠤᠨ | ᠪᠠᠶᠢᠷᠢᠯᠠᠭᠤᠯᠤᠯᠲᠠ ᠶᠤᠰᠤᠭᠠᠷ᠂ ᠪᠢᠳᠡ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠣᠯᠤᠰ ᠤᠨ | ᠣᠨᠴᠠᠯᠢᠭ ᠪᠦᠬᠦᠢ ᠨᠡᠶᠢᠭᠡᠮ ᠵᠢᠷᠦᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠨ᠂ ᠰᠢ ᠶᠢᠨ ᠫᠢᠩ ᠶᠡᠷᠦᠩᠬᠡᠢ | ᠱᠦᠵᠢ ᠶᠢᠨ ᠦᠪᠦᠷ ᠮᠤᠩᠭᠤᠯ ᠳᠤ ᠲᠣᠭᠤᠷᠢᠨ ᠪᠠᠶᠢᠴᠠᠭᠠᠬᠤ ᠦᠶ᠎ᠡ ᠶᠢᠨ ᠴᠢᠬᠤᠯᠠ ᠵᠢᠭᠠᠪᠤᠷᠢ ᠶᠢᠨ ᠱᠠᠭᠠᠷᠳᠠᠯᠭ᠎ᠠ ᠶᠢ | ᠭᠦᠨᠵᠡᠭᠡᠶᠢᠷᠡᠭᠦᠯᠦᠨ ᠨᠠᠶᠢᠳᠠᠪᠤᠷᠢᠵᠢᠭᠤᠯᠵᠤ᠂ ᠲᠦᠪ ᠤᠨ ᠠᠵᠤ ᠠᠬᠤᠢ ᠶᠢᠨ ᠬᠤᠷᠠᠯ ᠤᠨ ᠵᠣᠷᠢᠭ ᠰᠠᠨᠠᠭ᠎ᠠ ᠪᠠ | ᠦᠪᠡᠷᠲᠡᠭᠡᠨ ᠵᠠᠰᠠᠬᠤ ᠣᠷᠤᠨ᠂ ᠤᠯᠠᠭᠠᠨᠬᠠᠳᠠ ᠬᠤᠲᠠ ᠶᠢᠨ ᠠᠵᠢᠯ ᠤᠨ ᠪᠠᠶᠢᠷᠢᠯᠠᠭᠤᠯᠤᠯᠲᠠ ᠶᠢ ᠪᠦᠬᠦ ᠲᠠᠯ᠎ᠠ ᠪᠠᠷ | ᠲᠣᠭᠤᠰᠢᠯᠠᠭᠤᠯᠵᠤ᠂ ᠲᠤᠭᠲᠠᠭᠤᠨ ᠤ ᠳᠤᠮᠳᠠ ᠳᠠᠪᠰᠢᠬᠤ ᠠᠵᠢᠯ ᠤᠨ ᠶᠡᠷᠦᠩᠬᠡᠢ ᠭᠤᠣᠯ ᠰᠠᠨᠠᠭ᠎ᠠ ᠶᠢ ᠪᠠᠷᠢᠮᠲᠠᠯᠠᠵᠤ᠂ | ︽ᠠᠮᠢ ᠠᠬᠤᠢ ᠶᠢ ᠲᠡᠷᠢᠭᠦᠨ ᠪᠠᠶᠢᠷᠢᠨ ᠳᠤ ᠲᠠᠯᠪᠢᠵᠤ᠂ ᠪᠤᠬᠢᠷᠳᠤᠯ ᠦᠭᠡᠢ ᠬᠦᠭᠵᠢᠭᠦᠯᠬᠦ︾ ᠦᠨᠳᠦᠷ ᠴᠢᠨᠰᠠᠭᠠᠲᠤ | ᠬᠦᠭᠵᠢᠯᠲᠡ ᠶᠢᠨ ᠱᠠᠭᠠᠷᠳᠠᠯᠭ᠎ᠠ ᠶᠢ ᠪᠠᠷᠢᠮᠲᠠᠯᠠᠨ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ | ᠬᠠᠷᠠᠯᠲᠠ ᠡᠭᠦᠷᠭᠡ ᠶᠢᠨ ᠲᠣᠭᠤᠷᠢᠨ ᠳᠤ᠂ ᠭᠤᠷᠪᠠᠨ ᠶᠡᠭᠡ ᠪᠤᠭᠤᠮᠲᠠ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ | ᠲᠡᠮᠡᠴᠡᠨ ᠣᠯᠵᠤ᠂ ᠣᠳᠤᠬᠢᠴᠢᠯᠠᠭᠰᠠᠨ ᠠᠵᠤ ᠠᠬᠤᠢ ᠶᠢᠨ ᠰᠢᠰᠲ᠋ᠧᠮ ᠢ ᠪᠠᠶᠢᠭᠤᠯᠤᠨ᠂ ᠠᠵᠤ ᠦᠢᠯᠡᠰ ᠬᠤᠲᠠ | ᠠᠭᠤᠰᠤᠯᠴᠠᠨ ᠬᠦᠭᠵᠢᠬᠦ ᠪᠦᠲᠦᠴᠡ ᠶᠢ ᠪᠠᠶᠢᠭᠤᠯᠵᠤ᠂ ᠲᠤᠬᠢᠯᠢᠭ ᠬᠤᠲᠠ ᠶᠢᠨ ᠬᠤᠶᠠᠷ ᠺᠢᠯᠦᠮᠧᠲᠷ ᠤᠨ | ᠠᠮᠢᠳᠤᠷᠠᠯ ᠤᠨ ᠲᠣᠭᠤᠷᠢᠭ ᠢ ᠤᠯᠠᠨ ᠪᠠᠶᠢᠭᠤᠯᠵᠤ᠂ ᠲᠤᠭᠲᠠᠭᠤᠨ ᠨᠡᠮᠡᠭᠳᠡᠭᠦᠯᠬᠦ᠂ ᠦᠭᠡᠷᠡᠴᠢᠯᠡᠯᠲᠡ ᠶᠢ ᠠᠬᠢᠭᠤᠯᠬᠤ᠂ | ᠪᠦᠲᠦᠴᠡ ᠶᠢ ᠲᠣᠬᠢᠷᠠᠭᠤᠯᠬᠤ᠂ ᠠᠷᠠᠳ ᠲᠤ ᠠᠰᠢᠭ ᠬᠦᠷᠲᠡᠭᠡᠬᠦ᠂ ᠲᠦᠭᠰᠢᠭᠦᠷᠢ ᠶᠢ ᠰᠡᠷᠭᠡᠶᠢᠯᠡᠬᠦ᠂ ᠠᠵᠢᠯ | ᠣᠯᠭᠤᠯᠲᠠ ᠶᠢᠨ ᠲᠣᠭᠲᠠᠭᠤᠨ ᠢ ᠪᠠᠲᠤᠯᠠᠬᠤ ᠶᠢ ᠨᠢᠭᠡᠲᠦᠯᠲᠡᠢ ᠠᠬᠢᠭᠤᠯᠵᠤ᠂ ᠵᠣᠯ ᠵᠢᠷᠭᠠᠯᠲᠤ ᠰᠢᠨ᠎ᠡ ᠬᠤᠩᠱᠠᠨ ᠢ | ᠪᠦᠲᠦᠭᠡᠨ ᠪᠠᠶᠢᠭᠤᠯᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠡᠴᠦᠰ ᠤᠨ ᠢᠯᠡᠯᠲᠡ ᠶᠢ | ᠲᠡᠮᠡᠴᠡᠨ ᠣᠯᠵᠤ᠂ ︽ᠠᠷᠪᠠᠨ ᠭᠤᠷᠪᠠᠳᠤᠭᠠᠷ ᠲᠠᠪᠤᠨ ᠵᠢᠯ︾ ᠤᠨ ᠲᠦᠯᠦᠪᠵᠢᠭᠦᠯᠭᠡ ᠶᠢᠨ ᠠᠮᠵᠢᠯᠲᠠ ᠲᠠᠢ ᠰᠡᠭᠦᠯ | ᠬᠤᠷᠢᠶᠠᠬᠤ ᠶᠢ ᠪᠡᠶᠡᠯᠡᠭᠦᠯᠦᠨ᠎ᠡ᠃ | ᠠᠵᠤ ᠠᠬᠤᠢ ᠨᠡᠶᠢᠭᠡᠮ ᠤᠨ ᠬᠦᠭᠵᠢᠯᠲᠡ ᠶᠢᠨ ᠭᠤᠤᠯ ᠵᠢᠱᠢᠭᠰᠡᠨ ᠬᠠᠷᠠᠯᠲᠠ ᠪᠣᠯ᠄ ᠭᠠᠵᠠᠷ ᠣᠷᠤᠨ ᠤ | ᠦᠢᠯᠡᠳᠪᠦᠷᠢᠯᠡᠯ ᠤᠨ ᠶᠡᠷᠦᠩᠬᠡᠢ ᠦᠷᠲᠡᠭ ᠤᠨ ᠨᠡᠮᠡᠭᠳᠡᠯ 6% ᠣᠷᠴᠢᠮ᠂ ᠬᠡᠪᠴᠢᠶᠡᠵᠢᠯ ᠠᠴᠠ ᠳᠡᠭᠡᠭᠰᠢᠬᠢ | ᠲᠤᠭᠲᠠᠮᠠᠯ ᠬᠦᠷᠦᠩᠭᠡ ᠶᠢᠨ ᠪᠡᠯᠡ ᠣᠷᠤᠭᠤᠯᠤᠯᠲᠠ ᠶᠢᠨ ᠨᠡᠮᠡᠭᠳᠡᠯ 7% ᠣᠷᠴᠢᠮ᠂ ᠨᠡᠶᠢᠭᠡᠮ ᠤᠨ ᠬᠡᠷᠡᠭᠯᠡᠭᠡᠨ ᠤ | ᠡᠳ᠋ ᠤᠨ ᠬᠡᠰᠡᠭᠯᠡᠨ ᠪᠤᠷᠤᠯᠠᠭᠤᠯᠤᠭᠰᠠᠨ ᠶᠡᠷᠦᠩᠬᠡᠢ ᠲᠤᠭᠠᠨ ᠤ ᠨᠡᠮᠡᠭᠳᠡᠯ 6.5%᠂ ᠡᠩ ᠤᠨ ᠣᠯᠠᠨ ᠨᠡᠶᠢᠲᠡ ᠶᠢᠨ | ᠲᠦᠰᠦᠪ ᠤᠨ ᠤᠷᠤᠯᠭ᠎ᠠ ᠶᠢᠨ ᠨᠡᠮᠡᠭᠳᠡᠯ 6% ᠣᠷᠴᠢᠮ᠂ ᠬᠤᠲᠠ ᠪᠠᠯᠭᠠᠰᠤᠨ ᠤ ᠪᠠᠶᠢᠩᠭᠤ ᠶᠢᠨ ᠰᠠᠭᠤᠭᠠᠯᠢ | ᠠᠷᠠᠳ ᠤᠨ ᠬᠦᠮᠦᠨ ᠳᠣᠮᠳᠠᠴᠢ ᠶᠢᠨ ᠡᠵᠡᠮᠳᠡᠵᠦ ᠪᠣᠯᠬᠤ ᠣᠷᠤᠯᠭ᠎ᠠ ᠶᠢᠨ ᠨᠡᠮᠡᠭᠳᠡᠯ ᠲᠤᠰᠪᠤᠷᠢ 7% ᠪᠠ 9% | ᠣᠷᠴᠢᠮ᠂ ᠤᠯᠤᠰ᠂ ᠦᠪᠡᠷᠲᠡᠭᠡᠨ ᠵᠠᠰᠠᠬᠤ ᠣᠷᠤᠨ ᠪᠠ ᠤᠯᠠᠭᠠᠨᠬᠠᠳᠠ ᠬᠤᠲᠠ ᠶᠢᠨ ᠲᠤᠭᠲᠠᠭᠠᠭᠰᠠᠨ ᠪᠤᠰᠤᠳ | ᠭᠦᠢᠴᠡᠳᠬᠡᠯ ᠲᠤᠭ᠎ᠠ ᠶᠢ ᠪᠡᠶᠡᠯᠡᠭᠦᠯᠦᠨ᠎ᠡ᠃ ᠳᠡᠭᠡᠷ᠎ᠡ ᠳᠤᠷᠠᠳᠤᠭᠰᠠᠨ ᠬᠠᠷᠠᠯᠲᠠ ᠶᠢ ᠪᠡᠶᠡᠯᠡᠭᠦᠯᠬᠦ ᠶᠢᠨ ᠲᠦᠯᠦᠭᠡ ᠡᠨᠡ | ᠵᠢᠯ ᠳᠤᠯᠤᠭᠠᠨ ᠲᠠᠯ᠎ᠠ ᠶᠢᠨ ᠠᠵᠢᠯ ᠢ ᠰᠠᠶᠢᠲᠤᠷ ᠬᠢᠨ᠎ᠡ᠄ | ︵ᠨᠢᠭᠡ︶ ᠠᠵᠤ ᠠᠬᠤᠢ ᠶᠢᠨ ᠬᠦᠭᠵᠢᠯᠲᠡ ᠶᠢᠨ ᠲᠤᠯᠭᠠᠭᠤᠷᠢᠯᠠᠯ ᠪᠠ ᠠᠮᠢᠵᠢᠷᠠᠯ ᠤᠨ ᠬᠦᠴᠦᠨ ᠢ | ᠴᠢᠩᠭᠠᠳᠬᠠᠨ᠎ᠠ | ᠪᠦᠲᠦᠮᠵᠢᠲᠡᠢ ᠪᠡᠯᠡ ᠣᠷᠤᠭᠤᠯᠤᠯᠲᠠ ᠶᠢ ᠬᠦᠴᠦᠯᠡᠨ ᠦᠷᠭᠡᠳᠬᠡᠨ᠎ᠡ᠃ ᠨᠦᠭᠡᠴᠡ ᠶᠢᠨ ᠬᠡᠮᠵᠢᠶ᠎ᠡ᠂ | ᠨᠡᠮᠡᠭᠳᠡᠯ ᠤᠨ ᠬᠡᠮᠵᠢᠶ᠎ᠡ ᠶᠢ ᠴᠢᠩᠭᠠᠳᠬᠠᠬᠤ ᠡᠨᠡ ᠬᠦ ᠭᠤᠭᠴᠤᠭ᠎ᠠ ᠶᠢ ᠴᠢᠩᠭᠠᠳᠬᠠᠬᠤ ᠲᠣᠭᠤᠷᠢᠨ ᠳᠤ ᠬᠢᠵᠢᠢᠭ ᠤᠨ | ᠪᠠᠶᠢᠳᠠᠯ ᠤᠨ ᠨᠦᠯᠦᠭᠡ ᠳᠤ ᠬᠠᠨᠳᠤᠭᠤᠯᠵᠤ᠂ ᠲᠦᠷᠦᠯ ᠵᠦᠢᠯ ᠤᠨ ᠡᠮᠦᠨᠡᠬᠢ ᠬᠤᠭᠤᠴᠠᠭᠠᠨ ᠤ ᠪᠠ ᠠᠷᠠᠯᠵᠢᠶᠠᠴᠢᠨ | ᠤᠷᠢᠵᠤ ᠪᠡᠯᠡ ᠲᠠᠲᠠᠬᠤ ᠪᠤᠭᠤᠮᠲᠠ ᠰᠢᠪᠲᠤᠯᠬᠤ ᠠᠵᠢᠯᠯᠠᠭᠠᠨ ᠢ ᠦᠷᠨᠢᠭᠦᠯᠵᠦ᠂ ᠵᠢᠩ ᠶᠢᠨ ᠵᠢᠢ᠂ ᠬᠥᠬᠡ | ᠮᠦᠷᠡᠨ ᠤ ᠭᠤᠷᠪᠠᠯᠵᠢᠨ ᠬᠤᠶᠢᠭ᠂ ᠵᠦᠵᠢᠶᠠᠩ ᠮᠦᠷᠡᠨ ᠤ ᠭᠤᠷᠪᠠᠯᠵᠢᠨ ᠬᠤᠶᠢᠭ ᠤᠨ ᠣᠷᠤᠨ ᠵᠡᠷᠭᠡ ᠬᠦᠭᠵᠢᠭᠰᠡᠨ | ᠭᠠᠵᠠᠷ ᠣᠷᠤᠨ ᠤ ᠠᠵᠤ ᠦᠢᠯᠡᠰ ᠤᠨ ᠨᠦᠯᠦᠭᠡ ᠶᠢ ᠬᠦᠷᠲᠡᠬᠦ ᠠᠵᠠ ᠲᠤᠬᠢᠶᠠᠯ ᠢ ᠠᠳᠬᠤᠵᠤ᠂ ︽ | ᠤᠯᠠᠭᠠᠨᠬᠠᠳᠠ ᠶᠢᠨ ᠴᠤᠭᠯᠠᠭᠠᠨ︾ ᠤ ᠬᠤᠯᠪᠤᠭᠠᠰᠤ ᠶᠢᠨ ᠦᠢᠯᠡᠳᠦᠯ ᠢ ᠪᠠᠳᠠᠷᠠᠭᠤᠯᠤᠨ᠂ ᠠᠵᠤ ᠦᠢᠯᠡᠰ ᠤᠨ | ᠰᠢᠯᠵᠢᠯᠲᠡ ᠶᠢ ᠵᠤᠯᠭᠠᠯᠳᠤᠭᠤᠯᠵᠤ᠂ ᠠᠵᠤ ᠦᠢᠯᠡᠰ ᠤᠨ ᠠᠵᠢᠯ ᠤᠨ ᠬᠤᠪᠢᠶᠠᠷᠢᠯᠠᠯ ᠳᠤ ᠣᠷᠤᠯᠴᠠᠵᠤ᠂ ᠭᠠᠵᠠᠷ | ᠣᠷᠤᠨ ᠤ ᠬᠠᠮᠵᠢᠯᠴᠠᠭ᠎ᠠ ᠶᠢ ᠭᠦᠨᠵᠡᠭᠡᠶᠢᠷᠡᠭᠦᠯᠦᠨ᠂ ᠴᠢᠨᠰᠠᠭ᠎ᠠ ᠰᠠᠶᠢᠲᠠᠢ ᠲᠦᠷᠦᠯ ᠵᠦᠢᠯ ᠢ ᠣᠷᠤᠭᠤᠯᠤᠨ᠎ᠠ᠃ | ᠲᠦᠷᠦᠯ ᠵᠦᠢᠯ ᠤᠨ ᠪᠠᠶᠢᠭᠤᠯᠤᠯᠲᠠ ᠶᠢ ᠴᠢᠩᠭ᠎ᠠ ᠠᠳᠬᠤᠵᠤ᠂ 189 ᠲᠦᠷᠦᠯ ᠤᠨ ᠵᠠᠭᠤᠨ ᠲᠦᠮᠡᠨ | ᠲᠦᠭᠦᠷᠢᠭ ᠠᠴᠠ ᠳᠡᠭᠡᠭᠰᠢᠬᠢ ᠭᠤᠤᠯᠳᠠᠯᠭ᠎ᠠ ᠲᠠᠢ ᠲᠦᠷᠦᠯ ᠵᠦᠢᠯ ᠢ ᠬᠡᠷᠡᠭᠵᠢᠭᠦᠯᠵᠦ᠂ 92 ᠳ᠋ᠦᠩᠰᠢᠭᠤᠷ | ᠲᠦᠭᠦᠷᠢᠭ ᠠᠴᠠ ᠳᠡᠭᠡᠭᠰᠢᠬᠢ ᠲᠤᠭᠲᠠᠮᠠᠯ ᠬᠦᠷᠦᠩᠭᠡ ᠶᠢᠨ ᠪᠡᠯᠡ ᠤᠷᠤᠭᠤᠯᠤᠨ᠎ᠠ᠃ ︽ᠠᠷᠪᠠᠨ ᠳᠦᠷᠪᠡᠳᠦᠭᠡᠷ | ᠲᠠᠪᠤᠨ ᠵᠢᠯ︾ ᠤᠨ ᠲᠦᠯᠦᠪᠵᠢᠭᠦᠯᠭᠡ ᠶᠢ ᠦᠨᠳᠦᠷ ᠪᠠᠷᠢᠮᠵᠢᠶ᠎ᠠ ᠪᠠᠷ ᠨᠠᠶᠢᠷᠠᠭᠤᠯᠵᠤ᠂ ᠴᠢᠬᠤᠯᠠ ᠶᠡᠭᠡ | ᠬᠦᠭᠵᠢᠭᠦᠯᠦᠯᠲᠡ ᠶᠢᠨ ᠰᠡᠳᠦᠪ ᠤᠨ ᠰᠤᠳᠤᠯᠭᠠᠨ ᠢ ᠦᠷᠨᠢᠭᠦᠯᠵᠦ᠂ ᠭᠦᠳᠡᠯᠦᠩᠭᠦᠢ ᠪᠠᠷ ᠲᠣᠬᠢᠷᠠᠭᠤᠯᠵᠤ ᠪᠣᠯᠬᠤ | ᠴᠢᠬᠤᠯᠠ ᠶᠡᠭᠡ ᠲᠦᠷᠦᠯ ᠵᠦᠢᠯ ᠤᠨ ᠬᠦᠮᠦᠷᠭᠡ ᠶᠢ ᠪᠠᠶᠢᠭᠤᠯᠤᠨ᠂ ᠨᠢᠭᠡ ᠪᠦᠯᠦᠭ ᠬᠡᠯᠪᠡᠷᠢ ᠶᠢ ᠦᠭᠡᠷᠡᠴᠢᠯᠡᠬᠦ᠂ | ᠰᠢᠨᠵᠢᠯᠡᠭᠡ ᠮᠡᠷᠭᠡᠵᠢᠯ ᠤᠨ ᠰᠢᠨ᠎ᠡ ᠶᠢ ᠡᠭᠦᠳᠬᠦ᠂ ᠤᠯᠠᠨ ᠨᠡᠶᠢᠲᠡ ᠶᠢᠨ ᠦᠢᠯᠡᠴᠢᠯᠡᠭᠡ᠂ ᠰᠠᠭᠤᠷᠢ ᠲᠦᠬᠦᠭᠡᠷᠦᠮᠵᠢ᠂ | ᠠᠷᠠᠳ ᠤᠨ ᠠᠮᠢᠳᠤᠷᠠᠯ ᠢ ᠰᠠᠶᠢᠵᠢᠷᠠᠭᠤᠯᠬᠤ᠂ ᠪᠤᠳᠠᠰ ᠤᠨ ᠨᠦᠭᠡᠴᠡ ᠶᠢᠨ ᠰᠢᠰᠲ᠋ᠧᠮ ᠤᠨ ᠪᠠᠶᠢᠭᠤᠯᠤᠯᠲᠠ ᠵᠡᠷᠭᠡ | ᠴᠢᠬᠤᠯᠠ ᠶᠡᠭᠡ ᠲᠦᠷᠦᠯ ᠵᠦᠢᠯ ᠢ ᠲᠦᠰᠦᠪᠯᠡᠵᠦ᠂ ᠲᠦᠷᠦ ᠶᠢᠨ ᠪᠤᠳᠤᠯᠭ᠎ᠠ᠂ ᠪᠡᠯᠡ ᠮᠦᠩᠭᠦ ᠶᠢᠨ ᠳᠡᠮᠵᠢᠯᠭᠡ ᠶᠢ | ᠣᠯᠵᠤ᠂ ᠠᠵᠠ ᠲᠣᠬᠢᠶᠠᠯ ᠢ ᠠᠳᠬᠤᠨ᠂ ᠬᠦᠴᠦ ᠵᠢᠭᠡᠯᠡᠨ ᠬᠦᠭᠵᠢᠯᠲᠡ ᠶᠢ ᠠᠬᠢᠭᠤᠯᠤᠨ᠎ᠠ᠃ | ᠠᠷᠠᠳ ᠠᠴᠠ ᠡᠵᠡᠩᠨᠡᠭᠰᠡᠨ ᠠᠵᠤ ᠠᠬᠤᠢ ᠶᠢᠨ ᠬᠦᠭᠵᠢᠯᠲᠡ ᠶᠢ ᠳᠡᠮᠵᠢᠨ᠎ᠡ᠃ ᠤᠯᠤᠰ᠂ ᠦᠪᠡᠷᠲᠡᠭᠡᠨ | ᠵᠠᠰᠠᠬᠤ ᠣᠷᠤᠨ᠂ ᠤᠯᠠᠭᠠᠨᠬᠠᠳᠠ ᠬᠤᠲᠠ ᠶᠢᠨ ᠬᠢᠵᠢᠭ ᠤᠨ ᠬᠤᠭᠤᠴᠠᠭᠠᠨ ᠳᠤ ᠭᠠᠷᠭᠠᠭᠰᠠᠨ ︽ᠪᠠᠭᠤᠯᠭᠠᠬᠤ | ᠬᠠᠮᠢᠶᠠᠷᠬᠤ ᠦᠢᠯᠡᠴᠢᠯᠡᠬᠦ︾ ᠲᠦᠷᠦ ᠶᠢᠨ ᠪᠤᠳᠤᠯᠭ᠎ᠠ᠂ ᠠᠷᠭ᠎ᠠ ᠠᠪᠴᠠᠯ ᠢ ᠠᠰᠢᠭᠯᠠᠨ᠂ ᠨᠡᠩ ᠶᠡᠭᠡ ᠬᠦᠴᠦᠯᠡᠴᠡ | ᠪᠦᠬᠦᠢ ᠦᠭᠡᠷᠡᠴᠢᠯᠡᠯᠲᠡ ᠶᠢᠨ ᠠᠷᠭ᠎ᠠ ᠬᠡᠮᠵᠢᠶ᠎ᠡ ᠶᠢ ᠰᠤᠳᠤᠯᠤᠨ ᠲᠤᠭᠲᠠᠭᠠᠵᠤ᠂ ᠦᠢᠯᠡᠴᠢᠯᠡᠭᠡᠨ ᠤ ᠠᠯᠬᠤᠮ | ᠳᠠᠷᠠᠭ᠎ᠠ ᠶᠢ ᠰᠢᠯᠢᠳᠡᠭᠵᠢᠭᠦᠯᠵᠦ᠂ ᠰᠢᠢᠳᠪᠦᠷᠢᠯᠡᠬᠦ ᠴᠠᠭ ᠢ ᠪᠤᠭᠤᠨᠢᠰᠬᠠᠨ᠂ ᠲᠠᠪᠴᠠᠩ ᠤᠨ ᠪᠠᠶᠢᠭᠤᠯᠤᠯᠲᠠ ᠶᠢ | ᠴᠢᠩᠭᠠᠳᠬᠠᠵᠤ᠂ ᠨᠢᠭᠡ ᠴᠤᠩᠬᠤ ᠪᠠᠷ ᠬᠦᠯᠢᠶᠡᠨ ᠰᠢᠢᠳᠪᠦᠷᠢᠯᠡᠵᠦ᠂ ᠰᠦᠯᠵᠢᠶ᠎ᠡ ᠪᠠᠷ ᠢᠯᠭᠤᠮ ᠰᠢᠢᠳᠪᠦᠷᠢᠯᠡᠬᠦ᠂ | ᠨᠢᠭᠡ ᠤᠳᠠᠭ᠎ᠠ ᠳᠤ ᠰᠢᠢᠳᠪᠦᠷᠢᠯᠡᠵᠦ ᠪᠠᠷᠠᠬᠤ ᠶᠢ ᠲᠦᠷᠭᠡᠪᠴᠢᠯᠡᠨ ᠪᠡᠶᠡᠯᠡᠭᠦᠯᠵᠦ᠂ ᠨᠢᠭᠡ ᠯᠡ ᠤᠳᠠᠭ᠎ᠠ ᠳᠤ | ᠰᠢᠢᠳᠪᠦᠷᠢᠯᠡᠵᠦ ᠪᠠᠷᠠᠭᠠᠬᠤ ᠶᠢ ᠠᠭᠠᠵᠢᠮ ᠢᠶᠠᠷ ᠪᠠᠶᠢᠩᠭᠤᠵᠢᠭᠤᠯᠤᠨ᠎ᠠ᠃ ︽ᠲᠦᠷᠦᠯ ᠵᠦᠢᠯ ᠤᠨ ᠬᠠᠮᠢᠶᠠᠷᠤᠭᠴᠢ︾ | ᠶᠢᠨ ᠳᠦᠷᠢᠮ ᠢ ᠨᠠᠶᠢᠳᠠᠪᠤᠷᠢᠵᠢᠭᠤᠯᠵᠤ᠂ ᠵᠠᠰᠠᠭ ᠠᠵᠤ ᠠᠬᠤᠶᠢᠯᠠᠯ ᠮᠦᠩᠭᠦᠨ ᠭᠦᠢᠯᠭᠡᠭᠡᠨ ᠤ ᠪᠠᠶᠢᠭᠤᠯᠤᠮᠵᠢ ᠶᠢᠨ | ᠵᠤᠯᠭᠠᠯᠴᠠᠭ᠎ᠠ ᠪᠠ ᠤᠳᠤᠷᠢᠳᠤᠯᠭ᠎ᠠ ᠳᠠᠭᠠᠭᠠᠴᠢᠯᠠᠨ ᠳᠡᠳᠬᠦᠬᠦ ᠶᠢ ᠪᠠᠶᠢᠩᠭᠤᠵᠢᠭᠤᠯᠤᠨ ᠦᠷᠨᠢᠭᠦᠯᠵᠦ᠂ ᠬᠦᠷᠦᠩᠭᠡ | ᠤᠷᠤᠭᠤᠯᠤᠯᠲᠠ ᠶᠢᠨ ᠬᠦᠴᠢᠷᠳᠡᠯ ᠢ ᠤᠯᠠᠨ ᠠᠷᠭ᠎ᠠ ᠵᠠᠮ ᠢᠶᠠᠷ ᠰᠢᠢᠳᠪᠦᠷᠢᠯᠡᠵᠦ᠂ ᠠᠵᠤ ᠠᠬᠤᠶᠢᠯᠠᠯ ᠤᠨ | ᠬᠦᠴᠢᠷᠳᠡᠯ ᠢ ᠰᠢᠢᠳᠪᠦᠷᠢᠯᠡᠨ᠎ᠡ᠃ | ᠡᠯ᠎ᠡ ᠱᠠᠲᠤᠨ ᠤ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠢ ᠬᠦᠭᠵᠢᠭᠦᠯᠬᠦ ᠲᠦᠷᠦ ᠶᠢᠨ ᠪᠤᠳᠤᠯᠭ᠎ᠠ ᠠᠷᠭ᠎ᠠ | ᠬᠡᠮᠵᠢᠶ᠎ᠡ ᠶᠢ ᠨᠠᠶᠢᠳᠠᠪᠤᠷᠢᠵᠢᠭᠤᠯᠤᠨ᠂ ᠭᠠᠶᠢᠯᠢ ᠶᠢ ᠬᠡᠯᠲᠦᠷᠢᠭᠦᠯᠵᠦ ᠰᠦᠢᠳᠬᠡᠯ ᠢ ᠪᠠᠭᠠᠰᠬᠠᠬᠤ ᠪᠦᠲᠦᠮᠵᠢ ᠶᠢ | ᠦᠷᠭᠡᠳᠬᠡᠪᠡ᠃ ᠠᠵᠤ ᠠᠬᠤᠶᠢᠯᠠᠯ ᠢ ᠳᠡᠮᠵᠢᠵᠦ ᠠᠵᠢᠯ ᠤᠨ ᠪᠠᠶᠢᠷᠢ ᠶᠢ ᠲᠤᠭᠲᠠᠪᠤᠷᠢᠵᠢᠭᠤᠯᠬᠤ ᠲᠡᠮᠵᠢᠯᠭᠡ ᠶᠢᠨ | ᠬᠦᠴᠦᠯᠡᠴᠡ ᠶᠢ ᠨᠡᠮᠡᠭᠳᠡᠭᠦᠯᠵᠦ᠂ ᠬᠢᠵᠢᠭ ᠤᠨ ᠪᠠᠶᠢᠳᠠᠯ ᠤᠨ ᠨᠦᠯᠦᠭᠡ ᠶᠢ ᠬᠦᠷᠲᠡᠵᠦ ᠦᠢᠯᠡᠳᠪᠦᠷᠢᠯᠡᠯ ᠡᠵᠡᠩᠨᠡᠯᠲᠡ | ᠨᠢ ᠬᠦᠴᠢᠷᠳᠡᠯ ᠳᠤ ᠣᠷᠤᠭᠰᠠᠨ ᠠᠵᠤ ᠠᠬᠤᠶᠢᠯᠠᠯ ᠤᠨ ᠡᠷᠡᠭᠦᠯ ᠢᠶᠠᠷ ᠬᠦᠭᠵᠢᠬᠦ ᠶᠢ ᠬᠠᠪᠰᠤᠷᠤᠨ ᠳᠡᠮᠵᠢᠨ᠎ᠡ᠃ | ᠢᠲᠡᠭᠡᠮᠵᠢ ᠶᠢᠨ ᠰᠢᠰᠲ᠋ᠧᠮ ᠤᠨ ᠪᠠᠶᠢᠭᠤᠯᠤᠯᠲᠠ ᠶᠢ ᠲᠡᠭᠦᠯᠳᠡᠷᠵᠢᠭᠦᠯᠵᠦ᠂ ᠠᠵᠤ ᠠᠬᠤᠶᠢᠯᠠᠯ᠂ ᠵᠠᠰᠠᠭ ᠤᠨ ᠣᠷᠳᠤᠨ | ᠬᠤᠶᠠᠷ ᠲᠠᠯ᠎ᠠ ᠠᠴᠠ ᠬᠢᠵᠠᠭᠠᠷᠯᠠᠬᠤ ᠶᠢ ᠬᠡᠷᠡᠭᠵᠢᠭᠦᠯᠦᠨ᠎ᠡ᠃ ︽ᠰᠡᠭᠦᠯ ᠬᠤᠷᠢᠶᠠᠬᠤ ᠠᠵᠢᠯᠯᠠᠭᠠᠨ︾ ᠢ ᠦᠷᠭᠦᠯᠵᠢᠯᠡᠨ | ᠦᠷᠨᠢᠭᠦᠯᠵᠦ᠂ ᠰᠦᠢᠳᠬᠡᠯ ᠬᠤᠷᠢᠶᠠᠬᠤ ᠭᠡᠷᠡᠴᠢᠯᠡᠯ ᠤᠨ ᠤᠴᠢᠷ ᠶᠠᠪᠤᠳᠠᠯ ᠢ ᠭᠦᠨᠵᠡᠭᠡᠶᠢᠷᠡᠭᠦᠯᠦᠨ ᠴᠡᠭᠴᠡᠯᠡᠨ | ᠵᠦᠭᠰᠢᠷᠡᠭᠦᠯᠵᠦ᠂ ᠡᠯ᠎ᠡ ᠲᠦᠷᠦᠯ ᠤᠨ ᠵᠠᠬ᠎ᠠ ᠳᠡᠯᠭᠡᠭᠦᠷ ᠤᠨ ᠭᠤᠤᠯ ᠴᠤᠭᠴᠠ ᠶᠢᠨ ᠰᠠᠨᠠᠭ᠎ᠠ ᠠᠮᠤᠷ ᠪᠡᠯᠡ | ᠣᠷᠤᠭᠤᠯᠵᠤ᠂ ᠰᠡᠳᠬᠢᠯ ᠠᠮᠤᠷ ᠬᠦᠭᠵᠢᠭᠦᠯᠦᠨ᠎ᠡ᠃ | ᠰᠢᠨᠵᠢᠯᠡᠭᠡ ᠮᠡᠷᠭᠡᠵᠢᠯ ᠢᠶᠠᠷ ᠰᠢᠨ᠎ᠡ ᠶᠢ ᠡᠭᠦᠳᠬᠦ ᠬᠦᠳᠡᠯᠭᠡᠬᠦ ᠬᠦᠴᠦᠨ ᠢ ᠴᠢᠩᠭᠠᠳᠬᠠᠨ᠎ᠠ᠃ ᠰᠢᠨ᠎ᠡ ᠶᠢ | ᠡᠭᠦᠳᠬᠦ ᠭᠤᠣᠯ ᠴᠤᠭᠴᠠ ᠶᠢ ᠪᠤᠶᠢᠵᠢᠭᠤᠯᠬᠤ ᠶᠢ ᠠᠬᠢᠭᠤᠯᠤᠨ᠂ ᠲᠦᠷᠦᠯ ᠬᠤᠪᠢᠶᠠᠨ ᠰᠢᠭᠰᠢᠨ ᠰᠤᠩᠭᠤᠵᠤ᠂ | ᠤᠨᠤᠪᠴᠢᠲᠠᠢ ᠳᠡᠮᠵᠢᠵᠦ᠂ ᠠᠵᠤ ᠠᠬᠤᠶᠢᠯᠠᠯ ᠤᠨ ᠦᠪᠡᠷᠲᠡᠭᠡᠨ ᠡᠵᠡᠨ ᠮᠡᠳᠡᠵᠦ ᠰᠢᠨ᠎ᠡ ᠶᠢ ᠡᠭᠦᠳᠬᠦ ᠶᠢ | ᠵᠣᠷᠢᠭᠵᠢᠭᠤᠯᠤᠨ᠂ ᠹᠦ᠋ ᠨᠠ ᠲᠧ᠂ ᠺᠧ ᠹᠧᠩ ᡁᠢ ᠨᠡᠩ ᠵᠡᠷᠭᠡ ᠠᠵᠤ ᠠᠬᠤᠶᠢᠯᠠᠯ ᠤᠨ ᠰᠤᠳᠤᠯᠤᠨ ᠨᠡᠭᠡᠭᠡᠯᠲᠡ ᠶᠢ | ᠳᠡᠰ ᠳᠡᠪᠰᠢᠭᠦᠯᠵᠦ᠂ ᠶᠤᠸᠠᠨ ᠼᠢ ᠰᠢᠨ᠎ᠡ ᠮᠠᠲ᠋ᠧᠷᠢᠶᠠᠯ᠂ ᠫᠦ᠋ ᠺᠠᠩ ᠬᠢᠲᠠᠳ ᠡᠮ ᠤᠨ ᠵᠤᠷ ᠮᠦᠬᠦᠯᠢᠭ ᠢ ᠰᠤᠳᠤᠯᠤᠨ | ᠦᠢᠯᠡᠳᠬᠦ ᠲᠦᠪ ᠤᠨ ᠪᠠᠶᠢᠭᠤᠯᠤᠯᠲᠠ ᠶᠢ ᠠᠬᠢᠭᠤᠯᠵᠤ᠂ ᠰᠤᠷᠢᠨᠵᠢᠨ ᠪᠠᠯ ᠴᠢᠯᠠᠭᠤᠨ ᠠᠯᠺᠧᠨ᠂ ᠰᠢᠨ᠎ᠡ | ᠬᠡᠯᠪᠡᠷᠢ ᠶᠢᠨ 3D ᠳᠠᠷᠤᠮᠯᠠᠯ ᠤᠨ ᠲᠦᠬᠦᠭᠡᠷᠦᠮᠵᠢ ᠵᠡᠷᠭᠡ ᠠᠵᠤ ᠦᠢᠯᠡᠰ ᠤᠨ ᠬᠡᠯᠬᠢᠶᠡᠵᠢᠯ ᠤᠨ ᠮᠡᠷᠭᠡᠵᠢᠯ ᠤᠨ | ᠰᠢᠪᠲᠤᠯᠤᠯᠲᠠ ᠶᠢ ᠴᠢᠩᠭᠠᠳᠬᠠᠵᠤ᠂ ᠰᠢᠨᠵᠢᠯᠡᠭᠡ ᠮᠡᠷᠭᠡᠵᠢᠯ ᠤᠨ ᠦᠷ᠎ᠡ ᠪᠦᠲᠦᠭᠡᠯ ᠢ ᠲᠦᠷᠭᠡᠪᠴᠢᠯᠡᠨ | ᠪᠤᠳᠠᠲᠠᠶᠢᠵᠢᠭᠤᠯᠤᠨ ᠠᠰᠢᠭᠯᠠᠨ᠎ᠠ᠃ ︽ᠴᠢᠳᠠᠪᠤᠷᠢᠲᠠᠨ ᠢ ᠴᠤᠭᠯᠠᠭᠠᠬᠤ ᠢᠨᠵᠧᠨᠧᠷᠢᠩ︾ ᠢ ᠬᠡᠷᠡᠭᠵᠢᠭᠦᠯᠵᠦ᠂ | ᠴᠢᠳᠠᠪᠤᠷᠢᠲᠠᠨ ᠢ ᠬᠦᠮᠦᠵᠢᠭᠦᠯᠬᠦ᠂ ᠦᠨᠡᠯᠡᠨ ᠲᠤᠭᠲᠠᠭᠠᠯᠲᠠ᠂ ᠵᠤᠷᠢᠭᠵᠢᠭᠤᠯᠬᠤ᠂ ᠦᠢᠯᠡᠴᠢᠯᠡᠬᠦ ᠲᠤᠭᠲᠠᠴᠠ ᠶᠢ | ᠲᠡᠭᠦᠯᠳᠡᠷᠵᠢᠭᠦᠯᠦᠨ᠂ ᠳᠡᠭᠡᠳᠦ ᠳᠡᠰ ᠤᠨ ᠴᠢᠳᠠᠪᠤᠷᠢᠲᠠᠨ ᠤ ᠪᠠᠶᠢᠷᠢ᠂ ᠦᠷ᠎ᠡ ᠬᠡᠦᠬᠡᠳ ᠤᠨ ᠰᠤᠷᠭᠠᠭᠤᠯᠢ ᠳᠤ | ᠣᠷᠤᠬᠤ᠂ ᠡᠮᠨᠡᠯᠭᠡ ᠶᠢᠨ ᠪᠠᠲᠤᠯᠠᠭ᠎ᠠ ᠨᠡᠶᠢᠭᠡᠮ ᠤᠨ ᠪᠠᠲᠤᠯᠠᠭ᠎ᠠ ᠵᠡᠷᠭᠡ ᠳᠡᠮᠵᠢᠬᠦ ᠠᠷᠭ᠎ᠠ ᠬᠡᠮᠵᠢᠶ᠎ᠡ ᠶᠢ | ᠨᠠᠶᠢᠳᠠᠪᠤᠷᠢᠵᠢᠭᠤᠯᠵᠤ᠂ ᠡᠯ᠎ᠡ ᠲᠦᠷᠦᠯ ᠤᠨ ᠴᠢᠳᠠᠪᠤᠷᠢᠲᠠᠨ ᠤ ᠤᠷᠤᠰᠢᠨ ᠰᠠᠭᠤᠷᠢᠰᠢᠬᠤ ᠳᠤ ᠪᠠᠲᠤᠯᠠᠭ᠎ᠠ᠂ ᠦᠢᠯᠡᠰ | ᠪᠤᠰᠬᠠᠬᠤ ᠳᠤ ᠲᠠᠪᠴᠠᠩ᠂ ᠬᠦᠭᠵᠢᠯᠲᠡ ᠳᠤ ᠣᠷᠤᠨ ᠵᠠᠢ ᠬᠠᠩᠭᠠᠨ᠎ᠠ᠃ | ︵ᠬᠤᠶᠠᠷ︶ ᠠᠵᠤ ᠦᠢᠯᠡᠰ ᠤᠨ ᠬᠦᠭᠵᠢᠯᠲᠡ ᠶᠢᠨ ᠪᠦᠬᠦᠯᠢ ᠴᠤᠭᠴᠠ ᠶᠢᠨ ᠬᠢᠷᠢ ᠲᠦᠪᠰᠢᠨ ᠢ | ᠳᠡᠭᠡᠭᠰᠢᠯᠡᠭᠦᠯᠦᠨ᠎ᠡ | ᠦᠢᠯᠡᠴᠢᠯᠡᠭᠡᠨ ᠤ ᠦᠢᠯᠡᠰ ᠤᠨ ᠬᠡᠯᠪᠡᠷᠢ ᠶᠢ ᠬᠤᠪᠢᠷᠠᠭᠠᠨ ᠳᠡᠰ ᠳᠡᠪᠰᠢᠭᠦᠯᠬᠦ ᠶᠢ ᠠᠬᠢᠭᠤᠯᠤᠨ᠎ᠠ᠃ ᠵᠠᠬ᠎ᠠ | ᠳᠡᠯᠭᠡᠭᠦᠷ ᠤᠨ ᠲᠤᠭᠲᠠᠴᠠ ᠶᠢᠨ ᠦᠢᠯᠡᠳᠦᠯ ᠢ ᠪᠠᠳᠠᠷᠠᠭᠤᠯᠤᠨ᠂ ᠬᠡᠷᠡᠭᠯᠡᠭᠡ ᠳᠤ ᠰᠡᠳᠡᠯᠲᠡ ᠦᠭᠴᠦ ᠳᠡᠮᠵᠢᠬᠦ | ᠲᠦᠷᠦ ᠶᠢᠨ ᠪᠤᠳᠤᠯᠭ᠎ᠠ ᠶᠢ ᠲᠤᠭᠲᠠᠭᠠᠵᠤ᠂ ᠬᠡᠷᠡᠭᠯᠡᠭᠡ ᠶᠢ ᠨᠦᠬᠦᠪᠦᠷᠢᠯᠡᠬᠦ ᠪᠠ ᠨᠢᠭᠤᠭᠳᠠᠮᠠᠯ ᠬᠦᠴᠦᠨ ᠢ | ᠢᠯᠡᠷᠡᠭᠦᠯᠬᠦ ᠶᠢ ᠠᠬᠢᠭᠤᠯᠤᠨ᠂ ᠰᠢᠨ᠎ᠡ ᠬᠡᠯᠪᠡᠷᠢ ᠶᠢᠨ ᠬᠡᠷᠡᠭᠯᠡᠭᠡ᠂ ᠳᠡᠰ ᠳᠡᠪᠰᠢᠭᠰᠡᠨ ᠬᠡᠷᠡᠭᠯᠡᠭᠡ ᠶᠢ ᠪᠤᠶᠢᠵᠢᠭᠤᠯᠤᠨ | ᠪᠤᠵᠠᠭᠠᠶᠢᠷᠠᠭᠤᠯᠤᠨ᠎ᠠ᠃ ︽ᠲᠤᠰᠬᠠᠶᠢᠵᠢᠭᠰᠠᠨ︾ ︽ᠰᠤᠳᠤᠨ︾ ᠵᠠᠬ᠎ᠠ ᠳᠡᠯᠭᠡᠭᠦᠷ ᠢ ᠨᠡᠶᠢᠳᠬᠡᠨ ᠪᠤᠶᠢᠵᠢᠭᠤᠯᠵᠤ᠂ | ᠲᠤᠰᠬᠠᠶᠢᠵᠢᠭᠰᠠᠨ ᠵᠠᠬ᠎ᠠ ᠳᠡᠯᠭᠡᠭᠦᠷ ᠤᠨ ᠪᠠᠶᠢᠭᠤᠯᠤᠯᠲᠠ ᠪᠠᠷ ᠦᠢᠯᠡᠴᠢᠯᠡᠭᠡᠨ ᠤ ᠦᠢᠯᠡᠰ ᠤᠨ ᠡᠷᠡᠭᠦᠯ | ᠬᠦᠭᠵᠢᠯᠲᠡ ᠶᠢ ᠬᠦᠲᠦᠯᠦᠨ ᠳᠠᠭᠠᠭᠤᠯᠤᠨ᠎ᠠ᠃ ᠬᠤᠲᠠ ᠶᠢᠨ ᠰᠡᠯᠡᠭᠦᠴᠡᠯ ᠬᠤᠲᠠ ᠵᠡᠭᠡᠯᠢ ᠶᠢ ᠪᠠᠶᠢᠭᠤᠯᠬᠤ ᠪᠠᠷ | ᠭᠠᠷᠳᠠᠴᠠ ᠪᠣᠯᠭᠠᠨ ᠶᠠᠪᠠᠭᠠᠨ ᠵᠡᠭᠡᠯᠢ ᠶᠢ ᠦᠭᠡᠷᠡᠴᠢᠯᠡᠨ ᠪᠠᠶᠢᠭᠤᠯᠵᠤ ᠳᠡᠰ ᠳᠡᠪᠰᠢᠭᠦᠯᠬᠦ ᠨᠢᠭᠡᠳᠦᠭᠡᠷ ᠬᠤᠭᠤᠴᠠᠭᠠᠨ ᠤ | ᠢᠨᠵᠧᠨᠧᠷᠢᠩ ᠢ ᠬᠡᠷᠡᠭᠵᠢᠭᠦᠯᠵᠦ᠂ ᠶᠠᠪᠠᠭᠠᠨ ᠵᠡᠭᠡᠯᠢ ᠶᠢᠨ ᠭᠤᠤᠯᠯᠠᠭᠴᠢ ᠬᠡᠰᠡᠭ ᠤᠨ ᠤᠷᠤᠨ ᠵᠠᠢ ᠶᠢᠨ | ᠦᠭᠡᠷᠡᠴᠢᠯᠡᠯᠲᠡ ᠶᠢ ᠠᠬᠢᠭᠤᠯᠤᠨ᠂ ᠵᠦᠩ ᠯᠢᠶᠠᠨ ᠰᠢᠨ᠎ᠡ ᠱᠢ ᠵᠢᠢ᠂ ᠸᠧᠢ ᠳ᠋ᠦᠸᠧ ᠯᠢ ᠮᠦᠸᠧ ᠡᠯ ᠴᠧᠩ ᠤᠨ | ᠪᠠᠶᠢᠭᠤᠯᠤᠯᠲᠠ ᠶᠢ ᠲᠦᠷᠭᠡᠪᠴᠢᠯᠡᠨᠡ᠃ ᠬᠠᠯᠠᠮᠰᠢᠯ ᠢ ᠪᠤᠶᠢᠵᠢᠭᠤᠯᠬᠤ ᠢᠨᠵᠧᠨᠧᠷᠢᠩ ᠢ ᠬᠡᠷᠡᠭᠵᠢᠭᠦᠯᠦᠨ᠂ ᠰᠤᠶᠤᠯ | ᠲᠠᠮᠢᠷ᠂ ᠵᠢᠭᠤᠯᠴᠢᠯᠠᠯ ᠰᠡᠯᠡᠭᠦᠴᠡᠯ᠂ ᠢᠳᠡᠭᠡᠨ ᠤᠮᠳᠠᠭᠠᠨ ᠪᠠᠶᠠᠷ ᠨᠠᠭᠠᠳᠤᠮ ᠤᠨ ᠵᠦᠢᠯᠡᠰ ᠵᠡᠷᠭᠡ ᠡᠬᠢ ᠪᠠᠶᠠᠯᠢᠭ ᠢ | ᠨᠡᠶᠢᠳᠬᠡᠵᠦ᠂ ᠤᠨᠴᠠᠯᠢᠭᠲᠤ ᠵᠡᠭᠡᠯᠢ᠂ ᠰᠦᠨᠢ ᠶᠢᠨ ᠬᠤᠭᠤᠯᠠᠨ ᠲᠢᠩᠬᠢᠮ ᠵᠡᠷᠭᠡ ᠶᠢ ᠲᠦᠯᠦᠪᠵᠢᠭᠦᠯᠵᠦ᠂ | ᠰᠦᠯᠵᠢᠶᠡᠨ ᠳᠤ ᠠᠯᠳᠠᠷᠰᠢᠯ ᠲᠠᠢ ᠠᠵᠤ ᠠᠬᠤᠢ᠂ ᠰᠦᠨᠢ ᠶᠢᠨ ᠠᠵᠤ ᠠᠬᠤᠢ ᠶᠢ ᠬᠦᠭᠵᠢᠭᠦᠯᠦᠨ᠎ᠡ᠃ ᠬᠡᠷᠡᠭᠯᠡᠭᠡᠨ ᠤ | 5G ᠮᠡᠷᠭᠡᠵᠢᠯ ᠢ ᠲᠦᠭᠡᠮᠡᠯᠵᠢᠭᠦᠯᠦᠨ᠂ ᠡᠯᠧᠺᠲᠷᠣᠨ ᠠᠷᠠᠯᠵᠢᠶᠠᠨ ᠤ ᠶᠠᠪᠤᠳᠠᠯ ᠪᠠ ᠪᠤᠳᠠᠲᠤ ᠠᠵᠤ ᠠᠬᠤᠢ ᠶᠢᠨ | ᠭᠦᠨᠵᠡᠭᠡᠢ ᠠᠭᠤᠰᠤᠯᠴᠠᠬᠤ ᠶᠢ ᠠᠬᠢᠭᠤᠯᠵᠤ᠂ ᠬᠡᠷᠡᠭᠯᠡᠭᠡᠨ ᠤ ᠦᠢᠯᠡᠰ ᠢ ᠳᠡᠰ ᠳᠡᠪᠰᠢᠭᠦᠯᠬᠦ ᠶᠢ ᠠᠬᠢᠭᠤᠯᠤᠨ᠂ | ᠠᠷᠠᠯᠵᠢᠶ᠎ᠠ ᠬᠤᠳᠠᠯᠳᠤᠭᠠᠨ ᠤ ᠭᠤᠤᠯᠯᠠᠭᠴᠢ ᠲᠣᠭᠤᠷᠢᠭ ᠤᠨ ᠪᠠᠶᠢᠷᠢ ᠰᠠᠭᠤᠷᠢ ᠪᠠᠨ ᠪᠠᠲᠤᠵᠢᠭᠤᠯᠤᠨ᠎ᠠ᠃ ᠪᠠᠷᠠᠭᠠᠨ | ᠭᠦᠢᠯᠭᠡᠭᠡᠨ ᠤ ᠬᠦᠷᠢᠶᠡᠯᠡᠩ ᠲᠣᠭᠤᠷᠢᠭ ᠤᠨ ᠲᠤᠰᠬᠠᠶᠢᠵᠢᠭᠰᠠᠨ ᠵᠠᠬ᠎ᠠ ᠳᠡᠯᠭᠡᠭᠦᠷ ᠤᠨ ᠲᠦᠪᠯᠡᠷᠡᠭᠰᠡᠨ ᠣᠷᠤᠨ ᠢ | ᠪᠠᠶᠢᠭᠤᠯᠬᠤ ᠪᠠᠷ ᠭᠠᠷᠳᠠᠴᠠ ᠪᠣᠯᠭᠠᠨ᠂ ᠵᠡᠭᠦᠨ ᠬᠤᠶᠢᠳᠤ ᠣᠷᠤᠨ ᠤ ᠪᠠᠭᠤᠳᠠᠯ ᠤᠨ ᠬᠡᠷᠡᠭᠯᠡᠭᠡᠨ ᠤ ᠡᠳ᠋ ᠤᠨ | ᠲᠤᠰᠬᠠᠶᠢᠵᠢᠭᠰᠠᠨ ᠵᠠᠬ᠎ᠠ ᠶᠢᠨ ᠪᠠᠶᠢᠭᠤᠯᠤᠯᠲᠠ ᠶᠢ ᠲᠦᠷᠭᠡᠪᠴᠢᠯᠡᠵᠦ᠂ ᠵᠦᠩ ᠬᠤᠤ᠂ ᠡᠸ᠋ᠨ ᡁᠢ ᠪᠠᠷᠠᠭᠠᠨ | ᠭᠦᠢᠯᠭᠡᠭᠡᠨ ᠤ ᠲᠦᠪᠯᠡᠷᠡᠨ ᠬᠦᠭᠵᠢᠬᠦ ᠶᠢ ᠠᠬᠢᠭᠤᠯᠵᠤ᠂ ᠵᠢᠦ ᠲᠦᠩ ᠪᠠᠷᠠᠭᠠᠨ ᠭᠦᠢᠯᠭᠡᠭᠡᠨ᠂ ᠲᠢᠶᠠᠨ ᠴᠢ | ᠰᠢᠨᠵᠢᠯᠡᠭᠡ ᠮᠡᠷᠭᠡᠵᠢᠯ ᠤᠨ ᠬᠤᠲᠠ ᠶᠢᠨ ᠡᠬᠢ ᠪᠠᠶᠠᠯᠢᠭ ᠢ ᠨᠡᠶᠢᠳᠬᠡᠬᠦ ᠶᠢ ᠵᠣᠷᠢᠭᠵᠢᠭᠤᠯᠤᠨ᠂ ᠰᠠᠭᠤᠭᠠᠯᠢ ᠠᠷᠠᠳ ᠤᠨ | ᠠᠮᠢᠳᠤᠷᠠᠯ ᠤᠨ ᠲᠦᠷᠦᠯ ᠤᠨ ᠡᠳ᠋ ᠪᠠᠷᠠᠭᠠᠨ ᠤ ᠲᠠᠯᠠᠪᠠᠢ ᠶᠢ ᠪᠠᠶᠢᠭᠤᠯᠵᠤ ᠠᠰᠢᠭᠯᠠᠯᠲᠠ ᠳᠤ ᠣᠷᠤᠭᠤᠯᠬᠤ ᠶᠢ | ᠠᠬᠢᠭᠤᠯᠵᠤ᠂ ᠮᠠᠰᠢᠨ ᠵᠠᠰᠠᠵᠤ ᠰᠡᠯᠪᠢᠬᠦ᠂ ᠳᠠᠯᠠᠢ ᠶᠢᠨ ᠢᠳᠡᠭᠡᠨ ᠠᠮᠤ ᠲᠤᠰᠤ ᠵᠡᠷᠭᠡ ᠵᠠᠬ᠎ᠠ ᠳᠡᠯᠭᠡᠭᠦᠷ ᠢ | ᠰᠢᠯᠢᠳᠡᠭᠵᠢᠭᠦᠯᠵᠦ ᠳᠡᠰ ᠳᠡᠪᠰᠢᠭᠦᠯᠬᠦ ᠶᠢ ᠬᠦᠲᠦᠯᠦᠨ ᠵᠢᠯᠤᠭᠤᠳᠴᠤ᠂ ᠠᠷᠠᠯᠵᠢᠶ᠎ᠠ ᠬᠤᠳᠠᠯᠳᠤᠭ᠎ᠠ ᠪᠠᠷᠠᠭᠠᠨ | ᠭᠦᠢᠯᠭᠡᠭᠡᠨ ᠤ ᠲᠦᠪᠯᠡᠷᠡᠭᠦᠯᠵᠦ ᠲᠠᠷᠬᠠᠭᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ᠃ ᠬᠢᠯᠢ ᠠᠯᠤᠰᠯᠠᠭᠰᠠᠨ ᠡᠯᠧᠺᠲᠷᠣᠨ | ᠬᠤᠳᠠᠯᠳᠤᠭᠠᠨ ᠤ ᠶᠠᠪᠤᠳᠠᠯ ᠤᠨ ᠶᠡᠷᠦᠩᠬᠡᠶᠢᠯᠡᠭᠰᠡᠨ ᠲᠤᠷᠰᠢᠯᠲᠠ ᠶᠢᠨ ᠣᠷᠤᠨ ᠳᠤ ᠲᠦᠰᠢᠭᠯᠡᠵᠦ᠂ ᠶᠤᠸᠠᠨ ᠲᠦᠩ | ᠭᠦᠸᠧ ᠵᠢᠢ ᠲᠠᠢ ᠬᠠᠮᠵᠢᠯᠴᠠᠭ᠎ᠠ ᠪᠠᠨ ᠴᠢᠩᠭᠠᠳᠬᠠᠨ᠂ ᠭᠠᠶᠢᠯᠢ ᠪᠠᠲᠤᠯᠠᠬᠤ ᠲᠠᠸᠠᠷ ᠤᠨ ᠬᠢᠯᠢ ᠦᠩᠭᠡᠷᠡᠬᠦ ᠬᠡᠯᠪᠡᠷᠢ ᠶᠢ | ᠳᠡᠰ ᠳᠡᠪᠰᠢᠭᠦᠯᠵᠦ᠂ ᠤᠯᠠᠭᠠᠨᠬᠠᠳᠠ ᠶᠢᠨ ᠤᠯᠠᠨ ᠤᠯᠤᠰ ᠤᠨ ᠲᠠᠸᠠᠷ ᠢ ᠬᠤᠳᠠᠯᠳᠤᠨ ᠠᠪᠬᠤ ᠲᠠᠪᠴᠠᠩ ᠤᠨ | ᠴᠢᠳᠠᠮᠵᠢ ᠶᠢ ᠦᠷᠭᠡᠳᠬᠡᠵᠦ᠂ ᠭᠠᠳᠠᠭᠠᠲᠤ ᠠᠴᠠ ᠣᠷᠤᠭᠤᠯᠵᠤ ᠭᠠᠷᠭᠠᠬᠤ ᠲᠠᠸᠠᠷ ᠤᠨ ᠠᠷᠠᠯᠵᠢᠶ᠎ᠠ ᠬᠤᠳᠠᠯᠳᠤᠭᠠᠨ ᠤ | ᠵᠠᠬ᠎ᠠ ᠶᠢ ᠪᠠᠶᠢᠭᠤᠯᠤᠨ᠎ᠠ᠃ ᠸᠧᠨ ᠵᠦᠩ ᠬᠡᠰᠡᠭ ᠤᠨ ᠲᠤᠰᠬᠠᠶᠢᠵᠢᠭᠰᠠᠨ ᠵᠠᠬ᠎ᠠ ᠳᠡᠯᠭᠡᠭᠦᠷ ᠤᠨ ᠲᠦᠪᠯᠡᠷᠡᠯ ᠤᠨ | ᠣᠷᠤᠨ ᠢ ᠪᠠᠶᠢᠭᠤᠯᠬᠤ ᠪᠠᠷ ᠭᠠᠷᠳᠠᠴᠠ ᠪᠣᠯᠭᠠᠨ᠂ ᠲᠢᠶᠠᠨ ᠷᠦᠢ ᠵᠠᠰᠠᠯ ᠴᠢᠮᠡᠭᠯᠡᠯ ᠪᠠᠷᠢᠯᠭ᠎ᠠ ᠶᠢᠨ ᠮᠠᠲ᠋ᠧᠷᠢᠶᠠᠯ ᠤᠨ | ᠵᠠᠬ᠎ᠠ᠂ ᠲᠢᠶᠠᠨ ᠹᠧᠩ ᠠᠷᠠᠯᠵᠢᠶ᠎ᠠ ᠬᠤᠳᠠᠯᠳᠤᠭᠠᠨ ᠤ ᠬᠤᠲᠠ ᠶᠢᠨ ᠬᠤᠶᠠᠳᠤᠭᠠᠷ ᠬᠤᠭᠤᠴᠠᠭ᠎ᠠ ᠶᠢ ᠪᠠᠶᠢᠭᠤᠯᠵᠤ᠂ | ᠴᠢᠶᠠᠨ ᠰᠢ᠂ ᠳ᠋ᠠ ᠹᠦ᠋᠂ ᠲᠢᠶᠠᠨ ᠶᠤᠸᠠᠢ ᠵᠡᠷᠭᠡ ᠵᠠᠬ᠎ᠠ ᠳᠡᠯᠭᠡᠭᠦᠷ ᠤᠨ ᠲᠦᠪᠯᠡᠷᠡᠬᠦ ᠶᠢ ᠬᠦᠲᠦᠯᠦᠨ ᠵᠢᠯᠤᠭᠤᠳᠤᠨ᠎ᠠ᠃ | ᠵᠡᠭᠡᠯᠢ ᠭᠤᠳᠤᠮ ᠬᠦᠷᠢᠶᠡᠨ ᠳᠠᠬᠢ ᠵᠠᠬ᠎ᠠ ᠳᠡᠯᠭᠡᠭᠦᠷ ᠢ ᠳᠡᠰ ᠳᠡᠪᠰᠢᠭᠦᠯᠬᠦ ᠶᠢ ᠬᠡᠷᠡᠭᠵᠢᠭᠦᠯᠵᠦ᠂ ᠠᠮᠢᠳᠤᠷᠠᠯ ᠤᠨ | ᠬᠡᠷᠡᠭᠯᠡᠭᠡᠨ ᠤ ᠦᠢᠯᠡᠰ ᠤᠨ ᠪᠠᠶᠢᠷᠢᠯᠠᠭᠤᠯᠤᠯᠲᠠ ᠶᠢ ᠰᠢᠯᠢᠳᠡᠭᠵᠢᠭᠦᠯᠵᠦ᠂ ᠨᠢᠭᠡᠲᠦᠯᠲᠡᠢ ᠲᠦᠯᠦᠪᠦᠷᠢᠯᠡᠵᠦ ᠲᠤᠭᠠᠴᠠᠭ᠎ᠠ | ᠬᠢᠬᠦ ᠶᠢ ᠠᠬᠢᠭᠤᠯᠵᠤ᠂ ᠵᠠᠬ᠎ᠠ ᠳᠡᠯᠭᠡᠭᠦᠷ ᠤᠨ ᠬᠦᠭᠵᠢᠯᠲᠡ ᠶᠢᠨ ᠠᠮᠢᠵᠢᠷᠠᠯ ᠤᠨ ᠬᠦᠴᠦᠨ ᠢ ᠴᠢᠩᠭᠠᠷᠠᠭᠤᠯᠤᠨ᠎ᠠ᠃ | ᠬᠤᠲᠠ ᠶᠢᠨ ︽ᠲᠦᠪ ᠤᠨ ᠲᠤᠭᠤᠭᠠᠨ ᠭᠡᠷ︾ ᠤᠨ ᠪᠠᠶᠢᠷᠢ ᠶᠢ ᠳᠤᠪᠤᠶᠢᠯᠭᠠᠵᠤ᠂ ᠬᠤᠩᠱᠠᠨ ᠦᠵᠡᠮᠦᠷᠢ ᠶᠢᠨ | ᠴᠡᠴᠡᠭ ᠤᠨ ᠵᠠᠬ᠎ᠠ ᠶᠢᠨ ᠪᠠᠶᠢᠭᠤᠯᠤᠯᠲᠠ ᠶᠢ ᠡᠬᠢᠯᠡᠭᠦᠯᠵᠦ᠂ ᠵᠦᠩ ᠡᠾᠧ ᠲᠠᠷᠢᠶᠠᠯᠠᠩ ᠤᠨ ᠪᠡᠯᠡ ᠤᠷᠤᠭᠤᠯᠤᠯᠲᠠ | ᠲᠠᠷᠢᠶᠠᠯᠠᠩ ᠬᠤᠳᠠᠯᠳᠤᠭᠠᠨ ᠤ ᠡᠯᠧᠺᠲᠷᠣᠨ ᠪᠠᠷᠠᠭᠠᠨ ᠭᠦᠢᠯᠭᠡᠭᠡᠨ ᠤ ᠬᠦᠷᠢᠶᠡᠯᠡᠩ ᠢ ᠨᠠᠶᠢᠳᠠᠪᠤᠷᠢᠵᠢᠭᠤᠯᠵᠤ᠂ ᠰᠢ | ᠴᠧᠩ ᠵᠠᠬ᠎ᠠ ᠳᠡᠯᠭᠡᠭᠦᠷ ᠪᠠ ᠲᠦᠪ ᠬᠤᠲᠠ ᠲᠣᠭᠤᠷᠢᠭ ᠤᠨ ᠲᠠᠷᠢᠶᠠᠯᠠᠩ ᠤᠨ ᠪᠡᠯᠡ ᠤᠷᠤᠭᠤᠯᠤᠯᠲᠠ | ᠬᠤᠳᠠᠯᠳᠤᠭᠠᠴᠢᠨ ᠡᠷᠦᠬᠡ ᠶᠢ ᠣᠷᠤᠭᠤᠯᠵᠤ᠂ ᠪᠤᠬᠢᠷᠳᠤᠯ ᠦᠭᠡᠢ ᠢᠳᠡᠭᠡᠨ ᠤ ᠠᠵᠤ ᠦᠢᠯᠡᠰ ᠤᠨ | ᠬᠦᠷᠢᠶᠡᠯᠡᠩ ᠠᠴᠠ ᠬᠤᠲᠠ ᠶᠢᠨ ᠲᠣᠬᠢᠷᠠᠭᠤᠯᠤᠨ ᠬᠦᠷᠭᠡᠯᠲᠡ ᠶᠢᠨ ᠲᠦᠪ ᠪᠠ ᠡᠯᠧᠺᠲᠷᠣᠨ ᠬᠤᠳᠠᠯᠳᠤᠭᠠᠨ ᠤ | ᠬᠤᠪᠢᠶᠠᠷᠢᠯᠠᠬᠤ ᠲᠦᠪ ᠪᠣᠯᠭᠠᠨ ᠦᠭᠡᠷᠡᠴᠢᠯᠡᠨ᠎ᠡ᠃ ᠮᠦᠩᠭᠦᠨ ᠭᠦᠢᠯᠭᠡᠭᠡᠨ ᠤ ᠵᠢᠵᠢᠭ ᠪᠠᠯᠭᠠᠰᠤᠨ ᠤ ᠬᠤᠶᠠᠳᠤᠭᠠᠷ | ᠬᠤᠭᠤᠴᠠᠭᠠᠨ ᠤ ᠪᠠᠶᠢᠭᠤᠯᠤᠯᠲᠠ ᠶᠢ ᠳᠡᠮᠵᠢᠵᠦ᠂ ᠡᠯ᠎ᠡ ᠲᠦᠷᠦᠯ ᠤᠨ ᠮᠦᠩᠭᠦᠨ ᠭᠦᠢᠯᠭᠡᠭᠡᠨ ᠤ ᠠᠵᠤ | ᠠᠬᠤᠶᠢᠯᠠᠯ ᠤᠨ ᠣᠷᠤᠵᠤ ᠰᠠᠭᠤᠷᠢᠰᠢᠬᠤ ᠶᠢ ᠲᠦᠷᠭᠡᠳᠬᠡᠨ᠂ ᠶᠡᠷᠦᠩᠬᠡᠢ ᠬᠡᠯᠲᠡᠰ ᠤᠨ ᠠᠵᠤ ᠠᠬᠤᠢ ᠶᠢ | ᠬᠦᠭᠵᠢᠭᠦᠯᠦᠨ᠎ᠡ᠃ | ᠠᠵᠤ ᠦᠢᠯᠡᠳᠪᠦᠷᠢ ᠶᠢᠨ ᠠᠵᠤ ᠠᠬᠤᠢ ᠶᠢᠨ ᠴᠢᠨᠰᠠᠭ᠎ᠠ ᠶᠢ ᠳᠡᠭᠡᠭᠰᠢᠯᠡᠭᠦᠯᠦᠨ ᠪᠦᠲᠦᠮᠵᠢ ᠶᠢ | ᠨᠡᠮᠡᠭᠳᠡᠭᠦᠯᠬᠦ ᠶᠢ ᠠᠬᠢᠭᠤᠯᠤᠨ᠎ᠠ᠃ ᠨᠢᠭᠤᠭᠳᠠᠮᠠᠯ ᠬᠦᠴᠦᠨ ᠢ ᠠᠭᠤᠳᠠᠯᠤᠨ᠂ ᠰᠠᠭᠤᠷᠢ ᠶᠢ ᠪᠠᠲᠤᠳᠬᠠᠵᠤ | ᠲᠤᠲᠠᠭᠳᠠᠯ ᠢᠶᠠᠨ ᠨᠦᠬᠦᠪᠦᠷᠢᠯᠡᠵᠦ᠂ ᠳᠠᠪᠠᠭᠤᠯᠢᠭ ᠢᠶᠠᠨ ᠪᠠᠳᠠᠷᠠᠭᠤᠯᠤᠨ ᠨᠡᠮᠡᠭᠳᠡᠭᠦᠯᠵᠦ᠂ ᠬᠡᠪᠴᠢᠶᠡᠵᠢᠯ ᠠᠴᠠ | ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠲᠡᠭ ᠢ 7.5% ᠠᠴᠠ ᠳᠡᠭᠡᠭᠰᠢ ᠨᠡᠮᠡᠭᠳᠡᠭᠦᠯᠦᠨ᠎ᠡ᠃ ᠡᠮ | ᠡᠮᠨᠡᠯᠭᠡ ᠶᠢᠨ ᠰᠢᠯᠢᠳᠡᠭ ᠬᠡᠯᠬᠢᠶᠡᠵᠢᠯ ᠢ ᠠᠬᠢᠭᠤᠯᠤᠨ᠂ ᠳᠠᠭᠤᠷᠢᠶᠠᠮᠠᠯ ᠡᠮ᠂ ᠮᠦᠬᠦᠯᠢᠭᠲᠦ ᠡᠮ ᠵᠡᠷᠭᠡ ᠰᠢᠨ᠎ᠡ ᠡᠮ ᠤᠨ | ᠪᠦᠲᠦᠭᠡᠭᠳᠡᠭᠦᠨ ᠤ ᠲᠦᠷᠦᠯ ᠵᠦᠢᠯ ᠢ ᠬᠡᠷᠡᠭᠵᠢᠭᠦᠯᠵᠦ᠂ ᠤᠯᠠᠭᠠᠨᠬᠠᠳᠠ ᠶᠢᠨ ᠡᠮ ᠤᠨ ᠦᠢᠯᠡᠰ ᠤᠨ ᠬᠤᠲᠠ ᠠᠴᠠ | ᠤᠬᠤᠷᠢᠨ ᠬᠦᠷᠢᠶᠡᠯᠡᠩ ᠳᠤ ᠣᠷᠤᠬᠤ ᠶᠢ ᠪᠡᠶᠡᠯᠡᠭᠦᠯᠵᠦ᠂ ᠤᠯᠠᠮᠵᠢᠯᠠᠯᠲᠤ ᠡᠮ ᠡᠮᠨᠡᠯᠭᠡ ᠶᠢᠨ ᠦᠢᠯᠡᠰ ᠢ ᠭᠦᠨᠵᠡᠭᠡᠢ | ᠰᠤᠳᠤᠯᠤᠨ ᠨᠢᠭᠲᠠᠯᠠᠵᠤ ᠠᠮᠢᠵᠢᠷᠠᠯ ᠤᠨ ᠬᠦᠴᠦᠨ ᠢ ᠪᠢᠯᠬᠠᠭᠤᠯᠬᠤ ᠶᠢ ᠬᠦᠲᠦᠯᠦᠨ ᠵᠢᠯᠤᠭᠤᠳᠤᠨ᠎ᠠ᠃ ᠹᠦᠯᠯᠧᠨ᠂ | ᠹᠦᠯᠧᠷ ᠠᠯᠺᠤᠤᠯ ᠢ ᠬᠡᠮᠵᠢᠶᠡᠯᠡᠨ ᠦᠢᠯᠡᠳᠪᠦᠷᠢᠯᠡᠬᠦ ᠶᠢ ᠪᠡᠶᠡᠯᠡᠭᠦᠯᠵᠦ᠂ ᠭᠧᠨ ᠤ ᠪᠠᠶᠢᠴᠠᠭᠠᠯᠲᠠ᠂ ᠤᠨᠤᠰᠢᠯᠠᠬᠤ | ᠤᠷᠪᠠᠯᠵᠢ᠂ ᠠᠮᠢᠳᠤ ᠪᠤᠳᠠᠰ ᠤᠨ ᠮᠠᠲ᠋ᠧᠷᠢᠶᠠᠯ ᠤᠨ ᠦᠢᠯᠡᠳᠪᠦᠷᠢᠯᠡᠯ ᠤᠨ ᠬᠡᠪᠴᠢᠶᠡᠵᠢᠯ ᠢ ᠨᠡᠮᠡᠭᠳᠡᠭᠦᠯᠵᠦ᠂ ᠠᠮᠢᠳᠤ | ᠪᠤᠳᠠᠰ ᠤᠨ ᠡᠮ ᠡᠮᠨᠡᠯᠭᠡ ᠶᠢᠨ ᠠᠵᠤ ᠦᠢᠯᠡᠰ ᠤᠨ ᠲᠦᠪᠯᠡᠷᠡᠨ ᠬᠤᠷᠠᠬᠤ᠂ ᠦᠷ᠎ᠡ ᠠᠰᠢᠭ ᠢ ᠳᠡᠭᠡᠭᠰᠢᠯᠡᠭᠦᠯᠬᠦ ᠶᠢ | ᠲᠦᠷᠭᠡᠪᠴᠢᠯᠡᠨᠡ᠃ ᠡᠯᠧᠺᠲᠷᠣᠨ ᠲᠤᠭᠲᠠᠮᠠᠯ ᠬᠡᠯᠬᠢᠶ᠎ᠡ ᠶᠢ ᠠᠬᠢᠭᠤᠯᠤᠨ᠂ ᠲᠦᠸᠧ ᠵᠢᠶᠠ ᠡᠯᠧᠺᠲᠷᠣᠨ᠂ ᠺᠧ | ᠹᠧᠩ 3D ᠳᠠᠷᠤᠮᠯᠠᠯ ᠵᠡᠷᠭᠡ ᠲᠤᠠᠬᠠᠶᠢᠵᠢᠭᠰᠠᠨ ᠬᠦᠷᠢᠶᠡᠯᠡᠩ ᠲᠣᠭᠤᠷᠢᠭ ᠲᠤ ᠲᠦᠰᠢᠭᠯᠡᠨ᠂ ᠵᠢᠶᠠ ᠱᠧᠩ | ᠡᠯᠧᠺᠲᠷᠣᠨ᠂ ᠡᠾᠩ ᠯᠢ ᠬᠡᠮᠵᠢᠭᠦᠷᠯᠢᠭ ᠵᠡᠷᠭᠡ ᠡᠯᠧᠺᠲᠷᠣᠨ ᠲᠦᠬᠦᠭᠡᠷᠦᠮᠵᠢ᠂ ᠮᠠᠲ᠋ᠧᠷᠢᠶᠠᠯ ᠨᠡᠮᠡᠭᠳᠡᠭᠦᠯᠵᠦ | ᠦᠢᠯᠡᠳᠬᠦ ᠲᠦᠷᠦᠯ ᠵᠦᠢᠯ ᠢ ᠬᠡᠷᠡᠭᠵᠢᠭᠦᠯᠵᠦ᠂ ᠤᠶᠤᠨᠴᠢ ᠦᠵᠦᠭᠦᠷ᠂ ᠡᠮᠦᠰᠴᠦ ᠵᠡᠭᠦᠬᠦ ᠦᠢᠯᠡᠳᠬᠦᠨ ᠤ ᠪᠦᠬᠦ | ᠠᠵᠤ ᠦᠢᠯᠡᠰ ᠤᠨ ᠬᠡᠯᠬᠢᠶᠡᠵᠢᠭᠰᠡᠨ ᠦᠢᠯᠡᠳᠪᠦᠷᠢᠯᠡᠯ ᠢ ᠬᠦᠲᠦᠯᠦᠨ ᠵᠢᠯᠤᠭᠤᠳᠤᠨ᠎ᠠ᠃ ᠨᠡᠬᠡᠮᠡᠯ ᠤᠨ ᠦᠢᠯᠡᠰ ᠤᠨ | ᠨᠦᠬᠦᠪᠦᠷᠢ ᠬᠡᠯᠬᠢᠶ᠎ᠡ ᠶᠢ ᠠᠬᠢᠭᠤᠯᠤᠨ᠂ ᠬᠤᠪᠴᠠᠰᠤ ᠦᠢᠯᠡᠳᠬᠦ ᠵᠠᠩᠭᠢᠯᠠᠭ᠎ᠠ ᠶᠢᠨ ᠮᠡᠷᠭᠡᠵᠢᠯ ᠰᠤᠳᠤᠯᠤᠨ | ᠨᠡᠭᠡᠭᠡᠯᠲᠡ ᠶᠢ ᠴᠢᠩᠭᠠᠳᠬᠠᠵᠤ᠂ ᠨᠤᠤᠰᠤᠨ ᠨᠡᠬᠡᠮᠡᠯ ᠤᠨ ᠨᠠᠷᠢᠯᠢᠭ ᠡᠰᠬᠡᠬᠦ᠂ ᠳᠡᠭᠡᠳᠦ ᠳᠡᠰ ᠤᠨ ᠵᠠᠬᠢᠶᠠᠯᠠᠭ᠎ᠠ ᠪᠠᠷ | ᠦᠢᠯᠡᠳᠬᠦ ᠵᠡᠷᠭᠡ ᠦᠨᠳᠦᠷ ᠨᠡᠮᠡᠭᠳᠡᠯ ᠦᠷᠲᠡᠭ ᠪᠦᠬᠦᠢ ᠲᠦᠷᠦᠯ ᠵᠦᠢᠯ ᠢ ᠬᠡᠷᠡᠭᠵᠢᠭᠦᠯᠵᠦ᠂ ᠨᠡᠬᠡᠮᠡᠯ ᠤᠨ ᠠᠵᠤ | ᠦᠢᠯᠡᠰ ᠤᠨ ᠵᠠᠬ᠎ᠠ ᠳᠡᠯᠭᠡᠭᠦᠷ ᠤᠨ ᠦᠷᠢᠰᠦᠯᠳᠦᠬᠦ ᠬᠦᠴᠦᠨ ᠢ ᠨᠡᠮᠡᠭᠳᠡᠭᠦᠯᠦᠨ᠎ᠡ᠃ ᠪᠤᠬᠢᠷᠳᠤᠯ ᠦᠭᠡᠢ ᠶᠢᠨ ᠳᠡᠰ ᠢ | ᠳᠡᠪᠰᠢᠭᠦᠯᠬᠦ ᠶᠢ ᠠᠬᠢᠭᠤᠯᠵᠤ᠂ ᠶᠢᠨ ᠵᠢᠶᠠᠨ ᠬᠦᠷᠡᠯ ᠤᠨ ᠦᠢᠯᠡᠰ ᠤᠨ ᠬᠤᠲᠠ ᠠᠴᠠ ᠤᠬᠤᠷᠢᠨ ᠬᠦᠷᠢᠶᠡᠯᠡᠩ ᠳᠤ | ᠣᠷᠣᠬᠤ ᠶᠢ ᠪᠡᠶᠡᠯᠡᠭᠦᠯᠵᠦ᠂ ᠲᠡᠮᠦᠷᠯᠢᠭ ᠪᠣᠯᠪᠠᠰᠤᠷᠠᠭᠤᠯᠬᠤ ᠠᠵᠤ ᠠᠬᠤᠶᠢᠯᠠᠯ ᠤᠨ ᠮᠡᠷᠭᠡᠵᠢᠯ ᠢ ᠦᠭᠡᠷᠡᠴᠢᠯᠡᠨ ᠳᠡᠰ | ᠳᠡᠪᠰᠢᠭᠦᠯᠬᠦ ᠶᠢ ᠳᠡᠮᠵᠢᠨ᠎ᠡ᠃ ᠠᠵᠤ ᠦᠢᠯᠡᠳᠪᠦᠷᠢ ᠶᠢᠨ ᠢᠨᠲ᠋ᠧᠷ ᠰᠦᠯᠵᠢᠶ᠎ᠡ᠂ ᠤᠶᠤᠨᠴᠢ ᠬᠦᠷᠢᠶᠡᠯᠡᠩ ᠲᠣᠭᠤᠷᠢᠭ | ᠵᠡᠷᠭᠡ ᠵᠠᠩᠭᠢᠯᠠᠭ᠎ᠠ ᠶᠢᠨ ᠲᠠᠪᠴᠠᠩ ᠢ ᠪᠠᠶᠢᠭᠤᠯᠵᠤ᠂ ︽ᠲᠦᠮᠡᠨ ᠠᠵᠤ ᠠᠬᠤᠶᠢᠯᠠᠯ ᠢ ᠡᠭᠦᠯᠡᠨᠴᠢᠯᠡᠬᠦ︾ ᠶᠢ | ᠠᠬᠢᠭᠤᠯᠤᠨ᠂ ᠠᠵᠤ ᠠᠬᠤᠶᠢᠯᠠᠯ ᠤᠨ ᠣᠶᠤᠨ ᠴᠢᠳᠠᠪᠤᠷᠢ ᠶᠢᠨ ᠬᠡᠯᠪᠡᠷᠢ ᠶᠢ ᠬᠤᠪᠢᠷᠠᠭᠠᠬᠤ ᠶᠢ ᠬᠦᠴᠦᠯᠡᠨ ᠳᠡᠮᠵᠢᠨ᠎ᠡ᠃ | ᠲᠠᠪᠴᠠᠩ ᠢᠶᠠᠷ ᠰᠠᠭᠤᠷᠢᠰᠢᠭᠤᠯᠬᠤ ᠶᠢ ᠠᠬᠢᠭᠤᠯᠤᠨ᠂ ᠵᠢᠦ ᠵᠢᠦ ᠡᠮ ᠡᠮᠨᠡᠯᠭᠡ᠂ ᠡᠸ᠋ᠨ ᠧᠦ ᠰᠢᠨᠵᠢᠯᠡᠭᠡ | ᠮᠡᠷᠭᠡᠵᠢᠯ ᠤᠨ ᠬᠤᠶᠠᠳᠤᠭᠠᠷ ᠬᠤᠭᠤᠴᠠᠭᠠᠨ ᠤ ᠠᠵᠤ ᠦᠢᠯᠡᠰ ᠤᠨ ᠬᠦᠷᠢᠶᠡᠯᠡᠩ ᠢ ᠪᠠᠶᠢᠭᠤᠯᠤᠨ᠎ᠠ᠃ ᠤᠭᠰᠠᠷᠠᠮᠠᠯ | ᠮᠠᠶ᠋ᠢᠭ ᠤᠨ ᠪᠠᠷᠢᠯᠭ᠎ᠠ ᠶᠢᠨ ᠦᠢᠯᠡᠳᠪᠦᠷᠢᠯᠡᠯ ᠤᠨ ᠰᠠᠭᠤᠷᠢᠨ ᠭᠠᠵᠠᠷ ᠤᠨ ᠪᠠᠶᠢᠭᠤᠯᠤᠯᠲᠠ ᠶᠢ ᠳᠡᠮᠵᠢᠨ᠎ᠡ᠃ ᠳᠡᠭᠡᠳᠦ | ᠰᠢᠨ᠎ᠡ ᠲᠣᠭᠤᠷᠢᠭ ᠤᠨ ᠠᠵᠤ ᠠᠬᠤᠶᠢᠯᠠᠯ ᠤᠨ ᠨᠡᠪᠴᠢᠭᠦᠯᠦᠭᠦᠷ ᠤᠨ ᠴᠢᠳᠠᠮᠵᠢ ᠶᠢ ᠲᠡᠭᠦᠯᠳᠡᠷᠵᠢᠭᠦᠯᠦᠨ᠂ ᠰᠢᠨ᠎ᠡ ᠶᠢ | ᠡᠭᠦᠳᠬᠦ ᠦᠢᠯᠡᠰ ᠪᠤᠰᠬᠠᠬᠤ ᠡᠭᠦᠳᠦᠨ ᠪᠦᠲᠦᠭᠡᠬᠦ ᠲᠠᠲᠠᠬᠤ ᠬᠦᠴᠦᠨ ᠢ ᠴᠢᠩᠭᠠᠷᠠᠭᠤᠯᠤᠨ᠎ᠠ᠃ ᠡᠭᠦᠯᠡᠨ | ᠪᠤᠳᠤᠯᠲᠠ ᠶᠢᠨ ᠲᠦᠪ ᠤᠨ ᠠᠴᠢᠶᠠᠯᠠᠬᠤ ᠴᠢᠳᠠᠪᠤᠷᠢ ᠶᠢ ᠳᠡᠭᠡᠭᠰᠢᠯᠡᠭᠦᠯᠵᠦ᠂ ᠬᠤᠸᠠ ᠸᠧᠢ ᠡᠭᠦᠯᠡᠨ ᠲᠠᠪᠴᠠᠩ᠂ | ᠵᠢᠩ ᠳ᠋ᠦᠩ ᠡᠭᠦᠯᠡᠨ ᠰᠠᠭᠤᠷᠢᠨ ᠢ ᠪᠠᠶᠢᠭᠤᠯᠤᠨ᠎ᠠ᠃ | ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠤᠷᠰᠢᠯᠲᠠ ᠶᠢᠨ ᠣᠷᠤᠨ ᠵᠢᠱᠢᠶ᠎ᠡ ᠦᠵᠡᠭᠦᠯᠬᠦ | ᠪᠦᠰᠡ ᠶᠢᠨ ᠪᠠᠶᠢᠭᠤᠯᠤᠯᠲᠠ ᠶᠢ ᠲᠦᠷᠭᠡᠪᠴᠢᠯᠡᠨᠡ᠃ ᠲᠤᠷᠰᠢᠯᠲᠡ ᠶᠢᠨ ᠣᠷᠤᠨ ᠵᠢᠱᠢᠶ᠎ᠡ ᠦᠵᠡᠭᠦᠯᠬᠦ ᠪᠦᠰᠡ ᠶᠢᠨ | ᠴᠢᠳᠠᠮᠵᠢ ᠶᠢᠨ ᠢᠵᠢ ᠪᠦᠷᠢᠳᠦᠬᠦ ᠶᠢ ᠲᠡᠭᠦᠯᠳᠡᠷᠵᠢᠭᠦᠯᠦᠨ᠂ ᠲᠠᠷᠢᠶᠠᠯᠠᠩ ᠵᠢᠭᠤᠯᠴᠢᠯᠠᠯ ᠰᠤᠶᠤᠯ ᠵᠢᠭᠤᠯᠴᠢᠯᠠᠯ ᠤᠨ | ᠪᠦᠲᠦᠭᠡᠭᠳᠡᠭᠦᠨ ᠪᠠ ᠦᠢᠯᠡᠴᠢᠯᠡᠭᠡᠨ ᠤ ᠬᠠᠩᠭᠠᠯᠭ᠎ᠠ ᠬᠡᠷᠡᠭᠴᠡᠭᠡ ᠶᠢᠨ ᠴᠢᠨᠰᠠᠭ᠎ᠠ ᠶᠢ ᠳᠡᠭᠡᠭᠰᠢᠯᠡᠭᠦᠯᠵᠦ᠂ | ᠬᠡᠷᠡᠭᠯᠡᠭᠡᠨ ᠤ ᠬᠤᠷᠠᠨ ᠲᠦᠪᠯᠡᠷᠡᠬᠦ ᠶᠢ ᠲᠦᠷᠭᠡᠪᠴᠢᠯᠡᠨ ᠲᠠᠲᠠᠨ᠎ᠠ᠃ ᠰᠢᠯᠢᠳᠡᠭ ᠬᠦᠳᠡᠭᠡ ᠲᠤᠰᠬᠤᠨ ᠤ | ᠵᠢᠭᠤᠯᠴᠢᠯᠠᠯ ᠢ ᠳᠡᠰ ᠳᠡᠪᠰᠢᠭᠦᠯᠬᠦ ᠠᠵᠢᠯᠯᠠᠭᠠᠨ ᠢ ᠦᠷᠨᠢᠭᠦᠯᠵᠦ᠂ ᠰᠧᠦ ᠲᠢᠶᠠᠨ ᠤᠳᠤ ᠦᠶ᠎ᠡ ᠶᠢᠨ ᠲᠠᠷᠢᠶᠠᠯᠠᠩ ᠤᠨ | ᠲᠠᠯᠠᠪᠠᠢ᠂ ᠶᠢᠨ ᠡᠾᠧ ᠲᠠᠷᠢᠶᠠᠯᠠᠩ ᠤᠨ ᠠᠵᠤ ᠦᠢᠯᠡᠰ ᠤᠨ ᠬᠦᠷᠢᠶᠡᠯᠡᠩ ᠢ ᠪᠠᠶᠢᠭᠤᠯᠵᠤ᠂ ᠶᠠᠩ ᠵᠢᠶᠠ ᠸᠠᠨ | ᠬᠦᠳᠡᠭᠡ ᠲᠤᠰᠬᠤᠨ ᠤ ᠶᠡᠷᠦᠩᠬᠡᠶᠢᠯᠡᠭᠰᠡᠨ ᠴᠤᠭᠴᠠ᠂ ᠳ᠋ᠤᠤ ᠭᠦ᠋ ᠡᠮᠦᠨ᠎ᠡ ᠠᠭᠤᠯᠠᠨ ᠤ ᠰᠡᠯᠡᠭᠦᠴᠡᠯ ᠵᠤᠭᠠᠴᠠᠯ ᠤᠨ | ᠲᠦᠪ ᠤᠨ ᠡᠵᠡᠩᠨᠡᠯᠲᠡ ᠶᠢ ᠠᠬᠢᠭᠤᠯᠵᠤ᠂ ᠵᠢᠭᠤᠯᠴᠢᠯᠠᠯ ᠤᠨ ᠵᠠᠰᠠᠮᠠᠯ ᠵᠠᠮ ᠳᠠᠭᠠᠤ ᠦᠵᠡᠮᠵᠢ ᠶᠢᠨ ᠴᠢᠨᠠᠷ ᠳᠠᠰ ᠢ | ᠳᠡᠭᠡᠭᠰᠢᠯᠡᠭᠦᠯᠵᠦ᠂ ᠰᠢᠯᠢᠳᠡᠭ ᠬᠦᠳᠡᠭᠡ ᠶᠢᠨ ᠵᠢᠭᠤᠯᠴᠢᠯᠠᠯ ᠤᠨ ᠵᠠᠮ ᠢ ᠪᠠᠶᠢᠭᠤᠯᠤᠨ᠎ᠠ᠃ ᠤᠳᠤ ᠦᠶ᠎ᠡ ᠶᠢᠨ | ᠲᠠᠷᠢᠶᠠᠯᠠᠩ ᠤᠨ ᠠᠵᠤ ᠦᠢᠯᠡᠰ ᠤᠨ ᠬᠦᠷᠢᠶᠡᠯᠡᠩ ᠢ ᠲᠦᠯᠦᠪᠵᠢᠭᠦᠯᠵᠦ᠂ ᠦᠨᠳᠦᠷ ᠦᠷ᠎ᠡ ᠠᠰᠢᠭᠲᠤ ᠤᠰᠤ | ᠠᠷᠪᠢᠯᠠᠬᠤ ᠲᠠᠷᠢᠶᠠᠯᠠᠩ ᠢ ᠳᠡᠮᠵᠢᠨ᠂ ᠦᠵᠡᠮᠦᠷᠢ ᠶᠢᠨ ᠴᠡᠴᠡᠭ᠂ ᠬᠢᠲᠠᠳ ᠡᠮ᠂ ᠵᠢᠮᠢᠰ ᠨᠤᠭᠤᠭ᠎ᠠ ᠪᠦᠳᠦᠭᠦᠯᠢᠭ | ᠠᠮᠤ ᠶᠢᠨ ᠤᠨᠴᠠᠯᠢᠭᠲᠤ ᠠᠵᠤ ᠦᠢᠯᠡᠰ ᠤᠨ ᠬᠡᠪᠴᠢᠶ᠎ᠡ ᠶᠢ ᠦᠷᠭᠡᠳᠬᠡᠵᠦ᠂ ᠬᠦᠲᠦᠯ ᠤᠨ ᠲᠠᠷᠢᠶᠠᠨ ᠭᠠᠵᠠᠷ᠂ | ᠬᠠᠭᠤᠷᠠᠢ ᠲᠠᠷᠢᠶᠠᠯᠠᠩ ᠤᠨ ᠦᠵᠡᠮᠵᠢ ᠶᠢᠨ ᠪᠦᠰᠡ ᠶᠢ ᠪᠠᠶᠢᠭᠤᠯᠵᠤ᠂ ᠲᠠᠷᠢᠶᠠᠯᠠᠩ ᠵᠢᠭᠤᠯᠴᠢᠯᠠᠯ ᠠᠭᠤᠰᠤᠯᠴᠠᠭᠰᠠᠨ | ᠵᠢᠱᠢᠶ᠎ᠡ ᠦᠵᠡᠭᠦᠯᠬᠦ ᠣᠷᠤᠨ ᠢ ᠪᠠᠶᠢᠭᠤᠯᠤᠨ᠎ᠠ᠃ ᠵᠢᠭᠤᠯᠴᠢᠯᠠᠯ ᠤᠨ ᠪᠦᠲᠦᠭᠡᠭᠳᠡᠭᠦᠨ ᠢ ᠰᠤᠳᠤᠯᠤᠨ ᠨᠡᠭᠡᠭᠡᠬᠦ | ᠠᠵᠢᠯᠯᠠᠭᠠᠨ ᠢ ᠦᠷᠨᠢᠭᠦᠯᠵᠦ᠂ ᠬᠦᠮᠦᠨ ᠰᠤᠶᠤᠯ ᠤᠨ ᠡᠯᠧᠮᠧᠨ᠋ᠲ ᠢ ᠭᠦᠢᠴᠡᠳ ᠠᠭᠤᠳᠠᠯᠵᠤ᠂ ᠲᠦᠷᠦᠯ ᠵᠦᠢᠯ ᠤᠨ | ᠡᠵᠡᠩᠨᠡᠯᠲᠡ ᠶᠢᠨ ᠲᠦᠯᠦᠪ ᠢ ᠪᠠᠶᠠᠯᠢᠭᠵᠢᠭᠤᠯᠤᠨ᠂ ᠠᠷᠠᠳ ᠠᠴᠠ ᠡᠵᠡᠩᠨᠡᠭᠰᠡᠨ ᠮᠦᠽᠸᠢ ᠶᠢᠨ ᠪᠠᠶᠢᠭᠤᠯᠤᠯᠲᠠ ᠶᠢ | ᠳᠡᠮᠵᠢᠵᠦ᠂ ᠨᠡᠩ ᠣᠯᠠᠨ ᠵᠠᠬ᠎ᠠ ᠳᠡᠯᠭᠡᠭᠦᠷ ᠤᠨ ᠲᠤᠲᠠᠭᠤ ᠶᠢ ᠨᠦᠬᠦᠪᠦᠷᠢᠯᠡᠭᠰᠡᠨ ᠵᠢᠭᠤᠯᠴᠢᠯᠠᠯ ᠤᠨ | ᠪᠦᠲᠦᠭᠡᠭᠳᠡᠭᠦᠨ ᠢ ᠨᠡᠭᠡᠭᠡᠵᠦ᠂ ᠰᠤᠶᠤᠯ ᠤᠨ ᠡᠭᠦᠳᠦᠯᠲᠡ ᠶᠢᠨ ᠠᠵᠤ ᠦᠢᠯᠡᠰ ᠢ ᠪᠤᠶᠢᠵᠢᠭᠤᠯᠤᠨ ᠬᠦᠭᠵᠢᠭᠦᠯᠦᠨ᠎ᠡ᠃ | ᠲᠤᠰᠬᠠᠶᠢᠵᠢᠭᠰᠠᠨ ᠡᠵᠡᠩᠨᠡᠯᠲᠡ ᠶᠢᠨ ᠪᠦᠯᠬᠦᠮ ᠢ ᠲᠠᠲᠠᠨ ᠣᠷᠤᠭᠤᠯᠵᠤ᠂ ᠵᠢᠭᠤᠯᠴᠢᠯᠠᠯ ᠤᠨ ᠵᠠᠰᠠᠮᠠᠯ ᠵᠠᠮ ᠳᠠᠭᠠᠤ | ᠰᠢᠯᠢᠳᠡᠭ ᠵᠠᠩ ᠵᠠᠩᠰᠢᠯ ᠤᠨ ᠲᠤᠰᠬᠤᠨ ᠢ ᠦᠭᠡᠷᠡᠴᠢᠯᠡᠨ ᠪᠠᠶᠢᠭᠤᠯᠵᠤ ᠪᠠᠶᠢᠷᠢᠯᠠᠭᠤᠯᠬᠤ ᠶᠢ ᠬᠦᠲᠦᠯᠦᠨ | ᠵᠢᠯᠤᠭᠤᠳᠴᠤ᠂ ᠵᠢᠭᠤᠯᠴᠢᠯᠠᠯ ᠤᠨ ᠦᠢᠯᠡᠴᠢᠯᠡᠭᠡᠨ ᠤ ᠲᠦᠯᠦᠪ ᠢ ᠪᠠᠶᠠᠯᠢᠭᠵᠢᠭᠤᠯᠤᠨ᠎ᠠ᠃ ᠢᠵᠢ ᠪᠦᠷᠢᠳᠦᠭᠰᠡᠨ | ᠰᠠᠭᠤᠷᠢ ᠲᠦᠬᠦᠭᠡᠷᠦᠮᠵᠢ ᠶᠢ ᠳᠡᠰ ᠳᠡᠪᠰᠢᠭᠦᠯᠬᠦ ᠠᠵᠢᠯᠯᠠᠭᠠᠨ ᠢ ᠦᠷᠨᠢᠭᠦᠯᠵᠦ᠂ ᠵᠢᠭᠤᠯᠴᠢᠯᠠᠯ ᠤᠨ ᠵᠠᠰᠠᠮᠠᠯ ᠵᠠᠮ | ᠳᠠᠭᠠᠤ ︽ᠲᠠᠪᠤᠨ ᠲᠤᠤᠷᠵᠢᠯ ᠲᠤᠰᠬᠤᠨ ᠳᠤ ᠨᠡᠪᠲᠡᠷᠡᠬᠦ︾ ᠶᠢ ᠲᠦᠷᠭᠡᠪᠴᠢᠯᠡᠨ᠂ ᠰᠠᠭᠤᠷᠢ ᠪᠠᠲᠤᠯᠠᠭ᠎ᠠ ᠶᠢᠨ | ᠴᠢᠳᠠᠪᠤᠷᠢ ᠶᠢ ᠳᠡᠭᠡᠭᠰᠢᠯᠡᠭᠦᠯᠦᠨ᠎ᠡ᠃ ᠦᠢᠯᠡᠴᠢᠯᠡᠭᠡᠨ ᠤ ᠢᠵᠢ ᠪᠦᠷᠢᠳᠦᠬᠦ ᠶᠢ ᠲᠡᠭᠦᠯᠳᠡᠷᠵᠢᠭᠦᠯᠦᠨ᠂ ᠢᠯᠡᠭᠦᠴᠡ ᠡᠬᠢ | ᠪᠠᠶᠠᠯᠢᠭ ᠢ ᠨᠡᠶᠢᠳᠬᠡᠨ ᠠᠰᠢᠭᠯᠠᠵᠤ᠂ ᠵᠢᠭᠤᠯᠴᠢᠯᠠᠯ ᠦᠢᠯᠡᠴᠢᠯᠡᠭᠡᠨ ᠤ ᠲᠦᠪ᠂ ᠵᠢᠭᠤᠯᠴᠢᠯᠠᠯ ᠤᠨ ᠤᠯᠠᠭ᠎ᠠ | ᠦᠷᠲᠡᠭᠡ ᠶᠢ ᠦᠭᠡᠷᠡᠴᠢᠯᠡᠨ ᠪᠠᠶᠢᠭᠤᠯᠵᠤ᠂ ᠵᠢᠭᠤᠯᠴᠢᠯᠠᠯ ᠤᠨ ᠵᠣᠷᠯᠤᠩ᠂ ᠮᠠᠰᠢᠨ ᠲᠡᠷᠭᠡᠨ ᠤ ᠬᠠᠮᠲᠤᠪᠡᠷ ᠡᠳ᠋ᠯᠡᠬᠦ | ᠠᠪᠤᠷᠠᠯᠲᠠ ᠶᠢᠨ ᠲᠦᠪ ᠲᠤᠬᠢᠷᠠᠭᠤᠯᠵᠤ᠂ ᠲᠦᠷᠭᠡᠨ ᠵᠢᠭᠤᠯᠴᠢᠯᠠᠵᠤ ᠲᠠᠶᠢᠪᠤᠩ ᠠᠶᠠᠯᠠᠬᠤ ᠦᠢᠯᠡᠴᠢᠯᠡᠭᠡᠨ ᠤ | ᠰᠢᠰᠲ᠋ᠧᠮ ᠢ ᠪᠠᠶᠢᠭᠤᠯᠤᠨ᠎ᠠ᠃ ᠦᠢᠯᠡᠴᠢᠯᠡᠭᠡᠨ ᠤ ᠴᠢᠳᠠᠪᠤᠷᠢ ᠶᠢ ᠳᠡᠭᠡᠭᠰᠢᠯᠡᠭᠦᠯᠬᠦ ᠠᠵᠢᠯᠯᠠᠭᠠᠨ ᠢ ᠦᠷᠨᠢᠭᠦᠯᠵᠦ᠂ | ᠵᠢᠭᠤᠯᠴᠢᠯᠠᠯ ᠤᠨ ᠦᠢᠯᠡᠴᠢᠯᠡᠭᠡᠨ ᠤ ᠳᠦᠷᠢᠮᠵᠢᠭᠰᠡᠨ ᠪᠠᠶᠢᠭᠤᠯᠤᠯᠲᠠ ᠶᠢ ᠴᠢᠩᠭᠠᠳᠬᠠᠵᠤ᠂ ᠵᠢᠭᠤᠯᠴᠢᠯᠠᠯ ᠤᠨ | ᠦᠢᠯᠡᠴᠢᠯᠡᠭᠡᠨ ᠤ ᠮᠡᠷᠭᠡᠵᠢᠯ ᠤᠨ ᠪᠤᠯᠪᠠᠰᠤᠷᠠᠭᠤᠯᠤᠯ ᠢ ᠴᠢᠩᠭᠠᠳᠬᠠᠨ᠂ ᠦᠢᠯᠡᠴᠢᠯᠡᠭᠡᠨ ᠤ ᠲᠤᠰᠬᠠᠶᠢᠵᠢᠭᠰᠠᠨ | ᠲᠦᠪᠰᠢᠨ ᠢ ᠳᠡᠭᠡᠭᠰᠢᠯᠡᠭᠦᠯᠦᠨ᠎ᠡ᠃ ᠪᠦᠬᠦ ᠤᠷᠤᠨ ᠬᠡᠴᠡ ᠶᠢᠨ ᠵᠢᠭᠤᠯᠴᠢᠯᠠᠯ ᠤᠨ ᠳᠡᠰ ᠳᠡᠪᠰᠢᠭᠦᠯᠬᠦ | ᠲᠦᠯᠦᠪᠯᠡᠭᠡ ᠶᠢ ᠲᠤᠭᠲᠠᠭᠠᠨ᠂ ᠦᠨᠡᠯᠡᠨ ᠲᠤᠭᠲᠠᠭᠠᠬᠤ ᠪᠠᠷᠢᠮᠵᠢᠶ᠎ᠠ ᠶᠢ ᠴᠢᠩᠭ᠎ᠠ ᠲᠤᠭᠲᠠᠭᠠᠵᠤ᠂ ᠵᠢᠭᠤᠯᠴᠢᠯᠠᠯ | ᠦᠢᠯᠡᠴᠢᠯᠡᠭᠡᠨ ᠤ ᠣᠷᠴᠢᠨ ᠢ ᠰᠢᠯᠢᠳᠡᠭᠵᠢᠭᠦᠯᠦᠨ᠎ᠡ᠃ ᠵᠢᠭᠤᠯᠴᠢᠯᠠᠯ ᠤᠨ ᠡᠵᠡᠩᠨᠡᠨ ᠪᠤᠷᠤᠯᠠᠭᠤᠯᠬᠤ ᠶᠢ | ᠳᠡᠭᠡᠭᠰᠢᠯᠡᠭᠦᠯᠬᠦ ᠠᠵᠢᠯᠯᠠᠭᠠᠨ ᠢ ᠦᠷᠨᠢᠭᠦᠯᠵᠦ᠂ ᠬᠠᠮ ᠵᠠᠭᠤᠴᠢᠯᠠᠭᠤᠷ ᠤᠨ ᠲᠦᠪ ᠤᠨ ᠦᠢᠯᠡᠳᠦᠯ ᠢ ᠪᠠᠳᠠᠷᠠᠭᠤᠯᠤᠨ᠂ | ᠬᠠᠭᠤᠯᠵᠤ ᠲᠠᠨᠢᠯᠴᠠᠭᠤᠯᠬᠤ ᠶᠢ ᠴᠢᠩᠭᠠᠳᠬᠠᠵᠤ᠂ ︽ᠡᠷᠲᠡᠨ ᠤ ᠬᠡᠮᠨᠡᠯᠲᠤ ᠬᠤᠩᠱᠠᠨ᠂ ᠰᠠᠭᠤᠭᠳᠠᠯ ᠰᠠᠶᠢᠲᠤ | ᠤᠯᠠᠭᠠᠨᠬᠠᠳᠠ︾ ᠲᠠᠸᠠᠷ ᠤᠨ ᠲᠡᠮᠳᠡᠭᠲᠦ ᠶᠢᠨ ᠦᠷᠲᠡᠭ ᠢ ᠳᠡᠭᠡᠭᠰᠢᠯᠡᠭᠦᠯᠦᠨ᠎ᠡ᠃ | ︵ᠭᠤᠷᠪᠠ︶ ᠠᠵᠤ ᠦᠢᠯᠡᠰ ᠬᠤᠲᠠ ᠠᠭᠤᠰᠤᠯᠴᠠᠨ ᠬᠦᠭᠵᠢᠬᠦ ᠪᠠᠶᠢᠷᠢᠰᠢᠯ ᠢ ᠪᠦᠷᠢᠯᠳᠦᠭᠦᠯᠦᠨ᠎ᠡ | ᠠᠵᠤ ᠦᠢᠯᠡᠰ ᠬᠤᠲᠠ ᠠᠭᠤᠰᠤᠯᠴᠠᠨ ᠬᠤᠯᠪᠤᠭᠠᠯᠠᠬᠤ ᠶᠢ ᠠᠬᠢᠭᠤᠯᠤᠨ᠎ᠠ᠃ ᠳᠡᠭᠡᠳᠦ ᠬᠤᠷᠳᠤ ᠶᠢᠨ | ᠲᠡᠮᠦᠷ ᠵᠠᠮ ᠨᠡᠪᠲᠡᠷᠡᠭᠰᠡᠨ ᠠᠴᠠ ᠡᠭᠦᠰᠴᠦ ᠮᠡᠳᠡᠬᠦ ᠲᠤᠩᠭᠤᠷᠤᠤ ᠭᠤᠤᠷᠰᠤᠨ ᠰᠤᠷᠤᠬᠤ ᠦᠢᠯᠡᠴᠢᠯᠡᠭᠡ ᠶᠢ ᠭᠦᠢᠴᠡᠳ | ᠲᠠᠨᠢᠵᠤ᠂ ︽ᠭᠤᠷᠪᠠᠨ ᠣᠷᠤᠨ ᠭᠤᠷᠪᠠᠨ ᠱᠤᠭᠤᠮ︾ ᠤᠨ ᠬᠤᠪᠢᠶᠠᠷᠢᠯᠠᠯᠲᠠ ᠲᠠᠢ ᠤᠶᠠᠯᠳᠤᠭᠤᠯᠤᠨ᠂ ᠠᠵᠤ | ᠦᠢᠯᠡᠰ ᠬᠤᠲᠠ ᠠᠭᠤᠰᠤᠯᠴᠠᠨ ᠬᠦᠭᠵᠢᠬᠦ ᠲᠦᠯᠦᠪᠵᠢᠭᠦᠯᠭᠡ ᠶᠢ ᠨᠠᠶᠢᠷᠠᠭᠤᠯᠵᠤ᠂ ᠬᠤᠲᠠ ᠶᠢᠨ ᠠᠵᠤ ᠦᠢᠯᠡᠰ ᠤᠨ | ᠣᠷᠤᠨ᠂ ᠦᠷᠭᠡᠳᠬᠡᠯ ᠣᠷᠤᠨ᠂ ᠠᠰᠢᠭᠯᠠᠭᠳᠠᠭ᠎ᠠ ᠦᠭᠡᠢ ᠣᠷᠤᠨ ᠤ ᠴᠢᠳᠠᠮᠵᠢ ᠶᠢᠨ ᠪᠠᠶᠢᠷᠢᠯᠠᠭᠤᠯᠤᠯᠲᠠ ᠶᠢ | ᠰᠢᠰᠲ᠋ᠧᠮᠵᠢᠭᠦᠯᠦᠨ ᠰᠢᠯᠢᠳᠡᠭᠵᠢᠭᠦᠯᠵᠦ᠂ ᠠᠵᠤ ᠦᠢᠯᠡᠰ ᠬᠤᠲᠠ ᠰᠠᠯᠤᠩᠬᠢᠷᠠᠬᠤ᠂ ᠠᠵᠢᠯᠯᠠᠬᠤ ᠰᠠᠭᠤᠷᠢᠰᠢᠬᠤ | ᠰᠠᠯᠤᠩᠬᠢᠷᠠᠬᠤ ᠠᠰᠠᠭᠤᠳᠠᠯ ᠢ ᠲᠤᠭᠤᠰᠢᠲᠠᠢ ᠰᠢᠢᠳᠪᠦᠷᠢᠯᠡᠨ᠎ᠡ᠃ ᠡᠯ᠎ᠡ ᠠᠵᠤ ᠦᠢᠯᠡᠰ ᠤᠨ ᠲᠠᠪᠴᠠᠩ ᠤᠨ | ᠦᠢᠯᠡᠳᠪᠦᠷᠢᠯᠡᠯ ᠤᠨ ᠬᠦᠴᠦᠨ ᠤ ᠪᠠᠶᠢᠷᠢᠯᠠᠭᠤᠯᠤᠯᠲᠠ ᠪᠠᠷ ᠵᠤᠭᠰᠤᠴᠠ ᠪᠣᠯᠭᠠᠨ᠂ ᠭᠠᠵᠠᠷ ᠰᠢᠷᠦᠢ ᠶᠢᠨ ᠡᠬᠢ | ᠪᠠᠶᠠᠯᠢᠭ ᠢ ᠲᠦᠪᠯᠡᠷᠡᠭᠦᠯᠦᠨ ᠭᠠᠮᠲᠠᠢ ᠠᠰᠢᠭᠯᠠᠬᠤ ᠶᠢ ᠴᠢᠩᠭᠠᠳᠬᠠᠨ᠂ ᠪᠤᠰᠤᠭ᠎ᠠ ᠴᠢᠭᠯᠡᠯ ᠤᠨ ᠣᠷᠤᠨ ᠵᠠᠢ ᠶᠢᠨ | ᠨᠡᠭᠡᠭᠡᠯᠲᠡ ᠶᠢᠨ ᠬᠦᠴᠦᠯᠡᠴᠡ ᠶᠢ ᠨᠡᠮᠡᠭᠳᠡᠭᠦᠯᠵᠦ᠂ ᠰᠤᠯᠠ ᠡᠬᠢ ᠪᠠᠶᠠᠯᠢᠭ ᠢ ᠠᠮᠢᠯᠠᠭᠤᠯᠵᠤ᠂ ᠰᠤᠷᠭᠠᠨ ᠬᠦᠮᠦᠵᠢᠯ | ᠡᠮ ᠡᠮᠨᠡᠯᠭᠡ᠂ ᠰᠤᠶᠤᠯ ᠤᠨ ᠪᠦᠲᠦᠭᠡᠯᠴᠢ ᠰᠡᠳᠬᠢᠮᠵᠢ᠂ ᠰᠤᠳᠤᠯᠤᠨ ᠰᠤᠷᠤᠯᠴᠠᠬᠤ ᠪᠤᠯᠪᠠᠰᠤᠷᠠᠯ᠂ ᠠᠷᠠᠯᠵᠢᠶᠠᠨ ᠤ | ᠦᠢᠯᠡᠰ ᠤᠨ ᠬᠤᠷᠠᠯ ᠦᠵᠡᠭᠦᠯᠭᠡ᠂ ᠨᠠᠶᠢᠲᠡ ᠶᠢᠨ ᠪᠠᠶᠢᠷᠢ ᠣᠷᠤᠨ ᠰᠠᠭᠤᠴᠠ ᠵᠡᠷᠭᠡ ᠦᠢᠯᠡᠳᠪᠦᠷᠢᠯᠡᠯ ᠤᠨ ᠴᠢᠨᠠᠷᠲᠠᠢ | ᠪᠠ ᠠᠮᠢᠳᠤᠷᠠᠯ ᠤᠨ ᠴᠢᠨᠠᠷᠲᠠᠢ ᠢᠵᠢ ᠪᠦᠷᠢᠳᠦᠭᠰᠡᠨ ᠦᠢᠯᠡᠴᠢᠯᠡᠭᠡ ᠶᠢ ᠪᠠᠶᠢᠷᠢᠯᠠᠭᠤᠯᠵᠤ᠂ ᠠᠵᠤ ᠦᠢᠯᠡᠰ | ᠲᠦᠪᠯᠡᠷᠡᠭᠰᠡᠨ ᠣᠷᠤᠨ ᠢ ᠬᠤᠲᠠ ᠶᠢᠨ ᠠᠵᠤ ᠠᠬᠤᠢ ᠲᠡᠰᠢ ᠬᠡᠯᠪᠡᠷᠢ ᠶᠢ ᠬᠤᠪᠢᠷᠠᠭᠠᠨ᠎ᠠ᠃ ᠬᠤᠲᠠ ᠶᠢᠨ ᠪᠦᠯᠦᠭᠲᠦ | ᠴᠤᠭᠴᠠ ᠶᠢᠨ ᠬᠦᠭᠵᠢᠯᠲᠡ ᠶᠢᠨ ᠠᠮᠢᠵᠢᠷᠠᠯ ᠤᠨ ᠬᠦᠴᠦᠨ ᠢ ᠴᠢᠩᠭᠠᠷᠠᠭᠤᠯᠬᠤ ᠪᠠᠷ ᠵᠤᠭᠰᠤᠴᠠ ᠪᠣᠯᠭᠠᠨ᠂ | ᠪᠦᠷᠭᠡᠳᠦ ᠲᠤᠭᠤᠷᠢᠭ ᠤᠨ ᠨᠡᠭᠡᠭᠡᠯᠲᠡ ᠪᠠ ᠲᠠᠷᠠᠬᠠᠢ ᠪᠤᠲᠠᠷᠬᠠᠢ ᠪᠦᠷᠭᠡᠲᠦ ᠰᠠᠭᠤᠴᠠ ᠶᠢᠨ ᠦᠭᠡᠷᠡᠴᠢᠯᠡᠨ | ᠪᠠᠶᠢᠭᠤᠯᠤᠯᠲᠠ ᠶᠢ ᠠᠬᠢᠭᠤᠯᠵᠤ᠂ ᠲᠤᠰᠬᠠᠶᠢᠵᠢᠭᠰᠠᠨ ᠵᠠᠬ᠎ᠠ ᠳᠡᠯᠭᠡᠭᠦᠷ᠂ ᠲᠣᠷᠨᠢᠭᠤᠨ ᠨᠠᠰᠤᠵᠢᠯ ᠤᠨ ᠠᠰᠠᠷᠠᠯᠲᠠ᠂ | ᠡᠯᠧᠺᠲᠷᠣᠨ ᠰᠤᠷᠠᠭ ᠵᠠᠩᠭᠢ᠂ ᠤᠳᠤ ᠦᠶ᠎ᠡ ᠶᠢᠨ ᠮᠦᠩᠭᠦᠨ ᠭᠦᠢᠯᠭᠡᠭᠡᠨ᠂ ᠠᠵᠤ ᠦᠢᠯᠡᠰ ᠤᠨ ᠶᠡᠷᠦᠩᠬᠡᠢ ᠬᠡᠯᠲᠡᠰ | ᠵᠡᠷᠭᠡ ᠬᠤᠲᠠ ᠶᠢᠨ ᠬᠦᠭᠵᠢᠯᠲᠡ ᠳᠤ ᠵᠤᠬᠢᠴᠠᠭᠰᠠᠨ ᠰᠢᠯᠢᠳᠡᠭ ᠴᠢᠨᠠᠷ ᠤᠨ ᠠᠵᠤ ᠠᠬᠤᠶᠢᠯᠠᠯ ᠢ ᠢᠷᠡᠭᠦᠯᠵᠦ | ᠰᠠᠭᠤᠷᠢᠰᠢᠭᠤᠯᠤᠨ᠂ ᠠᠰᠠᠷ ᠤᠨ ᠠᠵᠤ ᠠᠬᠤᠢ ᠶᠢ ᠪᠤᠶᠢᠵᠢᠭᠤᠯᠤᠨ ᠬᠦᠭᠵᠢᠭᠦᠯᠵᠦ᠂ ᠠᠵᠤ ᠦᠢᠯᠡᠰ ᠤᠨ | ᠬᠦᠭᠵᠢᠯᠲᠡ ᠪᠠ ᠬᠤᠲᠠ ᠶᠢᠨ ᠴᠢᠳᠠᠮᠵᠢ ᠶᠢ ᠢᠵᠢᠯ ᠠᠯᠬᠤᠮ ᠢᠶᠠᠷ ᠲᠡᠭᠦᠯᠳᠡᠷᠵᠢᠭᠦᠯᠦᠨ᠂ ᠬᠤᠤᠰ ᠴᠢᠭᠯᠡᠯ ᠢᠶᠠᠷ | ᠠᠭᠤᠰᠤᠯᠴᠠᠭᠤᠯᠬᠤ ᠶᠢ ᠠᠬᠢᠭᠤᠯᠤᠨ᠎ᠠ᠃ | ᠲᠡᠷᠢᠭᠦᠨ ᠤ ᠵᠢᠱᠢᠶ᠎ᠡ ᠦᠵᠡᠭᠦᠯᠬᠦ ᠲᠤᠭᠤᠷᠢᠭ ᠢ ᠭᠤᠤᠯᠳᠠᠯᠭ᠎ᠠ ᠲᠠᠢ ᠪᠦᠲᠦᠭᠡᠨ ᠪᠠᠶᠢᠭᠤᠯᠤᠨ᠎ᠠ᠃ ᠳᠡᠭᠡᠳᠦ | ᠰᠢᠨ᠎ᠡ ᠲᠣᠭᠤᠷᠢᠭ ᠤᠨ ᠢᠵᠢ ᠪᠦᠷᠢᠳᠦᠭᠰᠡᠨ ᠠᠷᠠᠯᠵᠢᠶᠠᠨ ᠤ ᠶᠠᠪᠤᠳᠠᠯ ᠤᠨ ᠲᠣᠭᠤᠷᠢᠭ ᠢ ᠪᠠᠶᠢᠭᠤᠯᠵᠤ᠂ ᠳᠡᠭᠡᠳᠦ | ᠰᠢᠨ᠎ᠡ ᠲᠣᠭᠤᠷᠭ ᠤᠨ ᠪᠠᠭ᠎ᠠ ᠰᠤᠷᠭᠠᠭᠤᠯᠢ᠂ ᠴᠡᠴᠡᠷᠯᠢᠭ ᠢ ᠪᠠᠶᠢᠭᠤᠯᠤᠨ᠂ ᠵᠢᠦ ᠵᠢᠦ ᠡᠮ ᠡᠮᠨᠡᠯᠭᠡ ᠡᠷᠡᠭᠦᠯ | ᠴᠢᠬᠢᠷᠠᠭ ᠰᠡᠯᠡᠭᠦᠴᠡᠯ ᠵᠡᠭᠡᠯᠢ ᠲᠣᠭᠤᠷᠢᠭ ᠢ ᠪᠠᠶᠢᠭᠤᠯᠵᠤ᠂ ᠰᠠᠭᠤᠭᠠᠯᠢ ᠲᠣᠭᠤᠷᠢᠭ ᠤᠨ ᠢᠵᠢ ᠪᠦᠷᠢᠳᠦᠭᠰᠡᠨ | ᠲᠦᠬᠦᠭᠡᠷᠦᠮᠵᠢ ᠶᠢ ᠲᠡᠭᠦᠯᠳᠡᠷᠵᠢᠭᠦᠯᠦᠨ᠂ ᠬᠦᠷᠢᠶᠡᠯᠡᠩ ᠲᠣᠭᠤᠷᠢᠭ ᠤᠨ ᠨᠦᠯᠦᠭᠡᠯᠡᠨ᠎ᠡ ᠳᠠᠶᠢᠴᠢᠯᠠᠬᠤ ᠴᠢᠳᠠᠪᠤᠷᠢ ᠶᠢ | ᠳᠡᠭᠡᠭᠰᠢᠯᠡᠭᠦᠯᠦᠨ᠎ᠡ᠃ ᠪᠠᠷᠠᠭᠠᠨ ᠭᠦᠢᠯᠭᠡᠭᠡᠨ ᠤ ᠬᠦᠷᠢᠶᠡᠯᠡᠩ ᠲᠣᠭᠤᠷᠢᠭ ᠪᠠ ᠬᠤᠲᠠ ᠶᠢᠨ ᠪᠦᠯᠦᠭᠲᠦ ᠴᠤᠭᠴᠠ ᠶᠢᠨ | ᠠᠭᠤᠰᠤᠯᠴᠠᠨ ᠬᠦᠭᠵᠢᠬᠦ ᠶᠢ ᠲᠦᠯᠬᠢᠨ ᠠᠬᠢᠭᠤᠯᠵᠤ᠂ ᠬᠤᠲᠠ ᠶᠢᠨ ᠴᠢᠳᠠᠮᠵᠢ ᠪᠠ ᠦᠢᠯᠡᠴᠢᠯᠡᠭᠡᠨ ᠤ ᠢᠵᠢ | ᠪᠦᠷᠢᠳᠦᠬᠦ ᠶᠢ ᠴᠢᠩᠭᠠᠳᠬᠠᠨ᠂ ᠮᠠᠰᠢᠨ ᠲᠡᠷᠭᠡᠨ ᠤ 4S ᠳᠡᠯᠭᠡᠭᠦᠷ᠂ ᠤᠯᠠᠭᠠᠨᠬᠠᠳᠠ ᠶᠢᠨ ᠠᠷᠠᠯᠵᠢᠶ᠎ᠠ | ᠬᠤᠳᠠᠯᠳᠤᠭᠠᠨ ᠤ ᠬᠤᠲᠠ ᠵᠡᠷᠭᠡ ᠰᠤᠯᠠ ᠡᠬᠢ ᠪᠠᠶᠠᠯᠢᠭ ᠢ ᠠᠮᠢᠯᠠᠭᠤᠯᠤᠨ ᠠᠰᠢᠭᠯᠠᠵᠤ᠂ ᠬᠤᠲᠠ ᠶᠢᠨ ᠬᠤᠷᠠᠯ | ᠦᠵᠡᠭᠦᠯᠬᠡ᠂ ᠪᠡᠶ᠎ᠡ ᠶᠢᠨ ᠲᠠᠮᠢᠷ ᠰᠡᠯᠡᠭᠦᠴᠡᠯ ᠵᠡᠷᠭᠡ ᠦᠢᠯᠡᠴᠢᠯᠡᠭᠡᠨ ᠤ ᠠᠵᠤ ᠦᠢᠯᠡᠰ ᠢ ᠬᠦᠭᠵᠢᠭᠦᠯᠦᠨ᠎ᠡ᠃ | ᠬᠠᠳᠠᠨᠬᠤᠰᠢᠭᠤ ᠬᠡᠰᠡᠭ ᠤᠨ ᠨᠡᠭᠡᠭᠡᠯᠲᠡ ᠶᠢ ᠲᠦᠷᠭᠡᠪᠴᠢᠯᠡᠵᠦ᠂ ᠨᠡᠶᠢᠭᠡᠮ ᠤᠨ ᠬᠦᠷᠦᠩᠭᠡ ᠶᠢ ᠲᠠᠲᠠᠵᠤ ᠤᠨᠴᠠᠯᠢᠭᠲᠤ | ᠠᠷᠠᠯᠵᠢᠶᠠᠨ ᠤ ᠦᠢᠯᠡᠰ ᠤᠨ ᠵᠡᠭᠡᠯᠢ ᠲᠣᠭᠤᠷᠢᠭ ᠢ ᠪᠠᠶᠢᠭᠤᠯᠵᠤ᠂ ᠠᠮᠢᠳᠤᠷᠠᠯ ᠤᠨ ᠴᠢᠨᠠᠷᠲᠠᠢ ᠦᠢᠯᠡᠴᠢᠯᠡᠭᠡᠨ ᠤ | ᠲᠦᠯᠦᠪ ᠢ ᠪᠠᠶᠠᠯᠢᠭᠵᠢᠭᠤᠯᠤᠨ᠎ᠠ᠃ ᠯᠢᠦ ᠳ᠋ᠠ ᠹᠧᠨ ᠬᠡᠰᠡᠭ ᠤᠨ ᠣᠷᠤᠨ ᠪᠠᠶᠢᠷᠢ ᠶᠢᠨ ᠳᠠᠪᠠᠭᠤᠯᠢᠭ ᠢ ᠠᠰᠢᠭᠯᠠᠨ | ᠡᠷᠡᠭᠦᠯᠵᠢᠯ ᠠᠰᠠᠷᠠᠮᠵᠢ ᠶᠢᠨ ᠠᠵᠤ ᠦᠢᠯᠡᠰ ᠢ ᠪᠤᠶᠢᠵᠢᠭᠤᠯᠵᠤ᠂ ᠣᠳᠤ ᠦᠶ᠎ᠡ ᠶᠢᠨ ᠡᠷᠡᠭᠦᠯᠵᠢᠯ ᠠᠰᠠᠷᠠᠮᠵᠢ ᠶᠢᠨ | ᠦᠢᠯᠡᠰ ᠢ ᠤᠳᠤ ᠦᠶ᠎ᠡ ᠶᠢᠨ ᠡᠷᠡᠭᠦᠯᠵᠢᠯ ᠠᠮᠢᠳᠤᠷᠠᠯ ᠠᠷᠠᠯᠵᠢᠶᠠᠨ ᠤ ᠴᠠᠭᠠᠷᠢᠭ ᠢ ᠪᠠᠶᠢᠭᠤᠯᠤᠨ᠎ᠠ᠃ ᠸᠧᠨ ᠵᠦᠩ | ᠬᠡᠰᠡᠭ ᠤᠨ ᠤᠯᠠᠨ ᠨᠡᠶᠢᠲᠡ ᠶᠢᠨ ᠦᠢᠯᠡᠴᠢᠯᠡᠭᠡᠨ ᠤ ᠰᠢᠰᠲ᠋ᠧᠮ ᠢ ᠲᠡᠭᠦᠯᠳᠡᠷᠵᠢᠭᠦᠯᠦᠨ᠂ ᠠᠮᠢᠳᠤᠷᠠᠯ ᠤᠨ | ᠦᠢᠯᠡᠴᠢᠯᠡᠭᠡᠨ ᠤ ᠢᠵᠢ ᠪᠦᠷᠢᠳᠦᠬᠦ ᠶᠢ ᠲᠦᠷᠭᠡᠪᠴᠢᠯᠡᠵᠦ᠂ ᠤᠳᠤ ᠦᠶ᠎ᠡ ᠶᠢᠨ ᠦᠢᠯᠡᠴᠢᠯᠡᠭᠡᠨ ᠤ ᠦᠢᠯᠡᠰ᠂ | ᠲᠤᠰᠬᠠᠶᠢᠵᠢᠭᠰᠠᠨ ᠵᠠᠬ᠎ᠠ ᠳᠡᠯᠭᠡᠭᠦᠷ ᠤᠨ ᠲᠦᠷᠦᠯ ᠵᠦᠢᠯ ᠢ ᠵᠤᠯᠭᠠᠭᠤᠯᠤᠨ᠂ ᠰᠤᠶᠤᠯ ᠤᠨ ᠪᠦᠲᠦᠭᠡᠯᠴᠢ ᠰᠡᠳᠬᠢᠮᠵᠢ᠂ | ᠶᠡᠷᠦᠩᠬᠡᠢ ᠬᠡᠯᠲᠡᠰ ᠤᠨ ᠠᠵᠤ ᠠᠬᠤᠢ ᠵᠡᠷᠭᠡ ᠳᠡᠭᠡᠳᠦ ᠳᠡᠰ ᠤᠨ ᠦᠢᠯᠡᠰ ᠤᠨ ᠲᠦᠯᠦᠪ ᠢ ᠲᠦᠪᠯᠡᠷᠡᠭᠦᠯᠦᠨ | ᠬᠦᠭᠵᠢᠭᠦᠯᠦᠨ᠎ᠡ᠃ ᠬᠤᠲᠠ ᠶᠢᠨ ᠡᠵᠡᠮᠰᠢᠯ ᠳᠦᠷᠢᠮ ᠪᠠ ᠦᠢᠯᠡᠰ ᠤᠨ ᠲᠦᠯᠦᠪ ᠴᠢᠳᠠᠮᠵᠢ ᠶᠢᠨ ᠡᠵᠡᠮᠰᠢᠯ ᠢ | ᠴᠢᠩᠭᠠᠳᠬᠠᠨ᠂ ᠠᠵᠤ ᠦᠢᠯᠡᠰ ᠬᠤᠲᠠ ᠢᠵᠢᠯ ᠠᠯᠬᠤᠮ ᠢᠶᠠᠷ ᠠᠬᠢᠬᠤ ᠶᠢ ᠪᠡᠶᠡᠯᠡᠭᠦᠯᠦᠨ᠎ᠡ᠃ | ᠦᠨᠳᠦᠷ ᠦᠷ᠎ᠡ ᠠᠰᠢᠭ ᠲᠠᠢ ᠲᠦᠯᠬᠢᠨ ᠠᠬᠢᠭᠤᠯᠬᠤ ᠲᠤᠭᠲᠠᠴᠠ ᠶᠢ ᠪᠠᠶᠢᠭᠤᠯᠤᠨ᠎ᠠ᠃ ᠲᠤᠭᠲᠠᠭᠤᠨ | ᠨᠡᠮᠡᠭᠳᠡᠭᠦᠯᠬᠦ ᠪᠠ ᠲᠦᠭᠰᠢᠭᠦᠷᠢ ᠶᠢ ᠰᠡᠷᠭᠡᠶᠢᠯᠡᠬᠦ ᠬᠤᠤᠰ ᠳᠠᠷᠤᠯᠲᠠ ᠶᠢᠨ ᠳᠤᠤᠷ᠎ᠠ ᠠᠵᠤ ᠦᠢᠯᠡᠰ ᠬᠤᠲᠠ ᠶᠢ | ᠠᠭᠤᠰᠤᠯᠴᠠᠨ ᠬᠦᠭᠵᠢᠭᠦᠯᠬᠦ ᠠᠵᠢᠯ ᠢ ᠰᠠᠶᠢᠲᠤᠷ ᠬᠢᠬᠦ ᠶᠢᠨ ᠲᠦᠯᠦᠭᠡ ᠡᠷᠬᠡᠪᠰᠢ ᠨᠡᠩ ᠢᠳᠡᠪᠬᠢᠲᠡᠢ ᠪᠠᠲᠤᠲᠠᠢ | ᠲᠦᠯᠬᠢᠨ ᠠᠬᠢᠭᠤᠯᠬᠤ ᠠᠷᠭ᠎ᠠ ᠬᠡᠮᠵᠢᠶ᠎ᠡ ᠠᠪᠬᠤ ᠬᠡᠷᠡᠭᠲᠡᠢ᠃ ᠤᠯᠤᠰ ᠤᠨ ᠦᠮᠴᠢᠯᠡᠯ ᠤᠨ ᠡᠳ᠋ ᠬᠦᠷᠦᠩᠭᠡ ᠶᠢᠨ | ᠺᠤᠮᠫᠠᠨᠢ ᠶᠢᠨ ᠤᠯᠠᠨ ᠡᠰᠢᠴᠢᠯᠡᠬᠦ ᠪᠡᠯᠡ ᠣᠷᠤᠭᠤᠯᠤᠯᠲᠠ ᠶᠢᠨ ᠲᠤᠭᠲᠠᠴᠠ ᠶᠢ ᠪᠦᠷᠢᠨᠰᠢᠭᠦᠯᠦᠨ᠂ ᠤᠯᠤᠰ ᠤᠨ | ᠦᠮᠴᠢᠯᠡᠯ ᠤᠨ ᠡᠳ᠋ ᠬᠦᠷᠦᠩᠭᠡ᠂ ᠤᠯᠤᠰ ᠤᠨ ᠦᠮᠴᠢᠯᠡᠯᠲᠦ ᠠᠵᠤ ᠠᠬᠤᠶᠢᠯᠠᠯ ᠤᠨ ᠦᠭᠡᠷᠡᠴᠢᠯᠡᠯᠲᠡ ᠶᠢᠨ | ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ᠂ ᠬᠠᠪᠲᠠᠭᠠᠢ ᠬᠡᠰᠡᠭ ᠤᠨ ᠨᠡᠭᠡᠭᠡᠯᠲᠡ᠂ ᠠᠵᠤ | ᠦᠢᠯᠡᠰ ᠬᠤᠲᠠ ᠶᠢ ᠠᠭᠤᠰᠤᠯᠴᠠᠨ ᠬᠦᠭᠵᠢᠭᠦᠯᠬᠦ ᠲᠦᠷᠦᠯ ᠵᠦᠢᠯ ᠤᠨ ᠪᠠᠶᠢᠭᠤᠯᠤᠯᠲᠠ ᠶᠢ ᠳᠡᠮᠵᠢᠵᠦ᠂ ᠭᠤᠤᠯ | ᠠᠵᠢᠯ ᠢᠶᠠᠨ ᠰᠢᠯᠢᠳᠡᠭᠵᠢᠭᠦᠯᠵᠦ ᠲᠤᠰᠬᠠᠢ ᠮᠡᠷᠭᠡᠵᠢᠯ ᠢᠶᠠᠨ ᠣᠬᠢᠵᠢᠭᠤᠯᠤᠨ᠂ ᠤᠯᠤᠰ ᠤᠨ ᠦᠮᠴᠢᠯᠡᠯᠲᠦ ᠠᠵᠤ | ᠠᠬᠤᠢ ᠶᠢᠨ ᠦᠷᠢᠰᠦᠯᠳᠦᠭᠡᠨ᠂ ᠡᠵᠡᠮᠰᠢᠯ ᠤᠨ ᠬᠦᠴᠦᠨ ᠪᠠ ᠲᠦᠭᠰᠢᠭᠦᠷᠢ ᠶᠢ ᠡᠰᠡᠷᠭᠦᠴᠡᠬᠦ ᠴᠢᠳᠠᠪᠤᠷᠢ ᠶᠢ | ᠴᠢᠩᠭᠠᠳᠬᠠᠵᠤ᠂ ᠤᠯᠤᠰ ᠤᠨ ᠦᠮᠴᠢᠯᠡᠯ ᠤᠨ ᠡᠳ᠋ ᠬᠦᠷᠦᠩᠭᠡ ᠶᠢᠨ ᠺᠤᠮᠫᠠᠨᠢ ᠬᠦᠴᠦᠷᠬᠡᠭᠵᠢᠨ ᠪᠤᠵᠠᠭᠠᠶᠢᠷᠠᠬᠤ ᠶᠢ | ᠲᠦᠯᠬᠢᠨ ᠠᠬᠢᠭᠤᠯᠤᠨ᠎ᠠ᠃ ︽ᠬᠦᠷᠦᠩᠭᠡ ᠶᠢ ᠬᠠᠮᠢᠶᠠᠷᠬᠤ︾ ᠪᠠᠷ ᠭᠤᠤᠯ ᠪᠤᠯᠭᠠᠭᠰᠠᠨ ᠬᠢᠨᠠᠨ ᠬᠠᠮᠢᠶᠠᠷᠤᠯᠲᠠ ᠶᠢᠨ | ᠰᠢᠰᠲ᠋ᠧᠮ ᠢ ᠪᠠᠶᠢᠭᠤᠯᠵᠤ᠂ ᠨᠡᠶᠢᠭᠡᠮ ᠤᠨ ᠬᠦᠷᠦᠩᠬᠡ ᠶᠢ ᠲᠠᠲᠠᠨ ᠬᠤᠯᠢᠮᠠᠭ ᠦᠮᠴᠢᠯᠡᠯ ᠤᠨ ᠦᠭᠡᠷᠡᠴᠢᠯᠡᠯᠲᠡ ᠳᠤ | ᠤᠷᠤᠯᠴᠠᠭᠤᠯᠵᠤ᠂ ᠤᠯᠤᠰ ᠤᠨ ᠦᠮᠴᠢᠯᠡᠯ ᠤᠨ ᠡᠳ᠋ ᠬᠦᠷᠦᠩᠭᠡ ᠶᠢᠨ ᠺᠤᠮᠫᠠᠨᠢ ᠶᠢᠨ ᠬᠦᠭᠵᠢᠯᠲᠡ ᠶᠢᠨ | ᠠᠮᠢᠵᠢᠷᠠᠯ ᠤᠨ ᠬᠦᠴᠦᠨ ᠢ ᠬᠦᠭᠵᠢᠭᠡᠨ᠎ᠡ᠃ ᠵᠠᠬ᠎ᠠ ᠳᠡᠯᠭᠡᠭᠦᠷᠵᠢᠭᠰᠡᠨ ᠡᠵᠡᠩᠨᠡᠯᠲᠡ ᠶᠢᠨ ᠲᠤᠭᠲᠠᠴᠠ ᠶᠢ | ᠲᠡᠭᠦᠯᠳᠡᠷᠵᠢᠭᠦᠯᠦᠨ᠂ ᠵᠠᠰᠠᠭ ᠤᠨ ᠣᠷᠳᠤᠨ ᠤ ᠡᠭᠦᠷᠭᠡ ᠴᠢᠳᠠᠮᠵᠢ ᠶᠢ ᠤᠯᠠᠮ ᠨᠢᠭᠡ ᠠᠯᠬᠤᠨ ᠬᠤᠪᠢᠷᠠᠭᠠᠨ᠂ ᠠᠵᠤ | ᠠᠬᠤᠶᠢᠯᠠᠯ ᠢ ᠨᠡᠪᠴᠢᠭᠦᠯᠬᠦ᠂ ᠠᠵᠤ ᠦᠢᠯᠡᠰ ᠢ ᠪᠤᠶᠢᠵᠢᠭᠤᠯᠬᠤ᠂ ᠡᠵᠡᠩᠨᠡᠨ ᠬᠠᠮᠢᠶᠠᠷᠬᠤ ᠵᠡᠷᠭᠡ ᠨᠡᠩ ᠦᠷᠭᠡᠨ | ᠬᠦᠷᠢᠶ᠎ᠡ ᠬᠡᠪᠴᠢᠶᠡᠨ ᠳᠤ ᠵᠠᠰᠠᠭ ᠤᠨ ᠣᠷᠳᠤᠨ ᠤ ᠦᠢᠯᠡᠴᠢᠯᠡᠭᠡ ᠬᠤᠳᠠᠯᠳᠤᠨ ᠠᠪᠬᠤ ᠶᠢ ᠲᠦᠯᠬᠢᠨ ᠠᠬᠢᠭᠤᠯᠵᠤ᠂ | ᠲᠤᠰᠬᠠᠢ ᠮᠡᠷᠭᠡᠵᠢᠯ ᠤᠨ ᠬᠦᠮᠦᠰ ᠢᠶᠠᠷ ᠲᠤᠰᠬᠠᠢ ᠮᠡᠷᠭᠡᠵᠢᠯ ᠤᠨ ᠠᠵᠢᠯ ᠢ ᠬᠢᠯᠭᠡᠨ᠎ᠡ᠃ | ︵ᠳᠦᠷᠪᠡ︶ ᠲᠤᠬᠢᠯᠢᠭ ᠬᠤᠲᠠ ᠶᠢᠨ ︽ᠬᠤᠶᠠᠷ ᠺᠢᠯᠦᠮᠧᠲᠷ ᠠᠮᠢᠳᠤᠷᠠᠯ ᠤᠨ ᠴᠠᠭᠠᠷᠢᠭ︾ ᠢ | ᠪᠠᠶᠢᠭᠤᠯᠤᠨ᠎ᠠ | ᠠᠮᠢᠳᠤᠷᠠᠯ ᠢ ᠨᠡᠩ ᠳᠦᠭᠦᠮ ᠳᠦᠲᠡ ᠪᠤᠯᠭᠠᠨ᠎ᠠ᠃ ᠲᠣᠭᠤᠷᠢᠭ ᠤᠨ ᠱᠠᠲᠤᠨ ᠳᠤ ᠨᠢᠭᠡᠲᠦᠯᠲᠡᠢ | ᠲᠦᠯᠦᠪᠵᠢᠭᠦᠯᠦᠨ᠂ ᠬᠠᠷᠢᠶ᠎ᠠ ᠣᠷᠤᠨ ᠨᠢ ᠬᠤᠪᠢᠳᠠᠨ ᠬᠠᠮᠢᠶᠠᠷᠴᠤ᠂ ᠲᠤᠤᠷᠵᠢᠭᠰᠠᠨ ᠵᠠᠰᠠᠯᠲᠠ ᠶᠢᠨ ᠰᠡᠳᠬᠢᠮᠵᠢ | ᠶᠤᠰᠤᠭᠠᠷ ᠰᠠᠭᠤᠭᠠᠯᠢ ᠲᠣᠭᠤᠷᠢᠭ ᠤᠨ ᠦᠢᠯᠡᠴᠢᠯᠡᠭᠡᠨ ᠤ ᠲᠦᠬᠦᠭᠡᠷᠦᠮᠵᠢ ᠶᠢᠨ ᠪᠠᠷᠢᠮᠵᠢᠶ᠎ᠠ ᠲᠣᠬᠢᠷᠠᠭᠤᠯᠤᠯᠲᠠ ᠶᠢᠨ | ᠲᠦᠯᠦᠪᠯᠡᠭᠡ ᠶᠢ ᠨᠠᠶᠢᠳᠠᠪᠤᠷᠢᠵᠢᠭᠤᠯᠵᠤ᠂ ᠰᠠᠭᠤᠭᠠᠯᠢ ᠲᠣᠭᠤᠷᠢᠭ ᠤᠨ ᠢᠵᠢ ᠪᠦᠷᠢᠳᠦᠭᠰᠡᠨ ᠴᠢᠳᠠᠮᠵᠢ ᠶᠢ | ᠲᠡᠭᠦᠯᠳᠡᠷᠵᠢᠭᠦᠯᠵᠦ᠂ ᠠᠳᠠᠯ ᠠᠬᠤᠢ ᠶᠢᠨ ᠦᠢᠯᠡᠴᠢᠯᠡᠭᠡᠨ ᠤ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ | ᠨᠠᠮᠬᠠᠳᠬᠠᠬᠤ ᠴᠡᠭᠴᠡᠯᠡᠬᠦ ᠳᠡᠭᠡᠭᠰᠢᠯᠡᠭᠦᠯᠬᠦ ᠶᠢ ᠤᠶᠠᠯᠳᠤᠭᠤᠯᠤᠨ᠂ ᠨᠡᠶᠢᠭᠡᠮ ᠲᠣᠭᠤᠷᠢᠭ ᠠᠳᠠᠯ ᠠᠬᠤᠢ ᠶᠢᠨ ᠰᠤᠯᠠ | ᠡᠬᠢ ᠪᠠᠶᠠᠯᠢᠭ ᠢ ᠨᠡᠶᠢᠳᠬᠡᠨ ᠠᠰᠢᠭᠯᠠᠵᠤ᠂ ᠬᠡᠯᠬᠢᠶᠡᠵᠢᠭᠰᠡᠨ ᠡᠵᠡᠩᠨᠡᠯᠲᠡ ᠶᠢᠨ ᠠᠵᠤ ᠠᠬᠤᠶᠢᠯᠠᠯ ᠢ ᠲᠠᠲᠠᠨ | ᠤᠷᠤᠭᠤᠯᠵᠤ᠂ ᠪᠠᠷᠢᠮᠵᠢᠶᠠᠵᠢᠭᠰᠠᠨ ᠨᠡᠶᠢᠭᠡᠮ ᠲᠣᠭᠤᠷᠢᠭ ᠠᠷᠠᠯᠵᠢᠶᠠᠨ ᠤ ᠦᠢᠯᠡᠰ ᠤᠨ ᠲᠦᠪ ᠢ ᠪᠠᠶᠢᠭᠤᠯᠵᠤ᠂ | ᠠᠷᠠᠳ ᠤᠨ ᠳᠦᠭᠦᠮ ᠦᠵᠡᠭᠦᠯᠬᠦ ᠬᠠᠮ ᠳᠡᠯᠭᠡᠭᠦᠷ᠂ ᠨᠡᠶᠢᠭᠡᠮ ᠲᠣᠭᠤᠷᠢᠭ ᠤᠨ ᠵᠠᠬ᠎ᠠ ᠳᠡᠯᠭᠡᠭᠦᠷ᠂ ᠡᠷᠡᠭᠦᠯᠵᠢᠯ | ᠠᠰᠠᠷᠠᠮᠵᠢ ᠶᠢᠨ ᠦᠢᠯᠡᠴᠢᠯᠡᠭᠡᠨ ᠤ ᠦᠷᠲᠡᠭᠡ ᠵᠡᠷᠭᠡ ᠦᠢᠯᠡᠴᠢᠯᠡᠭᠡᠨ ᠤ ᠲᠦᠬᠦᠭᠡᠷᠦᠮᠵᠢ ᠶᠢ ᠲᠡᠭᠦᠯᠳᠡᠷᠵᠢᠭᠦᠯᠦᠨ᠂ | ᠤᠯᠠᠨ ᠲᠦᠮᠡᠨ ᠳᠤ ᠲᠦᠪᠯᠡᠷᠡᠭᠰᠡᠨ ᠠᠷᠠᠳ ᠲᠤ ᠳᠦᠭᠦᠮ ᠦᠵᠡᠭᠦᠯᠬᠦ ᠦᠢᠯᠡᠴᠢᠯᠡᠭᠡ ᠶᠢ ᠬᠠᠩᠭᠠᠨ᠎ᠠ᠃ ᠬᠠᠪᠲᠠᠭᠠᠢ | ᠬᠡᠰᠡᠭ ᠤᠨ ᠨᠡᠭᠡᠭᠡᠯᠲᠡ ᠶᠢ ᠣᠷᠤᠨ ᠤ ᠠᠷᠠᠳ ᠲᠤ ᠳᠦᠭᠦᠮ ᠦᠵᠡᠭᠦᠯᠬᠦ ᠲᠦᠬᠦᠭᠡᠷᠦᠮᠵᠢ ᠶᠢ ᠨᠢᠭᠡᠲᠦᠯᠲᠡᠢ | ᠲᠦᠯᠦᠪᠵᠢᠭᠦᠯᠬᠦ ᠶᠢ ᠴᠢᠩᠭᠠᠳᠬᠠᠨ᠂ ᠠᠷᠠᠳ ᠲᠤ ᠳᠦᠭᠦᠮ ᠦᠵᠡᠭᠦᠯᠬᠦ ᠲᠦᠬᠦᠭᠡᠷᠦᠮᠵᠢ ᠪᠠ ᠪᠦᠯᠦᠭᠲᠦ | ᠴᠤᠭᠴᠠ ᠶᠢᠨ ᠪᠠᠶᠢᠭᠤᠯᠤᠯᠲᠠ ᠶᠢ ᠢᠵᠢᠯ ᠠᠯᠬᠤᠮ ᠢᠶᠠᠷ ᠨᠠᠶᠢᠳᠠᠪᠤᠷᠢᠵᠢᠭᠤᠯᠵᠤ ᠠᠰᠢᠭᠯᠠᠬᠤ ᠶᠢ ᠪᠡᠶᠡᠯᠡᠭᠦᠯᠦᠨ᠎ᠡ᠃ ︽ | ᠨᠠᠰᠤᠲᠠᠢ ᠨᠢᠯᠬ᠎ᠠ︾ ᠶᠢᠨ ᠠᠰᠠᠭᠤᠳᠠᠯ ᠢ ᠴᠢᠬᠤᠯᠠᠴᠢᠯᠠᠨ ᠰᠢᠢᠳᠪᠦᠷᠢᠯᠡᠵᠦ᠂ ᠭᠡᠷ ᠲᠤ ᠪᠠᠨ ᠠᠰᠠᠷᠠᠬᠤ᠂ ᠨᠠᠶᠢᠳᠠᠵᠤ | ᠦᠰᠬᠡᠬᠦ ᠦᠢᠯᠡᠴᠢᠯᠡᠭᠡᠨ ᠤ ᠬᠠᠩᠭᠠᠯᠭ᠎ᠠ ᠶᠢ ᠨᠡᠮᠡᠭᠳᠡᠭᠦᠯᠦᠨ᠂ ᠰᠢᠨ᠎ᠡ ᠪᠠᠶᠢᠭᠤᠯᠤᠭᠰᠠᠨ ᠰᠠᠭᠤᠭᠠᠯᠢ ᠲᠣᠭᠤᠷᠢᠭ ᠤᠨ | ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠦᠬᠦᠭᠡᠷᠦᠮᠵᠢ ᠶᠢ ᠲᠤᠬᠢᠷᠠᠭᠤᠯᠤᠨ ᠪᠠᠶᠢᠭᠤᠯᠬᠤ ᠱᠠᠭᠠᠷᠳᠠᠯᠭ᠎ᠠ ᠶᠢ | ᠨᠠᠶᠢᠳᠠᠪᠤᠷᠢᠵᠢᠭᠤᠯᠵᠤ᠂ ᠠᠯᠪᠠᠨ ᠠᠴᠠ ᠡᠷᠬᠢᠯᠡᠵᠦ ᠠᠷᠠᠳ ᠠᠴᠠ ᠡᠵᠡᠩᠨᠡᠬᠦ᠂ ᠠᠷᠠᠳ ᠠᠴᠠ ᠡᠵᠡᠩᠨᠡᠵᠦ ᠠᠯᠪᠠᠨ ᠠᠴᠠ | ᠲᠤᠰᠠᠯᠠᠬᠤ ᠵᠡᠷᠭᠡ ᠬᠡᠯᠪᠡᠷᠢ ᠶᠢ ᠬᠠᠷᠢᠯᠴᠠᠨ ᠤᠶᠠᠯᠳᠤᠭᠤᠯᠤᠭᠰᠠᠨ ᠦᠢᠯᠡᠴᠢᠯᠡᠭᠡᠨ ᠤ ᠰᠢᠰᠲ᠋ᠧᠮ ᠢ ᠪᠠᠶᠢᠭᠤᠯᠵᠤ᠂ ᠨᠡᠩ | ᠰᠠᠶᠢᠨ ᠢᠶᠠᠷ ᠤᠯᠠᠨ ᠲᠦᠮᠡᠨ ᠤ ᠱᠠᠭᠠᠷᠳᠠᠯᠭ᠎ᠠ ᠶᠢ ᠬᠠᠩᠭᠠᠨ᠎ᠠ᠃ | ᠶᠠᠪᠤᠵᠤ ᠰᠠᠭᠤᠬᠤ ᠳᠤ ᠨᠡᠩ ᠳᠦᠭᠦᠮ ᠪᠤᠯᠭᠠᠨ᠎ᠠ᠃ ᠬᠠᠪᠲᠠᠭᠠᠢ ᠬᠡᠰᠡᠭ ᠤᠨ ᠨᠡᠭᠡᠭᠡᠯᠲᠡ ᠶᠢ ᠦᠨᠳᠦᠷ | ᠴᠢᠨᠰᠠᠭ᠎ᠠ ᠲᠠᠢ ᠲᠦᠯᠬᠢᠨ ᠠᠬᠢᠭᠤᠯᠵᠤ᠂ ᠰᠢ ᠴᠧᠩ᠂ ᠳ᠋ᠦᠩ ᠴᠧᠩ᠂ ᠬᠠᠲᠠᠬᠬᠤᠰᠢᠭᠤ᠂ ᠯᠢᠦ ᠳ᠋ᠠ ᠹᠧᠨ᠂ ᠲᠢᠶᠧ | ᠨᠠᠨ ᠬᠠᠪᠲᠠᠭᠠᠢ ᠬᠡᠰᠡᠭ ᠤᠨ 62 ᠺᠢᠯᠦᠮᠧᠲᠷ ᠤᠨ ᠵᠠᠮ ᠤᠨ ᠲᠤᠤᠷᠵᠢᠯ ᠢ ᠪᠦᠲᠦᠭᠡᠨ ᠪᠠᠶᠢᠭᠤᠯᠵᠤ᠂ 10 ᠵᠤᠷᠪᠤᠰ | ᠵᠡᠭᠡᠯᠢ ᠭᠤᠳᠤᠮ ᠢ ᠴᠡᠭᠴᠡᠯᠡᠨ ᠵᠠᠰᠠᠵᠤ᠂ ᠲᠢᠶᠧ ᠨᠠᠨ ᠶᠡᠭᠡ ᠵᠡᠭᠡᠯᠢ ᠶᠢ ᠵᠡᠭᠦᠨᠰᠢ ᠨᠡᠪᠲᠡᠷᠡᠭᠦᠯᠵᠦ᠂ ᠴᠢᠯᠦᠭᠡᠯᠡᠯᠲᠡ | ᠵᠡᠭᠡᠯᠢ ᠶᠢ ᠵᠡᠭᠦᠨᠰᠢ ᠨᠡᠪᠲᠡᠷᠡᠭᠦᠯᠦᠨ᠂ ᠰᠦᠩ ᠵᠸᠦ ᠵᠠᠮ ᠢ ᠡᠮᠦᠨᠡᠰᠢ ᠨᠡᠪᠲᠡᠷᠡᠭᠦᠯᠵᠦ᠂ ᠨᠢᠩ ᠯᠠᠨ ᠵᠠᠮ ᠢ ᠤᠮᠠᠷᠠᠰᠢ | ᠨᠡᠪᠲᠡᠷᠡᠭᠦᠯᠦᠨ᠂ ᠴᠠᠩ ᠴᠢᠩ ᠪᠠᠷᠠᠭᠤᠨ ᠵᠡᠭᠡᠯᠢ ᠶᠢ ᠦᠷᠭᠡᠳᠬᠡᠨ ᠪᠠᠶᠢᠭᠤᠯᠵᠤ᠂ ᠭᠤᠤᠯ ᠵᠠᠮ᠂ ᠰᠠᠯᠠᠭ᠎ᠠ ᠵᠠᠮ | ᠬᠠᠷᠢᠯᠴᠠᠨ ᠵᠠᠯᠭᠠᠯᠳᠤᠭᠰᠠᠨ ᠡᠷᠭᠢᠯᠲᠡ ᠶᠢᠨ ᠵᠠᠮ ᠬᠠᠷᠢᠯᠴᠠᠭᠠᠨ ᠤ ᠰᠢᠰᠲ᠋ᠧᠮ ᠢ ᠪᠠᠶᠢᠭᠤᠯᠤᠨ᠎ᠠ᠃ ᠬᠠᠭᠤᠴᠢᠨ | ᠬᠤᠲᠠ ᠶᠢ ︽ᠰᠢᠨᠡᠳᠬᠡᠨ ᠪᠠᠶᠢᠭᠤᠯᠬᠤ︾ ᠶᠢ ᠨᠠᠶᠢᠳᠠᠪᠤᠷᠢᠵᠢᠭᠤᠯᠤᠨ᠎ᠠ᠃ ᠪᠤᠷᠤᠭᠠᠨ ᠤ ᠤᠰᠤ ᠪᠠ ᠪᠤᠬᠢᠷ ᠤᠰᠤ ᠶᠢ | ᠢᠯᠭᠠᠬᠤ ᠭᠤᠷᠪᠠᠨ ᠵᠢᠯ ᠤᠨ ᠠᠵᠢᠯᠯᠠᠭᠠᠨ ᠤ ᠲᠦᠯᠦᠪᠯᠡᠭᠡ ᠶᠢ ᠪᠡᠶᠡᠯᠡᠭᠦᠯᠵᠦ᠂ 8 ᠺᠢᠯᠦᠮᠧᠲᠷ ᠤᠷᠤᠰᠬᠠᠯ ᠲᠠᠰᠤᠯᠬᠤ | ᠭᠤᠤᠯ ᠬᠤᠭᠤᠯᠠᠢ᠂ 18 ᠺᠢᠯᠦᠮᠧᠲᠷ ᠤᠨ ᠪᠤᠷᠤᠭᠠᠨ ᠤ ᠤᠰᠤ ᠪᠠ ᠪᠤᠬᠢᠷ ᠤᠰᠤ ᠶᠢ ᠬᠤᠪᠢᠶᠠᠷᠢᠯᠠᠨ ᠤᠷᠤᠰᠬᠠᠬᠤ | ᠬᠤᠭᠤᠯᠠᠢ ᠱᠤᠭᠤᠮ ᠢ ᠪᠠᠶᠢᠭᠤᠯᠵᠤ᠂ ᠬᠤᠲᠠ ᠲᠣᠭᠤᠷᠢᠭ ᠤᠨ ᠠᠮᠠᠷᠬᠠᠨ ᠦᠶᠡᠷ ᠤᠰᠠᠳᠤᠯ ᠳᠤ ᠠᠪᠳᠠᠳᠠᠭ ᠭᠠᠵᠠᠷ ᠢ | ᠤᠰᠠᠳᠬᠠᠨ᠎ᠠ᠃ ᠭᠠᠵᠠᠷ ᠳᠤᠤᠷᠠᠬᠢ ᠣᠷᠤᠨ ᠵᠠᠢ ᠶᠢᠨ ᠬᠠᠮᠢᠶᠠᠷᠤᠯᠲᠠ ᠡᠵᠡᠮᠰᠢᠯ ᠢ ᠳᠦᠷᠢᠮᠵᠢᠭᠦᠯᠵᠦ᠂ ᠠᠵᠢᠯ ᠤᠨ | ᠠᠯᠬᠤᠮ ᠳᠠᠷᠠᠭ᠎ᠠ ᠶᠢ ᠵᠤᠬᠢᠰᠲᠠᠢ ᠵᠤᠬᠢᠶᠠᠨ ᠪᠠᠶᠢᠭᠤᠯᠵᠤ᠂ ᠰᠢᠨ᠎ᠡ ᠪᠠᠷ ᠪᠠᠶᠢᠭᠤᠯᠬᠤ ᠪᠠ ᠦᠷᠭᠡᠳᠬᠡᠵᠦ | ᠦᠭᠡᠷᠡᠴᠢᠯᠡᠵᠦ ᠪᠠᠶᠢᠭᠤᠯᠬᠤ ᠵᠠᠮ ᠱᠤᠭᠤᠮ ᠪᠠ ᠬᠤᠭᠤᠯᠠᠢ ᠶᠢ ᠢᠵᠢᠯ ᠠᠯᠬᠤᠮ ᠢᠶᠠᠷ ᠲᠦᠰᠦᠪᠯᠡᠵᠦ᠂ ᠢᠵᠢᠯ | ᠠᠯᠬᠤᠮ ᠢᠶᠠᠷ ᠪᠠᠶᠢᠭᠤᠯᠤᠨ᠂ ᠲᠠᠯ᠎ᠠ ᠬᠤᠪᠢᠶᠠᠨ ᠵᠠᠰᠠᠵᠤ ᠨᠦᠭᠦᠭᠡ ᠬᠡᠰᠡᠭ ᠢ ᠨᠢ ᠢᠯᠭᠤᠮ ᠨᠡᠪᠲᠡᠷᠡᠭᠦᠯᠬᠦ ᠶᠢ | ᠪᠠᠲᠤᠯᠠᠨ᠎ᠠ᠃ ᠤᠶᠤᠨᠴᠢ ᠵᠠᠮ ᠬᠠᠷᠢᠯᠴᠠᠭ᠎ᠠ ᠶᠢ ᠪᠠᠶᠢᠭᠤᠯᠤᠨ᠂ ᠳᠠᠩ ᠤᠷᠤᠰᠬᠠᠯᠲᠤ ᠵᠠᠮ ᠱᠤᠭᠤᠮ᠂ ᠲᠡᠷᠭᠡ | ᠵᠤᠭᠰᠤᠭᠠᠬᠤ ᠭᠠᠵᠠᠷ ᠢ ᠰᠢᠨᠵᠢᠯᠡᠬᠦ ᠤᠬᠠᠭᠠᠨᠴᠢ ᠪᠠᠷ ᠲᠤᠬᠢᠷᠠᠭᠤᠯᠵᠤ᠂ ᠤᠶᠤᠨᠴᠢ ᠪᠠᠷ ᠲᠡᠷᠭᠡ ᠵᠤᠭᠰᠤᠭᠠᠬᠤ ᠶᠢ | ᠲᠦᠯᠬᠢᠨ ᠠᠬᠢᠭᠤᠯᠵᠤ᠂ 7000 ᠤᠶᠤᠨᠴᠢ ᠲᠡᠷᠭᠡᠨ ᠵᠤᠭᠰᠤᠭᠠᠯ᠂ 3 ᠰᠠᠭᠤᠷᠢ ᠪᠤᠰᠤᠭ᠎ᠠ ᠴᠤᠭᠴᠠᠲᠤ ᠲᠡᠷᠭᠡᠨ | ᠵᠤᠭᠰᠤᠭᠠᠯ ᠢ ᠰᠢᠨ᠎ᠡ ᠪᠠᠷ ᠪᠠᠶᠢᠭᠤᠯᠵᠤ᠂ ᠵᠠᠮ ᠬᠠᠷᠢᠯᠴᠠᠭᠠᠨ ᠤ ᠵᠤᠬᠢᠶᠠᠨ ᠪᠠᠶᠢᠭᠤᠯᠤᠯᠲᠠ ᠶᠢ ᠰᠢᠯᠢᠳᠡᠭᠵᠢᠭᠦᠯᠵᠦ᠂ | ᠰᠠᠭᠤᠭᠠᠯᠢ ᠠᠷᠠᠳ ᠤᠨ ᠶᠠᠪᠤᠵᠤ ᠰᠠᠭᠤᠬᠤ ᠨᠦᠬᠦᠴᠡᠯ ᠢ ᠰᠠᠶᠢᠵᠢᠷᠠᠭᠤᠯᠤᠨ᠎ᠠ᠃ | ᠰᠤᠷᠭᠠᠭᠤᠯᠢ ᠳᠤ ᠣᠷᠤᠬᠤ᠂ ᠡᠪᠡᠳᠴᠢᠨ ᠦᠵᠡᠭᠦᠯᠬᠦ ᠳᠤ ᠨᠡᠩ ᠳᠦᠭᠦᠮ ᠨᠡᠩ ᠰᠠᠨᠠᠭ᠎ᠠ ᠠᠮᠤᠷ ᠪᠣᠯᠭᠠᠨ᠎ᠠ | ᠃ ᠰᠤᠷᠭᠠᠨ ᠬᠦᠮᠦᠵᠢᠯ ᠤᠨ ᠪᠠᠶᠢᠷᠢᠯᠠᠭᠤᠯᠤᠯᠲᠠ ᠪᠠ ᠲᠡᠩᠴᠡᠭᠦᠷᠢᠲᠦ ᠬᠦᠭᠵᠢᠯᠲᠡ ᠶᠢᠨ ᠭᠤᠷᠪᠠᠨ ᠵᠢᠯ ᠤᠨ | ᠠᠵᠢᠯᠯᠠᠭᠠᠨ ᠤ ᠲᠦᠯᠦᠪᠯᠡᠭᠡ ᠶᠢ ᠪᠡᠶᠡᠯᠡᠭᠦᠯᠵᠦ᠂ ᠬᠤᠶᠠᠳᠤᠭᠠᠷ ᠢ ᠹᠦ᠋ ᠪᠠᠭ᠎ᠠ ᠰᠤᠷᠭᠠᠭᠤᠯᠢ ᠶᠢᠰᠦᠳᠦᠭᠡᠷ ᠳᠤᠮᠳᠠᠳᠤ | ᠰᠤᠷᠭᠠᠭᠤᠯᠢ ᠵᠡᠷᠭᠡ 13 ᠰᠤᠷᠭᠠᠭᠤᠯᠢ ᠶᠢ ᠰᠢᠨ᠎ᠡ ᠪᠠᠷ ᠪᠠᠶᠢᠭᠤᠯᠬᠤ ᠪᠠ ᠦᠷᠭᠡᠳᠬᠡᠨ ᠪᠠᠶᠢᠭᠤᠯᠵᠤ᠂ 5500 | ᠰᠤᠷᠤᠭᠴᠢ ᠶᠢᠨ ᠣᠷᠤᠨ ᠲᠤᠭ᠎ᠠ ᠶᠢ ᠰᠢᠨ᠎ᠡ ᠪᠠᠷ ᠨᠡᠮᠡᠵᠦ᠂ ︽ᠰᠤᠷᠤᠭᠴᠢ ᠤᠯᠠᠨᠲᠠᠢ ᠠᠩᠭᠢ︾ ᠶᠢ | ᠦᠨᠳᠦᠰᠦᠨ ᠳᠡᠭᠡᠨ ᠦᠭᠡᠶᠢᠰᠬᠡᠨ᠎ᠡ᠃ ︽ᠢᠯᠡ ᠪᠠᠷ ᠰᠤᠷᠤᠭᠴᠢ ᠡᠯᠰᠡᠬᠦ᠂ ᠢᠯᠡ ᠪᠠᠷ ᠠᠩᠭᠢ ᠬᠤᠪᠢᠶᠠᠬᠤ︾ ᠶᠢ | ᠪᠠᠷᠢᠮᠲᠠᠯᠠᠨ᠂ ᠰᠤᠷᠭᠠᠨ ᠬᠦᠮᠦᠵᠢᠯ ᠤᠨ ᠡᠷᠬᠡ ᠲᠡᠭᠰᠢ ᠶᠢ ᠠᠬᠢᠭᠤᠯᠤᠨ᠎ᠠ᠃ ᠰᠤᠷᠬᠤ ᠨᠠᠰᠤᠨ ᠠᠴᠠ ᠡᠮᠦᠨᠡᠬᠢ | ᠰᠤᠷᠭᠠᠨ ᠬᠦᠮᠦᠵᠢᠯ ᠤᠨ ᠡᠬᠢ ᠪᠠᠶᠠᠯᠢᠭ ᠢ ᠦᠷᠭᠡᠳᠬᠡᠨ᠂ ᠬᠤᠲᠠ ᠪᠠᠯᠭᠠᠰᠤᠨ ᠤ ᠰᠠᠭᠤᠭᠠᠯᠢ ᠲᠣᠭᠤᠷᠢᠭ ᠤᠨ | ᠴᠡᠴᠡᠷᠯᠢᠭ ᠢ ᠲᠦᠷᠦᠯ ᠬᠤᠪᠢᠶᠠᠨ ᠴᠡᠭᠴᠡᠯᠡᠵᠦ᠂ ᠢᠵᠢ ᠪᠦᠷᠢᠳᠦᠭᠦᠯᠦᠨ ᠠᠰᠢᠭᠯᠠᠬᠤ ᠶᠢ ᠲᠦᠯᠬᠢᠨ ᠠᠬᠢᠭᠤᠯᠵᠤ᠂ ︽ | ᠴᠡᠴᠡᠷᠯᠢᠭ ᠲᠤ ᠣᠷᠤᠬᠤ ᠳᠤ ᠬᠦᠴᠢᠷ︾ ᠠᠰᠠᠭᠤᠳᠠᠯ ᠢ ᠲᠦᠢᠯᠪᠦᠷᠢᠲᠠᠢ ᠰᠢᠢᠳᠪᠦᠷᠢᠯᠡᠨ᠎ᠡ᠃ ᠰᠤᠷᠭᠠᠭᠤᠯᠢ ᠠᠴᠠ | ᠭᠠᠳᠠᠨᠠᠬᠢ ᠪᠤᠯᠪᠠᠰᠤᠷᠠᠭᠤᠯᠤᠯ ᠬᠦᠮᠦᠵᠢᠯ ᠤᠨ ᠪᠠᠶᠢᠭᠤᠯᠤᠮᠵᠢ ᠶᠢᠨ ᠬᠠᠮᠢᠶᠠᠷᠤᠯᠲᠠ ᠶᠢ ᠳᠦᠷᠢᠮᠵᠢᠭᠦᠯᠦᠨ᠂ | ᠰᠤᠷᠭᠠᠭᠤᠯᠢ ᠶᠢᠨ ᠬᠢᠴᠢᠶᠡᠯ ᠤᠨ ᠳᠠᠷᠠᠭᠠᠬᠢ ᠦᠢᠯᠡᠴᠢᠯᠡᠭᠡᠨ ᠤ ᠳᠦᠷᠢᠮ ᠢ ᠪᠦᠷᠢᠨᠰᠢᠭᠦᠯᠦᠨ᠎ᠡ᠃ ᠰᠢᠨ᠎ᠡ ᠴᠠᠭ | ᠦᠶ᠎ᠡ ᠶᠢᠨ ᠪᠠᠭᠰᠢ ᠶᠢᠨ ᠡᠩᠨᠡᠭᠡᠨ ᠤ ᠪᠠᠶᠢᠭᠤᠯᠤᠯᠲᠠ ᠶᠢᠨ ᠦᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ︽ᠰᠢᠶᠠᠨ | ᠬᠠᠮᠢᠶᠠᠷᠴᠤ ᠰᠤᠷᠭᠠᠭᠤᠯᠢ ᠤᠷᠢᠬᠤ︾ ᠪᠠᠭᠰᠢ ᠶᠢᠨ ᠬᠠᠮᠢᠶᠠᠷᠤᠯᠲᠠ ᠶᠢᠨ ᠲᠤᠭᠲᠠᠴᠠ ᠶᠢ ᠠᠬᠢᠭᠤᠯᠵᠤ᠂ ᠬᠢᠴᠢᠶᠡᠯ | ᠰᠤᠩᠭᠤᠬᠤ ᠠᠩᠭᠢ ᠰᠢᠯᠵᠢᠬᠦ ᠵᠢᠭᠠᠨ ᠰᠤᠷᠭᠠᠯᠲᠠ ᠶᠢᠨ ᠬᠠᠮᠢᠶᠠᠷᠤᠯᠲᠠ ᠶᠢᠨ ᠲᠤᠭᠲᠠᠴᠠ ᠶᠢ ᠪᠦᠷᠢᠨᠰᠢᠭᠦᠯᠦᠨ᠎ᠡ᠃ | ᠠᠵᠤ ᠦᠢᠯᠡᠰ ᠪᠠ ᠰᠤᠷᠭᠠᠨ ᠬᠦᠮᠦᠵᠢᠯ ᠠᠭᠤᠰᠤᠯᠴᠠᠬᠤ ᠶᠢ ᠴᠢᠬᠤᠯᠠᠴᠢᠯᠠᠨ᠂ ᠠᠵᠢᠯ ᠮᠡᠷᠭᠡᠵᠢᠯ ᠤᠨ ᠰᠤᠷᠭᠠᠨ | ᠬᠦᠮᠦᠵᠢᠯ ᠤᠨ ᠤᠨᠴᠠᠯᠢᠭᠲᠤ ᠳᠠᠪᠠᠭᠤᠯᠢᠭ ᠲᠤᠰᠬᠠᠢ ᠮᠡᠷᠭᠡᠵᠢᠯ ᠢ ᠰᠢᠯᠢᠳᠡᠭᠵᠢᠭᠦᠯᠦᠨ᠎ᠡ᠃ ᠤᠯᠠᠨ ᠨᠡᠶᠢᠲᠡ ᠶᠢᠨ | ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠰᠢᠰᠲ᠋ᠧᠮ ᠤᠨ ᠪᠠᠶᠢᠭᠤᠯᠤᠯᠲᠠ ᠶᠢᠨ ᠭᠤᠷᠪᠠᠨ ᠵᠢᠯ ᠤᠨ ᠠᠵᠢᠯᠯᠠᠭᠠᠨ ᠤ | ᠲᠦᠯᠦᠪᠯᠡᠭᠡ ᠶᠢ ᠡᠬᠢᠯᠡᠭᠦᠯᠦᠨ᠂ ᠬᠤᠶᠠᠳᠤᠭᠠᠷ ᠡᠮᠨᠡᠯᠭᠡ ᠶᠢᠨ ᠬᠤᠷᠢᠶᠠᠨ ᠤ ᠬᠦᠭᠦᠷᠭᠡᠨ ᠤ ᠤᠮᠠᠷᠠᠳᠠᠬᠢ ᠬᠤᠪᠢᠶᠠᠷᠢ | ᠡᠮᠨᠡᠯᠭᠡ ᠶᠢ ᠪᠠᠶᠢᠭᠤᠯᠵᠤ᠂ ᠡᠮ ᠡᠮᠨᠡᠯᠭᠡ ᠶᠢᠨ ᠪᠦᠯᠦᠭᠯᠡᠯ ᠤᠨ ᠴᠢᠳᠠᠮᠵᠢ ᠶᠢ ᠪᠦᠷᠢᠨᠰᠢᠭᠦᠯᠦᠨ᠂ ᠡᠯ᠎ᠡ ᠱᠠᠲᠤᠨ ᠤ ᠡᠮ | ᠡᠮᠨᠡᠯᠭᠡ ᠶᠢᠨ ᠪᠠᠶᠢᠭᠤᠯᠤᠮᠵᠢ ᠶᠢᠨ ᠬᠤᠯᠪᠤᠭᠠᠯᠠᠨ ᠬᠦᠳᠡᠯᠦᠯᠴᠡᠬᠦ ᠶᠢ ᠠᠬᠢᠭᠤᠯᠵᠤ᠂ ᠠᠯᠤᠰ ᠡᠮᠴᠢᠯᠡᠭᠡ᠂ | ᠪᠦᠯᠦᠭᠯᠡᠯ ᠤᠨ ᠤᠨᠤᠰᠢᠯᠠᠯᠲᠠ᠂ ᠦᠨᠳᠦᠰᠦᠨ ᠱᠠᠲᠤᠨ ᠤ ᠤᠨᠤᠰᠢᠯᠠᠨ ᠡᠮᠴᠢᠯᠡᠯᠲᠡ ᠶᠢ ᠦᠷᠨᠢᠭᠦᠯᠵᠦ᠂ ᠦᠨᠳᠦᠰᠦᠨ | ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠴᠢᠳᠠᠪᠤᠷᠢ ᠶᠢ ᠳᠡᠭᠡᠭᠰᠢᠯᠡᠭᠦᠯᠦᠨ᠎ᠡ᠃ | ᠡᠮᠴᠢᠯᠡᠭᠡᠨ ᠤ ᠪᠠᠶᠢᠭᠤᠯᠤᠯ ᠤᠨ ᠦᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ︽ᠭᠤᠷᠪᠠᠨ ᠡᠮᠨᠡᠯᠭᠡ ᠶᠢ | ᠬᠤᠯᠪᠤᠯᠳᠤᠭᠤᠯᠬᠤ︾ ᠶᠢ ᠬᠠᠮᠵᠢᠯᠴᠠᠨ ᠠᠬᠢᠭᠤᠯᠵᠤ᠂ ᠬᠤᠤᠰ ᠴᠢᠭᠯᠡᠯ ᠢᠶᠠᠷ ᠰᠢᠯᠵᠢᠭᠦᠯᠦᠨ ᠡᠮᠴᠢᠯᠡᠭᠦᠯᠬᠦ ᠠᠯᠬᠤᠮ | ᠳᠠᠷᠠᠭ᠎ᠠ ᠶᠢ ᠰᠢᠯᠦᠭᠤᠳᠬᠠᠨᠠ᠃ ᠬᠤᠯᠤᠭᠠᠨ᠎ᠠ ᠬᠢᠵᠢᠭ᠂ ᠰᠢᠨ᠎ᠡ ᠲᠢᠲᠡᠮᠯᠢᠭ ᠠᠭᠤᠰᠬᠢᠨ ᠦᠷᠪᠢᠰᠦᠯ ᠵᠡᠷᠭᠡ | ᠬᠠᠯᠳᠠᠪᠤᠷᠢᠲᠤ ᠡᠪᠡᠳᠴᠢᠨ ᠤ ᠬᠢᠵᠢᠭ ᠤᠨ ᠪᠠᠶᠢᠳᠠᠯ ᠢ ᠰᠤᠳᠤᠯᠤᠨ ᠮᠠᠭᠠᠳᠯᠠᠵᠤ ᠤᠷᠢᠳᠴᠢᠯᠠᠨ ᠰᠡᠷᠡᠮᠵᠢᠯᠡᠭᠦᠯᠬᠦ᠂ | ᠰᠤᠷᠠᠭ ᠵᠠᠩᠭᠢ ᠶᠢᠨ ᠮᠡᠳᠡᠭᠡᠯᠡᠯ᠂ ᠬᠤᠯᠪᠤᠭᠠᠯᠠᠨ ᠰᠡᠷᠭᠡᠶᠢᠯᠡᠵᠦ ᠬᠤᠯᠪᠤᠭᠠᠯᠠᠨ ᠡᠵᠡᠮᠳᠡᠬᠦ ᠲᠤᠭᠲᠠᠴᠠ ᠶᠢ | ᠲᠡᠭᠦᠯᠳᠡᠷᠵᠢᠭᠦᠯᠦᠨ᠂ ᠭᠤᠤᠯᠳᠠᠯᠭ᠎ᠠ ᠲᠠᠢ ᠬᠠᠯᠳᠠᠪᠤᠷᠢᠲᠤ ᠡᠪᠡᠳᠴᠢᠨ᠂ ᠤᠯᠠᠷᠢᠯ ᠤᠨ ᠴᠢᠨᠠᠷᠲᠠᠢ ᠬᠠᠯᠳᠠᠪᠤᠷᠢᠲᠤ | ᠡᠪᠡᠳᠴᠢᠨ ᠢ ᠬᠢᠨᠠᠨ ᠰᠢᠯᠭᠠᠵᠤ ᠦᠨᠡᠯᠡᠨ ᠵᠢᠱᠢᠯᠲᠡ ᠶᠢ ᠲᠤᠭᠲᠠᠮᠠᠯ ᠬᠤᠭᠤᠴᠠᠭ᠎ᠠ ᠲᠠᠢ ᠪᠠᠷ ᠦᠷᠨᠢᠭᠦᠯᠵᠦ᠂ ᠬᠢᠵᠢᠭ | ᠡᠪᠡᠳᠴᠢᠨ ᠢ ᠴᠢᠩᠭ᠎ᠠ ᠰᠡᠷᠭᠡᠶᠢᠯᠡᠬᠦ ᠬᠤᠷᠢᠭ᠎ᠠ ᠱᠤᠭᠤᠮ ᠢ ᠪᠠᠲᠤ ᠪᠠᠬᠢ ᠪᠠᠶᠢᠭᠤᠯᠤᠨ᠎ᠠ᠃ | ᠬᠤᠲᠠ ᠶᠢ ᠨᠡᠩ ᠠᠭᠤᠯᠬᠤᠨ ᠲᠠᠢ ᠪᠣᠯᠭᠠᠨ᠎ᠠ᠃ ︽ᠬᠤᠶᠠᠷ ᠠᠭᠤᠯᠠ ᠬᠤᠶᠠᠷ ᠬᠦᠷᠢᠶᠡᠯᠡᠩ︾᠂ ᠴᠢᠩ | ᠡᠾᠧ ᠵᠠᠮ ᠤᠨ ᠪᠦᠰᠡ ᠬᠡᠯᠪᠡᠷᠢᠲᠤ ᠴᠡᠴᠡᠷᠯᠢᠭ ᠤᠨ ᠦᠵᠡᠮᠵᠢ ᠶᠢ ᠳᠡᠰ ᠳᠡᠪᠰᠢᠭᠦᠯᠬᠦ ᠪᠠ ᠪᠠᠷᠠᠭᠠᠨ ᠭᠦᠢᠯᠭᠡᠭᠡᠨ ᠤ | ᠬᠦᠷᠢᠶᠡᠯᠡᠩ ᠲᠣᠭᠤᠷᠢᠭ ᠤᠨ ᠲᠡᠮᠦᠷ ᠵᠠᠮ ᠤᠨ ᠲᠤᠰᠬᠠᠢ ᠱᠤᠭᠤᠮ ᠤᠨ ᠲᠤᠭᠤᠰᠢᠲᠠᠢ ᠦᠭᠡᠷᠡᠴᠢᠯᠡᠯᠲᠡ᠂ ᠡᠮᠦᠨ᠎ᠡ | ᠠᠭᠤᠯᠠᠨ ᠤ ᠬᠦᠲᠦᠯ ᠬᠠᠮᠠᠭᠠᠯᠠᠬᠤ ᠢᠨᠵᠧᠨᠧᠷᠢᠩ ᠢ ᠪᠡᠶᠡᠯᠡᠭᠦᠯᠵᠦ᠂ ᠠᠨ ᠯᠠᠨ ᠭᠤᠤᠯ ᠤᠨ ᠳᠡᠭᠡᠳᠦ ᠤᠷᠤᠰᠬᠠᠯ᠂ | ᠨᠢᠩ ᠯᠠᠨ ᠭᠤᠤᠯ᠂ ᠢᠩᠭᠡ ᠶᠢᠨ ᠭᠤᠤᠯ᠂ ᠪᠢᠨ ᠡᠾᠧ ᠦᠵᠡᠮᠵᠢ ᠶᠢᠨ ᠣᠷᠤᠨ ᠢ ᠳᠡᠰ ᠳᠡᠪᠰᠢᠭᠦᠯᠬᠦ ᠶᠢ | ᠲᠦᠷᠭᠡᠪᠴᠢᠯᠡᠨ᠂ ᠳᠡᠭᠡᠳᠦ ᠬᠤᠷᠳᠤ ᠶᠢᠨ ᠲᠡᠮᠦᠷ ᠵᠠᠮ ᠳᠠᠭᠠᠤ ᠠᠮᠢ ᠠᠬᠤᠢ ᠣᠷᠴᠢᠨ ᠲᠣᠭᠤᠷᠢᠨ ᠤ ᠴᠡᠭᠴᠡᠯᠡᠨ | ᠵᠠᠰᠠᠯᠲᠠ ᠶᠢ ᠪᠡᠶᠡᠯᠡᠭᠦᠯᠵᠦ᠂ ᠤᠢ ᠰᠢᠭᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠠᠮᠢ ᠠᠬᠤᠢ ᠶᠢᠨ | ᠬᠦᠷᠢᠶᠡᠯᠡᠩ ᠢ ᠪᠠᠶᠢᠭᠤᠯᠵᠤ᠂1363 ᠮᠦ ᠰᠢᠨ᠎ᠡ ᠪᠠᠷ ᠤᠶᠢᠵᠢᠭᠤᠯᠵᠤ᠂ ︽ᠡᠭᠦᠳᠡ ᠭᠠᠷᠤᠮᠠᠭᠴᠠ ᠤᠶᠢᠵᠢᠭᠤᠯᠤᠯᠲᠠ | ᠲᠠᠢ᠂ ᠲᠠᠪᠤᠨ ᠵᠠᠭᠤᠨ ᠮᠧᠲᠷ ᠪᠦᠷᠢ ᠳᠤ ᠬᠦᠷᠢᠶᠡᠯᠡᠩ ᠲᠠᠢ︾ ᠬᠤᠲᠠ ᠶᠢᠨ ᠠᠮᠢ ᠠᠬᠤᠢ ᠬᠦᠮᠦᠨ ᠰᠤᠶᠤᠯ ᠤᠨ | ᠦᠵᠡᠮᠵᠢ ᠶᠢᠨ ᠰᠢᠰᠲ᠋ᠧᠮ ᠢ ᠪᠠᠶᠢᠭᠤᠯᠤᠨ᠎ᠠ᠃ ᠬᠤᠩᠱᠠᠨ ᠰᠤᠶᠤᠯ ᠤᠨ ᠦᠯᠡᠳᠡᠭᠳᠡᠯ ᠢ ᠰᠤᠶᠤᠯ ᠤᠨ ᠦᠪ ᠢᠶᠠᠷ | ᠮᠡᠳᠡᠭᠦᠯᠬᠦ ᠶᠢ ᠠᠬᠢᠭᠤᠯᠵᠤ᠂ ᠬᠠᠮᠠᠭᠠᠯᠠᠵᠤ ᠵᠠᠯᠭᠠᠮᠵᠢᠯᠠᠬᠤ᠂ ᠰᠤᠶᠤᠯ ᠵᠢᠭᠤᠯᠴᠢᠯᠠᠯ ᠢ ᠠᠭᠤᠰᠤᠯᠴᠠᠭᠤᠯᠬᠤ᠂ ᠲᠤᠭ᠎ᠠ | ᠪᠠᠷᠢᠮᠲᠠ ᠪᠠᠷ ᠲᠠᠬᠢᠨ ᠢᠯᠡᠷᠡᠭᠦᠯᠬᠦ ᠵᠡᠷᠭᠡ ᠰᠠᠭᠤᠷᠢ ᠢᠨᠵᠧᠨᠧᠷᠢᠩ ᠢ ᠡᠬᠢᠯᠡᠭᠦᠯᠦᠨ᠂ ᠬᠤᠩᠱᠠᠨ ᠰᠤᠶᠤᠯ ᠤᠨ ᠭᠤᠤᠯ | ᠰᠡᠳᠦᠪᠲᠦ ᠴᠡᠴᠡᠷᠯᠢᠭ ᠢ ᠡᠷᠡᠮᠡᠯᠵᠡᠬᠦ ᠠᠵᠢᠯ ᠢ ᠠᠬᠢᠭᠤᠯᠤᠨ᠎ᠠ᠃ ᠰᠤᠶᠤᠯ ᠢᠶᠠᠷ ᠠᠷᠠᠳ ᠲᠤ ᠠᠰᠢᠭ ᠬᠦᠷᠲᠡᠭᠡᠬᠦ | ᠢᠨᠵᠧᠨᠧᠷᠢᠩ ᠢ ᠦᠷᠨᠢᠭᠦᠯᠦᠨ᠂ ᠰᠤᠶᠤᠯ ᠤᠨ ᠣᠷᠳᠤᠨ᠂ ᠨᠣᠮ ᠤᠨ ᠰᠠᠩ ᠤᠨ ᠶᠡᠷᠦᠩᠬᠡᠢ ᠬᠤᠪᠢᠶᠠᠷᠢ ᠨᠣᠮ ᠤᠨ | ᠰᠠᠩ ᠤᠨ ᠳᠦᠷᠢᠮ ᠤᠨ ᠪᠠᠶᠢᠭᠤᠯᠤᠯᠲᠠ ᠶᠢ ᠲᠦᠷᠭᠡᠪᠴᠢᠯᠡᠵᠦ᠂ ᠤᠯᠠᠨ ᠨᠡᠶᠢᠲᠡ ᠶᠢᠨ ᠰᠤᠶᠤᠯ ᠤᠨ ᠡᠬᠢ | ᠪᠠᠶᠠᠯᠢᠭ ᠤᠨ ᠲᠤᠰᠬᠤᠨ ᠵᠦᠪᠯᠡᠯ ᠲᠡᠰᠢ ᠦᠷᠭᠡᠵᠢᠬᠦ ᠶᠢ ᠠᠬᠢᠭᠤᠯᠤᠨ᠎ᠠ᠃ | ︵ᠲᠠᠪᠤ︶ ᠦᠵᠡᠰᠬᠦᠯᠡᠩᠲᠦ ᠵᠣᠯ ᠵᠢᠷᠭᠠᠯᠲᠤ ᠰᠢᠨ᠎ᠡ ᠬᠤᠩᠱᠠᠨ ᠢ ᠬᠠᠮᠲᠤᠪᠡᠷ ᠪᠦᠲᠦᠭᠡᠨ ᠪᠠᠶᠢᠭᠤᠯᠵᠤ᠂ | ᠴᠡᠭᠴᠡᠯᠡᠨ ᠵᠠᠰᠠᠵᠤ᠂ ᠡᠳ᠋ᠯᠡᠨ᠎ᠡ | ᠬᠤᠲᠠ ᠪᠠᠯᠭᠠᠰᠤᠨ ᠤ ᠴᠡᠭᠴᠡᠯᠡᠨ ᠵᠠᠰᠠᠯᠲᠠ ᠶᠢᠨ ᠭᠤᠤᠯᠳᠠᠯᠭ᠎ᠠ ᠶᠢ ᠲᠤᠷᠤᠭᠰᠢ ᠰᠢᠯᠵᠢᠭᠦᠯᠬᠦ ᠶᠢ ᠤᠯᠠᠮ | ᠨᠢᠭᠡ ᠠᠯᠬᠤᠮ ᠠᠬᠢᠭᠤᠯᠤᠨ᠎ᠠ᠃ ᠦᠨᠳᠦᠰᠦᠨ ᠱᠠᠲᠤᠨ ᠤ ᠬᠢᠨᠠᠨ ᠵᠦᠪᠰᠢᠶᠡᠷᠡᠬᠦ ᠦᠢᠯᠡᠴᠢᠯᠡᠭᠡᠨ ᠤ ᠬᠠᠤᠯᠢ | ᠬᠡᠷᠡᠭᠵᠢᠭᠦᠯᠬᠦ ᠦᠭᠡᠷᠡᠴᠢᠯᠡᠯᠲᠡ ᠶᠢᠨ ᠱᠠᠭᠠᠷᠳᠠᠯᠭ᠎ᠠ ᠶᠤᠰᠤᠭᠠᠷ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ | ᠬᠦᠴᠦᠨ ᠤ ᠳᠤᠷᠤᠭᠰᠢ ᠪᠠᠭᠤᠬᠤ ᠶᠢ ᠠᠬᠢᠭᠤᠯᠵᠤ᠂ ᠪᠠᠯᠭᠠᠰᠤ ᠵᠡᠭᠡᠯᠢ ᠶᠢᠨ ᠶᠡᠷᠦᠩᠬᠡᠶᠢᠯᠡᠭᠰᠡᠨ ᠬᠠᠤᠯᠢ ᠬᠡᠷᠡᠭᠵᠢᠭᠦᠯᠬᠦ | ᠡᠩᠨᠡᠭᠡᠨ ᠤ ᠪᠠᠶᠢᠭᠤᠯᠤᠯᠲᠠ ᠶᠢ ᠴᠢᠩᠭᠠᠳᠬᠠᠨ᠂ ᠴᠡᠭᠴᠡᠯᠡᠨ ᠵᠠᠰᠠᠯᠲᠠ ᠶᠢᠨ ᠡᠬᠢ ᠪᠠᠶᠠᠯᠢᠭ ᠪᠠᠯᠭᠠᠰᠤ ᠵᠡᠭᠡᠯᠢ ᠳᠤ | ᠲᠦᠪᠯᠡᠷᠡᠬᠦ ᠶᠢ ᠠᠬᠢᠭᠤᠯᠵᠤ᠂ ︽ᠨᠢᠭᠡ ᠡᠩᠨᠡᠭᠡ ᠬᠠᠤᠯᠢ ᠬᠡᠷᠡᠭᠵᠢᠭᠦᠯᠬᠦ ᠶᠢ ᠬᠠᠮᠢᠶᠠᠷᠬᠤ︾ ᠶᠢ ᠠᠭᠠᠵᠢᠮ ᠢᠶᠠᠷ | ᠪᠡᠶᠡᠯᠡᠭᠦᠯᠦᠨ᠎ᠡ᠃ ᠲᠦᠪᠯᠡᠷᠡᠭᠰᠡᠨ ᠬᠠᠷᠢᠶᠠᠲᠤ ᠣᠷᠤᠨ ᠤ ᠨᠠᠮ ᠤᠨ ᠪᠠᠶᠢᠭᠤᠯᠤᠯᠲᠠ᠂ ᠴᠡᠭᠴᠡᠯᠡᠨ ᠵᠠᠰᠠᠯᠲᠠ᠂ | ᠦᠢᠯᠡᠴᠢᠯᠡᠭᠡ᠂ ᠭᠤᠤᠯ ᠬᠠᠷᠢᠭᠤᠴᠠᠯᠭ᠎ᠠ᠂ ᠭᠤᠤᠯ ᠠᠵᠢᠯ ᠢ ᠠᠳᠬᠤᠵᠤ᠂ ︽ᠵᠡᠭᠡᠯᠢ ᠭᠤᠳᠤᠮᠵᠢ ᠱᠦᠭᠯᠦ | ᠦᠯᠢᠶᠡᠵᠦ᠂ ᠰᠠᠯᠠᠭ᠎ᠠ ᠮᠦᠴᠢᠷ ᠨᠡᠷ᠎ᠡ ᠮᠡᠳᠡᠭᠦᠯᠬᠦ︾ ᠳᠦᠷᠢᠮ ᠢ ᠪᠠᠶᠢᠭᠤᠯᠤᠨ᠂ ︽ᠱᠦᠭᠯᠦ ᠦᠯᠢᠶᠡᠵᠦ ᠨᠡᠷ᠎ᠡ | ᠮᠡᠳᠡᠭᠦᠯᠬᠦ︾ ᠲᠤᠰᠬᠠᠢ ᠳᠠᠩᠰᠠ ᠶᠢ ᠴᠡᠭᠴᠡᠯᠡᠨ ᠰᠢᠯᠤᠭᠤᠳᠬᠠᠵᠤ᠂ ᠡᠷᠬᠡ ᠬᠠᠷᠢᠭᠤᠴᠠᠯᠭ᠎ᠠ ᠲᠤᠳᠤᠷᠬᠠᠢ᠂ ᠬᠡᠰᠡᠭ | ᠪᠦᠯᠦᠭ ᠢᠶᠠᠷ ᠬᠠᠮᠲᠤᠷᠠᠨ ᠬᠦᠳᠡᠯᠦᠯᠴᠡᠬᠦ ᠠᠵᠢᠯ ᠤᠨ ᠲᠤᠭᠲᠠᠴᠠ ᠶᠢ ᠪᠠᠶᠢᠭᠤᠯᠵᠤ᠂ ᠪᠠᠯᠭᠠᠰᠤ ᠵᠡᠭᠡᠯᠢ ᠶᠢᠨ | ᠨᠢᠭᠡᠲᠦᠯᠲᠡᠢ ᠲᠦᠯᠦᠪᠵᠢᠭᠦᠯᠵᠦ ᠬᠠᠮᠵᠢᠯᠴᠠᠨ ᠵᠤᠬᠢᠴᠠᠭᠤᠯᠬᠤ ᠴᠢᠳᠠᠮᠵᠢ ᠶᠢ ᠴᠢᠩᠭᠠᠷᠠᠭᠤᠯᠤᠨ᠎ᠠ᠃ ᠠᠵᠢᠯ | ᠶᠠᠪᠤᠳᠠᠯ ᠤᠨ ᠡᠷᠬᠡ ᠬᠢᠭᠡᠳ ᠵᠠᠷᠤᠯᠭ᠎ᠠ ᠶᠢᠨ ᠬᠠᠷᠢᠭᠤᠴᠠᠯᠭ᠎ᠠ ᠬᠠᠷᠢᠯᠴᠠᠨ ᠵᠤᠬᠢᠴᠠᠭᠰᠠᠨ ᠡᠳ᠋ ᠤᠨ ᠵᠠᠰᠠᠭ ᠤᠨ | ᠪᠠᠶᠢᠭᠤᠯᠤᠯ ᠢ ᠪᠠᠶᠢᠭᠤᠯᠵᠤ᠂ ᠵᠠᠷᠤᠳᠠᠯ ᠤᠨ ᠳᠠᠭᠠᠭᠠᠴᠢᠯᠠᠯᠲᠠ ᠶᠢ ᠬᠡᠷᠡᠭᠵᠢᠭᠦᠯᠵᠦ᠂ ᠡᠳ᠋ ᠤᠨ ᠵᠠᠰᠠᠭ ᠤᠨ | ᠪᠠᠲᠤᠯᠠᠭ᠎ᠠ ᠶᠢᠨ ᠴᠢᠳᠠᠪᠤᠷᠢ ᠶᠢ ᠴᠢᠩᠭᠠᠷᠠᠭᠤᠯᠤᠨ᠎ᠠ᠃ ᠬᠢᠨᠠᠯᠲᠠ ᠲᠠᠯᠪᠢᠵᠤ ᠰᠢᠯᠭᠠᠨ ᠦᠨᠡᠯᠡᠬᠦ ᠰᠢᠰᠲ᠋ᠧᠮ ᠢ | ᠪᠦᠷᠢᠨᠰᠢᠭᠦᠯᠦᠨ᠂ ᠵᠦᠷᠢᠶᠡᠲᠦ ᠬᠠᠷᠠᠯᠲᠠᠲᠤ ᠬᠠᠷᠢᠭᠤᠴᠠᠯᠭ᠎ᠠ ᠶᠢ ᠬᠢᠨᠠᠨ ᠰᠢᠯᠭᠠᠬᠤ ᠪᠠᠷᠢᠮᠵᠢᠶ᠎ᠠ ᠶᠢ ᠪᠠᠶᠢᠭᠤᠯᠵᠤ᠂ | ᠦᠨᠳᠦᠰᠦᠨ ᠱᠠᠲᠤᠨ ᠤ ᠡᠭᠦᠷᠭᠡ ᠳᠠᠷᠤᠭᠠᠰᠤ ᠶᠢ ᠦᠨᠡᠨᠬᠦ ᠬᠦᠩᠭᠡᠷᠡᠭᠦᠯᠦᠨ᠎ᠡ᠃ | ᠬᠤᠲᠠ ᠬᠦᠳᠡᠭᠡ ᠶᠢᠨ ᠣᠷᠴᠢᠨ ᠲᠣᠭᠤᠷᠢᠨ ᠤ ᠨᠠᠷᠢᠯᠢᠭᠵᠢᠭᠤᠯᠤᠭᠰᠠᠨ ᠬᠠᠮᠢᠶᠠᠷᠤᠯᠲᠠ ᠶᠢᠨ ᠬᠢᠷᠢ | ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠪᠡ᠃ ︽ᠨᠠᠷᠢᠯᠢᠭᠵᠢᠭᠤᠯᠤᠭᠰᠠᠨ ᠬᠠᠮᠢᠶᠠᠷᠤᠯᠲᠠ ᠶᠢ | ᠲᠦᠪᠯᠡᠷᠡᠭᠦᠯᠦᠨ ᠠᠬᠢᠭᠤᠯᠬᠤ ᠤᠨ︾ ᠢ ᠬᠡᠷᠡᠭᠵᠢᠭᠦᠯᠵᠦ᠂ ᠬᠤᠲᠠ ᠶᠢᠨ ᠬᠠᠮᠢᠶᠠᠷᠤᠯᠲᠠ᠂ ᠨᠤᠲᠤᠭ ᠳᠡᠪᠢᠰᠬᠡᠷ ᠤᠨ | ᠳᠠᠭᠠᠭᠤᠯᠢ ᠤᠳᠤᠨ ᠤ ᠵᠢᠷᠤᠭ᠂ ᠠᠮᠤᠷ ᠢ ᠬᠠᠮᠠᠭᠠᠯᠠᠬᠤ ᠰᠡᠷᠭᠡᠶᠢᠯᠡᠨ ᠡᠵᠡᠮᠳᠡᠬᠦ ᠰᠢᠰᠲ᠋ᠧᠮ ᠤᠨ ᠲᠤᠭ᠎ᠠ ᠪᠠᠷᠢᠮᠲᠠ ᠶᠢ | ᠨᠡᠶᠢᠳᠬᠡᠵᠦ᠂ ᠬᠢᠨᠠᠨ ᠬᠠᠮᠢᠶᠠᠷᠴᠤ ᠡᠵᠡᠩᠨᠡᠬᠦ ᠳᠦᠷᠢᠮᠵᠢᠯ ᠢ ᠭᠠᠷᠭᠠᠵᠤ᠂ ᠡᠩᠨᠡᠭᠡᠨ ᠤ ᠪᠠᠶᠢᠭᠤᠯᠤᠯᠲᠠ ᠪᠠ ᠰᠢᠯᠭᠠᠨ | ᠬᠢᠨᠠᠵᠤ ᠬᠠᠷᠢᠭᠤᠴᠠᠯᠭ᠎ᠠ ᠨᠡᠬᠡᠮᠵᠢᠯᠡᠬᠦ ᠶᠢ ᠴᠢᠩᠭᠠᠳᠬᠠᠨ᠂ ᠤᠶᠤᠨᠴᠢ ᠬᠠᠮᠢᠶᠠᠷᠤᠯᠲᠠ ᠶᠢᠨ ᠴᠢᠳᠠᠪᠤᠷᠢ ᠪᠠ ᠬᠢᠷᠢ | ᠲᠦᠪᠰᠢᠨ ᠢ ᠳᠡᠭᠡᠭᠰᠢᠯᠡᠭᠦᠯᠪᠡ᠃ ᠬᠤᠲᠠ ᠬᠦᠳᠡᠭᠡ ᠶᠢᠨ ᠬᠦᠮᠦᠨ ᠰᠠᠭᠤᠭᠠᠯᠢ ᠶᠢᠨ ᠣᠷᠴᠢᠨ ᠲᠣᠭᠤᠷᠢᠨ ᠢ | ᠴᠡᠭᠴᠡᠯᠡᠨ ᠵᠠᠰᠠᠬᠤ ᠭᠤᠷᠪᠠᠨ ᠵᠢᠯ ᠤᠨ ᠠᠵᠢᠯᠯᠠᠭᠠᠨ ᠤ ᠲᠦᠯᠦᠪᠯᠡᠭᠡ ᠶᠢ ᠪᠡᠶᠡᠯᠡᠭᠦᠯᠵᠦ᠂ ᠳᠦᠷᠢᠮ ᠵᠦᠷᠢᠴᠡᠭᠰᠡᠨ | ᠪᠠᠷᠢᠯᠭ᠎ᠠ᠂ ᠬᠠᠤᠯᠢ ᠪᠤᠰᠤ ᠪᠠᠷ ᠭᠠᠵᠠᠷ ᠰᠢᠷᠦᠢ ᠶᠢ ᠠᠰᠢᠭᠯᠠᠭᠰᠠᠨ ᠢ ᠴᠡᠭᠴᠡᠯᠡᠨ ᠵᠠᠰᠠᠬᠤ ᠶᠢ ᠠᠬᠢᠭᠤᠯᠵᠤ᠂ ᠳᠦᠷᠢᠮ | ᠵᠦᠷᠢᠴᠡᠭᠰᠡᠨ ᠪᠠᠷᠢᠯᠭ᠎ᠠ ᠰᠢᠨ᠎ᠡ ᠪᠠᠷ ᠨᠡᠮᠡᠭᠳᠡᠭᠰᠡᠨ ᠦᠭᠡᠢ᠃ ᠬᠤᠲᠠ ᠶᠢᠨ ᠬᠠᠶᠠᠭᠳᠠᠭᠰᠠᠨ ᠭᠠᠵᠠᠷ ᠰᠢᠷᠦᠢ | ᠶᠡᠷᠦᠩᠬᠡᠶᠢᠯᠡᠭᠰᠡᠨ ᠴᠡᠭᠴᠡᠯᠡᠨ ᠵᠠᠰᠠᠯᠲᠠ ᠶᠢ ᠦᠷᠨᠢᠭᠦᠯᠦᠨ᠂ ᠪᠠᠷᠢᠯᠭ᠎ᠠ ᠶᠢᠨ ᠭᠠᠵᠠᠷ᠂ ᠪᠦᠲᠦᠭᠡᠨ | ᠪᠠᠶᠢᠭᠤᠯᠤᠯᠲᠠ ᠠᠴᠠ ᠪᠣᠯᠵᠤ ᠬᠦᠷᠢᠶᠡᠯᠡᠨ ᠬᠠᠰᠢᠬᠤ᠂ ᠠᠰᠠᠷ ᠤᠨ ᠭᠠᠳᠠᠷ ᠨᠢᠭᠤᠷ ᠤᠨ ᠴᠢᠮᠡᠭᠯᠡᠯ ᠤᠨ | ᠬᠠᠮᠢᠶᠠᠷᠤᠯᠲᠠ ᠶᠢ ᠳᠦᠷᠢᠮᠵᠢᠭᠦᠯᠵᠦ᠂ ᠠᠰᠠᠷ ᠳᠡᠭᠡᠷᠡᠬᠢ ᠵᠠᠷ ᠢ ᠴᠡᠪᠡᠷᠯᠡᠵᠦ ᠠᠷᠢᠯᠭᠠᠨ᠂ ᠡᠭᠦᠳᠡᠨ ᠳᠠᠬᠢ ᠫᠠᠶᠢᠰᠠ | ᠢᠯᠡᠷᠬᠡᠶᠢᠯᠡᠯ ᠢ ᠳᠦᠷᠢᠮᠵᠢᠭᠦᠯᠵᠦ᠂ ᠦᠪᠡᠷᠲᠡᠭᠡᠨ ᠵᠠᠰᠠᠬᠤ ᠣᠷᠤᠨ ᠤ ᠬᠤᠲᠠ ᠶᠢᠨ ᠨᠠᠷᠢᠯᠢᠭᠵᠢᠭᠤᠯᠤᠭᠰᠠᠨ | ᠬᠠᠮᠢᠶᠠᠷᠤᠯᠲᠠ ᠶᠢᠨ ᠠᠬᠤᠢ ᠲᠠᠯᠠᠪᠠᠢ ᠶᠢᠨ ᠬᠤᠷᠠᠯ ᠢ ᠪᠦᠲᠦᠮᠵᠢᠲᠡᠢ ᠳᠠᠭᠠᠭᠠᠴᠢᠯᠠᠨ ᠡᠷᠬᠢᠯᠡᠨ᠎ᠡ᠃ ᠬᠤᠭ ᠯᠤᠪᠰᠢ ᠶᠢ | ᠲᠦᠷᠦᠯ ᠬᠤᠪᠢᠶᠠᠬᠤ ᠳᠦᠷᠢᠮ ᠪᠠ ᠪᠠᠷᠢᠮᠵᠢᠶ᠎ᠠ ᠶᠢᠨ ᠰᠢᠰᠲ᠋ᠧᠮ ᠢ ᠪᠠᠶᠢᠭᠤᠯᠤᠨ᠂ ᠵᠠᠰᠠᠭ ᠵᠠᠬᠢᠷᠭᠠᠨ ᠤ ᠪᠠᠶᠢᠭᠤᠯᠭ᠎ᠠ᠂ | ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠠᠮᠢᠳᠤᠷᠠᠯ ᠤᠨ ᠬᠤᠭ ᠯᠤᠪᠰᠢ ᠶᠢ ᠠᠯᠪᠠᠳᠠᠨ ᠠᠩᠭᠢᠯᠠᠬᠤ ᠶᠢ | ᠬᠡᠷᠡᠭᠵᠢᠭᠦᠯᠵᠦ᠂ ᠬᠤᠭ ᠯᠤᠪᠰᠢ ᠶᠢ ᠠᠩᠭᠢᠯᠠᠬᠤ ᠵᠢᠱᠢᠶ᠎ᠡ ᠦᠵᠡᠭᠦᠯᠬᠦ ᠰᠠᠭᠤᠭᠠᠯᠢ ᠲᠣᠭᠤᠷᠢᠭ ᠢ ᠪᠠᠶᠢᠭᠤᠯᠵᠤ᠂ | ᠳᠤᠤᠷ᠎ᠠ ᠨᠡᠭᠦᠷᠡᠰᠦᠳᠦ᠋ᠷᠦᠭᠴᠢᠲᠦ᠂ ᠪᠤᠬᠢᠷᠳᠤᠯ ᠦᠭᠡᠢ ᠠᠮᠢᠳᠤᠷᠠᠯ ᠤᠨ ᠰᠢᠨ᠎ᠡ ᠬᠡᠪ ᠰᠤᠷᠲᠠᠯ ᠢ ᠰᠠᠨᠠᠭᠠᠴᠢᠯᠠᠨ᠎ᠠ᠃ | ᠨᠡᠶᠢᠭᠡᠮ ᠲᠣᠭᠤᠷᠢᠭ ᠤᠨ ᠲᠤᠤᠷᠵᠢᠭᠰᠠᠨ ᠴᠡᠭᠴᠡᠯᠡᠨ ᠵᠠᠰᠠᠯᠲᠠ ᠶᠢᠨ ᠴᠢᠳᠠᠪᠤᠷᠢ ᠶᠢ ᠤᠯᠠᠮ ᠨᠢᠭᠡ ᠠᠯᠬᠤᠮ | ᠴᠢᠩᠭᠠᠳᠬᠠᠨ᠎ᠠ᠃ ᠨᠡᠶᠢᠭᠡᠮ ᠲᠣᠭᠤᠷᠢᠭ ᠤᠨ ᠴᠡᠭᠴᠡᠯᠡᠨ ᠵᠠᠰᠠᠯᠲᠠ ᠪᠠ ᠦᠢᠯᠡᠴᠢᠯᠡᠭᠡᠨ ᠤ ᠰᠢᠨ᠎ᠡ ᠶᠢ ᠡᠭᠦᠳᠬᠦ ᠦᠷ᠎ᠡ | ᠪᠦᠲᠦᠮᠵᠢ ᠶᠢ ᠪᠠᠲᠤᠵᠢᠭᠤᠯᠤᠨ᠂ ᠲᠤᠤᠷᠵᠢᠭᠰᠠᠨ ᠴᠡᠭᠴᠡᠯᠡᠨ ᠵᠠᠰᠠᠯᠲᠠ ᠶᠢᠨ ᠰᠢᠰᠲ᠋ᠧᠮ ᠢ ᠪᠦᠷᠢᠨᠰᠢᠭᠦᠯᠵᠦ᠂ | ᠲᠤᠤᠷᠵᠢᠯ ᠳᠠᠬᠢ ᠨᠠᠮ ᠤᠨ ᠪᠠᠶᠢᠭᠤᠯᠤᠯᠲᠠ᠂ ᠨᠡᠶᠢᠭᠡᠮ ᠤᠨ ᠪᠠᠲᠤᠯᠠᠭ᠎ᠠ᠂ ᠶᠡᠷᠦᠩᠬᠡᠶᠢᠯᠡᠭᠰᠡᠨ ᠵᠠᠰᠠᠯᠲᠠ᠂ ᠪᠠᠴᠢᠮ ᠢ | ᠠᠷᠭᠠᠴᠠᠬᠤ ᠬᠠᠮᠢᠶᠠᠷᠤᠯᠲᠠ᠂ ᠨᠡᠶᠢᠭᠡᠮ ᠤᠨ ᠠᠪᠤᠷᠠᠨ ᠲᠤᠰᠠᠯᠠᠬᠤ ᠵᠡᠷᠭᠡ ᠠᠵᠢᠯ ᠢ ᠨᠢᠭᠡᠲᠦᠯᠲᠡᠢ ᠲᠦᠯᠦᠪᠵᠢᠭᠦᠯᠵᠦ᠂ | ︽ᠤᠯᠠᠨ ᠲᠤᠤᠷᠵᠢᠯ ᠢ ᠨᠡᠶᠢᠳᠬᠡᠨᠡ︾᠃ ᠨᠡᠶᠢᠭᠡᠮ ᠲᠣᠭᠤᠷᠢᠭ ᠤᠨ ᠠᠵᠢᠯ ᠤᠨ ᠳᠠᠩᠰᠠ ᠶᠢ ᠲᠤᠭᠲᠠᠭᠠᠵᠤ᠂ | ᠲᠤᠤᠷᠵᠢᠭᠰᠠᠨ ᠬᠢᠨᠠᠨ ᠬᠠᠮᠢᠶᠠᠷᠤᠯᠲᠠ ᠶᠢᠨ ᠵᠦᠢᠯᠡᠰ ᠢ ᠲᠤᠭᠲᠠᠭᠠᠨ᠂ ᠲᠤᠤᠷᠵᠢᠯ ᠢ ᠬᠠᠮᠢᠶᠠᠷᠤᠭᠴᠢ ᠶᠢ ᠰᠢᠨᠵᠢᠯᠡᠬᠦ | ᠤᠬᠠᠭᠠᠨᠴᠢ ᠪᠠᠷ ᠲᠤᠬᠢᠷᠠᠭᠤᠯᠵᠤ᠂ ᠲᠤᠤᠷᠵᠢᠯ ᠢ ᠬᠠᠮᠢᠶᠠᠷᠤᠭᠴᠢ ᠶᠢᠨ ᠬᠠᠷᠠᠮᠵᠢ ᠲᠠᠢ ᠦᠢᠯᠡᠴᠢᠯᠡᠬᠦ ᠶᠢ | ᠰᠦᠪᠡᠭᠴᠢᠯᠡᠵᠦ᠂ ᠬᠦᠮᠦᠨ ᠲᠤᠭᠲᠠᠭᠠᠨ ᠠᠵᠢᠯ ᠤᠨ ᠪᠠᠶᠢᠷᠢ ᠲᠤᠭᠲᠠᠭᠠᠵᠤ᠂ ᠤᠴᠢᠷ ᠢ ᠲᠤᠳᠤᠷᠠᠭᠤᠯᠤᠨ | ᠬᠠᠷᠢᠭᠤᠴᠠᠯᠭ᠎ᠠ ᠶᠢ ᠲᠤᠳᠤᠷᠬᠠᠶᠢᠯᠠᠬᠤ ᠶᠢ ᠪᠡᠶᠡᠯᠡᠭᠦᠯᠦᠨ᠎ᠡ᠃ ᠤᠶᠤᠨᠴᠢ ᠨᠡᠶᠢᠭᠡᠮ ᠲᠣᠭᠤᠷᠢᠭ ᠤᠨ ᠪᠠᠶᠢᠭᠤᠯᠤᠯᠲᠠ ᠶᠢ | ᠴᠢᠩᠭᠠᠳᠬᠠᠨ᠂ ᠭᠡᠷ ᠲᠤ ᠪᠠᠨ ᠨᠠᠰᠤᠲᠠᠨ ᠢ ᠠᠰᠠᠷᠠᠬᠤ᠂ ᠠᠷᠠᠳ ᠲᠤ ᠳᠦᠭᠦᠮ ᠦᠵᠡᠭᠦᠯᠬᠦ᠂ ᠠᠮᠤᠷ ᠢ ᠬᠠᠮᠠᠭᠠᠯᠠᠬᠤ | ᠬᠠᠮᠢᠶᠠᠷᠤᠯᠲᠠ ᠡᠵᠡᠮᠰᠢᠯ ᠵᠡᠷᠭᠡ ︽ᠡᠭᠦᠯᠡᠨ ᠦᠢᠯᠡᠴᠢᠯᠡᠭᠡ︾ ᠶᠢᠨ ᠴᠢᠳᠠᠮᠵᠢ ᠶᠢ ᠲᠡᠭᠦᠯᠳᠡᠷᠵᠢᠭᠦᠯᠵᠦ᠂ | ᠤᠶᠤᠨᠴᠢᠯᠠᠭᠰᠠᠨ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ ᠰᠢᠨ᠎ᠡ ᠴᠠᠭ ᠦᠶ᠎ᠡ ᠶᠢᠨ ᠪᠣᠯᠪᠠᠰᠤᠨ | ᠦᠢᠯᠡᠳᠦᠯᠭᠡ ᠶᠢᠨ ᠲᠦᠪ ᠤᠨ ᠲᠤᠷᠰᠢᠯᠲᠠ ᠶᠢᠨ ᠴᠡᠭ ᠤᠨ ᠪᠠᠶᠢᠭᠤᠯᠤᠯᠲᠠ ᠶᠢ ᠲᠦᠯᠬᠢᠨ ᠠᠬᠢᠭᠤᠯᠵᠤ᠂ ᠰᠠᠶᠢᠨ | ᠳᠤᠷ᠎ᠠ ᠶᠢᠨ ᠦᠢᠯᠡᠴᠢᠯᠡᠭᠡᠨ ᠤ ᠲᠤᠭᠲᠠᠴᠠ ᠶᠢ ᠪᠠᠶᠢᠭᠤᠯᠵᠤ᠂ ᠰᠠᠶᠢᠨ ᠳᠤᠷ᠎ᠠ ᠶᠢᠨ ᠦᠢᠯᠡᠴᠢᠯᠡᠭᠡᠨ ᠤ ᠡᠩᠨᠡᠭᠡ ᠶᠢ | ᠪᠤᠵᠠᠭᠠᠶᠢᠷᠠᠭᠤᠯᠵᠤ᠂ ᠨᠡᠶᠢᠭᠡᠮ ᠲᠣᠭᠤᠷᠢᠭ ᠤᠨ ᠤᠯᠠᠨ ᠲᠦᠮᠡᠨ ᠤ ᠦᠪᠡᠷ ᠢ ᠪᠠᠨ ᠬᠠᠮᠢᠶᠠᠷᠬᠤ᠂ ᠦᠪᠡᠷᠲᠡᠭᠡᠨ | ᠦᠢᠯᠡᠴᠢᠯᠡᠬᠦ ᠶᠢ ᠲᠦᠯᠬᠢᠨ ᠠᠬᠢᠭᠤᠯᠤᠨ᠎ᠠ᠃ | ︵ᠵᠢᠷᠭᠤᠭ᠎ᠠ︶ ᠦᠨᠳᠦᠰᠦᠨ ᠠᠮᠢᠳᠤᠷᠠᠯ ᠤᠨ ᠪᠠᠲᠤᠯᠠᠭ᠎ᠠ ᠶᠢᠨ ᠲᠤᠤᠷᠵᠢᠯ ᠢ ᠪᠠᠲᠤᠵᠢᠭᠤᠯᠤᠨ᠎ᠠ | ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠳᠤᠤᠷ᠎ᠠ ᠵᠠᠬ᠎ᠠ ᠶᠢ ᠬᠡᠷᠬᠢᠪᠡᠴᠦ ᠬᠦᠨᠳᠡᠬᠦ ᠦᠭᠡᠢ᠃ | ᠲᠦᠪ᠂ ᠦᠪᠡᠷᠲᠡᠭᠡᠨ ᠵᠠᠰᠠᠬᠤ ᠣᠷᠣᠨ ᠤ ᠤᠷᠴᠢᠨ ᠲᠣᠭᠤᠷᠢᠨ ᠤ ᠬᠠᠮᠠᠭᠠᠯᠠᠯᠲᠠ ᠶᠢᠨ ᠱᠠᠪᠳᠠᠨ ᠪᠠᠶᠢᠴᠠᠭᠠᠯᠲᠠ | ᠵᠢᠴᠢ ︽ᠡᠷᠭᠢᠨ ᠬᠠᠷᠠᠬᠤ︾ ᠳᠤ ᠲᠤᠰᠬᠠᠭᠰᠠᠨ ᠠᠰᠠᠭᠤᠳᠠᠯ ᠢ ᠰᠠᠶᠢᠲᠤᠷ ᠴᠡᠭᠴᠡᠯᠡᠨ ᠵᠠᠰᠠᠵᠤ᠂ ᠬᠥᠬᠡ ᠤᠭᠲᠠᠷᠭᠤᠢ | ᠂ ᠨᠤᠮᠢᠨ ᠤᠰᠤ᠂ ᠴᠡᠪᠡᠷ ᠬᠦᠷᠦᠰᠦ ᠶᠢ ᠬᠠᠮᠠᠭᠠᠯᠠᠬᠤ ᠬᠠᠮᠠᠭᠠᠯᠠᠯᠲᠠ ᠶᠢᠨ ᠳᠠᠶᠢᠯᠠᠯᠳᠤᠭᠠᠨ ᠢ ᠢᠯᠠᠯᠲᠠ ᠲᠠᠢ ᠬᠢᠨ᠎ᠡ᠃ | ᠠᠵᠤ ᠦᠢᠯᠡᠳᠪᠦᠷᠢ᠂ ᠨᠡᠭᠦᠷᠡᠰᠦᠨ ᠤᠲᠤᠭ᠎ᠠ᠂ ᠮᠦᠬᠦᠯᠢᠭᠲᠦ ᠪᠤᠳᠠᠰ ᠤᠨ ᠲᠤᠭᠤᠰᠤ ᠵᠡᠷᠭᠡ ᠠᠭᠠᠷ ᠮᠠᠨᠳᠠᠯ ᠤᠨ | ᠪᠤᠵᠠᠷᠳᠤᠯ ᠢ ᠰᠡᠷᠭᠡᠶᠢᠯᠡᠨ ᠵᠠᠰᠠᠬᠤ ᠶᠢ ᠠᠬᠢᠭᠤᠯᠤᠨ᠂ 10 ᠠᠭᠤᠷ ᠤᠨ ᠲᠤᠨ ᠠᠴᠠ ᠳᠤᠷᠤᠭᠰᠢᠬᠢ ᠨᠡᠭᠦᠷᠡᠰᠦ | ᠰᠢᠲᠠᠭᠠᠬᠤ ᠭᠦᠸᠧᠯᠦ ᠶᠢ ᠴᠡᠪᠡᠷᠯᠡᠵᠦ᠂ ᠠᠭᠠᠷ ᠮᠠᠨᠳᠠᠯ ᠤᠨ ᠴᠢᠨᠰᠠᠭ᠎ᠠ ᠰᠠᠶᠢᠨ ᠨᠣᠷᠮ᠎ᠠ 90% ᠠᠴᠠ ᠳᠡᠭᠡᠭᠰᠢ | ᠪᠣᠯᠪᠠ᠃ ᠭᠠᠵᠠᠷ ᠳᠤᠤᠷᠠᠬᠢ ᠤᠰᠤ ᠪᠠ ᠤᠰᠤᠨ ᠰᠤᠷᠪᠤᠯᠵᠢ ᠶᠢᠨ ᠤᠷᠤᠨ ᠤ ᠬᠠᠮᠠᠭᠠᠯᠠᠯᠲᠠ ᠶᠢᠨ ᠣᠷᠴᠢᠨ | ᠲᠣᠭᠤᠷᠢᠨ ᠢ ᠬᠢᠨᠠᠨ ᠬᠠᠮᠢᠶᠠᠷᠬᠤ ᠶᠢ ᠴᠢᠩᠭᠠᠳᠬᠠᠨ᠂ ᠤᠭᠲᠤᠯᠤᠭᠠᠰᠤ ᠶᠢᠨ ᠤᠰᠤᠨ ᠤ ᠴᠢᠨᠠᠷ ᠮᠠᠭᠤᠲᠠᠬᠤ ᠪᠠ | ᠭᠠᠵᠠᠷ ᠳᠤᠤᠷᠠᠬᠢ ᠤᠰᠤ ᠶᠢ ᠬᠡᠲᠦ ᠨᠡᠭᠡᠭᠡᠨ ᠠᠰᠢᠭᠯᠠᠬᠤ ᠵᠡᠷᠭᠡ ᠳᠤᠪᠤᠶᠢᠮ᠎ᠠ ᠠᠰᠠᠭᠤᠳᠠᠯ ᠢ ᠰᠢᠢᠳᠪᠦᠷᠢᠯᠡᠵᠦ᠂ | ᠬᠤᠲᠠ ᠪᠠᠯᠭᠠᠰᠤᠨ ᠤ ᠲᠦᠪᠯᠡᠷᠡᠭᠰᠡᠨ ᠢᠳᠡᠬᠦ ᠤᠰᠤᠨ ᠤ ᠤᠰᠤᠨ ᠰᠤᠷᠪᠤᠯᠵᠢ ᠶᠢᠨ ᠣᠷᠤᠨ ᠤ ᠣᠰᠤᠨ ᠤ ᠴᠢᠨᠠᠷ | ᠪᠦᠬᠦᠨ ᠢᠶᠠᠷ ᠢᠶᠠᠨ ᠲᠤᠭᠲᠠᠭᠤᠨ ᠢᠶᠠᠷ ᠪᠠᠷᠢᠮᠵᠢᠶ᠎ᠠ ᠳᠤ ᠬᠦᠷᠬᠦ ᠶᠢ ᠪᠠᠲᠤᠯᠠᠨ᠎ᠠ᠃ ᠠᠵᠤ ᠦᠢᠯᠡᠳᠪᠦᠷᠢ ᠶᠢᠨ ᠤᠰᠤ | ᠠᠷᠪᠢᠯᠠᠬᠤ ᠦᠭᠡᠷᠡᠴᠢᠯᠡᠯᠲᠡ ᠶᠢ ᠲᠦᠭᠡᠮᠡᠯᠵᠢᠭᠦᠯᠵᠦ᠂ ᠢᠳᠡᠭᠡᠨ ᠡᠮ ᠡᠮᠨᠡᠯᠭᠡ ᠵᠡᠷᠭᠡ ᠠᠵᠤ ᠦᠢᠯᠡᠰ ᠠᠴᠠ ᠪᠤᠰᠤᠳ | ᠠᠵᠤ ᠦᠢᠯᠡᠰ ᠪᠦᠷ ᠲᠠᠬᠢᠯᠲᠠ ᠤᠰᠤ ᠶᠢ ᠪᠦᠬᠦ ᠲᠠᠯ᠎ᠠ ᠪᠠᠷ ᠠᠰᠢᠭᠯᠠᠵᠤ᠂ ᠪᠦᠬᠦ ᠠᠵᠤ ᠠᠬᠤᠶᠢᠯᠠᠯ ᠦᠪᠡᠷᠲᠡᠭᠡᠨ | ᠪᠡᠯᠡᠳᠬᠡᠭᠰᠡᠨ ᠤᠰᠤᠨ ᠰᠤᠷᠪᠤᠯᠵᠢ ᠶᠢᠨ ᠬᠤᠳᠳᠤᠭ ᠢ ᠬᠠᠭᠠᠵᠤ᠂ ᠤᠰᠤᠨ ᠤ ᠡᠬᠢ ᠪᠠᠶᠠᠯᠢᠭ ᠢ ᠠᠰᠢᠭᠯᠠᠬᠤ | ᠬᠤᠷᠢᠭ᠎ᠠ ᠱᠤᠭᠤᠮ ᠢ ᠪᠠᠲᠤ ᠰᠠᠬᠢᠨ᠎ᠠ᠃ ᠬᠦᠳᠡᠭᠡ ᠲᠤᠰᠬᠤᠨ ᠤ ᠤᠯᠠᠨ ᠡᠬᠢᠲᠦ ᠪᠤᠵᠠᠷᠳᠤᠯ ᠤᠨ ︽ᠳᠦᠷᠪᠡ ᠶᠢ | ᠡᠵᠡᠮᠳᠡᠬᠦ︾ ᠠᠵᠢᠯᠯᠠᠭᠠᠨ ᠢ ᠦᠷᠨᠢᠭᠦᠯᠵᠦ᠂ ᠬᠠᠲᠠᠭᠤ ᠲᠦᠯᠦᠪᠲᠦ ᠬᠠᠶᠠᠭᠳᠠᠮᠠᠯ ᠪᠤᠳᠠᠰ ᠤᠨ ᠬᠠᠮᠢᠶᠠᠷᠤᠯᠲᠠ ᠶᠢ | ᠳᠦᠷᠢᠮᠵᠢᠭᠦᠯᠵᠦ᠂ ᠬᠦᠨᠳᠦ ᠲᠡᠮᠦᠷᠯᠢᠭ ᠤᠨ ᠪᠤᠵᠠᠷᠳᠤᠯ ᠢ ᠰᠡᠷᠭᠡᠶᠢᠯᠡᠨ ᠵᠠᠰᠠᠬᠤ ᠶᠢ ᠴᠢᠩᠭᠠᠳᠬᠠᠨ᠂ ᠭᠠᠵᠠᠷ | ᠰᠢᠷᠦᠢ ᠶᠢᠨ ᠣᠷᠴᠢᠨ ᠲᠣᠭᠤᠷᠢᠨ ᠤ ᠴᠢᠨᠠᠷ ᠴᠢᠨᠰᠠᠭ᠎ᠠ ᠶᠢ ᠶᠡᠷᠦᠩᠬᠡᠢ ᠴᠤᠭᠴᠠ ᠳᠤᠨᠢ ᠲᠤᠭᠲᠠᠭᠤᠨ ᠪᠠᠶᠢᠯᠭᠠᠬᠤ ᠶᠢ | ᠪᠠᠲᠤᠯᠠᠨ᠎ᠠ᠃ | | |