| | ᠦ᠊᠂ ᠨᠠᠴᠢᠨ | [ ᠲᠤᠪᠴᠢ ᠠᠭᠤᠯᠭ᠎ᠠ ] ᠲᠤᠰ ᠦᠭᠦᠯᠡᠯ ᠳᠤ ᠨᠠ᠊᠂ ᠰᠠᠶᠢᠨᠴᠤᠭᠲᠤ ᠶᠢᠨ ᠵᠤᠬᠢᠶᠠᠯ ᠪᠦᠲᠦᠭᠡᠯ ᠳᠠᠬᠢ ᠬᠡᠯᠡ | ᠨᠠᠶᠢᠷᠠᠭᠤᠯᠭ᠎ᠠ ᠶᠢᠨ ᠲᠠᠯ᠎ᠠ ᠪᠠᠷ ᠬᠢ ᠴᠢᠬᠤᠯᠠ ᠦᠵᠡᠯᠲᠡ ᠨᠦᠭᠦᠳ ᠢ ᠡᠮᠬᠢᠯᠡᠨ ᠬᠤᠷᠢᠶᠠᠩᠭᠤᠶᠢᠯᠠᠵᠤ᠂ ᠵᠠᠳᠠᠯᠤᠨ | ᠰᠢᠨᠵᠢᠯᠡᠭᠡᠳ ᠲᠡᠳᠡᠭᠡᠷ ᠤᠨ ᠦᠨᠦᠳᠦᠷ ᠤᠨ ᠬᠡᠯᠡᠨ ᠤ ᠬᠡᠷᠡᠭᠴᠡᠭᠡ ᠳᠤ ᠲᠤᠰᠴᠤ ᠪᠦᠬᠦᠢ ᠰᠡᠩᠬᠡᠷᠡᠭᠦᠯᠦᠯ ᠤᠨ ᠠᠴᠢ | ᠬᠤᠯᠪᠤᠭᠳᠠᠯ ᠢ ᠨᠤᠲᠠᠯᠠᠨ ᠦᠭᠦᠯᠡᠪᠡ᠃ ᠨᠠ᠊᠂ ᠰᠠᠶᠢᠨᠴᠤᠭᠲᠤ ᠡᠬᠡ ᠬᠡᠯᠡᠨ ᠤ ᠪᠠᠨ ᠰᠤᠷᠤᠯᠴᠠᠯᠭ᠎ᠠ ᠶᠢ ᠢᠮᠠᠭᠲᠠ ᠪᠠᠷᠢᠮᠲᠠᠯᠠᠵᠤ | ᠂ ᠵᠤᠬᠢᠶᠠᠯ ᠪᠦᠲᠦᠭᠡᠯ ᠤᠨ ᠬᠡᠯᠡ ᠨᠠᠶᠢᠷᠠᠭᠤᠯᠭ᠎ᠠ ᠪᠠᠨ ᠲᠠᠰᠤᠷᠠᠯᠲᠠ ᠦᠭᠡᠢ ᠰᠠᠶᠢᠵᠢᠷᠠᠭᠤᠯᠵᠤ ᠢᠷᠡᠭᠰᠡᠨ ᠢᠶᠠᠷ ᠪᠠᠷᠠᠬᠤ ᠦᠭᠡᠢ | ᠂ ᠲᠤᠬᠠᠢ ᠶᠢᠨ ᠦᠶ᠎ᠡ ᠳᠤ ᠬᠠᠷᠠᠭᠳᠠᠵᠤ ᠪᠠᠶᠢᠭᠰᠠᠨ ︽ᠭᠠᠩᠭᠠᠩ ᠬᠡᠶᠢᠰᠪᠦᠷᠢ ᠬᠡᠯᠡ︾ ᠪᠠ ︽ᠲᠦᠭᠦᠬᠡᠢ ᠵᠤᠬᠢᠶᠠᠮᠠᠯ ᠦᠭᠡ︾ | ᠮᠡᠳᠦᠰ ᠢ ᠢᠯᠳᠠᠷ ᠦᠭᠡᠢ ᠰᠢᠭᠦᠮᠵᠢᠯᠡᠨ ᠵᠠᠯᠠᠷᠠᠭᠤᠯᠵᠤ᠂ ︽ᠠᠮᠢᠳᠤᠯᠢᠭ ᠬᠠᠯᠠᠭᠤᠬᠠᠨ ᠬᠡᠯᠡ︾ ᠶᠢ ᠦᠨᠡᠯᠡᠨ ᠳᠡᠭᠡᠳᠦᠯᠡᠵᠦ᠂ | ᠡᠭᠦᠪᠡᠷ ᠨᠠᠰᠤᠨ ᠲᠤᠷᠰᠢᠲᠠ ᠶᠢᠨ ᠢᠶᠠᠨ ᠬᠦᠭᠡᠭᠡᠴᠡᠯᠳᠦᠯ ᠪᠣᠯᠭᠠᠵᠤ ᠪᠠᠶᠢᠭᠰᠠᠨ ᠢ ᠮᠠᠨ ᠤ ᠦᠶ᠎ᠡ ᠶᠢᠨ ᠵᠤᠬᠢᠶᠠᠯᠴᠢᠳ ᠪᠠ | ᠪᠢᠴᠢᠭᠲᠡᠳ ᠦᠯᠢᠭᠡᠷ ᠳᠠᠭᠤᠷᠢᠶᠠᠯ ᠪᠣᠯᠭᠠᠨ ᠮᠦᠷᠳᠡᠨ ᠰᠤᠷᠤᠯᠴᠠᠬᠤ ᠶᠤᠰᠤᠲᠠᠢ ᠶᠤᠮ᠃ | [ ᠲᠦᠯᠬᠢᠭᠦᠷ ᠦᠭᠡ ] ᠨᠠ᠊᠂ ᠰᠠᠶᠢᠨᠴᠤᠭᠲᠤ ᠬᠡᠯᠡ ᠨᠠᠶᠢᠷᠠᠭᠤᠯᠭ᠎ᠠ ᠭᠠᠩᠭᠠᠩ ᠬᠡᠶᠢᠰᠪᠦᠷᠢ ᠬᠡᠯᠡ | ᠲᠦᠭᠦᠬᠡᠢ ᠵᠤᠬᠢᠶᠠᠮᠠᠯ ᠦᠭᠡ ᠠᠮᠢᠳᠤᠯᠢᠭ ᠬᠠᠯᠠᠭᠤᠬᠠᠨ ᠬᠡᠯᠡ | ᠨᠠ᠊᠂ ᠰᠠᠶᠢᠨᠴᠤᠭᠲᠤ ᠪᠣᠯ ᠬᠡᠯᠡ ᠶᠢ ᠮᠠᠰᠢ ᠶᠡᠭᠡ ᠬᠦᠨᠳᠦᠳᠬᠡᠳᠡᠭ ᠵᠤᠬᠢᠶᠠᠯᠴᠢ ᠪᠠᠶᠢᠭᠰᠠᠨ ᠶᠤᠮ᠃ ᠭᠤᠴᠢ ᠭᠠᠷᠤᠢ | ᠵᠢᠯ ᠤᠨ ᠵᠤᠬᠢᠶᠠᠨ ᠪᠦᠲᠦᠭᠡᠬᠦ ᠦᠢᠯᠡᠳᠦᠯᠭᠡ ᠶᠢᠨ ᠳᠤᠮᠳᠠ ᠪᠠᠨ ᠲᠡᠷᠡ ᠪᠠᠷ ᠤᠷᠠᠨ ᠪᠦᠲᠦᠭᠡᠯ ᠤᠨ ᠢᠶᠠᠨ ᠬᠡᠯᠡ | ᠨᠠᠶᠢᠷᠠᠭᠤᠯᠭ᠎ᠠ ᠶᠢ ᠤᠬᠠᠮᠰᠠᠷ ᠲᠠᠢ ᠪᠠᠷ ᠲᠠᠰᠤᠷᠠᠯᠲᠠ ᠦᠭᠡᠢ ᠪᠣᠯᠪᠠᠰᠤᠷᠠᠭᠤᠯᠤᠨ ᠰᠠᠶᠢᠵᠢᠷᠠᠭᠤᠯᠵᠤ ᠢᠷᠡᠭᠰᠡᠨ ᠢᠶᠠᠷ ᠪᠠᠷᠠᠬᠤ | ᠦᠭᠡᠢ᠂ ᠬᠡᠯᠡ ᠨᠠᠶᠢᠷᠠᠭᠤᠯᠭ᠎ᠠ ᠶᠢᠨ ᠲᠤᠬᠠᠢ ᠨᠡᠯᠢᠶᠡᠳ ᠬᠡᠳᠦᠨ ᠴᠢᠬᠤᠯᠠ ᠵᠤᠬᠢᠶᠠᠯ ᠨᠡᠶᠢᠲᠡᠯᠡᠭᠦᠯᠵᠦ᠂ ᠬᠡᠯᠡ | ᠨᠠᠶᠢᠷᠠᠭᠤᠯᠭ᠎ᠠ ᠪᠠᠨ ᠵᠥᠪ ᠴᠡᠪᠡᠷ᠂ ᠪᠠᠶᠠᠯᠢᠭ ᠤᠨᠤᠪᠴᠢᠲᠠᠢ ᠪᠠᠶᠢᠯᠭᠠᠬᠤ ᠶᠢᠨ ᠴᠢᠬᠤᠯᠠ ᠴᠢᠨᠠᠷ ᠢ ᠵᠤᠬᠢᠶᠠᠯᠴᠢᠳ ᠪᠠ | ᠤᠩᠰᠢᠭᠴᠢᠳ ᠲᠠᠭᠠᠨ ᠠᠬᠢᠨ ᠲᠠᠬᠢᠨ ᠠᠩᠬᠠᠷᠤᠭᠤᠯᠤᠨ ᠰᠠᠨᠠᠭᠤᠯᠤᠭᠰᠠᠭᠠᠷ ᠢᠷᠡᠵᠡᠢ᠃ ᠲᠤᠬᠠᠢ ᠶᠢᠨ ᠦᠶ᠎ᠡ ᠶᠢᠨ ᠨᠠ᠊᠂ | ᠰᠠᠶᠢᠨᠴᠤᠭᠲᠤ ᠶᠢᠨ ᠬᠡᠯᠡ ᠨᠠᠶᠢᠷᠠᠭᠤᠯᠭ᠎ᠠ ᠶᠢᠨ ᠲᠠᠯ᠎ᠠ ᠪᠠᠷ ᠬᠢ ᠵᠠᠷᠢᠮ ᠦᠵᠡᠯᠲᠡ ᠨᠢ ᠦᠨᠦᠳᠦᠷ ᠴᠦ ᠭᠡᠰᠡᠨ ᠦᠯᠡᠮᠵᠢ ᠶᠡᠭᠡ | ᠰᠡᠩᠬᠡᠷᠡᠭᠦᠯᠦᠯ ᠤᠨ ᠦᠨ᠎ᠡ ᠦᠷᠲᠡᠭ ᠲᠠᠢ ᠭᠡᠮᠡᠨ ᠪᠤᠳᠤᠭᠳᠠᠭᠰᠠᠨ ᠤᠴᠢᠷ ᠠᠴᠠ ᠠᠳᠡ ᠲᠤᠰᠬᠠᠶᠢᠯᠠᠨ ᠰᠢᠨᠵᠢᠯᠡᠨ | ᠦᠭᠦᠯᠡᠵᠦ᠂ ᠤᠯᠠᠨ᠎ᠠ ᠲᠤᠯᠢᠯᠠᠭᠤᠯᠬᠤ ᠶᠢ ᠬᠢᠴᠢᠶᠡᠪᠡᠢ᠃ | ᠨᠢᠭᠡ᠂ ︽ᠭᠠᠩᠭᠠᠩ ᠬᠡᠶᠢᠰᠪᠦᠷᠢ ᠬᠡᠯᠡ︾ ᠪᠠ ︽ᠲᠦᠭᠦᠬᠡᠢ ᠵᠤᠬᠢᠶᠠᠮᠠᠯ ᠦᠭᠡ︾ | ᠤᠶᠢᠷ᠎ᠠ ᠶᠢᠨ ᠵᠢᠯ ᠠᠴᠠ ᠤᠷᠠᠨ ᠵᠤᠬᠢᠶᠠᠯ ᠤᠨ ︽ᠮᠤᠳᠤᠨ ᠬᠡᠯᠡ︾ ᠶᠢᠨ ᠲᠤᠬᠠᠢ ᠰᠢᠭᠦᠮᠵᠢᠯᠡᠯ ᠤᠯᠠᠰᠢᠷᠠᠵᠤ᠂ | ᠰᠦᠯᠵᠢᠶ᠎ᠡ ᠵᠢᠷᠭᠢᠭᠡ ᠪᠠᠷ ᠪᠠᠶᠢᠨ ᠪᠠᠶᠢᠨ ᠱᠤᠤᠭᠢᠶᠠᠨ ᠳᠡᠭᠳᠡᠭᠡᠬᠦ ᠪᠣᠯᠪᠠ᠃ ︽ᠮᠣᠳᠤᠨ ᠬᠡᠯᠡ︾ ᠨᠢ ᠮᠤᠩᠭᠤᠯ ᠤᠷᠠᠨ | ᠵᠤᠬᠢᠶᠠᠯ ᠤᠨ ᠬᠡᠯᠡ ᠨᠠᠶᠢᠷᠠᠭᠤᠯᠭ᠎ᠠ ᠶᠢ ᠮᠠᠭᠤᠲᠠᠭᠤᠯᠵᠤ᠂ ᠴᠠᠭᠠᠰᠢ ᠬᠡᠯᠡᠨ ᠤ ᠪᠠᠷᠤᠭ ᠪᠦᠬᠦᠶᠢᠯᠡ ᠨᠡᠶᠢᠭᠡᠮ ᠤᠨ ᠬᠡᠷᠡᠭᠯᠡᠭᠡ ᠳᠤ | ᠨᠡᠷᠪᠡᠨ ᠨᠦᠯᠦᠭᠡᠯᠡᠵᠦ᠂ ᠤᠯᠠᠮ ᠢᠶᠠᠷ ᠦᠨᠳᠦᠰᠦᠲᠡᠨ ᠤ ᠬᠡᠯᠡ ᠰᠤᠶᠤᠯ ᠤᠨ ᠡᠷᠡᠭᠦᠯ ᠲᠠᠷᠬᠠᠯᠠᠭ᠎ᠠ ᠳᠤ ᠰᠦᠷᠳᠡᠭᠦᠯᠦᠯ | ᠤᠴᠠᠷᠠᠭᠤᠯᠵᠤ ᠮᠡᠳᠡᠬᠦ ᠬᠠᠨᠳᠤᠰᠢ ᠲᠠᠢ ᠪᠠᠶᠢᠨ᠎ᠠ᠃ ᠲᠡᠭᠡᠪᠡᠯ ᠡᠨᠡ ︽ᠮᠤᠳᠤᠨ ᠬᠡᠯᠡ︾ ᠨᠢ ᠤᠶᠢᠷ᠎ᠠ ᠶᠢᠨ ᠵᠢᠯ ᠠᠴᠠ ᠯᠡ | ᠰᠠᠶ᠋ᠢ ᠭᠠᠷᠴᠤ ᠢᠷᠡᠪᠡ ᠦᠦ︖ ᠭᠡᠪᠡᠯ ᠠᠷᠠᠢ ᠪᠠᠰᠠ ᠲᠡᠶᠢᠮᠦ ᠪᠢᠰᠢ᠃ ᠨᠠ᠊᠂ ᠰᠠᠶᠢᠨᠴᠤᠭᠲᠤ ᠶᠢᠨ ᠦᠶ᠎ᠡ ᠶᠢᠨ ᠠᠬᠠᠮᠠᠳ | ᠵᠤᠬᠢᠶᠠᠯᠴᠢᠳ ᠤᠨ ᠢᠳᠡ ᠳᠤᠷᠪᠢᠲᠠᠢ ᠵᠤᠬᠢᠶᠠᠨ ᠪᠦᠲᠦᠭᠡᠵᠦ ᠪᠠᠶᠢᠭᠰᠠᠨ ᠲᠡᠷᠡ ᠴᠠᠭ ᠡᠷᠢᠨ ᠳᠤ ᠴᠦ ᠡᠶᠢᠮᠦᠷᠬᠦᠦ ︽ | ᠮᠤᠳᠤᠨ ᠬᠡᠯᠡ︾ ᠶᠢᠨ ᠦᠵᠡᠭᠳᠡᠯ ᠬᠠᠷᠠᠭᠳᠠᠵᠤ ᠪᠠᠶᠢᠭᠰᠠᠨ ᠪᠦᠭᠡᠳ ᠠᠬᠠᠮᠠᠳ ᠮᠠᠨᠢ ᠡᠶᠢᠮᠦᠷᠬᠦᠦ ᠦᠵᠡᠭᠳᠡᠯ ᠳᠤ ᠶᠡᠭᠡ ᠯᠡ | ᠰᠡᠷᠭᠡᠢ᠂ ᠬᠢᠨᠠᠭᠤᠷ᠂ ᠲᠦᠪ ᠴᠢᠬᠢᠮᠡᠢ ᠣᠪᠤᠷ ᠢᠶᠠᠷ ᠬᠠᠨᠳᠤᠵᠤ᠂ ᠴᠠᠭ ᠲᠤᠬᠠᠢ ᠳᠤᠨᠢ ᠵᠠᠰᠠᠨ ᠵᠠᠯᠠᠷᠠᠭᠤᠯᠵᠤ ᠦᠭᠴᠦ | ᠪᠠᠶᠢᠭᠰᠠᠨ ᠤ ᠨᠢᠭᠡ ᠰᠠᠶᠢᠬᠠᠨ ᠵᠢᠱᠢᠶ᠎ᠡ ︽ᠦᠨᠢᠷ ᠴᠡᠴᠡᠭ︾ ᠰᠡᠳᠬᠦᠯ ᠤᠨ 1963 ᠣᠨ ᠤ 11 ᠳ᠋ᠦ᠋ᠭᠡᠷ | ᠬᠤᠭᠤᠴᠠᠭ᠎ᠠ ᠳᠤ ᠨᠡᠶᠢᠲᠡᠯᠡᠭᠳᠡᠭᠰᠡᠨ ᠨᠠ᠊᠂ ᠰᠠᠶᠢᠨᠴᠤᠭᠲᠤ ᠶᠢᠨ ︽ᠤᠷᠤᠰᠤᠮ᠎ᠠ ᠬᠡᠯᠡ᠂ ᠤᠶᠠᠩᠭᠠᠲᠤ ᠳᠠᠭᠤᠯᠠᠯ︾ ᠭᠡᠬᠦ | ᠵᠤᠬᠢᠶᠠᠯ ᠳᠤ ᠲᠡᠮᠳᠡᠭᠯᠡᠭᠳᠡᠨ ᠦᠯᠡᠳᠡᠵᠡᠢ᠃ | ᠨᠠ᠊᠂ ᠰᠠᠶᠢᠨᠴᠤᠭᠲᠤ ᠲᠤᠰ ᠵᠤᠬᠢᠶᠠᠯ ᠳᠠᠭᠠᠨ ︽ᠭᠠᠩᠭᠠᠩ ᠬᠡᠶᠢᠰᠪᠦᠷᠢ ᠬᠡᠯᠡ︾ ᠪᠠ ︽ᠠᠮᠢᠳᠤᠯᠢᠭ ᠬᠠᠯᠠᠭᠤᠬᠠᠨ | ᠬᠡᠯᠡ︾ ᠭᠡᠬᠦ ᠬᠤᠶᠠᠷ ᠤᠬᠠᠭᠳᠠᠬᠤᠨ ᠢ ᠳᠤᠷᠠᠳᠤᠭᠰᠠᠨ ᠪᠠᠶᠢᠳᠠᠭ ᠢ ᠪᠢᠳᠡ ᠦᠨᠦᠳᠦᠷ ᠠᠩᠬᠠᠷᠤᠯ ᠳᠠᠭᠠᠨ ᠠᠪᠬᠤ ᠴᠢᠬᠤᠯᠠ | ᠲᠠᠢ ᠶᠤᠮ᠃ ᠵᠤᠬᠢᠶᠠᠯ ᠳᠤ ︽ᠭᠠᠩᠭᠠᠩ ᠬᠡᠶᠢᠰᠪᠦᠷᠢ ᠬᠡᠯᠡ︾ ᠭᠡᠳᠡᠭ ᠨᠢ ᠪᠤᠰᠤᠳ ᠢ ᠳᠠᠭᠤᠷᠢᠶᠠᠭᠰᠠᠨ ᠪᠠ ︽ᠬᠦᠰᠢᠭᠦᠨ | ᠪᠦᠭᠡᠳ ᠯᠤᠬᠢᠭ ᠮᠠᠭᠤᠲᠠᠢ︾ ᠬᠡᠯᠡ ᠶᠢ ᠵᠢᠭᠠᠵᠤ᠂ ︽ᠠᠮᠢᠳᠤᠯᠢᠭ ᠬᠠᠯᠠᠭᠤᠬᠠᠨ ᠬᠡᠯᠡ︾ ᠭᠡᠳᠡᠭ ᠨᠢ ᠶᠠᠭ ᠲᠡᠭᠦᠨ ᠤ | ᠡᠰᠡᠷᠭᠦ᠂ ᠯᠤᠬᠢᠭ ᠲᠤ ᠨᠡᠶᠢᠴᠡᠭᠰᠡᠨ ᠤᠷᠤᠰᠤᠮ᠎ᠠ ᠢᠷᠠᠭᠤ ᠬᠡᠯᠡ ᠶᠢ ᠵᠢᠭᠠᠵᠤ ᠪᠠᠶᠢᠭ᠎ᠠ ᠠᠵᠢ᠃ ᠨᠠ᠊᠂ ᠰᠠᠶᠢᠨᠴᠤᠭᠲᠤ ᠪᠠᠰᠠ | ︽ᠬᠦᠰᠢᠭᠦᠨ ᠪᠦᠭᠡᠳ ᠯᠤᠬᠢᠭ ᠮᠠᠭᠤᠲᠠᠢ︾ ᠬᠡᠯᠡ ᠶᠢ ︽ᠮᠤᠩᠭᠤᠯ ᠬᠡᠯᠡ ᠪᠢᠴᠢᠭ︾ ᠰᠡᠳᠬᠦᠯ ᠤᠨ 1954 ᠣᠨ ᠤ 2 | ᠳ᠋ᠤᠭᠠᠷ ᠬᠤᠭᠤᠴᠠᠭ᠎ᠠ ᠳᠤ ᠨᠡᠶᠢᠲᠡᠯᠡᠭᠦᠯᠦᠭᠰᠡᠨ ︽ᠬᠡᠯᠡ ᠪᠠ ᠤᠷᠠᠨ ᠵᠤᠬᠢᠶᠠᠯ︾ ᠭᠡᠬᠦ ᠦᠭᠦᠯᠡᠯ ᠳᠡᠭᠡᠨ ︽ᠲᠦᠭᠦᠬᠡᠢ | ᠵᠤᠬᠢᠶᠠᠮᠠᠯ ᠦᠭᠡ︾ ᠭᠡᠵᠦ ᠨᠡᠷᠡᠯᠡᠵᠦ ᠪᠠᠶᠢᠭᠰᠠᠨ ᠤᠳᠠᠭ᠎ᠠ ᠲᠠᠢ᠃ ᠲᠡᠷᠡ ᠦᠭᠦᠯᠡᠯ ᠠᠴᠠ ᠨᠢ ᠬᠠᠷᠠᠬᠤ ᠳᠤ᠂ ᠨᠠ᠊᠂ | ᠰᠠᠶᠢᠨᠴᠤᠭᠲᠤ ︽ᠠᠷᠠᠳ ᠲᠦᠮᠡᠨ ᠤ ᠬᠡᠯᠡ ᠶᠠᠷᠢᠶ᠎ᠠ ᠲᠠᠢ ᠬᠠᠷᠰᠢᠯᠳᠤᠭᠰᠠᠨ ᠥᠭᠡᠬᠦ ᠴᠦ ᠪᠢᠰᠢ ᠪᠤᠯᠴᠢᠷᠬᠠᠢ ᠴᠦ ᠪᠢᠰᠢ | ᠦᠭᠡ ᠦᠭᠦᠯᠡᠪᠦᠷᠢ︾ ᠪᠤᠶᠤ ᠬᠡᠯᠡ ᠶᠠᠷᠢᠶ᠎ᠠ ᠶᠢ ᠰᠠᠮᠠᠭᠤᠷᠠᠭᠤᠯᠵᠤ ᠪᠠᠶᠢᠭ᠎ᠠ ᠰᠢᠨ᠎ᠡ ᠵᠤᠬᠢᠶᠠᠭᠰᠠᠨ ᠦᠭᠡ᠂ ᠡᠷᠳᠡᠮ | ᠰᠢᠨᠵᠢᠯᠡᠭᠡᠨ ᠤ ᠨᠡᠷ᠎ᠡ ᠲᠤᠮᠢᠶ᠎ᠠ᠂ ᠨᠤᠲᠤᠭ ᠤᠨ ᠠᠮᠠᠨ ᠠᠶᠠᠯᠭᠤ ᠪᠤᠶᠤ ᠲᠦᠷ ᠴᠠᠭ ᠤᠨ ᠬᠡᠯᠡ ᠵᠡᠷᠭᠡ ᠶᠢ ᠨᠡᠶᠢᠲᠡ ᠳᠤᠨᠢ ︽ | ᠲᠦᠭᠦᠬᠡᠢ ᠵᠤᠬᠢᠶᠠᠮᠠᠯ ᠦᠭᠡ︾ ᠭᠡᠵᠦ ᠤᠨᠤᠭᠠᠨ ᠨᠡᠷᠡᠯᠡᠵᠦ ᠪᠠᠶᠢᠭᠰᠠᠨ ᠨᠢ ᠲᠤᠳᠤᠷᠬᠠᠢ᠃ ᠬᠠᠷᠢᠴᠠᠭᠤᠯᠤᠭᠠᠳ ᠦᠵᠡᠪᠡᠯ᠂ | ᠦᠨᠦᠳᠦᠷ ᠤᠨ ᠮᠠᠨ ᠤ ᠬᠡᠯᠡ ᠨᠠᠶᠢᠷᠠᠭᠤᠯᠭ᠎ᠠ ᠳᠤ ᠤᠵᠠᠭᠠᠷᠠᠨ ᠪᠤᠭᠯᠠᠵᠤ ᠪᠠᠶᠢᠭ᠎ᠠ ︽ᠮᠤᠳᠤᠨ ᠬᠡᠯᠡ︾ ᠭᠡᠭᠴᠢ ᠮᠠᠨᠢ ᠶᠠᠭ ᠨᠠ᠊ | ᠂ ᠰᠠᠶᠢᠨᠴᠤᠭᠲᠤ ᠶᠢᠨ ᠰᠢᠭᠦᠮᠵᠢᠯᠡᠵᠦ ᠪᠠᠶᠢᠭᠰᠠᠨ ︽ᠭᠠᠩᠭᠠᠩ ᠬᠡᠶᠢᠰᠪᠦᠷᠢ ᠬᠡᠯᠡ︾ ᠪᠠ ︽ᠲᠦᠭᠦᠬᠡᠢ ᠵᠤᠬᠢᠶᠠᠮᠠᠯ ᠦᠭᠡ︾ | ᠬᠤᠶᠠᠷ ᠤᠨ ᠬᠢᠨᠢ ᠨᠡᠶᠢᠯᠡᠪᠦᠷᠢ ᠨᠢ ᠪᠣᠯᠴᠢᠬᠠᠭᠰᠠᠨ ᠰᠢᠭ᠋ ᠶᠤᠮ᠃ ᠡᠭᠦᠨ ᠤ ᠨᠢᠭᠡ ᠵᠢᠱᠢᠶ᠎ᠡ ᠨᠢ ᠭᠡᠪᠡᠯ ︽ᠡᠷᠳᠡᠮ | ᠰᠢᠨᠵᠢᠯᠡᠭᠡᠨ ᠤ ᠰᠢᠨ᠎ᠡ ᠨᠡᠷ᠎ᠡ ᠲᠤᠮᠢᠶ᠎ᠠ︾ ᠪᠣᠯᠤᠨ᠎ᠠ᠃ ᠡᠳᠦᠭᠡ ᠭᠠᠳᠠᠨᠠᠬᠢ ᠬᠡᠯᠡ ᠰᠤᠶᠤᠯ ᠤᠨ ᠨᠦᠯᠦᠭᠡᠯᠡᠯ ᠠᠴᠠ ᠪᠣᠯᠵᠤ | ᠰᠢᠨ᠎ᠡ ᠰᠣᠨᠢᠨ ᠤᠬᠠᠭᠳᠠᠬᠤᠨ ᠪᠠ ᠨᠡᠷ᠎ᠡ ᠲᠣᠮᠢᠶ᠎ᠠ ᠨᠤᠭᠤᠳ ᠮᠠᠨ ᠤ ᠬᠡᠯᠡ ᠰᠤᠶᠤᠯ ᠳᠤ ᠵᠤᠭᠰᠤᠭ᠎ᠠ ᠵᠢᠯᠤᠭᠤ ᠦᠭᠡᠢ | ᠳᠦᠷᠢᠵᠦ ᠤᠷᠤᠵᠤ ᠢᠷᠡᠭᠰᠡᠭᠡᠷ ᠪᠠᠶᠢᠬᠤ ᠳᠤ᠂ ᠮᠠᠨ ᠤ ᠵᠠᠷᠢᠮ ᠨᠦᠬᠦᠳ ᠲᠡᠳᠡᠭᠡᠷ ᠰᠢᠨ᠎ᠡ ᠰᠤᠳᠤᠨ ᠨᠡᠷ᠎ᠡ | ᠲᠤᠮᠢᠶ᠎ᠠ ᠨᠤᠭᠤᠳ ᠢ ᠦᠪᠡᠷ ᠤᠨ ᠬᠡᠯᠡᠨ ᠳᠡᠭᠡᠨ ᠰᠢᠩᠭᠡᠭᠡᠵᠦ ᠠᠭᠤᠰᠬᠠᠬᠤ ᠲᠠᠯ᠎ᠠ ᠪᠠᠷ ᠪᠦᠷᠢᠨ ᠭᠦᠢᠴᠡᠳ ᠲᠤᠩᠭᠠᠵᠤ | ᠪᠤᠳᠤᠯᠬᠢᠯᠠᠭᠠ ᠦᠭᠡᠢ ᠪᠠᠷ ᠲᠦᠭᠦᠬᠡᠢ ᠨᠤᠶᠢᠲᠠᠨ ᠦᠭᠡ ᠪᠠᠷ ᠣᠷᠴᠢᠭᠤᠯᠤᠭᠠᠳ ᠬᠡᠷᠡᠭᠯᠡᠴᠢᠬᠡᠬᠦ ᠪᠠᠷ᠂ ᠦᠨᠦᠬᠢ ᠨᠢ ᠶᠠᠭ ᠯᠠ | ᠭᠦᠢᠴᠡᠳ ᠡᠪᠡᠷᠡᠭᠡᠵᠦ ᠬᠠᠲᠠᠭᠠᠭᠠ ᠦᠭᠡᠢ ᠬᠤᠷᠤᠳ ᠰᠢᠭ᠋ ᠳᠡᠮᠡᠢ ᠬᠡᠳᠦ ᠬᠤᠨᠤᠯ ᠦᠭᠡᠢ ᠪᠠᠷ ᠲᠤᠲᠤᠨ᠎ᠠ ᠠᠴᠠ ᠪᠠᠨ ᠸᠠᠯᠠᠨ | ᠡᠪᠳᠡᠷᠡᠭᠡᠳ᠂ ᠴᠠᠭᠠᠰᠢ ᠪᠦᠬᠦᠢ ᠯᠡ ᠬᠡᠯᠡᠨ ᠤ ᠰᠠᠩ ᠢ ᠪᠤᠬᠢᠷᠳᠠᠭᠤᠯᠳᠠᠭ ᠪᠠᠶᠢᠨ᠎ᠠ᠃ ᠢᠩᠭᠢᠭᠡᠳ ᠭᠠᠳᠠᠨ᠎ᠠ ᠪᠠᠨ ᠭᠢᠯᠠᠨᠴᠠᠭ᠂ | ᠲᠤᠲᠤᠨ᠎ᠠ ᠪᠠᠨ ᠫᠠᠯᠠᠨᠴᠠᠭ ᠭᠡᠭᠴᠢ ᠪᠠᠷ ᠭᠠᠳᠠᠨ᠎ᠠ ᠠᠴᠠ ᠨᠢ ᠬᠠᠷᠠᠬᠤ ᠳᠤ ᠭᠠᠩᠭᠠᠩ ᠬᠡᠶᠢᠰᠪᠦᠷᠢ ᠳᠦᠷᠢ ᠡᠰᠬᠡᠭᠰᠡᠨ ᠲᠡᠳᠡᠭᠡᠷ | ᠣᠷᠴᠢᠭᠤᠯᠭ᠎ᠠ ᠶᠢᠨ ᠨᠡᠷ᠎ᠡ ᠲᠤᠮᠢᠶ᠎ᠠ ᠨᠤᠭᠤᠳ ᠨᠢ ᠮᠦᠨ ᠴᠢᠨᠠᠷ ᠲᠠᠭᠠᠨ ᠲᠦᠭᠦᠬᠡᠢ ᠵᠤᠬᠢᠶᠠᠮᠠᠯ ᠵᠦᠢᠯ ᠪᠠᠶᠢᠭᠰᠠᠨ | ᠤᠴᠢᠷ ᠠᠴᠠ ᠵᠤᠬᠢᠶᠠᠯ ᠠᠴᠠ ᠵᠤᠬᠢᠶᠠᠯ ᠳᠤ ᠳᠠᠮᠵᠢᠨ ᠶᠠᠪᠤᠭᠰᠠᠭᠠᠷ ᠨᠢᠭᠡᠨ ᠦᠶ᠎ᠡ ᠶᠢᠨ ᠬᠦᠮᠦᠨ ᠤ ᠬᠡᠯᠡ ᠰᠡᠳᠬᠢᠬᠦᠢ ᠶᠢ | ᠮᠤᠳᠤᠯᠠᠭᠤᠯᠤᠨ ᠭᠡᠮᠳᠦᠭᠡᠳᠡᠭ ᠶᠤᠮ ᠪᠠᠶᠢᠨ᠎ᠠ᠃ ᠣᠨᠤᠯ ᠠᠴᠠ ᠪᠢᠰᠢ ᠠᠮᠢᠳᠤᠷᠠᠯ ᠠᠴᠠ᠂ ᠣᠷᠴᠢᠭᠤᠯᠭ᠎ᠠ ᠠᠴᠠ ᠪᠢᠰᠢ ᠡᠬᠡ | ᠬᠡᠯᠡᠨ ᠤ ᠪᠠᠨ ᠰᠤᠩᠭᠤᠳᠠᠭ ᠪᠦᠲᠦᠭᠡᠯ ᠠᠴᠠ ᠡᠬᠡ ᠮᠤᠩᠭᠤᠯ ᠬᠡᠯᠡ ᠪᠠᠨ ᠭᠠᠷᠮᠠᠭᠠᠢ ᠰᠠᠶᠢᠨ ᠰᠤᠷᠴᠤ ᠡᠵᠡᠮᠰᠢᠭᠰᠡᠨ ᠬᠦᠮᠦᠰ᠂ | ᠦᠨᠦᠳᠦᠷ ᠤᠨ ᠮᠠᠨ ᠤ ᠮᠤᠩᠭᠤᠯ ᠤᠷᠠᠨ ᠵᠤᠬᠢᠶᠠᠯ ᠤᠨ ᠬᠡᠯᠡ ᠨᠠᠶᠢᠷᠠᠭᠤᠯᠭ᠎ᠠ ᠴᠣᠬᠤᠮ ᠶᠠᠮᠠᠷ ᠰᠢᠤᠬᠠᠨ ᠠᠷᠭᠠᠴᠠᠭ᠎ᠠ ᠦᠭᠡᠢ | ᠪᠠᠶᠢᠳᠠᠯ ᠳᠤ ᠣᠷᠤᠭᠠᠳ ᠪᠠᠶᠢᠨ᠎ᠠ ᠪᠣᠢ ᠭᠡᠭᠴᠢ ᠶᠢ ᠬᠦᠮᠦᠨ ᠢᠶᠠᠷ ᠬᠡᠯᠡᠭᠦᠯᠦᠯ ᠦᠭᠡᠢ ᠪᠠᠷ ᠲᠤᠲᠤᠷ᠎ᠠ ᠲᠤᠲᠤᠷ᠎ᠠ ᠪᠠᠨ | ᠭᠡᠶᠢᠲᠡᠯ᠎ᠡ ᠮᠡᠳᠡᠵᠦ ᠪᠠᠶᠢᠭ᠎ᠠ ᠪᠠᠶᠢᠬ᠎ᠠ ᠭᠡᠵᠦ ᠪᠤᠳᠤᠨ᠎ᠠ᠃ | ᠲᠡᠭᠡᠪᠡᠯ ᠬᠡᠯᠡ ᠨᠠᠶᠢᠷᠠᠭᠤᠯᠭ᠎ᠠ ᠶᠢᠨ ᠡᠶᠢᠮᠦᠷᠬᠦᠦ ᠭᠡᠮ ᠠᠷᠬᠠᠭ ᠤᠳ ᠲᠤ ᠨᠠ᠊᠂ ᠰᠠᠶᠢᠨᠴᠤᠭᠲᠤ ᠲᠤᠬᠠᠢ ᠶᠢᠨ | ᠦᠶ᠎ᠡ ᠳᠡᠭᠡᠨ ᠴᠣᠬᠤᠮ ᠶᠠᠮᠠᠷ ᠣᠪᠤᠷ ᠢᠶᠠᠷ ᠬᠠᠨᠳᠤᠵᠤ᠂ ᠲᠡᠳᠡᠭᠡᠷ ᠢ ᠪᠠᠰᠠ ᠶᠠᠭᠠᠬᠢᠵᠤ ᠰᠢᠭᠦᠮᠵᠢᠯᠡᠨ ᠵᠠᠯᠠᠷᠠᠭᠤᠯᠵᠤ | ᠪᠠᠶᠢᠭᠰᠠᠨ ᠶᠤᠮ ᠪᠤᠢ︖ | ᠨᠢᠭᠡ ᠳᠤ᠂ ᠲᠦᠪ ᠬᠢᠨᠠᠭᠤᠷ ᠢᠶᠠᠷ ᠬᠠᠨᠳᠤᠵᠤ᠂ ᠢᠯᠳᠠᠷ ᠬᠠᠶᠠᠯ ᠦᠭᠡᠢ ᠰᠢᠭᠤᠳ ᠰᠢᠯᠤᠭᠤᠨ ᠢᠶᠠᠷ ᠵᠢᠭᠠᠨ | ᠭᠠᠷᠭᠠᠵᠤ ᠪᠠᠶᠢᠪᠠ᠃ ︽ᠢᠯᠳᠠᠷ ᠬᠠᠶᠠᠯ ᠦᠭᠡᠢ︾ ᠭᠡᠵᠦ ᠬᠡᠯᠡᠵᠦ ᠪᠠᠶᠢᠭ᠎ᠠ ᠶᠢᠨ ᠤᠴᠢᠷ ᠨᠢ ᠭᠡᠪᠡᠯ᠂ ᠨᠠ᠊᠂ ᠰᠠᠶᠢᠨᠴᠤᠭᠲᠤ | ᠵᠦᠭᠡᠷ ᠯᠡ ᠬᠦᠨᠳᠡᠯᠡᠨ ᠤ ᠲᠠᠨᠢᠯ ᠪᠤᠰᠤ ᠬᠦᠮᠦᠨ ᠪᠤᠶᠤ ᠦᠪᠡᠷ ᠤᠨ ᠳᠤᠷ᠎ᠠ ᠦᠭᠡᠶᠢᠴᠡᠳᠡᠭ ᠨᠢᠭᠡᠨ ᠤ ᠪᠠᠨ ᠵᠤᠬᠢᠶᠠᠯ ᠳᠠᠬᠢ | ᠬᠡᠯᠡ ᠨᠠᠶᠢᠷᠠᠭᠤᠯᠭ᠎ᠠ ᠶᠢᠨ ᠠᠯᠳᠠᠭ᠎ᠠ ᠶᠢ ᠪᠠᠷᠢᠵᠤ ᠠᠪᠤᠭᠠᠳ ᠨᠢᠳᠦ ᠨᠢᠭᠤᠷ ᠦᠭᠡᠢ ᠰᠢᠭᠦᠮᠵᠢᠯᠡᠭᠰᠡᠨ ᠪᠢᠰᠢ᠂ ᠬᠠᠷᠢᠨ | ᠲᠤᠲᠤᠨᠤ ᠲᠠᠨᠢᠯ ᠤᠨ ᠢᠶᠠᠨ᠂ ᠨᠤᠲᠤᠭ ᠨᠢᠭᠡᠲᠡᠨ ᠤ ᠪᠠᠨ᠂ ᠲᠡᠷᠡ ᠲᠤᠲᠤᠮ ᠢᠶᠠᠨ ᠪᠦᠷ ᠴᠦ ᠦᠪᠡᠷ ᠤᠨ ᠲᠤᠭᠤᠵᠤ | ᠦᠨᠡᠯᠡᠳᠡᠭ ᠵᠤᠬᠢᠶᠠᠯᠴᠢ ᠲᠡᠭᠦᠦ ᠨᠠᠷ ᠤᠨ ᠢᠶᠠᠨ ᠵᠤᠬᠢᠶᠠᠯ ᠳᠠᠬᠢ ᠭᠡᠮ ᠠᠯᠳᠠᠭ᠎ᠠ ᠶᠢ ᠣᠯᠵᠤ ᠬᠠᠷᠠᠭᠠᠳ ᠨᠢᠭᠤᠷ ᠲᠠᠯ᠎ᠠ ᠬᠠᠷᠠᠯ | ᠦᠭᠡᠢ ᠰᠢᠭᠤᠳ ᠰᠢᠯᠤᠭᠤᠬᠠᠨ ᠢᠶᠠᠷ ᠵᠢᠭᠠᠨ ᠭᠠᠷᠭᠠᠵᠤ᠂ ᠵᠠᠰᠠᠨ ᠵᠠᠯᠠᠷᠠᠭᠤᠯᠵᠤ ᠦᠭᠭᠦᠭᠰᠡᠨ ᠳᠤᠨᠢ ᠪᠠᠶᠢᠭ᠎ᠠ ᠪᠢᠯᠡ᠃ | ᠳᠡᠭᠡᠪᠡᠯ ᠪᠢᠳᠡ ᠦᠨᠦᠳᠦᠷ ᠤᠨ ᠮᠤᠩᠭᠤᠯ ᠤᠷᠠᠨ ᠵᠤᠬᠢᠶᠠᠯ ᠤᠨ ᠬᠢᠨ ︽ᠮᠣᠳᠤᠨ ᠬᠡᠯᠡ︾ ᠶᠢ ᠬᠡᠷᠬᠢᠨ ᠰᠢᠭᠦᠮᠵᠢᠯᠡᠵᠡᠭᠡᠵᠦ | ᠪᠠᠶᠢᠬᠤ ᠶᠢ ᠡᠷᠭᠢᠨ ᠰᠠᠨᠠᠵᠠᠭᠠᠶᠠ᠃ ᠮᠠᠨᠠᠶᠢᠬᠢᠨ ᠤ ᠵᠠᠷᠢᠮᠠᠳ ᠨᠢ ᠣᠯᠠᠩᠬᠢ ᠪᠠᠶᠢᠳᠠᠯ ᠳᠤ ᠰᠦᠯᠵᠢᠶ᠎ᠡ ᠴᠠᠬᠢᠮ ᠢᠶᠠᠷ ︽ᠠᠩ︾ | ᠬᠠᠶᠢᠵᠤ ᠬᠦᠨᠳᠡᠯᠡᠨ ᠤ ᠬᠦᠮᠦᠨ ᠪᠤᠶᠤ ᠳᠤᠷ᠎ᠠ ᠦᠭᠡᠶᠢᠴᠡᠳᠡᠭ᠂ ᠠᠲᠠᠭᠠᠷᠬᠠᠳᠠᠭ ᠨᠢᠭᠡᠨ ᠤ ᠪᠠᠨ ᠵᠤᠬᠢᠶᠠᠯ ᠪᠦᠲᠦᠭᠡᠯ ᠳᠠᠬᠢ | ᠬᠡᠯᠡ ᠨᠠᠶᠢᠷᠠᠭᠤᠯᠭ᠎ᠠ ᠶᠢᠨ ᠠᠯᠳᠠᠭ᠎ᠠ ᠪᠤᠷᠤᠭᠤ ᠶᠢ ᠪᠠᠷᠢᠵᠤ ᠠᠪᠤᠮᠠᠭᠴᠠ ᠲᠠᠯ᠎ᠠ ᠲᠠᠯ᠎ᠠ ᠠᠴᠠ ᠨᠢ ᠬᠤᠮᠣᠷᠭᠠᠯᠠᠨ ᠳᠠᠭᠠᠷᠢᠵᠤ᠂ | ᠪᠥᠰᠡᠯᠡᠨ ᠴᠣᠬᠢᠵᠤ᠂ ᠵᠠᠷᠢᠮ ᠳᠠᠭᠠᠨ ᠪᠦᠷ ᠴᠦ ᠭᠤᠲᠤᠭᠠᠨ ᠳᠤᠷᠤᠮᠵᠢᠯᠠᠵᠤ ᠪᠠᠶᠢᠳᠠᠭ ᠪᠤᠰᠤ ᠦᠦ︖ ᠶᠠᠭ ᠶᠤᠰᠤᠨ ᠳᠠᠭᠠᠨ | ᠂ ᠬᠡᠪᠯᠡᠵᠦ ᠨᠡᠶᠢᠲᠡᠯᠡᠭᠰᠡᠨ ᠪᠦᠲᠦᠭᠡᠯ ᠯᠡ ᠶᠤᠮ ᠪᠣᠯ᠂ ᠲᠡᠭᠦᠨ ᠤ ᠡᠵᠡᠨ ᠨᠢ ᠬᠡᠨ ᠴᠦ ᠪᠣᠯᠤᠭ᠂ ᠪᠦᠲᠦᠭᠡᠯ ᠳᠠᠬᠢ ᠬᠡᠯᠡ | ᠨᠠᠶᠢᠷᠠᠭᠤᠯᠭ᠎ᠠ ᠶᠢᠨ ᠬᠢᠨᠢ ᠠᠯᠳᠠᠭ᠎ᠠ ᠨᠢ ᠬᠡᠷᠬᠢᠪᠡᠴᠦ ᠬᠤᠪᠢ ᠬᠦᠮᠦᠨ ᠤ ᠠᠰᠠᠭᠤᠳᠠᠯ ᠪᠢᠰᠢ ᠪᠠᠶᠢᠵᠤ᠂ ᠬᠠᠷᠢᠨ ᠴᠦ ᠨᠡᠶᠢᠭᠡᠮ | ᠨᠡᠶᠢᠲᠡ ᠶᠢᠨ ᠠᠰᠠᠭᠤᠳᠠᠯ ᠮᠦᠨ ᠪᠣᠯᠬᠤ ᠤᠴᠢᠷ ᠠᠴᠠ ᠲᠡᠭᠦᠨ ᠢ ᠣᠯᠠᠨ ᠤ ᠳᠤᠮᠳᠠ ᠲᠦᠮᠡᠨ ᠤ ᠨᠢᠳᠦᠨ ᠳᠡᠭᠡᠷ᠎ᠡ ᠢᠯᠡᠨ | ᠳᠠᠯᠠᠨ ᠦᠭᠡᠢ ᠳᠡᠯᠭᠡᠨ ᠶᠠᠷᠢᠯᠴᠠᠵᠤ᠂ ᠰᠢᠭᠦᠮᠵᠢᠯᠡᠨ ᠵᠠᠯᠠᠷᠠᠭᠤᠯᠬᠤ ᠨᠢ ᠬᠡᠯᠡᠨ ᠤ ᠨᠡᠶᠢᠲᠡ ᠶᠢᠨ ᠬᠡᠷᠡᠭᠯᠡᠭᠡᠨ ᠤ ᠠᠰᠢᠭ ᠲᠤᠰᠠ | ᠲᠠᠢ ᠨᠡᠶᠢᠴᠡᠬᠦ ᠶᠤᠮ᠃ ᠡᠨᠡ ᠲᠠᠯ᠎ᠠ ᠪᠠᠷ ᠨᠠ᠊᠂ ᠰᠠᠶᠢᠨᠴᠤᠭᠲᠤ ᠮᠠᠨ ᠳᠤ ᠳᠠᠭᠤᠷᠢᠶᠠᠯ ᠪᠣᠯᠵᠤ ᠦᠭᠭᠦᠭᠰᠡᠨ ᠭᠡᠵᠦ ᠪᠤᠳᠤᠨ᠎ᠠ᠃ | ᠶᠠᠭᠤ ᠭᠡᠪᠡᠯ᠂ ᠨᠠ᠊᠂ ᠰᠠᠶᠢᠨᠴᠤᠭᠲᠤ ᠲᠤᠲᠤᠨᠤ ᠶᠢᠨ ᠲᠠᠨᠢᠯ᠂ ᠨᠤᠲᠤᠭ ᠨᠢᠭᠡᠲᠡᠨ ᠪᠦᠭᠡᠳ ᠦᠪᠡᠷ ᠤᠨ ᠲᠤᠭᠤᠵᠤ | ᠦᠨᠡᠯᠡᠳᠡᠭ ᠰᠢᠯᠦᠭᠴᠢ ᠫ᠊᠂ ᠲᠤᠭᠠᠷ ᠤᠨ ᠢᠶᠠᠨ ᠰᠢᠯᠦᠭ ᠲᠠᠬᠢ ︽ᠬᠦᠰᠢᠭᠦᠨ ᠪᠦᠭᠡᠳ ᠯᠤᠬᠢᠭ ᠮᠠᠭᠤᠲᠠᠢ︾ ᠬᠡᠯᠡ | ᠨᠠᠶᠢᠷᠠᠭᠤᠯᠭ᠎ᠠ ᠠᠴᠠ ᠵᠢᠱᠢᠶ᠎ᠡ ᠲᠠᠲᠠᠵᠤ᠂ ᠦᠨᠡᠨᠴᠢᠬᠡᠨ ᠰᠡᠳᠬᠢᠯ ᠢᠶᠠᠷ ᠡᠷᠡᠭᠡᠯᠡᠵᠦ ᠲᠦᠲᠡᠭᠡᠯᠵᠡᠯ ᠦᠭᠡᠢ ᠰᠢᠭᠦᠮᠵᠢᠯᠡᠭᠰᠡᠨ | ᠪᠠᠶᠢᠳᠠᠭ᠃ ᠡᠨᠡ ᠰᠢᠭᠦᠮᠵᠢᠯᠡᠯ ᠨᠢ ᠨᠠᠭᠠᠨ᠎ᠠ ᠪᠠᠨ ᠪᠣᠯ ᠨᠠᠶᠢᠵᠠ ᠨᠦᠬᠦᠳ ᠤᠨ ᠢᠶᠠᠨ ᠬᠡᠯᠡ ᠨᠠᠶᠢᠷᠠᠭᠤᠯᠭ᠎ᠠ ᠶᠢᠨ ᠮᠡᠷᠭᠡᠵᠢᠯ | ᠪᠣᠯᠪᠠᠰᠤᠷᠠᠯ ᠢ ᠳᠡᠭᠡᠭᠰᠢᠯᠡᠭᠦᠯᠬᠦ ᠭᠡᠰᠡᠨ᠂ ᠴᠠᠭᠠᠨ᠎ᠠ ᠪᠠᠨ ᠪᠣᠯ ᠡᠬᠡ ᠬᠡᠯᠡ ᠪᠠᠨ ᠵᠥᠪ ᠴᠡᠪᠡᠷ ᠪᠠᠶᠢᠯᠭᠠᠬᠤ ᠭᠡᠰᠡᠨ ᠡᠷᠬᠢᠮ | ᠳᠡᠭᠡᠳᠦ ᠬᠠᠷᠢᠭᠤᠴᠠᠯᠭ᠎ᠠ ᠪᠠ ᠵᠣᠷᠢᠯᠭ᠎ᠠ ᠶᠢ ᠰᠢᠩᠭᠡᠭᠡᠭᠰᠡᠨ ᠶᠣᠮ ᠭᠡᠳᠡᠭ ᠢ ᠪᠢᠳᠡ ᠦᠨᠦᠳᠦᠷ ᠲᠤᠳᠤ ᠠᠴᠠ ᠲᠤᠳᠤ | ᠮᠡᠳᠡᠷᠡᠭᠰᠡᠭᠡᠷ ᠶᠤᠮ᠃ | ᠬᠤᠶᠠᠷ ᠲᠤ᠂ ᠨᠠ᠊᠂ ᠰᠠᠶᠢᠨᠴᠤᠭᠲᠤ᠂ ᠫ᠊᠂ ᠲᠤᠭᠠᠷ ᠤᠨ ᠰᠢᠯᠦᠭ ᠲᠠᠬᠢ ᠬᠡᠯᠡ ᠨᠠᠶᠢᠷᠠᠭᠤᠯᠭ᠎ᠠ ᠶᠢᠨ ᠠᠯᠳᠠᠭ᠎ᠠ ᠶᠢ | ᠡᠷᠡᠭᠡᠯᠡᠯ ᠦᠭᠡᠢ ᠪᠠᠷ ᠳᠤᠷᠠᠳᠤᠨ ᠭᠠᠷᠭᠠᠭᠰᠠᠨ ᠲᠡᠳᠦᠢ ᠦᠭᠡᠢ᠂ ᠲᠡᠷᠡ ᠬᠦ ᠠᠯᠳᠠᠭ᠎ᠠ ᠶᠢᠨ ᠬᠢᠨᠢ ᠤᠴᠢᠷ ᠰᠢᠯᠲᠠᠭᠠᠨ ᠢ | ᠪᠠᠰᠠ ᠬᠦᠯᠢᠴᠡᠩᠭᠦᠢ ᠬᠢᠨᠠᠭᠤᠷ ᠢᠶᠠᠷ ᠲᠠᠶᠢᠯᠪᠤᠷᠢᠯᠠᠵᠤ ᠦᠭᠭᠦᠭᠰᠡᠨ ᠪᠠᠶᠢᠳᠠᠭ᠃ ᠲᠡᠷᠡ ᠪᠠᠷ᠂ ᠫ᠊᠂ ᠲᠤᠭᠠᠷ ᠤᠨ | ᠰᠢᠯᠦᠭ ᠲᠠᠬᠢ ︽ᠪᠠᠭ᠋ᠠᠷᠤᠮ᠎ᠠ ᠤᠷᠠᠯᠢᠭ ᠤᠨ ᠳᠠᠭᠤᠷᠢᠶᠠᠯ ᠪᠣᠯᠤᠭᠰᠠᠨ ᠭᠤᠸ᠎ᠠ ᠰᠠᠶᠢᠬᠠᠨ ᠤ ᠣᠨᠤᠯ/ ᠪᠠᠶᠠᠷᠲᠤ ᠵᠢᠷᠦᠬᠡᠨ ᠤ | ᠳᠤᠯᠭᠢᠶ᠎ᠠ ᠡᠷᠴᠢᠯᠡᠭᠰᠡᠨ ᠲᠥᠮᠡᠨ ᠥᠶ᠎ᠡ ᠶᠢᠨ ᠱᠠᠰᠲᠢᠷ︾ ᠭᠡᠬᠦ ᠬᠤᠶᠠᠷ ᠮᠦᠷ ᠢ ᠵᠢᠱᠢᠶᠡᠯᠡᠨ ᠦᠵᠡᠭᠦᠯᠦᠭᠡᠳ ︽ᠡᠨᠡ | ᠮᠦᠷ ᠤᠨ ᠦᠭᠡ ᠪᠣᠯ ᠬᠦᠮᠦᠰ ᠤᠨ ᠠᠮᠢᠳᠤᠷᠠᠯ ᠠᠴᠠ ᠢᠷᠡᠭᠰᠡᠨ ᠪᠢᠰᠢ᠂ ᠵᠤᠬᠢᠶᠠᠭᠴᠢ ᠶᠢᠨ ᠡᠪᠦᠷ ᠤᠨ ᠳᠡᠪᠲᠡᠷ ᠪᠣᠶᠤ | ᠦᠭᠡᠰ ᠤᠨ ᠴᠤᠭᠯᠠᠭᠠᠨ ᠠᠴᠠ ᠢᠷᠡᠭᠰᠡᠨ ᠪᠠᠶᠢᠨ᠎ᠠ᠃ ᠡᠮᠦᠨᠡᠬᠢ ᠮᠦᠷ ᠤᠨ ᠬᠡᠯᠡᠯᠭᠡ ᠯᠤᠬᠢᠭ ᠲᠤ ᠨᠡᠶᠢᠴᠡᠬᠦ ᠦᠭᠡᠢ ᠪᠠᠶᠢᠨ᠎ᠠ᠃ | ᠵᠢᠱᠢᠶ᠎ᠡ ᠨᠢ ᠭᠤᠸ᠎ᠠ ᠰᠠᠶᠢᠬᠠᠨ ᠤ ᠣᠨᠤᠯ ᠤᠷᠠᠯᠢᠭ ᠲᠤ ᠤᠳᠤᠷᠢᠳᠤᠮᠵᠢ ᠪᠣᠯᠬᠤ ᠠᠴᠠ ᠪᠢᠰᠢ᠂ ᠶᠠᠭᠠᠬᠢᠵᠤ ᠳᠠᠭᠤᠷᠢᠶᠠᠯ | ᠪᠣᠯᠵᠤ ᠪᠤᠯᠬᠤ ᠪᠣᠢ︖ ᠳᠠᠷᠠᠭ᠎ᠠ ᠮᠦᠷ ᠤᠨ ᠵᠦᠢᠷᠯᠡᠯ ᠣᠨᠤᠪᠴᠢᠲᠠᠢ ᠪᠢᠰᠢ ᠪᠣᠯᠵᠠᠢ᠃ ᠵᠢᠱᠢᠶ᠎ᠡ ᠨᠢ᠂ ᠱᠠᠰᠲᠢᠷ ᠢ | ᠳᠤᠯᠭᠢᠶ᠎ᠠ ᠪᠠᠷ ᠵᠦᠢᠷᠯᠡᠬᠦ ᠨᠢ ᠣᠨᠤᠪᠴᠢ ᠦᠭᠡᠢ ᠪᠦᠭᠡᠳ ᠳᠤᠯᠭᠢᠶ᠎ᠠ ᠶᠢ ᠡᠷᠴᠢᠯᠡᠨ᠎ᠡ ᠭᠡᠬᠦ ᠳᠤ ᠪᠠᠰᠠ ᠡᠪ ᠦᠭᠡᠢ ᠪᠠᠶᠢᠨ᠎ᠠ᠃ | ᠨᠦᠬᠦᠷ ᠫ᠊᠂ ᠲᠤᠭᠠᠷ ᠤᠨ ᠰᠢᠯᠦᠭ ᠲᠤ᠂ ᠵᠠᠷᠢᠮ ᠨᠢᠭᠡᠨ ᠡᠶᠢᠮᠦ ᠪᠠᠳᠠᠭ ᠪᠣᠶᠤ ᠡᠶᠢᠮᠦ ᠮᠦᠷ ᠪᠣᠯ ᠰᠡᠭᠦᠯ ᠤᠨ ᠥᠶ᠎ᠡ ᠳᠤ | ᠬᠠᠶᠠ ᠬᠠᠷᠠᠭᠳᠠᠬᠤ ᠪᠣᠯᠵᠤ ᠪᠠᠶᠢᠨ᠎ᠠ᠃ ᠡᠨᠡ ᠪᠣᠯ ᠠᠩᠬᠠᠷᠤᠨ ᠬᠢᠴᠢᠶᠡᠭᠦᠰᠢᠲᠡᠢ ᠵᠦᠢᠯ︾ ᠭᠡᠵᠡᠢ᠃ ᠫ᠊᠂ ᠲᠤᠭᠠᠷ ᠤᠨ | ᠰᠢᠯᠦᠭ ᠲᠤ ᠡᠶᠢᠮᠦᠷᠬᠦ ︽ᠬᠡᠯᠡ ᠨᠢ ᠬᠦᠰᠢᠭᠦᠨ ᠪᠦᠭᠡᠳ ᠯᠤᠬᠢᠭ ᠮᠠᠭᠤᠲᠠᠢ ᠪᠣᠯᠤᠭᠰᠠᠨ ᠵᠢᠱᠢᠶ᠎ᠡ︾ ᠬᠠᠷᠠᠭᠳᠠᠬᠤ ᠪᠦᠭᠡᠳ | ᠪᠠᠰᠠ ᠤᠷᠠᠨ ᠰᠠᠨᠠᠭ᠎ᠠ᠂ ᠤᠷᠤᠰᠤᠮ᠎ᠠ ᠬᠡᠯᠡ ᠲᠠᠢ ᠪᠠᠳᠠᠭ ᠴᠦ ᠪᠢᠰᠢᠭᠦᠢ ᠪᠠᠶᠢᠳᠠᠭ ᠢ ᠨᠠ᠊᠂ ᠰᠠᠶᠢᠨᠴᠤᠭᠲᠤ ᠮᠦᠨ ᠲᠡᠷᠡ | ᠵᠤᠬᠢᠶᠠᠯ ᠳᠠᠭᠠᠨ ᠤᠨᠴᠠᠯᠠᠨ ᠲᠡᠮᠳᠡᠭᠯᠡᠭᠰᠡᠨ ᠶᠤᠮ᠃ ᠲᠡᠷᠡ ᠪᠠᠷ ︽ᠤᠰᠤᠨ ᠪᠢᠳᠦᠷᠶᠡᠨ ᠲᠤᠩᠭᠠᠯᠠᠭ ᠳᠤᠯᠭᠢᠶ᠎ᠠ ᠨᠢ ᠪᠤᠯᠤᠷ | ᠡᠷᠳᠡᠨᠢ ᠶᠢᠨ ᠲᠤᠯᠢ ᠰᠢᠭ᠋/ ᠠᠭᠤᠳᠠᠯᠤᠨ ᠬᠤᠷᠢᠶᠠᠭᠰᠠᠨ ᠮᠦᠯᠢᠭᠡᠷ ᠳᠠᠪᠤᠰᠤ ᠨᠢ ᠮᠦᠩᠭᠦᠨ ᠵᠠᠭᠠᠨ ᠤ ᠨᠢᠷᠤᠭᠤ ᠰᠢᠭ᠋/ | ᠤᠭᠠᠯᠵᠠᠯᠠᠨ ᠰᠦᠯᠵᠢᠯᠡᠬᠦ ᠠᠶᠠᠨᠴᠢᠳ ᠤᠨ ᠲᠡᠷᠭᠡ ᠨᠢ ᠲᠠᠨ᠎ᠠ ᠰᠣᠪᠤᠳ ᠤᠨ ᠬᠡᠯᠬᠢᠶ᠎ᠡ ᠰᠢᠭ/ ᠤᠨᠳᠤᠷᠤᠮᠠᠯ ᠪᠠᠶᠠᠯᠢᠭ ᠡᠵᠢ | ᠳᠠᠯᠠᠢ ᠶᠢᠨ ᠮᠦᠩᠬᠡ ᠶᠢᠨ ᠴᠢᠨᠠᠷ ᠭᠠᠶᠢᠬᠠᠯᠲᠠᠢ︾ ᠭᠡᠬᠦ ᠳᠦᠷᠪᠡᠨ ᠮᠦᠷ ᠰᠢᠯᠦᠭ ᠢ ᠵᠢᠱᠢᠶ᠎ᠡ ᠪᠣᠯᠭᠠᠭᠠᠳ ︽ᠡᠨᠡ ᠪᠠᠳᠠᠭ ᠤᠨ | ᠵᠦᠢᠷᠯᠡᠯ ᠨᠢ ᠣᠨᠤᠪᠴᠢᠲᠠᠢ ᠪᠦᠭᠡᠳ ᠯᠤᠬᠢᠭ ᠲᠤ ᠨᠡᠶᠢᠴᠡᠵᠦ ᠪᠠᠶᠢᠨ᠎ᠠ᠃ ᠵᠤᠬᠢᠶᠠᠭᠴᠢ ᠳᠤ ᠤᠷᠠᠨ ᠰᠠᠨᠠᠭ᠎ᠠ ᠣᠷᠤᠵᠤ | ᠢᠷᠡᠭᠡᠳ ᠲᠡᠭᠦᠨ ᠢ ᠪᠠᠨ ᠣᠨᠤᠭᠰᠠᠨ ᠰᠠᠶᠢᠬᠠᠨ ᠬᠡᠯᠡ ᠪᠠᠷ ᠢᠯᠡᠳᠬᠡᠵᠦ ᠴᠢᠳᠠᠪᠠᠯ᠂ ᠲᠡᠭᠦᠨ ᠤ ᠵᠤᠬᠢᠶᠠᠯ ᠤᠨ ᠬᠡᠯᠡ ᠨᠢ | ᠤᠷᠠᠨ ᠰᠠᠶᠢᠬᠠᠨ ᠪᠣᠯᠵᠤ ᠴᠢᠳᠠᠨ᠎ᠠ᠃ ᠬᠡᠷᠪᠡ ᠵᠤᠬᠢᠶᠠᠭᠴᠢ ᠦᠪᠡᠷ ᠤᠨ ᠲᠤᠭᠤᠳᠠᠭ ᠪᠡᠯᠡᠨ ᠦᠭᠡ ᠪᠠᠨ ᠰᠢᠯᠦᠭ ᠤᠨ | ᠮᠦᠷ ᠲᠤ ᠠᠯᠪᠠ ᠪᠠᠷ ᠴᠢᠮᠡᠵᠦ ᠣᠷᠤᠭᠤᠯᠬᠤ ᠳᠤ ᠬᠦᠷᠪᠡᠯ ᠭᠠᠩᠭᠠᠩ ᠬᠡᠶᠢᠰᠪᠦᠷᠢ ᠬᠡᠯᠡ ᠭᠠᠷᠴᠤ ᠢᠷᠡᠬᠦ ᠮᠠᠭᠠᠳ ᠦᠭᠡᠢ᠂ | ᠬᠡᠷᠬᠢᠪᠡᠴᠦ ᠠᠮᠢᠳᠤᠯᠢᠭ ᠬᠠᠯᠠᠭᠤᠬᠠᠨ ᠬᠡᠯᠡ ᠪᠣᠯᠵᠤ ᠴᠢᠳᠠᠬᠤ ᠦᠭᠡᠢ ᠶᠤᠮ︾ ᠭᠡᠵᠡᠢ᠃ ᠡᠶᠢᠨ ᠬᠦ ᠨᠠ᠊᠂ ᠰᠠᠶᠢᠨᠴᠤᠭᠲᠤ | ᠲᠤᠲᠤᠨᠤ ᠶᠢᠨ ᠲᠠᠨᠢᠯ᠂ ᠨᠤᠲᠤᠭ ᠨᠢᠭᠡᠲᠡᠨ᠂ ᠰᠢᠯᠦᠭᠴᠢ ᠳᠡᠭᠦᠦ ᠫ᠊᠂ ᠲᠤᠭᠠᠷ ᠤᠨ ᠢᠶᠠᠨ ᠰᠢᠯᠦᠭ ᠲᠠᠬᠢ ︽ᠭᠠᠩᠭᠠᠩ | ᠬᠡᠶᠢᠰᠪᠦᠷᠢ ᠬᠡᠯᠡ︾ ᠶᠢ ᠳᠤᠷᠠᠳᠤᠨ ᠰᠢᠭᠦᠮᠵᠢᠯᠡᠭᠰᠡᠨ ᠲᠡᠳᠦᠢ ᠦᠭᠡᠢ ᠮᠦᠨ ︽ᠠᠮᠢᠳᠤᠯᠢᠭ ᠬᠠᠯᠠᠭᠤᠬᠠᠨ ᠬᠡᠯᠡ︾ ᠶᠢ ᠨᠢ | ᠴᠦ ᠳᠤᠷᠠᠳᠤᠨ ᠰᠠᠶᠢᠰᠢᠶᠠᠵᠤ ᠤᠷᠮᠠᠰᠢᠭᠤᠯᠤᠨ ᠵᠤᠷᠢᠭᠵᠢᠭᠤᠯᠤᠭᠰᠠᠨ ᠪᠠᠶᠢᠨ᠎ᠠ᠃ ᠬᠡᠯᠡ ᠨᠠᠶᠢᠷᠠᠭᠤᠯᠭ᠎ᠠ ᠶᠢᠨ ᠲᠤᠬᠠᠢ ᠡᠶᠢᠮᠦ | ᠰᠢᠭᠦᠮᠵᠢᠯᠡᠯ ᠪᠣᠯ ᠰᠠᠶ᠋ᠢ ᠪᠣᠳᠠᠲᠤ ᠵᠢᠱᠢᠶ᠎ᠡ ᠳᠤ ᠰᠠᠭᠤᠷᠢᠯᠠᠭᠰᠠᠨ᠂ ᠠᠯᠳᠠᠭ᠎ᠠ ᠣᠨᠤᠭ᠎ᠠ ᠶᠢ ᠢᠯᠭᠠᠪᠤᠷᠢᠯᠠᠭᠰᠠᠨ᠂ ᠬᠦᠮᠦᠨ ᠤ | ᠲᠠᠷᠢᠬᠢᠨ᠎ᠠ ᠲᠤᠩᠭᠠᠭᠳᠠᠵᠤ᠂ ᠴᠡᠭᠡᠵᠢᠨ᠎ᠡ ᠬᠠᠳᠠᠩᠰᠢᠬᠤ ᠨᠦᠬᠦᠷ ᠶᠤᠰᠤᠨ ᠤ ᠰᠢᠭᠦᠮᠵᠢᠯᠡᠯ ᠰᠠᠨᠠᠭᠤᠯᠤᠮᠵᠢ ᠮᠦᠨ ᠪᠣᠯᠬᠤ | ᠶᠤᠮ᠃ ᠬᠠᠷᠢᠨ ᠦᠨᠦᠳᠦᠷ ᠮᠠᠨ ᠤ ᠰᠦᠯᠵᠢᠶ᠎ᠡ ᠵᠢᠷᠭᠢᠶ᠎ᠡ ᠪᠠᠷ ᠳᠦᠭᠦᠷᠴᠦ ᠪᠠᠶᠢᠭ᠎ᠠ ᠵᠠᠷᠢᠮ ︽ᠰᠢᠭᠦᠮᠵᠢᠯᠡᠯ︾᠂ ︽ | ᠮᠠᠷᠭᠤᠯᠳᠤᠭᠠᠨ︾ ᠭᠡᠳᠡᠭ ᠨᠢ ᠶᠡᠷᠦ ᠠᠴᠠ ᠥᠭᠡᠷ᠎ᠡ ᠪᠣᠰᠤᠳ ᠤᠨ ᠵᠦᠭ ᠲᠤ ᠵᠠᠳᠠ ᠳᠠᠭᠠᠷᠢᠬᠤ ᠪᠣᠶᠤ ᠦᠪᠡᠷ ᠦᠪᠡᠷ ᠤᠨ | ᠬᠢ ᠪᠠᠨ ᠦᠬᠦᠨ ᠪᠠᠷᠢᠮᠲᠠᠯᠠᠭᠰᠠᠨ ᠪᠠᠶᠢᠳᠠᠭ ᠤᠴᠢᠷ ᠠᠴᠠ ᠡᠴᠦᠰ ᠤᠨ ᠳ᠋ᠦᠩ ᠳᠡᠭᠡᠨ ᠬᠦᠮᠦᠨ ᠤ ᠣᠶᠤᠨ ᠳᠤ | ᠲᠤᠩᠭᠠᠭᠳᠠᠵᠤ ᠪᠣᠳᠤᠯᠭ᠎ᠠ ᠶᠢ ᠠᠷᠢᠭᠤᠰᠬᠠᠬᠤ ᠪᠤᠰᠤ᠂ ᠭᠡᠳᠡᠷᠭᠦ ᠴᠠᠭᠠᠰᠢ ᠪᠠᠨ ᠦᠰᠢᠶ᠎ᠡ ᠬᠤᠨᠵᠢᠶ᠎ᠠ ᠪᠣᠯᠤᠨ ᠦᠯᠡᠳᠡᠭᠰᠡᠭᠡᠷ | ᠪᠠᠶᠢᠭ᠎ᠠ ᠶᠢ ᠠᠯᠢ ᠶᠢ ᠲᠡᠷᠡ ᠭᠡᠬᠦ ᠪᠣᠢ︖ ᠲᠡᠳᠡᠭᠡᠷ ᠰᠢᠭᠦᠮᠵᠢᠯᠡᠯ ᠨᠢ ᠵᠠᠷᠢᠮ ᠦᠶ᠎ᠡ ᠳᠤ ᠦᠨᠡᠬᠡᠷ ᠨᠠ᠊᠂ ᠰᠠᠶᠢᠨᠴᠤᠭᠲᠤ ᠶᠢᠨ | ︽ᠮᠢᠨᠦ ᠰᠠᠨᠠᠯ︾ ᠭᠡᠬᠦ ᠨᠦᠭᠦᠭᠡ ᠨᠢᠭᠡᠨ ᠵᠣᠬᠢᠶᠠᠯ ᠳᠠᠭᠠᠨ ᠬᠡᠯᠡᠭᠰᠡᠨ ᠮᠡᠲᠦ ᠪᠠᠷ ︽ᠨᠦᠬᠦᠷᠰᠡᠭ ᠰᠡᠳᠬᠢᠯ ᠤᠨ ᠬᠠᠯᠠᠭᠤᠨ | ᠳᠡᠮᠵᠢᠯᠭᠡ ᠪᠢᠰᠢ᠂ ᠬᠠᠷᠢᠨ ᠬᠢᠯᠢᠩᠲᠤ ᠴᠡᠭᠡᠵᠢᠨ ᠤ ᠬᠦᠢᠲᠡᠨ ᠵᠠᠩᠳᠤᠷᠤᠯᠲᠠ︾ ᠪᠣᠯᠵᠤ᠂ ᠰᠢᠭᠦᠮᠵᠢᠯᠡᠭᠴᠢᠳ ᠨᠢ ᠴᠦ ᠭᠡᠰᠡᠨ | ︽︿ᠢᠩᠭᠢᠵᠦ ᠴᠦ ᠪᠣᠯᠬᠤ ᠦᠭᠡᠢ᠂ ᠴᠢᠩᠭᠢᠵᠦ ᠴᠦ ᠪᠣᠯᠬᠤ ᠦᠭᠡᠢ﹀ ᠭᠡᠵᠦ ᠵᠠᠩᠨᠠᠬᠤ ᠶᠢ ᠯᠠ ᠮᠡᠳᠡᠬᠦ ᠠᠴᠠ ᠪᠢᠰᠢ᠂ | ᠴᠣᠬᠤᠮ ᠶᠠᠭᠠᠬᠢᠪᠠᠯ ᠲᠠᠭᠠᠷᠠᠬᠤ ᠶᠢ ᠨᠢᠭᠡ ᠴᠦ ᠬᠡᠯᠡᠵᠦ ᠥᠭᠳᠡᠭ ᠦᠭᠡᠢ ᠬᠠᠶᠢᠴᠢ ᠪᠠᠷᠢᠭᠰᠠᠨ ᠬᠠᠳᠠᠮ ᠡᠬᠡ ᠠᠭᠤᠷᠯᠠᠨ | ᠠᠭᠠᠰᠢᠯᠠᠵᠤ ᠪᠠᠶᠢᠭ᠎ᠠ ᠮᠡᠲᠦ︾ ᠬᠠᠷᠠᠭᠳᠠᠳᠠᠭ ᠨᠢ ᠦᠨᠡᠨ ᠪᠢᠯᠡ᠃ ᠬᠠᠷᠢᠨ ᠡᠭᠦᠨ ᠲᠠᠢ ᠡᠰᠡᠷᠭᠦ ᠪᠠᠷ᠂ ᠲᠤᠬᠠᠢ ᠶᠢᠨ | ᠦᠶ᠎ᠡ ᠳᠤ ᠨᠠ᠊᠂ ᠰᠠᠶᠢᠨᠴᠤᠭᠲᠤ ᠶᠢᠨ ᠲᠡᠷᠡ ᠬᠦ ᠠᠯᠳᠠᠭ᠎ᠠ ᠣᠨᠤᠭ᠎ᠠ ᠶᠢᠨ ᠬᠢᠨᠢ ᠠᠯᠢ ᠠᠯᠢᠨ ᠢ ᠨᠢ ᠴᠦ ᠵᠢᠭᠠᠵᠤ ᠦᠭᠭᠦᠭᠰᠡᠨ | ᠦᠨᠡᠲᠦ ᠰᠢᠭᠦᠮᠵᠢᠯᠡᠯ ᠢ ᠰᠢᠯᠦᠭᠴᠢ ᠫ᠊᠂ ᠲᠤᠭᠠᠷ ᠮᠠᠰᠢ ᠪᠠᠶᠠᠷᠲᠠᠢ ᠪᠠᠷ ᠬᠦᠯᠢᠶᠡᠵᠦ ᠠᠪᠤᠭᠰᠠᠨ ᠭᠡᠳᠡᠭ ᠲᠤ ᠪᠢ ᠢᠲᠡᠭᠡᠵᠦ | ᠪᠠᠶᠢᠨ᠎ᠠ᠃ ᠤᠴᠢᠷ ᠨᠢ᠂ ᠲᠡᠷᠡ ᠨᠢ ᠦᠨᠡᠬᠡᠷ ᠴᠦ ᠪᠠᠭᠤᠬᠤ ᠡᠵᠡᠨ ᠲᠠᠢ᠂ ᠪᠣᠳᠤᠭᠤᠯᠬᠤ ᠰᠠᠨᠠᠭᠤᠯᠤᠮᠵᠢ ᠲᠠᠢ᠂ ᠨᠦᠬᠦᠷ | ᠶᠤᠰᠤᠨ ᠤ ᠳᠡᠮᠵᠢᠯᠭᠡ᠂ ᠨᠦᠮᠵᠦᠭ ᠦᠨᠡᠨᠴᠢᠬᠡᠨ ᠰᠢᠭᠦᠮᠵᠢᠯᠡᠯ ᠪᠠᠶᠢᠭᠰᠠᠨ ᠶᠣᠮ᠃ ᠡᠶᠢᠮᠦ ᠰᠢᠭᠦᠮᠵᠢᠯᠡᠯ ᠨᠢ ᠤᠷᠠᠨ | ᠵᠣᠬᠢᠶᠠᠯᠴᠢᠳ ᠢ ᠦᠭᠡᠳᠡ ᠨᠢ ᠲᠠᠲᠠᠳᠠᠭ᠂ ᠦᠨᠳᠦᠰᠦᠲᠡᠨ ᠤ ᠬᠡᠯᠡ ᠰᠤᠶᠤᠯ ᠤᠨ ᠦᠢᠯᠡᠰ ᠢ ᠦᠭᠡᠳᠡ ᠨᠢ ᠲᠠᠲᠠᠳᠠᠭ᠃ | ᠬᠤᠶᠠᠷ᠂ ︽ᠠᠮᠢᠳᠤᠯᠢᠭ ᠬᠠᠯᠠᠭᠤᠬᠠᠨ ᠬᠡᠯᠡ︾ | ᠨᠠ᠊᠂ ᠰᠠᠶᠢᠨᠴᠤᠭᠲᠤ ᠤᠷᠠᠨ ᠵᠣᠬᠢᠶᠠᠯ ᠤᠨ ᠬᠡᠯᠡ ᠨᠠᠶᠢᠷᠠᠭᠤᠯᠭ᠎ᠠ ᠳᠠᠬᠢ ︽ᠭᠠᠩᠭᠠᠩ ᠬᠡᠶᠢᠰᠪᠦᠷᠢ ᠬᠡᠯᠡ︾ ᠪᠠ ︽ | ᠳᠦᠭᠦᠬᠡᠢ ᠵᠤᠬᠢᠶᠠᠮᠠᠯ ᠦᠭᠡ︾ ᠶᠢ ᠳᠡᠭᠡᠳᠦᠯᠡᠨ ᠦᠨᠡᠯᠡᠵᠦ᠂ ᠬᠤᠷᠤᠶᠢᠯᠠᠨ ᠳᠠᠯᠠᠯᠵᠤ ᠪᠠᠶᠢᠭᠰᠠᠨ ᠭᠡᠵᠦ ᠬᠡᠯᠡᠬᠦ ᠳᠤ ᠳᠡᠩᠳᠡᠬᠦ | ᠭᠠᠵᠠᠷ ᠦᠭᠡᠢ᠃ ᠲᠡᠭᠡᠪᠡᠯ ᠡᠨᠡ ︽ᠠᠮᠢᠳᠤᠯᠢᠭ ᠬᠠᠯᠠᠭᠤᠬᠠᠨ ᠬᠡᠯᠡ︾ ᠨᠢ ᠬᠠᠮᠢᠭ᠎ᠠ ᠠᠴᠠ ᠢᠷᠡᠳᠡᠭ ᠪᠣᠢ︖ ᠨᠠ᠊᠂ | ᠰᠠᠶᠢᠨᠴᠤᠭᠲᠤ ᠶᠢᠨ ᠦᠵᠡᠬᠦ ᠪᠠᠷ ᠲᠡᠳᠡᠭᠡᠷ ᠨᠢ ᠠᠷᠠᠳ ᠲᠥᠮᠡᠨ ᠤ ᠠᠮᠢᠳᠤᠷᠠᠯ ᠳᠤᠮᠳᠠ ᠠᠴᠠ ᠢᠷᠡᠳᠡᠭ ᠶᠤᠮ ᠪᠠᠶᠢᠨ᠎ᠠ᠃ | ᠡᠨᠡ ᠲᠤᠬᠠᠢ ᠲᠡᠷᠡ ᠪᠠᠷ ︽ᠤᠷᠤᠰᠤᠮ᠎ᠠ ᠬᠡᠯᠡ᠂ ᠤᠶᠠᠩᠭᠠᠲᠤ ᠳᠠᠭᠤᠯᠠᠯ︾ ᠭᠡᠬᠦ ᠵᠤᠬᠢᠶᠠᠯ ᠳᠠᠭᠠᠨ ︽ᠬᠡᠯᠡ ᠪᠣᠯ ᠠᠷᠠᠳ | ᠲᠥᠮᠡᠨ ᠤ ᠠᠮᠢᠳᠤᠷᠠᠯ ᠲᠡᠮᠡᠴᠡᠯ ᠤᠨ ᠵᠡᠪᠰᠡᠭ ᠨᠢ ᠪᠣᠯᠬᠤ ᠤᠴᠢᠷ ᠠᠴᠠ ᠵᠣᠬᠢᠶᠠᠯᠴᠢ᠂ ᠠᠷᠠᠳ ᠲᠥᠮᠡᠨ ᠤ ᠠᠮᠢᠳᠤᠷᠠᠯ | ᠲᠡᠮᠡᠴᠡᠯ ᠳᠤ ᠤᠷᠤᠯᠴᠠᠯ ᠦᠭᠡᠢ ᠪᠠᠷ᠂ ᠲᠡᠭᠦᠨ ᠠᠴᠠ ᠭᠠᠳᠠᠭᠤᠷ᠂ ᠲᠡᠭᠦᠨ ᠠᠴᠠ ᠰᠠᠯᠤᠩᠬᠢ ᠪᠠᠷ ᠠᠷᠠᠳ ᠲᠥᠮᠡᠨ ᠤ | ᠬᠡᠯᠡ ᠶᠢ ᠰᠤᠷᠴᠤ ᠴᠢᠳᠠᠬᠤ ᠦᠭᠡᠢ ᠶᠤᠮ᠃ ᠰᠤᠷᠴᠤ ᠴᠢᠳᠠᠯ᠎ᠠ ᠴᠦ ᠭᠡᠰᠡᠨ ᠡᠵᠡᠮᠰᠢᠨ ᠬᠡᠷᠡᠭᠯᠡᠵᠦ ᠴᠢᠳᠠᠬᠤ ᠦᠭᠡᠢ ᠶᠤᠮ᠃ | ᠶᠡᠷᠦ ᠠᠴᠠ ᠠᠷᠠᠳ ᠲᠥᠮᠡᠨ ᠤ ᠠᠮᠢᠳᠤᠷᠠᠯ ᠤᠨ ᠪᠠ ᠦᠢᠯᠡᠳᠪᠦᠷᠢᠯᠡᠯ ᠤᠨ ᠮᠡᠳᠡᠯᠭᠡ ᠦᠭᠡᠢ ᠪᠣᠯ᠂ ᠦᠪᠡᠷ ᠤᠨ | ᠦᠨᠳᠦᠰᠦᠲᠡᠨ ᠤ ᠲᠡᠦᠬᠡᠲᠦ ᠵᠠᠩ ᠪᠠᠶᠢᠳᠠᠯ ᠢ ᠮᠡᠳᠡᠬᠦ ᠦᠭᠡᠢ ᠪᠣᠯ᠂ ᠦᠪᠡᠷ ᠤᠨ ᠦᠨᠳᠦᠰᠦᠲᠡᠨ ᠤ ᠪᠠᠨ ᠠᠷᠠᠳ ᠤᠨ ᠤᠷᠠᠨ | ᠵᠣᠬᠢᠶᠠᠯ ᠤᠨ ᠥᠪ ᠬᠦᠷᠦᠩᠭᠡ ᠠᠴᠠ ᠰᠤᠷᠤᠯᠴᠠᠬᠤ ᠦᠭᠡᠢ ᠪᠣᠯ᠂ ᠪᠢᠳᠡᠨ ᠤ ᠤᠷᠠᠨ ᠪᠦᠲᠦᠭᠡᠯ ᠤᠨ ᠪᠠᠶᠠᠯᠢᠭ ᠰᠠᠶᠢᠬᠠᠨ | ᠬᠡᠯᠡ ᠬᠠᠮᠢᠭ᠎ᠠ ᠠᠴᠠ ᠢᠷᠡᠬᠦ ᠪᠣᠢ︖ ᠠᠷᠠᠳ ᠲᠥᠮᠡᠨ ᠠᠴᠠ ᠪᠠᠨ ᠰᠤᠷᠤᠯᠴᠠᠭᠰᠠᠨ ᠴᠠᠭ ᠲᠤ ᠬᠡᠯᠡ ᠨᠢ ᠪᠠᠶᠠᠯᠢᠭ ᠰᠠᠶᠢᠬᠠᠨ | ᠪᠣᠯᠵᠤ᠂ ᠡᠭᠦᠨ ᠢ ᠣᠷᠬᠢᠵᠤ᠂ ᠪᠤᠰᠤᠳ ᠢ ᠳᠠᠭᠤᠷᠢᠶᠠᠭᠰᠠᠨ ᠴᠠᠭ ᠲᠤ ᠬᠡᠯᠡ ᠨᠢ ᠬᠦᠰᠢᠭᠦᠨ ᠪᠦᠭᠡᠳ ᠯᠤᠬᠢᠭ ᠮᠠᠭᠤᠲᠠᠢ︾ | ᠪᠣᠯᠤᠨ᠎ᠠ ᠭᠡᠵᠦ ᠵᠢᠭᠠᠵᠤ ᠭᠠᠷᠭᠠᠭᠰᠠᠨ ᠪᠠᠶᠢᠳᠠᠭ᠃ | ᠨ᠊᠂ ᠰᠠᠶᠢᠨᠴᠤᠭᠲᠤ ᠶᠢᠨ ᠬᠡᠯᠡᠨ ᠤ ᠲᠤᠬᠠᠢ ᠦᠭᠦᠯᠡᠯᠲᠡ ᠦᠵᠡᠯᠲᠡ ᠨᠦᠭᠦᠳ ᠢ ᠰᠢᠨᠵᠢᠯᠡᠵᠦ ᠦᠵᠡᠪᠡᠰᠦ᠂ ᠡᠨᠡ ︽ | ᠠᠮᠢᠳᠤ ᠬᠠᠯᠠᠭᠤᠬᠠᠨ ᠬᠡᠯᠡ︾ ᠭᠡᠳᠡᠭ ᠨᠢ ᠪᠤᠳᠠᠲᠠᠢ ᠪᠠᠷ ᠤᠷᠠᠨ ᠵᠤᠬᠢᠶᠠᠯ ᠤᠨ ᠵᠥᠪ ᠴᠡᠪᠡᠷ᠂ ᠪᠠᠶᠠᠯᠢᠭ ᠤᠨᠤᠪᠴᠢᠲᠠᠢ ᠬᠡᠯᠡ | ᠨᠠᠶᠢᠷᠠᠭᠤᠯᠭ᠎ᠠ ᠶᠢ ᠵᠢᠭᠠᠵᠤ ᠪᠠᠶᠢᠭᠰᠠᠨ ᠨᠢ ᠲᠤᠳᠤᠷᠬᠠᠢ ᠠᠵᠢᠭᠯᠠᠭᠳᠠᠳᠠᠭ᠃ ᠲᠡᠭᠦᠨ ᠤ ᠳᠤᠮᠳᠠ ︽ᠵᠥᠪ ᠴᠡᠪᠡᠷ︾ | ᠭᠡᠳᠡᠭ ᠤᠨ ︽ᠵᠥᠪ︾ ᠨᠢ ᠬᠡᠷᠡᠭᠯᠡᠭᠰᠡᠨ ᠦᠭᠡ ᠶᠢᠨ ᠵᠦᠢ ᠵᠣᠬᠢᠰ ᠲᠠᠢ ᠪᠠᠶᠢᠬᠤ ᠶᠢ ᠵᠢᠭᠠᠵᠤ᠂ ︽ᠴᠡᠪᠡᠷ︾ ᠨᠢ | ᠦᠭᠦᠯᠡᠪᠦᠷᠢ ᠶᠢᠨ ᠪᠠᠶᠢᠭᠤᠯᠤᠯ ᠤᠨ ᠡᠪ ᠬᠠᠪᠤ ᠲᠠᠢ ᠪᠠᠶᠢᠬᠤ ᠶᠢ ᠵᠢᠭᠠᠵᠤ ᠪᠠᠶᠢᠭᠰᠠᠨ ᠪᠣᠯ ︽ᠪᠠᠶᠠᠯᠢᠭ ᠤᠨᠤᠪᠴᠢᠲᠠᠢ︾ | ᠭᠡᠳᠡᠭ ᠨᠢ ︽ᠨᠢᠭᠡ ᠦᠭᠡ ᠶᠢᠨ ᠬᠡᠳᠦ ᠬᠡᠳᠦᠨ ᠤᠳᠬ᠎ᠠ ᠰᠠᠨᠠᠭ᠎ᠠ ᠶᠢ ᠲᠡᠷᠡ ᠤᠳᠬ᠎ᠠ ᠳᠡᠭᠡᠷ᠎ᠡ ᠨᠢ ᠭᠠᠷᠮᠠᠭᠠᠢ ᠬᠡᠷᠡᠭᠯᠡᠵᠦ | ᠴᠢᠳᠠᠳᠠᠭ︾ ᠢ ᠵᠢᠭᠠᠵᠤ ᠪᠠᠶᠢᠭᠰᠠᠨ ᠶᠣᠮ ᠪᠠᠶᠢᠨ᠎ᠠ᠃ ᠨᠠ᠊᠂ ᠰᠠᠶᠢᠨᠴᠤᠭᠲᠤ ᠶᠢᠨ ᠤᠷᠠᠨ ᠵᠤᠬᠢᠶᠠᠯ ᠤᠨ ᠬᠡᠯᠡ | ᠨᠠᠶᠢᠷᠠᠭᠤᠯᠭ᠎ᠠ ᠶᠢᠨ ᠲᠠᠯ᠎ᠠ ᠪᠠᠷ ᠬᠢ ᠡᠳᠡᠭᠡᠷ ᠦᠵᠡᠯᠲᠡ ᠦᠭᠦᠯᠡᠯᠲᠡ ᠨᠢ ᠦᠨᠦᠳᠦᠷ ᠤᠨ ᠪᠢᠳᠡᠨ ᠳᠤ ᠦᠯᠡᠮᠵᠢ ᠶᠡᠭᠡ ᠦᠷ᠎ᠡ | ᠠᠰᠢᠭ ᠲᠠᠢ ᠰᠡᠩᠬᠡᠷᠡᠭᠦᠯᠦᠯ ᠪᠣᠯᠬᠤ ᠨᠢ ᠳᠠᠮᠵᠢᠭ ᠦᠭᠡᠢ᠃ | ᠬᠡᠯᠡ ᠨᠠᠶᠢᠷᠠᠭᠤᠯᠭ᠎ᠠ ᠶᠢᠨ ︽ᠵᠥᠪ ᠴᠡᠪᠡᠷ︾ ᠪᠤᠰᠤ ᠦᠵᠡᠭᠳᠡᠯ ᠤᠨ ᠲᠤᠬᠠᠢ ᠨᠠ᠊᠂ ᠰᠠᠶᠢᠨᠴᠤᠭᠲᠤ 1953 | ᠣᠨ ᠤ 12 ᠰᠠᠷ᠎ᠠ ᠶᠢᠨ 1 ᠤ ᠡᠳᠦᠷ ᠤᠨ ︽ᠦᠪᠦᠷ ᠮᠤᠩᠭᠤᠯ ᠤᠨ ᠡᠳᠦᠷ ᠤᠨ ᠰᠣᠨᠢᠨ︾ ᠲᠤ ᠨᠡᠶᠢᠲᠡᠯᠡᠭᠦᠯᠦᠭᠰᠡᠨ ︽ | ᠡᠨᠡ ᠵᠢᠯ ᠤᠨ ᠰᠣᠨᠢᠨ ᠳᠡᠭᠡᠷ᠎ᠡ ᠨᠡᠶᠢᠲᠡᠯᠡᠭᠳᠡᠭᠰᠡᠨ ᠤᠷᠠᠨ ᠵᠤᠬᠢᠶᠠᠯ ᠤᠨ ᠲᠤᠬᠠᠢ ᠬᠡᠳᠦᠨ ᠰᠠᠨᠠᠯ︾ ᠭᠡᠬᠦ ᠵᠤᠬᠢᠶᠠᠯ ᠳᠠᠭᠠᠨ | ᠪᠤᠳᠠᠲᠤ ᠵᠢᠱᠢᠶ᠎ᠡ ᠦᠵᠡᠭᠦᠯᠦᠨ ᠵᠠᠳᠠᠯᠤᠨ ᠰᠢᠭᠦᠮᠵᠢᠯᠡᠭᠰᠡᠨ ᠪᠠᠶᠢᠳᠠᠭ᠃ ᠦᠭᠡ ᠶᠢ ᠵᠥᠪ ᠵᠤᠬᠢᠰ ᠦᠭᠡᠢ ᠬᠡᠷᠡᠭᠯᠡᠵᠦ ᠪᠠᠶᠢᠭ᠎ᠠ | ᠲᠤᠬᠠᠢ ︽ᠦᠨᠦᠴᠢᠨ ᠢᠰᠢᠩᠬᠤᠷᠯᠤ ᠠᠶᠢᠮᠠᠭ ᠤᠨ ᠵᠢᠱᠢᠶᠡᠴᠢ ᠪᠣᠯᠪᠠ︾ ᠭᠡᠬᠦ ᠨᠠᠶᠢᠷᠠᠭᠤᠯᠤᠯ ᠳᠠᠬᠢ ︽ᠬᠤᠨᠢᠨ ᠤ | ᠬᠤᠷᠤᠭ᠎ᠠ ᠳᠤ ᠬᠤᠷᠠᠭ᠎ᠠ ᠪᠠᠨ ᠭᠤᠯᠤᠭᠰᠠᠨ ᠬᠤᠨᠢ ᠶᠢ ᠲᠤᠶᠢᠭ︕ ᠲᠤᠶᠢᠭ︕ ᠭᠡᠬᠦ ᠨᠢᠭᠡᠨ ᠡᠮᠡᠭᠲᠡᠢ ᠶᠢᠨ ᠬᠠᠬᠢᠷ | ᠨᠠᠷᠢᠬᠠᠨ ᠳᠠᠭᠤᠨ ᠬᠠᠪᠤᠷ ᠤᠨ ᠰᠠᠯᠬᠢᠨ ᠳᠤ ᠠᠯᠤᠰ ᠬᠤᠯᠠ ᠰᠢᠭ᠋ ᠰᠤᠨᠤᠰᠲᠠᠵᠤ ᠪᠠᠶᠢᠪᠠ᠃ ᠲᠡᠷᠡ ᠨᠢ ᠵᠢᠱᠢᠶᠡᠴᠢ | ᠢᠰᠢᠩᠬᠤᠷᠯᠤ ᠪᠠᠶᠢᠯ᠎ᠠ︾ ᠭᠡᠳᠡᠭ ᠦᠭᠦᠯᠡᠪᠦᠷᠢ ᠶᠢ ᠵᠢᠱᠢᠶᠡᠯᠡᠭᠡᠳ᠂ ᠴᠠᠭᠠᠰᠢ ᠵᠠᠳᠠᠯᠤᠨ ᠰᠢᠭᠦᠮᠵᠢᠯᠡᠬᠦ ᠳᠡᠭᠡᠨ᠄ ︽ᠠᠳᠡ ︿ | ᠬᠠᠬᠢᠷ ᠨᠠᠷᠢᠬᠠᠨ ᠳᠠᠭᠤᠨ﹀ ᠭᠡᠵᠦ ᠬᠡᠷᠡᠭᠯᠡᠭᠰᠡᠨ ᠨᠢ ᠵᠣᠬᠢᠰ ᠦᠭᠡᠢ ᠪᠣᠯᠵᠠᠢ᠃ ︿ᠬᠠᠬᠢᠷ﹀ ᠭᠡᠳᠡᠭ ᠦᠭᠡ ᠪᠣᠯ ᠰᠢᠮ᠎ᠡ | ᠱᠦᠯᠲᠦ ᠦᠭᠡᠢ᠂ ᠲᠠᠷᠭᠤ ᠬᠦᠴᠦ ᠦᠭᠡᠢ᠂ ᠬᠠᠲᠠᠩᠬᠢᠷ ᠡᠴᠡᠩᠬᠡᠢ ᠭᠡᠬᠦ ᠵᠡᠷᠭᠡ ᠶᠢᠨ ᠤᠳᠬ᠎ᠠ ᠲᠠᠢ ᠦᠭᠡ ᠪᠢᠯᠡ᠃ ᠵᠢᠱᠢᠶ᠎ᠡ | ᠨᠢ᠄ ︿ᠬᠠᠬᠢᠷ ᠴᠦᠯ﹀ ᠭᠡᠪᠡᠯ ᠡᠪᠡᠰᠦ ᠣᠷᠭᠤᠮᠠᠯ ᠮᠠᠭᠤᠲᠠᠢ᠂ ᠬᠦᠮᠦᠨ ᠠᠮᠢᠲᠠᠨ ᠤᠷᠤᠰᠢᠬᠤ ᠦᠭᠡᠢ ᠭᠠᠵᠠᠷ ᠢ ᠬᠡᠯᠡᠨ᠎ᠡ᠃ | ︿ᠬᠠᠬᠢᠷ ᠮᠠᠯ﹀ ᠭᠡᠪᠡᠯ ᠬᠠᠲᠠᠩᠬᠢᠷ ᠡᠴᠡᠩᠬᠡᠢ ᠮᠠᠯ ᠢ ᠬᠡᠯᠡᠨ᠎ᠡ᠃ ᠦᠬᠡᠷ ᠲᠡᠷᠭᠡᠨ ᠤ ᠲᠤᠰᠤ ᠦᠭᠡᠢ ᠲᠡᠩᠭᠡᠯᠢᠭ ᠤᠨ | ᠳᠠᠭᠤᠨ ᠢ ︿ᠬᠠᠬᠢᠷ ᠳᠠᠭᠤᠨ﹀ ᠭᠡᠳᠡᠭ᠃ ᠶᠡᠷᠦ ᠨᠢ ᠳᠠᠭᠤᠨ ᠳᠡᠭᠡᠷ᠎ᠡ ︿ᠬᠠᠬᠢᠷ ᠳᠠᠭᠤᠨ﹀ ᠭᠡᠪᠡᠯ ᠴᠢᠬᠢᠨ ᠳᠤ ᠵᠢᠪᠡᠭᠦᠨ | ᠰᠤᠨᠤᠰᠲᠠᠬᠤ ᠮᠠᠭᠤᠬᠠᠢ ᠳᠠᠭᠤᠨ ᠢ ᠬᠡᠯᠡᠳᠡᠭ︾ ᠭᠡᠵᠦ ᠦᠭᠦᠯᠡᠭᠰᠡᠨ ᠪᠠᠶᠢᠳᠠᠭ᠃ ᠵᠠᠯᠭᠠᠭᠠᠳ ᠦᠭᠦᠯᠡᠪᠦᠷᠢ ᠶᠢᠨ | ᠪᠠᠶᠢᠭᠤᠯᠤᠯ ᠤᠨ ᠲᠠᠯ᠎ᠠ ᠪᠠᠷ ᠬᠢ ᠴᠡᠪᠡᠷ ᠪᠤᠰᠤ ᠦᠵᠡᠭᠳᠡᠯ ᠤᠨ ᠲᠤᠬᠠᠢ ᠵᠢᠱᠢᠶᠡᠯᠡᠨ ᠰᠢᠭᠦᠮᠵᠢᠯᠡᠬᠦ ᠳᠤ ᠪᠠᠨ᠄ ︽ | ᠦᠭᠦᠯᠡᠪᠦᠷᠢ ᠶᠢᠨ ᠲᠠᠯ᠎ᠠ ᠪᠠᠷ ᠵᠤᠬᠢᠰ ᠦᠭᠡᠢ ᠦᠭᠦᠯᠡᠪᠦᠷᠢ ᠨᠦᠭᠦᠳ ᠪᠠᠶᠢᠨ᠎ᠠ᠃ ᠵᠢᠱᠢᠶ᠎ᠡ ᠨᠢ᠄ ︿ᠴᠢᠨ᠋ᠸ᠎ᠠ ᠠᠷᠪᠢᠨ ᠠᠯᠠᠭᠰᠠᠨ | ᠴᠢᠳᠠᠮᠠᠭᠠᠢ ᠠᠩᠴᠢᠨ ᠭᠤᠨᠴᠤᠭ﹀ ᠭᠡᠳᠡᠭ ᠨᠠᠶᠢᠷᠠᠭᠤᠯᠤᠯ ᠳᠤ ︿ᠣᠯᠠᠨ ᠢᠶᠠᠨ ᠤᠳᠤᠷᠢᠳᠴᠤ ᠪᠠᠶᠢᠭᠠᠳ ᠤᠤᠯ ᠨᠤᠲᠤᠭ ᠤᠨ | ᠣᠷᠴᠢᠮ ᠳᠤ ᠡᠭᠦᠷᠯᠡᠭᠡᠳ᠂ ᠣᠯᠠᠨ ᠤ ᠮᠠᠯ ᠢ ᠭᠡᠴᠡᠭᠦᠦ ᠰᠦᠷᠡᠬᠡᠢ ᠪᠠᠷ ᠬᠤᠤᠷᠯᠠᠵᠤ ᠪᠠᠶᠢᠭᠰᠠᠨ ᠤᠨᠴᠠ ᠵᠠᠯᠢ ᠲᠠᠢ ᠭᠤᠷᠪᠠᠨ | ᠴᠢᠨ᠋ᠸ᠎ᠠ ᠶᠢ ᠠᠯᠠᠭᠰᠠᠨ ᠪᠠᠶᠢᠨ᠎ᠠ﹀ ᠭᠡᠰᠡᠨ ᠦᠭᠦᠯᠡᠪᠦᠷᠢ ᠪᠠᠶᠢᠨ᠎ᠠ᠃ ᠴᠣᠬᠤᠮ ᠳᠠᠭᠠᠨ ᠡᠨᠡ ᠦᠭᠦᠯᠡᠪᠦᠷᠢ ᠶᠢ ︿ᠤᠤᠯ | ᠨᠤᠲᠤᠭ ᠤᠨ ᠣᠷᠴᠢᠮ ᠳᠤ ᠡᠭᠦᠷᠯᠡᠭᠡᠳ ᠤᠯᠠᠨ ᠤ ᠮᠠᠯ ᠢ ᠭᠡᠴᠡᠭᠦᠦ ᠰᠦᠷᠡᠬᠡᠢ ᠪᠠᠷ ᠬᠤᠤᠷᠯᠠᠵᠤ ᠪᠠᠶᠢᠭᠰᠠᠨ ᠤᠨᠴᠠ ᠵᠠᠯᠢ | ᠲᠠᠢ ᠭᠤᠷᠪᠠᠨ ᠴᠢᠨ᠋ᠸ᠎ᠠ ᠶᠢ ᠣᠯᠠᠨ ᠢᠶᠠᠨ ᠤᠳᠤᠷᠢᠳᠴᠤ ᠪᠠᠶᠢᠭᠠᠳ ᠠᠯᠠᠭᠰᠠᠨ ᠪᠠᠶᠢᠨ᠎ᠠ﹀ ᠭᠡᠵᠦ ᠵᠤᠬᠢᠶᠠᠨ ᠪᠠᠶᠢᠭᠤᠯᠪᠠᠯ | ᠲᠠᠭᠠᠷᠠᠬᠤ ᠪᠢᠯᠡ︾ ᠭᠡᠵᠦ ᠵᠠᠳᠠᠯᠤᠨ ᠲᠠᠶᠢᠯᠪᠤᠷᠢᠯᠠᠵᠤ᠂ ᠵᠠᠰᠠᠨ ᠵᠠᠯᠠᠷᠠᠭᠤᠯᠵᠤ ᠦᠭᠭᠦᠭᠰᠡᠨ ᠪᠠᠶᠢᠳᠠᠭ᠃ ᠲᠡᠷᠡᠴᠢᠯᠡᠨ ᠡᠳᠡᠭᠡᠷ | ᠦᠵᠡᠯᠲᠡ ᠪᠠᠨ ᠬᠤᠷᠢᠶᠠᠩᠭᠤᠶᠢᠯᠠᠵᠤ᠂ ︽ᠡᠨᠡ ᠮᠡᠲᠦ ᠪᠠᠷ ᠬᠡᠷᠡᠭᠯᠡᠭᠰᠡᠨ ᠦᠭᠡ ᠨᠢ ᠵᠤᠬᠢᠰ ᠦᠭᠡᠢ ᠪᠤᠶᠤ ᠦᠭᠦᠯᠡᠪᠦᠷᠢ ᠶᠢᠨ | ᠪᠠᠶᠢᠭᠤᠯᠤᠯ ᠨᠢ ᠡᠪ ᠦᠭᠡᠢ ᠦᠵᠡᠭᠳᠡᠯ ᠭᠠᠷᠴᠤ ᠪᠠᠶᠢᠭ᠎ᠠ ᠶᠠᠪᠤᠳᠠᠯ ᠪᠣᠯ ᠮᠠᠨ ᠤ ᠵᠤᠬᠢᠶᠠᠯᠴᠢ ᠨᠠᠷ ᠦᠨᠳᠦᠰᠦᠲᠡᠨ ᠤ | ᠬᠡᠯᠡ ᠪᠠᠨ ᠵᠥᠪ ᠴᠡᠪᠡᠷ ᠬᠡᠷᠡᠭᠯᠡᠬᠦ ᠶᠢᠨ ᠲᠥᠯᠦᠭᠡ ᠪᠤᠳᠤᠵᠤ ᠪᠣᠯᠭᠤᠮᠵᠢᠯᠠᠳᠠᠭ ᠦᠭᠡᠢ ᠶᠢ ᠦᠵᠡᠭᠦᠯᠵᠦ ᠪᠠᠶᠢᠨ᠎ᠠ︾ ᠭᠡᠵᠦ | ᠰᠠᠨᠠᠭᠤᠯᠤᠨ ᠰᠡᠷᠡᠮᠵᠢᠯᠡᠭᠦᠯᠵᠡᠢ᠃ ᠤᠷᠠᠨ ᠵᠤᠬᠢᠶᠠᠯ ᠤᠨ ᠲᠡᠦᠬᠡ ᠶᠢᠨ ᠪᠢᠴᠢᠭ ᠲᠤ ᠨᠠ᠊᠂ ᠰᠠᠶᠢᠨᠴᠤᠭᠲᠤ ᠶᠢ ᠣᠷᠴᠢᠨ ᠣᠳᠣ | ᠦᠶ᠎ᠡ ᠶᠢᠨ ᠮᠤᠩᠭᠤᠯ ᠣᠷᠠᠨ ᠵᠤᠬᠢᠶᠠᠯ ᠤᠨ ᠦᠨᠳᠦᠰᠦᠯᠡᠭᠴᠢ᠂ ᠤᠷᠠᠨ ᠵᠤᠬᠢᠶᠠᠯᠴᠢᠳ ᠤᠨ ᠡᠩᠨᠡᠭᠡᠨ ᠤ ᠳᠠᠭᠠᠭᠤᠯᠤᠭᠴᠢ | ᠭᠡᠵᠦ ᠦᠨᠡᠯᠡᠨ ᠲᠡᠮᠳᠡᠭᠯᠡᠭᠰᠡᠨ ᠪᠠᠶᠢᠳᠠᠭ᠃ ᠡᠨᠡ ᠬᠦ ᠡᠷᠬᠢᠮ ᠬᠦᠨᠳᠦ ᠠᠯᠳᠠᠷ ᠴᠣᠯᠠ ᠨᠢ ᠪᠠᠰᠠ ᠲᠡᠶᠢᠮᠦ ᠴᠦ | ᠬᠢᠯᠪᠠᠷᠬᠠᠨ ᠢᠶᠠᠷ ᠢᠷᠡᠭᠰᠡᠨ ᠵᠦᠢᠯ ᠪᠢᠰᠢ ᠶᠣᠮ᠃ ᠲᠡᠷᠡ ᠪᠠᠷ ᠢᠩᠭᠢᠵᠦ ᠯᠡ ᠠᠬᠠᠮᠠᠳ ᠵᠤᠬᠢᠶᠠᠯᠴᠢ ᠶᠢᠨ ᠬᠠᠷᠢᠭᠤᠴᠠᠯᠭᠠᠲᠤ | ᠣᠪᠤᠷ ᠢᠶᠠᠷ ᠰᠢᠨ᠎ᠡ ᠪᠠᠷ ᠬᠡᠪᠯᠡᠭᠳᠡᠭᠰᠡᠨ ᠰᠣᠨᠢᠨ ᠰᠡᠳᠬᠦᠯ ᠤᠳ ᠳᠡᠭᠡᠷᠡᠬᠢ ᠵᠣᠬᠢᠶᠠᠯ ᠤᠳ ᠢ ᠠᠯᠳᠠᠯ ᠦᠭᠡᠢ ᠤᠩᠰᠢᠵᠤ᠂ | ᠬᠡᠯᠡ ᠨᠠᠶᠢᠷᠠᠭᠤᠯᠭ᠎ᠠ ᠶᠢᠨ ᠬᠢᠨᠢ ᠠᠯᠳᠠᠭ᠎ᠠ ᠣᠨᠤᠭ᠎ᠠ ᠳᠤ ᠬᠦᠷᠲᠡᠯ᠎ᠡ ᠪᠤᠳᠠᠲᠠᠢ ᠵᠢᠱᠢᠶ᠎ᠡ ᠪᠠᠷ ᠵᠠᠯᠠᠭᠤ ᠵᠤᠬᠢᠶᠠᠭᠴᠢᠳ ᠲᠠᠭᠠᠨ | ᠲᠠᠶᠢᠯᠪᠤᠷᠢᠯᠠᠨ ᠵᠠᠳᠠᠯᠵᠤ᠂ ᠲᠡᠳᠡ ᠨᠠᠷ ᠢᠶᠠᠨ ᠰᠡᠩᠬᠡᠷᠡᠭᠦᠯᠦᠨ ᠬᠦᠲᠦᠯᠵᠦ᠂ ᠬᠦᠮᠦᠵᠢᠭᠦᠯᠦᠨ ᠪᠣᠯᠪᠠᠰᠤᠷᠠᠭᠤᠯᠤᠭᠰᠠᠭᠠᠷ | ᠢᠷᠡᠵᠡᠢ᠃ | ᠬᠡᠯᠡ ᠨᠠᠶᠢᠷᠠᠭᠤᠯᠭ᠎ᠠ ᠪᠠᠨ ᠶᠠᠭᠠᠬᠢᠪᠠᠯ ᠰᠠᠶ᠋ᠢ ᠪᠠᠶᠠᠯᠢᠭ ᠤᠨᠤᠪᠴᠢᠲᠠᠢ ᠪᠠᠶᠢᠯᠭᠠᠬᠤ ᠲᠠᠯ᠎ᠠ ᠪᠠᠷ ᠨᠠ᠊᠂ ᠰᠠᠶᠢᠨᠴᠤᠭᠲᠤ | ︽ᠮᠤᠩᠭᠤᠯ ᠬᠡᠯᠡ ᠪᠢᠴᠢᠭ︾ ᠰᠡᠳᠬᠦᠯ ᠤᠨ 1954 ᠣᠨ ᠤ 2 ᠳ᠋ᠤᠭᠠᠷ ᠬᠤᠭᠤᠴᠠᠭ᠎ᠠ ᠳᠤ ᠨᠡᠶᠢᠲᠡᠯᠡᠭᠦᠯᠦᠭᠰᠡᠨ ︽ᠬᠡᠯᠡ | ᠪᠠ ᠤᠷᠠᠨ ᠵᠤᠬᠢᠶᠠᠯ︾ ᠭᠡᠬᠦ ᠦᠭᠦᠯᠡᠯ ᠳᠡᠭᠡᠨ ᠨᠠᠷᠢᠨ ᠲᠤᠳᠤᠷᠬᠠᠢ ᠦᠭᠦᠯᠡᠭᠰᠡᠨ ᠪᠠᠶᠢᠳᠠᠭ᠃ ᠲᠡᠷᠡ ᠬᠡᠯᠡᠬᠦ ᠳᠡᠭᠡᠨ᠄ ︽ | ᠠᠷᠠᠳ ᠲᠥᠮᠡᠨ ᠪᠣᠯ ᠦᠪᠡᠷ ᠤᠨ ᠲᠦᠷᠦᠯᠬᠢ ᠬᠡᠯᠡ ᠪᠠᠨ ᠬᠠᠮᠤᠭ ᠤᠨ ᠪᠠᠶᠠᠯᠢᠭ ᠤᠨᠤᠪᠴᠢᠲᠠᠢ ᠪᠠᠷ ᠬᠡᠷᠡᠭᠯᠡᠵᠦ ᠴᠢᠳᠠᠳᠠᠭ᠃ | ᠡᠨᠡ ᠨᠢ ᠦᠪᠡᠷ ᠤᠨ ᠬᠡᠯᠡᠨ ᠤ ᠨᠢᠭᠡ ᠦᠭᠡ ᠶᠢᠨ ᠬᠡᠳᠦ ᠬᠡᠳᠦᠨ ᠤᠳᠬ᠎ᠠ ᠰᠠᠨᠠᠭ᠎ᠠ ᠶᠢ ᠲᠡᠷᠡ ᠤᠳᠬ᠎ᠠ ᠳᠡᠭᠡᠷ᠎ᠡ ᠨᠢ | ᠭᠠᠷᠮᠠᠭᠠᠢ ᠬᠡᠷᠡᠭᠯᠡᠵᠦ ᠴᠢᠳᠠᠳᠠᠭ ᠳᠡᠭᠡᠷ᠎ᠡ ᠢᠯᠡᠷᠡᠳᠡᠭ ᠶᠤᠮ᠃ ᠵᠢᠱᠢᠶ᠎ᠡ ᠨᠢ᠄ ︿ᠨᠠᠷᠢᠨ﹀ ᠭᠡᠳᠡᠭ ᠦᠭᠡ ᠶᠢ ᠤᠳᠤ ᠮᠠᠨ ᠤ | ᠰᠣᠨᠢᠨ ᠬᠡᠪᠯᠡᠯ ᠳᠡᠭᠡᠷ᠎ᠡ ᠭᠠᠭᠴᠠᠬᠠᠨ ︿ᠨᠠᠷᠢᠨ ᠪᠦᠳᠦᠭᠦᠨ﹀ ᠤ ᠨᠠᠷᠢᠨ ᠢᠶᠠᠷ ᠬᠡᠷᠡᠭᠯᠡᠵᠦ ᠪᠠᠶᠢᠨ᠎ᠠ᠃ ᠭᠡᠲᠡᠯ᠎ᠡ ᠠᠷᠠᠳ ᠤᠯᠠᠨ | ᠪᠣᠯ ᠡᠭᠦᠨ ᠢ ᠣᠯᠠᠨ ᠤᠳᠬ᠎ᠠ ᠳᠡᠭᠡᠷ᠎ᠡ ᠨᠢ ᠲᠣᠩ ᠣᠨᠤᠪᠴᠢᠲᠠᠢ ᠪᠠᠷ ᠬᠡᠷᠡᠭᠯᠡᠳᠡᠭ᠃ ︿ᠨᠠᠷᠢᠨ ᠤᠬᠠᠭᠠᠨ ᠲᠠᠢ ᠬᠦᠮᠦᠨ﹀ | ᠭᠡᠪᠡᠯ ᠲᠣᠬᠠᠢ ᠶᠢᠨ ᠪᠠᠶᠢᠳᠠᠯ ᠳᠤ ᠲᠣᠬᠢᠷᠠᠭᠤᠯᠵᠤ ᠠᠷᠭ᠎ᠠ ᠬᠡᠮᠵᠢᠶ᠎ᠡ ᠠᠪᠴᠤ ᠴᠢᠳᠠᠳᠠᠭ ᠰᠠᠮᠪᠠᠭᠠᠲᠠᠢ ᠬᠦᠮᠦᠨ ᠢ ᠬᠡᠯᠡᠳᠡᠭ᠃ | ︿ᠨᠠᠷᠢᠨ ᠪᠠᠷᠠᠭ᠎ᠠ﹀ ᠭᠡᠪᠡᠯ ᠲᠤᠷᠭ᠎ᠠ ᠳᠤᠷᠳᠤᠩ ᠵᠡᠷᠭᠡ ᠦᠵᠡᠰᠬᠦᠯᠡᠩ ᠪᠥᠭᠡᠳ ᠦᠨᠡᠲᠡᠢ ᠡᠳ᠋ ᠢ ᠬᠡᠯᠡᠳᠡᠭ᠃ ︿ᠪᠠᠷᠢᠳ | ᠰᠢᠭ ᠨᠠᠷᠢᠨ ᠬᠦᠮᠦᠨ﹀ ᠭᠡᠪᠡᠯ ᠠᠶᠢᠬᠤᠪᠲᠤᠷ ᠬᠠᠷᠠᠮᠴᠢ ᠬᠦᠮᠦᠨ ᠢ ᠬᠡᠯᠡᠳᠡᠭ᠃ ︿ᠡᠨᠡ ᠮᠠᠰᠢᠨ ᠲᠤᠩ ᠨᠠᠷᠢᠨ ᠪᠠᠶᠢᠨ᠎ᠠ﹀ | ᠭᠡᠪᠡᠯ ᠲᠡᠭᠦᠨ ᠤ ᠪᠥᠲᠦᠴᠡ ᠨᠢ ᠲᠡᠶᠢᠮᠦ ᠵᠢᠷ ᠤᠨ ᠬᠢᠯᠪᠡᠷ ᠪᠢᠰᠢ ᠭᠡᠰᠡᠨ ᠢ ᠬᠡᠯᠡᠵᠦ ᠪᠠᠶᠢᠨ᠎ᠠ︾ ᠭᠡᠵᠡᠢ᠃ ᠨᠢᠭᠡ | ᠵᠤᠬᠢᠶᠠᠯᠴᠢ ᠶᠢᠨ ᠬᠡᠯᠡ ᠪᠠᠶᠠᠯᠢᠭ ᠦᠦ ᠦᠭᠡᠢ ᠦᠦ ᠭᠡᠳᠡᠭ ᠨᠢ ᠲᠡᠷᠡ ᠵᠤᠬᠢᠶᠠᠯᠴᠢ ᠬᠡᠳᠦᠶᠢᠴᠢᠨᠡᠬᠡᠨ ᠳᠠᠩ ᠦᠭᠡ ᠶᠢ | ᠮᠡᠳᠡᠳᠡᠭ ᠲᠤ ᠪᠠᠶᠢᠬᠤ ᠪᠢᠰᠢ ᠬᠠᠷᠢᠨ ᠦᠪᠡᠷ ᠤᠨ ᠬᠡᠯᠡᠨ ᠤ ᠰᠠᠩ ᠤᠨ ᠦᠭᠡᠰ ᠢᠶᠠᠨ ᠦᠭᠡ ᠪᠥᠬᠦᠨ ᠤ ᠬᠢᠨᠢ ᠣᠯᠠᠨ | ᠤᠳᠬ᠎ᠠ ᠳᠡᠭᠡᠷ᠎ᠡ ᠤᠯᠠᠷᠢᠭᠤᠯᠤᠨ ᠠᠮᠢᠯᠠᠭᠤᠯᠵᠤ ᠬᠡᠷᠡᠭᠯᠡᠵᠦ ᠴᠢᠳᠠᠵᠤ ᠪᠠᠶᠢᠨ᠎ᠠ ᠦᠦ ᠦᠭᠡᠢ ᠦᠦ ᠭᠡᠳᠡᠭ ᠳᠡᠭᠡᠷ᠎ᠡ ᠲᠤᠳᠤᠷᠠᠳᠠᠭ | ᠭᠡᠰᠡᠨ ᠢ ᠨᠠ᠊᠂ ᠰᠠᠶᠢᠨᠴᠤᠭᠲᠤ ᠬᠢᠷᠠᠬᠠᠢ ᠠᠵᠢᠭᠯᠠᠵᠤ᠂ ᠵᠦᠢᠲᠠᠢ ᠲᠠᠨᠢᠵᠤ᠂ ᠲᠤᠳᠤᠷᠬᠠᠢ ᠵᠢᠭᠠᠵᠤ ᠭᠠᠷᠭᠠᠭᠰᠠᠨ ᠶᠣᠮ᠃ | ᠨᠠ᠊᠂ ᠰᠠᠶᠢᠨᠴᠤᠭᠲᠤ ᠶᠢᠨ ᠬᠡᠯᠡᠳᠡᠭ ᠤᠷᠠᠨ ᠵᠤᠬᠢᠶᠠᠯ ᠤᠨ ︽ᠠᠮᠢᠳᠤᠯᠢᠭ ᠬᠠᠯᠠᠭᠤᠬᠠᠨ ᠬᠡᠯᠡ︾ ᠭᠡᠳᠡᠭ ᠨᠢ ᠬᠡᠯᠡ | ᠨᠠᠶᠢᠷᠠᠭᠤᠯᠭ᠎ᠠ᠂ ᠦᠭᠦᠯᠡᠪᠦᠷᠢ ᠶᠢᠨ ᠪᠠᠶᠢᠭᠤᠯᠤᠯ ᠤᠨ ᠬᠤᠪᠢ ᠳᠤ ᠵᠥᠪ ᠴᠡᠪᠡᠷ᠂ ᠪᠠᠶᠠᠯᠢᠭ ᠣᠨᠤᠪᠴᠢᠲᠠᠢ ᠪᠠᠶᠢᠬᠤ ᠠᠴᠠ | ᠭᠠᠳᠠᠨ᠎ᠠ ᠮᠤᠩᠭᠤᠯ ᠬᠡᠯᠡᠨ ᠤ ᠣᠨᠴᠠᠯᠢᠭ ᠲᠤ ᠲᠤᠬᠢᠷᠠᠭᠰᠠᠨ ᠠᠶᠢᠵᠠᠮ ᠴᠣᠬᠢᠯᠭ᠎ᠠ᠂ ᠢᠷᠠᠭᠤ ᠰᠤᠨᠤᠰᠬᠤᠯᠠᠩ ᠲᠠᠢ ᠪᠠᠶᠢᠬᠤ | ᠶᠤᠰᠤᠲᠠᠢ ᠭᠡᠵᠡᠢ᠃ ᠲᠡᠷᠡ ᠬᠡᠯᠡᠬᠦ ᠳᠡᠭᠡᠨ᠄ ︽ᠠᠷᠠᠳ ᠣᠯᠠᠨ ᠦᠭᠡ ᠶᠠᠷᠢᠬᠤ ᠳᠠᠭᠠᠨ ᠪᠠᠰᠠ ᠲᠤᠯᠤᠭᠠᠢ ᠬᠤᠯᠪᠤᠬᠤ ᠪᠤᠶᠤ | ᠴᠣᠬᠢᠯᠭ᠎ᠠ ᠲᠠᠭᠠᠷᠠᠭᠤᠯᠵᠤ ᠶᠠᠷᠢᠳᠠᠭ᠃ ᠵᠢᠱᠢᠶ᠎ᠡ ᠨᠢ ︿ᠲᠤᠲᠤᠷ᠎ᠠ ᠮᠢᠨᠢ ᠨᠠᠷᠠ ᠭᠠᠷᠴᠤ᠂ ᠨᠠᠪᠴᠢ ᠳᠡᠯᠭᠡᠷᠡᠯ᠎ᠡ﹀ ᠭᠡᠪᠡᠯ | ᠵᠤᠪᠠᠵᠤ ᠪᠠᠶᠢᠭᠠᠳ ᠪᠠᠶᠠᠷ ᠲᠤ ᠤᠴᠠᠷᠠᠭᠰᠠᠨ ᠢᠶᠠᠨ ᠬᠡᠯᠡᠳᠡᠭ᠃ ︿ᠡᠨᠡ ᠬᠦᠮᠦᠨ ᠴᠢᠨᠢ ᠮᠦᠨᠳᠦᠷ ᠰᠢᠭ ᠤᠨᠠᠵᠤ᠂ ᠮᠦᠭᠦ | ᠰᠢᠭ ᠭᠠᠷᠴᠤ ᠢᠷᠡᠭᠰᠡᠨ ᠬᠦᠮᠦᠨ﹀ ᠭᠡᠪᠡᠯ ᠬᠠᠮᠢᠭ᠎ᠠ ᠠᠴᠠ ᠶᠠᠭᠠᠬᠢᠵᠤ ᠢᠷᠡᠭᠰᠡᠨ ᠨᠢ ᠮᠡᠳᠡᠭᠳᠡᠬᠦ ᠦᠭᠡᠢ ᠬᠦᠮᠦᠨ ᠢ ᠬᠡᠯᠡᠳᠡᠭ | ᠃ ︿ᠭᠡᠳᠡᠰᠦᠨ ᠤ ᠵᠠᠮ ᠢᠶᠠᠷ ᠭᠡᠭᠡᠨ ᠵᠠᠯᠠᠷᠠᠵᠤ ᠪᠠᠶᠢᠨ᠎ᠠ﹀ ᠭᠡᠪᠡᠯ ᠦᠯᠦᠰᠴᠦ ᠪᠠᠶᠢᠭᠠᠳ ᠠᠮᠲᠠᠲᠠᠢ ᠳᠤᠷᠠᠲᠠᠢ ᠬᠤᠭᠤᠯᠠ ᠪᠠᠨ | ᠢᠳᠡᠬᠦ ᠶᠢ ᠬᠡᠯᠡᠳᠡᠭ ᠁ ᠡᠨᠡ ᠮᠡᠲᠦ ᠪᠠᠷ ᠠᠷᠠᠳ ᠣᠯᠠᠨ ᠪᠣᠯ ᠦᠭᠡ ᠶᠢ ᠪᠠᠶᠠᠯᠢᠭ ᠢᠶᠠᠷ᠂ ᠳᠦᠷᠰᠦᠯᠡᠯ ᠲᠠᠢ ᠪᠠᠷ᠂ | ᠴᠣᠬᠢᠯᠭ᠎ᠠ ᠲᠠᠢ ᠪᠠᠷ ᠰᠠᠶᠢᠬᠠᠨ ᠬᠡᠷᠡᠭᠯᠡᠳᠡᠭ ᠪᠢᠯᠡ᠃ ᠪᠢᠳᠡ ᠠᠷᠠᠳ ᠣᠯᠠᠨ ᠤ ᠪᠠᠨ ᠬᠡᠯᠡ ᠶᠢ ᠰᠠᠶᠢᠬᠠᠨ ᠰᠤᠷᠪᠠᠯ ᠰᠠᠶ᠋ᠢ ︿ | ᠭᠡᠬᠦᠦ ᠲᠦᠷᠦᠨ᠎ᠡ﹀ ︿ᠢᠮᠠᠭ᠎ᠠ ᠲᠦᠷᠦᠨ᠎ᠡ﹀ ᠭᠡᠬᠦ ᠮᠡᠲᠦ ᠶᠢᠨ ᠬᠠᠴᠢᠨ ᠦᠭᠡ ᠠᠴᠠ ᠪᠠᠨ ᠰᠠᠯᠵᠤ ᠴᠢᠳᠠᠨ᠎ᠠ︾ ᠭᠡᠵᠡᠢ᠃ | ᠨᠠ᠊᠂ ᠰᠠᠶᠢᠨᠴᠤᠭᠲᠤ ᠶᠢᠨ ᠡᠷᠬᠢᠮᠯᠡᠨ ᠳᠡᠭᠡᠳᠦᠯᠡᠳᠡᠭ ︿ᠠᠮᠢᠳᠤᠯᠢᠭ ᠬᠠᠯᠠᠭᠤᠬᠠᠨ ᠬᠡᠯᠡ︾ ᠭᠡᠳᠡᠭ ᠤᠨ ᠡᠴᠢᠨ᠎ᠡ | ᠠᠭᠤᠯᠭ᠎ᠠ ᠶᠢ ᠬᠤᠷᠢᠶᠠᠩᠭᠤᠶᠢᠯᠠᠨ ᠲᠤᠳᠤᠷᠠᠭᠤᠯᠪᠠᠯ᠂ ᠲᠡᠷᠡ ᠨᠢ ᠭᠠᠷᠴᠠᠭ᠎ᠠ ᠦᠭᠡᠢ ᠵᠥᠪ ᠴᠡᠪᠡᠷ᠂ ᠪᠠᠶᠠᠯᠢᠭ ᠤᠨᠤᠪᠴᠢᠲᠠᠢ᠂ | ᠠᠶᠢᠵᠠᠮ ᠴᠤᠬᠢᠯᠭ᠎ᠠ ᠲᠠᠢ᠂ ᠠᠷᠠᠳ ᠲᠦᠮᠡᠨ ᠤ ᠠᠮᠢᠳᠤᠷᠠᠯ ᠠᠴᠠ ᠤᠨᠳᠤᠷᠤᠭ᠎ᠠ ᠲᠠᠢ ᠴᠢᠬᠢᠨ᠎ᠡ ᠰᠤᠨᠤᠰᠬᠤᠯᠠᠩ ᠲᠠᠢ᠂ | ᠴᠡᠭᠡᠵᠢᠨ᠎ᠡ ᠬᠠᠯᠠᠭᠤᠬᠠᠨ ᠢᠷᠠᠭᠤ ᠪᠠᠶᠠᠯᠢᠭ ᠬᠡᠯᠡ ᠬᠡᠯᠡᠯᠭᠡ ᠪᠣᠯᠤᠨ᠎ᠠ᠃ ᠲᠤᠬᠠᠢ ᠶᠢᠨ ᠦᠶ᠎ᠡ ᠳᠤ ᠨᠠ᠊᠂ ᠰᠠᠶᠢᠨᠴᠤᠭᠲᠤ | ᠦᠪᠡᠷ ᠤᠨ ᠵᠤᠬᠢᠶᠠᠯ ᠪᠦᠲᠦᠭᠡᠯ ᠤᠨ ᠢᠶᠠᠨ ᠬᠡᠯᠡ ᠨᠠᠶᠢᠷᠠᠭᠤᠯᠭ᠎ᠠ ᠶᠢ ᠲᠠᠰᠤᠷᠠᠯᠲᠠ ᠦᠭᠡᠢ ᠪᠤᠯᠪᠠᠰᠤᠷᠠᠭᠤᠯᠤᠨ | ᠲᠡᠭᠦᠯᠳᠡᠷᠵᠢᠭᠦᠯᠵᠦ᠂ ︽ᠠᠮᠢᠳᠤᠯᠢᠭ ᠬᠠᠯᠠᠭᠤᠬᠠᠨ ᠬᠡᠯᠡ︾ ᠲᠡᠶᠢᠰᠢ ᠲᠦᠬᠦᠭᠦᠯᠵᠦ ᠪᠠᠶᠢᠭᠰᠠᠨ ᠭᠡᠳᠡᠭ ᠢ ᠲᠡᠭᠦᠨ ᠤ | ᠪᠢᠴᠢᠭᠰᠡᠨ ︽ᠬᠥᠬᠡ ᠲᠤᠷᠭᠠᠨ ᠲᠡᠷᠯᠢᠭ︾᠂ ︽ᠪᠠᠶᠠᠷ ᠤᠨ ᠳᠠᠭᠤᠯᠠᠯ︾ ᠵᠡᠷᠭᠡ ᠠᠯᠳᠠᠷᠲᠤ ᠪᠦᠲᠦᠭᠡᠯ ᠤᠳ ᠨᠢ | ᠭᠡᠷᠡᠴᠢᠯᠡᠳᠡᠭ ᠪᠣᠯ ᠲᠡᠷᠡ ᠪᠠᠰᠠ ᠵᠠᠯᠠᠭᠤ ᠵᠤᠬᠢᠶᠠᠭᠴᠢᠳ ᠢᠶᠠᠨ ᠵᠢᠭᠠᠨ ᠵᠢᠯᠤᠭᠤᠳᠴᠤ᠂ ᠲᠡᠳᠡ ᠨᠠᠷ ᠤᠨ ᠪᠦᠲᠦᠭᠡᠯ ᠢ ︽ | ᠠᠮᠢᠳᠤᠯᠢᠭ ᠬᠠᠯᠠᠭᠤᠬᠠᠨ ᠬᠡᠯᠡ︾ ᠲᠠᠢ ᠪᠣᠯᠭᠠᠬᠤ ᠪᠠᠷ ᠬᠦᠴᠦᠯᠡᠨ ᠴᠢᠷᠮᠠᠶᠢᠵᠤ ᠪᠠᠶᠢᠭᠰᠠᠨ ᠢ ᠨᠢ ᠳᠡᠭᠡᠷ᠎ᠡ ᠦᠭᠦᠯᠡᠭᠰᠡᠨ | ᠵᠢᠱᠢᠶ᠎ᠡ ᠨᠦᠭᠦᠳ ᠭᠡᠷᠡᠴᠢᠯᠡᠵᠦ ᠪᠠᠶᠢᠨ᠎ᠠ᠃ ᠨᠢᠭᠡ ᠪᠦᠲᠦᠭᠡᠯ ᠨᠢ ᠤᠷᠠᠨ ᠵᠤᠬᠢᠶᠠᠯ ᠤᠨ ᠪᠦᠲᠦᠭᠡᠯ ᠯᠡ ᠶᠤᠮ ᠪᠣᠯ᠂ ᠲᠡᠷᠡ ᠨᠢ | ᠶᠠᠭᠠᠬᠢᠭᠰᠠᠨ ᠴᠦ ᠶᠠᠳᠠᠭᠤ ᠬᠦᠰᠢᠭᠦᠨ ᠮᠣᠳᠤᠨ ᠬᠡᠯᠡ ᠲᠠᠢ ᠪᠠᠶᠢᠵᠤ ᠪᠣᠯᠤᠰᠢ ᠦᠭᠡᠢ᠃ ᠮᠠᠨ ᠤ ᠠᠬᠠᠮᠠᠳ ᠵᠣᠬᠢᠶᠠᠯᠴᠢ᠂ | ᠠᠭᠤᠤ ᠪᠢᠯᠢᠭᠲᠡᠳ ᠮᠠᠨᠢ ᠲᠡᠶᠢᠮᠦᠷᠬᠦᠦ ᠶᠠᠳᠠᠭᠤ ᠬᠦᠰᠢᠭᠦᠨ ᠮᠤᠳᠤᠨ ᠬᠡᠯᠡ ᠲᠠᠢ ᠵᠤᠬᠢᠶᠠᠯ ᠢ ᠬᠠᠷᠠᠭᠠᠳ ᠶᠡᠷᠦ ᠠᠴᠠ ᠨᠢᠳᠦ | ᠪᠠᠯᠠᠢ᠂ ᠴᠢᠬᠢ ᠳᠦᠯᠡᠢ ᠶᠤᠮ ᠰᠢᠭ ᠪᠠᠶᠢᠵᠤ ᠦᠵᠡᠭᠡ ᠦᠭᠡᠢ᠃ ᠡᠷᠳᠡᠮᠲᠡᠨ ᠵᠤᠬᠢᠶᠠᠯᠴᠢ ᠪᠢᠮᠪᠠ ᠶᠢᠨ ᠷᠢᠨᠴᠢᠨ ᠲᠡᠶᠢᠮᠦᠷᠬᠦᠦ | ᠬᠡᠯᠡ ᠬᠡᠯᠡᠯᠬᠡ ᠶᠢ ︽ᠮᠢᠩᠭᠠᠬᠠᠨ ᠦᠭᠡ ᠲᠠᠢ ᠠᠯᠪᠠᠨ ᠺᠤᠨᠲ᠋ᠤᠷ ᠤᠨ ᠡᠳᠡᠭᠡᠳ ᠬᠡᠯᠡ︾ ᠭᠡᠵᠦ ᠬᠤᠱᠤᠩᠨᠠᠨ ᠰᠢᠭᠦᠮᠵᠢᠯᠡᠵᠦ | ᠪᠠᠶᠢᠪᠠ᠃ ᠲᠡᠷᠡ ᠪᠠᠷ ︽ᠦᠦᠷ ᠤᠨ ᠲᠤᠶᠠᠭ᠎ᠠ︾ ᠷᠤᠮᠠᠨ ᠤ ᠪᠠᠨ ᠭᠠᠷᠭᠠᠯᠭ᠎ᠠ ᠳᠤ ᠪᠢᠴᠢᠬᠦ ᠳᠡᠭᠡᠨ ︽ᠵᠠᠷᠢᠮ ᠨᠢᠭᠡ ᠡᠲᠡᠭᠡᠳ | ᠂ ᠠᠷᠠᠳ ᠤᠨ ᠢᠶᠠᠨ ᠰᠠᠶᠢᠬᠠᠨ ᠬᠡᠯᠡ ᠶᠢ ᠠᠩᠭᠢ ᠶᠢᠨ ᠬᠡᠯᠡ ᠭᠡᠵᠦ ᠠᠳᠠ ᠦᠵᠡᠨ᠂ ᠣᠷᠤᠨ ᠳᠤᠨᠢ ᠮᠢᠩᠭᠠᠬᠠᠨ ᠦᠭᠡ ᠲᠠᠢ | ᠠᠯᠪᠠᠨ ᠺᠤᠨᠲ᠋ᠤᠷ ᠤᠨ ᠡᠲᠡᠭᠡᠳ ᠬᠡᠯᠡ ᠬᠡᠷᠡᠭᠯᠡᠭᠦᠯᠬᠦ ᠭᠡᠵᠦ ᠤᠷᠤᠯᠳᠤᠵᠤ ᠪᠠᠶᠢᠭᠰᠠᠨ︾ ᠭᠡᠵᠦ ᠰᠢᠭᠦᠮᠵᠢᠯᠡᠵᠦ ᠪᠠᠶᠢᠭᠰᠠᠨ | ᠪᠦᠭᠡᠳ ︽ᠫᠦᠱᠺᠢᠨ᠂ ᠭᠤᠷᠺᠢ ᠶᠢᠨ ᠵᠠᠷᠢᠮ ᠦᠷᠭᠦᠯᠵᠢᠯᠡᠭᠰᠡᠨ ᠦᠭᠡ ᠶᠢᠨ ᠵᠤᠬᠢᠶᠠᠯ ᠠᠴᠠ ᠮᠢᠨᠦ ᠣᠷᠴᠢᠭᠤᠯᠤᠭᠰᠠᠨ | ᠵᠠᠷᠢᠮ ᠵᠦᠢᠯ ᠢ ᠵᠠᠷᠢᠮ ᠨᠢᠭᠡᠨ ᠬᠡᠪᠯᠡᠯ ᠳᠤ ᠲᠠᠬᠢᠨ ᠬᠡᠪᠯᠡᠬᠦ ᠳᠡᠭᠡᠨ ᠠᠯᠪᠠᠨ ᠪᠢᠴᠢᠭ ᠤᠨ ᠦᠭᠦᠰᠢᠷᠡᠭᠰᠡᠨ ᠦᠭᠡ ᠲᠠᠢ | ᠪᠣᠯᠭᠠᠵᠤ ᠣᠷᠬᠢᠭᠰᠠᠨ ᠪᠢᠯᠡ︾ ᠭᠡᠵᠦ ᠰᠤᠷᠭᠠᠮᠵᠢ ᠪᠣᠯᠭᠠᠨ ᠲᠡᠮᠳᠡᠭᠯᠡᠨ ᠦᠯᠡᠳᠡᠭᠡᠵᠡᠢ᠃ ᠨᠠ᠊᠂ ᠰᠠᠶᠢᠨᠴᠤᠭᠲᠤ ᠴᠦ ᠭᠡᠰᠡᠨ ᠪ᠊ | ᠂ ᠷᠢᠨᠴᠢᠨ ᠤ ᠡᠨᠡ ᠬᠦ ᠰᠢᠭᠦᠮᠵᠢᠯᠡᠯ ᠢ ᠳᠡᠮᠵᠢᠵᠦ᠂ ︽ᠮᠢᠨᠦ ᠰᠠᠨᠠᠯ︾ ᠭᠡᠬᠦ ᠵᠤᠬᠢᠶᠠᠯ ᠳᠠᠭᠠᠨ ︽ᠪᠢᠳᠡ ᠤᠶᠤᠲᠠᠨ | ᠰᠡᠭᠡᠭᠡᠲᠡᠨ ᠤ ︿ᠮᠢᠩᠭᠠᠬᠠᠨ ᠦᠭᠡ ᠲᠠᠢ ᠺᠤᠨᠲ᠋ᠤᠷ ᠤᠨ ᠬᠡᠯᠡ﹀ ᠪᠠᠷ ᠠᠷᠠᠳ ᠣᠯᠠᠨ ᠤ ᠪᠠᠨ ᠬᠡᠯᠡ ᠶᠢ ︿ᠪᠠᠶᠠᠯᠢᠭᠵᠢᠭᠤᠯᠬᠤ﹀ | ᠠᠴᠠ ᠪᠠᠨ ᠡᠮᠦᠨ᠎ᠡ᠂ ᠬᠠᠷᠢᠨ ᠠᠷᠠᠳ ᠲᠥᠮᠡᠨ ᠤ ᠣᠷᠠᠨ ᠰᠡᠴᠡᠨ᠂ ᠪᠠᠶᠠᠯᠢᠭ ᠰᠠᠶᠢᠬᠠᠨ ᠦᠭᠡᠰ ᠤᠨ ᠳᠤᠨᠳᠠᠷᠠᠰᠢ ᠦᠭᠡᠢ | ᠤᠨᠳᠤᠷᠤᠯᠲᠤ ᠰᠠᠩ ᠠᠴᠠ ᠶᠠᠭᠤᠨ ᠤ ᠤᠷᠢᠳ ᠰᠣᠷᠬᠤ ᠨᠢ ᠪᠢᠳᠡᠨ ᠳᠤ ᠳᠠᠷᠤᠭᠠᠰᠤ ᠪᠣᠯᠬᠤ ᠪᠢᠰᠢ᠂ ᠬᠠᠷᠢᠨ ᠲᠤᠰᠠ | ᠪᠣᠯᠤᠨ᠎ᠠ ᠭᠡᠵᠦ ᠪᠢ ᠭᠤᠶᠢᠪᠢᠰᠢ ᠦᠭᠡᠢ ᠪᠠᠲᠤ ᠢᠲᠡᠭᠡᠵᠦ ᠪᠠᠶᠢᠨ᠎ᠠ︾ ᠭᠡᠵᠦ ᠪᠢᠴᠢᠭᠰᠡᠨ ᠶᠣᠮ᠃ ᠪᠢᠳᠡ ᠰᠤᠤ ᠪᠢᠯᠢᠭᠲᠦ | ᠠᠬᠠᠮᠠᠳ ᠤᠨ ᠢᠶᠠᠨ ᠡᠬᠡ ᠬᠡᠯᠡ᠂ ᠡᠬᠡ ᠰᠤᠶᠤᠯ ᠢᠶᠠᠨ ᠭᠡᠰᠡᠨ ᠴᠢᠩ ᠵᠣᠷᠢᠭᠲᠤ ᠰᠡᠳᠬᠢᠯ ᠤᠨ ᠦᠭᠡᠰ ᠢ ᠪᠠᠲᠤ ᠴᠡᠭᠡᠵᠢᠯᠡᠵᠦ | ᠂ ᠬᠡᠵᠢᠶ᠎ᠡ ᠢᠮᠠᠭᠲᠠ ᠦᠪᠡᠷᠰᠡᠳ ᠢ ᠪᠠᠨ ᠱᠠᠭᠠᠷᠳᠠᠵᠤ ᠬᠦᠪᠴᠢᠯᠡᠵᠦ ᠶᠠᠪᠤᠬᠤ ᠬᠡᠷᠡᠭᠲᠡᠢ ᠶᠤᠮ᠃ | ᠭᠤᠷᠪᠠ᠂ ᠲᠤᠪᠴᠢ ᠤᠴᠢᠷᠯᠠᠮᠵᠢ | ᠨ᠊᠂ ᠰᠠᠶᠢᠨᠴᠤᠭᠲᠤ ᠮᠤᠩᠭᠤᠯ᠂ ᠬᠢᠲᠠᠳ᠂ ᠶᠠᠫᠤᠨ ᠬᠡᠯᠡ ᠳᠤ ᠨᠡᠪᠲᠡᠷᠡᠭᠰᠡᠨ᠂ ᠠᠩᠭ᠍ᠯᠢ ᠬᠡᠯᠡ ᠪᠠᠷ ᠴᠦ ᠵᠤᠬᠢᠶᠠᠯ | ᠤᠩᠰᠢᠵᠤ ᠲᠡᠮᠳᠡᠭᠯᠡᠯ ᠬᠢᠴᠢᠬᠡᠳᠡᠭ ᠶᠡᠭᠡ ᠵᠤᠬᠢᠶᠠᠯᠴᠢ᠂ ᠲᠤᠮᠤ ᠪᠢᠴᠢᠭᠳᠡᠨ ᠪᠠᠶᠢᠯ᠎ᠠ᠃ ᠲᠡᠷᠡ ᠪᠠᠷ ᠤᠯᠠᠨ ᠬᠡᠯᠡ ᠶᠢ | ᠡᠵᠡᠮᠰᠢᠵᠦ᠂ ᠤᠯᠠᠨ ᠵᠣᠬᠢᠶᠠᠯ ᠪᠢᠴᠢᠯ᠎ᠡ ᠭᠡᠳ ᠡᠬᠡ ᠬᠡᠯᠡᠨ ᠤ ᠪᠠᠨ ᠰᠤᠷᠤᠯᠴᠠᠯᠭ᠎ᠠ ᠶᠢ ᠬᠠᠶᠠᠭᠠᠨ ᠳᠤᠨᠢ ᠬᠠᠶᠠᠭ᠎ᠠ ᠦᠭᠡᠢ | ᠶᠤᠮ᠃ ᠬᠠᠷᠢᠨ ᠠᠷᠠᠳ ᠲᠥᠮᠡᠨ ᠤ ᠪᠠᠨ ᠠᠮᠢᠳᠤ ᠬᠡᠯᠡᠨ ᠠᠴᠠ ᠲᠠᠰᠤᠷᠠᠯᠲᠠ ᠦᠭᠡᠢ ᠰᠢᠮ᠎ᠡ ᠠᠪᠴᠤ ᠵᠤᠬᠢᠶᠠᠯ | ᠪᠦᠲᠦᠭᠡᠯ ᠤᠨ ᠬᠡᠯᠡ ᠨᠠᠶᠢᠷᠠᠭᠤᠯᠭ᠎ᠠ ᠪᠠᠨ ᠦᠩᠵᠢᠭᠦᠯᠦᠨ ᠰᠢᠨᠡᠵᠢᠭᠦᠯᠦᠭᠰᠡᠭᠡᠷ ᠢᠷᠡᠭᠰᠡᠨ ᠪᠦᠭᠡᠳ ᠬᠡᠯᠡ ᠨᠠᠶᠢᠷᠠᠭᠤᠯᠭ᠎ᠠ ᠶᠢᠨ | ᠲᠠᠯ᠎ᠠ ᠪᠠᠷ ᠦᠨ᠎ᠡ ᠴᠡᠨ᠎ᠡ ᠲᠠᠢ ᠦᠵᠡᠯᠲᠡ ᠳᠤᠷᠠᠳᠴᠤ᠂ ᠤᠷᠠᠨ ᠵᠤᠬᠢᠶᠠᠯ ᠤᠨ ᠬᠡᠯᠡ ᠨᠠᠶᠢᠷᠠᠭᠤᠯᠭ᠎ᠠ ᠳᠤ ᠭᠠᠷᠴᠤ ᠢᠷᠡᠭᠰᠡᠨ | ᠠᠯᠳᠠᠭ᠎ᠠ ᠠᠷᠬᠠᠭ ᠤᠳ ᠢ ᠴᠠᠭ ᠲᠤᠬᠠᠢ ᠳᠤᠨᠢ ᠤᠨᠤᠰᠢᠯᠠᠨ ᠵᠢᠭᠠᠵᠤ᠂ ᠵᠠᠰᠠᠨ ᠵᠠᠯᠠᠷᠠᠭᠤᠯᠵᠤ ᠦᠭᠴᠦ ᠪᠠᠶᠢᠵᠠᠢ᠃ ᠮᠤᠩᠭᠤᠯ | ᠤᠷᠠᠨ ᠵᠤᠬᠢᠶᠠᠯ ᠤᠨ ᠢᠶᠠᠨ ᠬᠡᠯᠡ ᠨᠠᠶᠢᠷᠠᠭᠤᠯᠭ᠎ᠠ ᠶᠢ ᠦᠷᠭᠦᠯᠵᠢᠲᠡ ᠪᠠᠨ ᠵᠥᠪ ᠴᠡᠪᠡᠷ᠂ ᠪᠠᠶᠠᠯᠢᠭ ᠤᠨᠤᠪᠴᠢᠲᠠᠢ᠂ ᠢᠷᠠᠭᠤ | ᠤᠷᠤᠰᠤᠮ᠎ᠠ᠂ ᠠᠮᠢᠳᠤᠯᠢᠭ ᠬᠠᠯᠠᠭᠤᠬᠠᠨ ᠪᠠᠶᠢᠯᠭᠠᠬᠤ ᠨᠢ ᠲᠡᠭᠦᠨ ᠤ ᠬᠦᠰᠡᠯ ᠮᠦᠷᠦᠭᠡᠳᠦᠯ ᠪᠠᠶᠢᠭᠰᠠᠨ ᠶᠤᠮ᠃ | ᠲᠡᠭᠡᠪᠡᠯ ᠦᠨᠦᠳᠦᠷ ᠤᠨ ᠮᠤᠩᠭᠤᠯ ᠤᠷᠠᠨ ᠵᠤᠬᠢᠶᠠᠯ ᠤᠨ ᠬᠡᠯᠡ ᠨᠠᠶᠢᠷᠠᠭᠤᠯᠭ᠎ᠠ ᠴᠣᠬᠤᠮ ᠶᠠᠮᠠᠷ ᠰᠢᠤᠬᠠᠨ | ᠪᠣᠯᠤᠭᠠᠳ ᠪᠠᠶᠢᠭ᠎ᠠ ᠪᠤᠢ︖ ᠠᠬᠠᠮᠠᠳ ᠦᠶ᠎ᠡ ᠶᠢᠨ ᠠᠭᠤᠤ ᠰᠤᠤᠳᠠᠳ ᠢ ᠮᠠᠨᠢ ᠠᠯᠠᠭᠠᠰᠠᠭᠤᠯᠤᠨ ᠵᠣᠪᠠᠨᠢᠭᠤᠯᠵᠤ ᠠᠭᠰᠠᠨ | ᠦᠨᠦᠬᠢ ︽ᠭᠠᠩᠭᠠᠩ ᠬᠡᠶᠢᠰᠪᠦᠷᠢ ᠬᠡᠯᠡ︾᠂ ︽ᠲᠦᠭᠦᠬᠡᠢ ᠵᠤᠬᠢᠶᠠᠮᠠᠯ ᠦᠭᠡ︾᠂ ︽ᠮᠢᠩᠭᠠᠬᠠᠨ ᠦᠭᠡ ᠲᠠᠢ ᠠᠯᠪᠠᠨ | ᠺᠤᠨᠲ᠋ᠤᠷ ᠤᠨ ᠡᠲᠡᠭᠡᠳ ᠬᠡᠯᠡ︾᠂ ︽ᠠᠯᠪᠠᠨ ᠪᠢᠴᠢᠭ ᠤᠨ ᠦᠭᠦᠰᠢᠷᠡᠭᠰᠡᠨ ᠦᠭᠡ︾ ᠮᠡᠲᠦᠰ ᠨᠢ ᠬᠤᠷᠤᠭᠳᠠᠭᠠ ᠦᠭᠡᠢ | ᠮᠦᠷᠲᠡᠭᠡᠨ ᠪᠦᠷ ᠭᠠᠵᠠᠷ ᠠᠪᠤᠨ ᠲᠦᠭᠡᠵᠦ᠂ ︽ᠮᠣᠳᠤᠨ ᠬᠡᠯᠡ︾ ᠭᠡᠮᠡᠬᠦ ᠨᠢᠭᠡᠲᠦᠮᠡᠯ ᠨᠡᠷ᠎ᠡ ᠶᠢᠨ ᠳᠤᠤᠷ᠎ᠠ ᠵᠢᠭᠰᠠᠵᠤ᠂ | ᠮᠤᠩᠭᠤᠯ ᠬᠡᠯᠡᠨ ᠤ ᠪᠠᠶᠠᠨ ᠰᠠᠩ ᠤᠷᠤᠭᠤ ᠳᠠᠭᠠᠷᠢᠨ ᠳᠤᠪᠲᠤᠯᠤᠭᠰᠠᠭᠠᠷ ᠪᠠᠶᠢᠨ᠎ᠠ ᠭᠡᠵᠦ ᠬᠡᠯᠡᠬᠦ ᠳᠤ ᠬᠡᠲᠦᠷᠡᠬᠦ ᠭᠠᠵᠠᠷ | ᠦᠭᠡᠢ ᠮᠡᠲᠦ ᠶᠤᠮ᠃ ᠶᠠᠭᠠᠬᠢᠭᠠᠳ ᠡᠶᠢᠮᠦ ᠪᠠᠶᠢᠳᠠᠯ ᠭᠠᠷᠴᠢᠬᠠᠪᠠ︖ ᠰᠢᠯᠲᠠᠭᠠᠨ ᠨᠢ ᠶᠠᠭᠤ ᠪᠣᠢ︖ ᠨᠡᠶᠢᠭᠡᠮ ᠤᠨ | ᠬᠦᠭᠵᠢᠯᠲᠡ᠂ ᠦᠭᠡᠷᠡᠴᠢᠯᠡᠯᠲᠡ ᠬᠤᠪᠢᠷᠠᠯᠲᠠ ᠬᠤᠲᠠᠵᠢᠯᠲᠠ᠂ ᠬᠠᠷᠢ ᠶᠢᠨ ᠬᠡᠯᠡ ᠰᠤᠶᠤᠯ ᠤᠨ ᠳᠦᠷᠢᠯᠲᠡ ᠁ | ᠭᠡᠬᠦᠴᠢᠯᠡᠨ ᠣᠯᠠᠨ ᠰᠢᠯᠲᠠᠭᠠᠨ ᠢ ᠵᠢᠭᠰᠠᠭᠠᠵᠤ ᠪᠣᠯᠬᠤ ᠪᠣᠯᠪᠠᠴᠤ ᠡᠳᠡᠭᠡᠷ ᠨᠢ ᠪᠦᠷ ᠯᠠ ᠭᠠᠳᠠᠭᠠᠳᠤ ᠰᠢᠯᠲᠠᠭᠠᠨ ᠭᠡᠭᠴᠢ ᠶᠢ | ᠪᠢᠳᠡ ᠮᠠᠷᠲᠠᠵᠤ ᠦᠯᠦ ᠪᠣᠯᠤᠨ᠎ᠠ᠃ ᠲᠤᠳᠤᠭᠠᠲᠤ ᠰᠢᠯᠲᠠᠭᠠᠨ ᠭᠡᠪᠡᠯ᠂ ᠪᠢᠳᠡ ᠡᠬᠡ ᠬᠡᠯᠡ ᠪᠠᠨ ᠰᠠᠨᠠᠭᠠᠴᠢᠯᠠᠭ᠎ᠠ ᠲᠠᠢ ᠪᠠᠷ | ᠰᠤᠷᠴᠤ ᠰᠤᠳᠤᠯᠵᠤ᠂ ᠡᠵᠡᠮᠰᠢᠨ ᠬᠡᠷᠡᠭᠯᠡᠬᠦ ᠶᠠᠪᠤᠳᠠᠯ ᠢ ᠣᠮᠳᠤᠭᠠᠶᠢᠯᠠᠭᠰᠠᠨ ᠯᠤᠭ᠎ᠠ ᠬᠤᠯᠪᠤᠭ᠎ᠠ ᠲᠠᠢ᠃ ᠬᠡᠯᠡ ᠭᠡᠭᠴᠢ | ᠲᠦᠷᠦᠮᠡᠯ ᠪᠢᠰᠢ ᠬᠠᠷᠢᠨ ᠰᠤᠷᠭᠠᠮᠠᠯ ᠴᠢᠳᠠᠪᠤᠷᠢ ᠶᠣᠮ᠃ ᠡᠬᠡ ᠠᠴᠠ ᠲᠦᠷᠦᠬᠦ ᠶᠢᠨ ᠢᠶᠠᠨ ᠵᠡᠷᠭᠡᠳᠡ ᠬᠡᠯᠡ ᠪᠠᠨ | ᠡᠵᠡᠮᠰᠢᠴᠢᠬᠡᠭᠰᠡᠨ ᠲᠦᠷᠦᠳᠡᠭ ᠬᠦᠮᠦᠨ ᠭᠡᠵᠦ ᠡᠨᠡ ᠬᠤᠷᠸ᠎ᠠ ᠳᠤ ᠠᠯᠠᠭ᠎ᠠ᠃ ᠦᠭᠡ ᠬᠡᠯᠡ ᠶᠢ ᠪᠣᠯ ᠬᠦᠮᠦᠨ ᠨᠠᠰᠤᠨ | ᠲᠤᠷᠰᠢᠲᠠ ᠪᠠᠨ ᠲᠠᠰᠤᠷᠠᠯᠲᠠ ᠦᠭᠡᠢ ᠰᠤᠷᠤᠯᠴᠠᠵᠤ᠂ ᠰᠤᠷᠤᠯᠴᠠᠭᠰᠠᠨ ᠤ ᠪᠠᠨ ᠬᠢᠷᠢ ᠪᠠᠷ ᠲᠡᠭᠦᠨ ᠳᠤ ᠪᠤᠯᠪᠠᠰᠤᠷᠠᠳᠠᠭ ᠵᠢᠮ᠎ᠡ | ᠲᠠᠢ᠃ ᠤᠷᠠᠨ ᠵᠤᠬᠢᠶᠠᠯᠴᠢ ᠪᠣᠯ ᠡᠩ ᠤᠨ ᠬᠦᠮᠦᠨ ᠠᠴᠠ ᠬᠡᠴᠢᠨᠡᠬᠡᠨ ᠲᠠᠬᠢᠨ ᠢᠯᠡᠭᠦᠦ ᠲᠠᠢ ᠪᠠᠷ ᠬᠡᠯᠡ ᠨᠠᠶᠢᠷᠠᠭᠤᠯᠭ᠎ᠠ ᠶᠢᠨ | ᠰᠤᠷᠤᠯᠴᠠᠯᠭ᠎ᠠ ᠪᠣᠯᠪᠠᠰᠤᠷᠠᠯ ᠢ ᠬᠢᠭᠰᠡᠨ ᠪᠠᠶᠢᠬᠤ ᠬᠡᠷᠡᠭᠲᠡᠢ᠃ ᠪ᠊᠂ ᠷᠢᠨᠴᠢᠨ᠂ ᠨ᠊᠂ ᠰᠠᠶᠢᠨᠴᠤᠭᠲᠤ ᠨᠠᠷ ᠡᠭᠦᠨ ᠢ | ᠲᠤᠳᠤ ᠠᠴᠠ ᠲᠤᠳᠤᠷᠬᠠᠢ ᠮᠡᠳᠡᠵᠦ ᠪᠠᠶᠢᠭᠰᠠᠨ ᠶᠤᠮ᠃ ᠪ᠊᠂ ᠷᠢᠨᠴᠢᠨ ︽ᠦᠭᠡ ᠨᠠᠶᠢᠷᠠᠭᠤᠯᠭ᠎ᠠ ᠶᠢ ᠡᠷᠬᠢᠮᠯᠡᠵᠦ᠂ | ᠤᠳᠬ᠎ᠠ ᠶᠢ ᠢᠷᠠᠭᠤ ᠲᠤᠳᠤᠷᠬᠠᠢ ᠪᠠᠷ ᠨᠡᠪᠲᠡᠷᠡᠭᠦᠯᠬᠦ ᠶᠢᠨ ᠰᠤᠷᠭᠠᠯ ᠢ ᠡᠶᠢᠨ ᠬᠦ ᠬᠢᠭᠰᠡᠨ ᠨᠢ ᠵᠤᠬᠢᠶᠠᠯᠴᠢ ᠪᠣᠯᠬᠤ ᠶᠢᠨ ᠨᠢᠭᠡ | ᠶᠤᠰᠤᠨ ᠤ ᠰᠤᠷᠭᠠᠭᠤᠯᠢ ᠮᠡᠲᠦ ᠰᠠᠨᠠᠭᠳᠠᠬᠤ ᠠᠵᠢ︾ ᠭᠡᠵᠦ ᠬᠡᠯᠡᠭᠰᠡᠨ ᠪᠣᠯ᠂ ᠨᠠ᠊᠂ ᠰᠠᠶᠢᠨᠴᠤᠭᠲᠤ ︽ᠠᠷᠠᠳ ᠤᠨ | ᠤᠨᠤᠲᠠᠯᠠ ᠬᠡᠯᠡᠳᠡᠭ ᠰᠡᠴᠡᠨ ᠰᠠᠶᠢᠬᠠᠨ ᠦᠭᠡ ᠶᠢ ᠦᠪᠡᠷ ᠤᠨ ᠵᠤᠬᠢᠶᠠᠯ ᠳᠠᠭᠠᠨ ᠵᠤᠬᠢᠬᠤ ᠭᠠᠵᠠᠷ ᠲᠤᠨᠢ ᠭᠠᠷᠮᠠᠭᠠᠢ ᠪᠠᠷ | ᠬᠡᠷᠡᠭᠯᠡᠵᠦ᠂ ᠦᠪᠡᠷ ᠤᠨ ᠵᠤᠬᠢᠶᠠᠯ ᠢᠶᠠᠨ ᠬᠡᠯᠡᠨ ᠤ ᠲᠠᠯ᠎ᠠ ᠪᠠᠷ ᠤᠷᠠᠨ ᠢᠷᠠᠭᠤ ᠪᠦᠭᠡᠳ ᠤᠶᠢᠯᠠᠭᠠᠮᠵᠢ ᠶᠢᠨ ᠲᠠᠯ᠎ᠠ ᠪᠠᠷ | ᠤᠨᠤᠪᠴᠢᠲᠠᠢ ᠰᠠᠶᠢᠬᠠᠨ ᠪᠣᠯᠭᠠᠶ᠎ᠠ ᠭᠡᠵᠦ ᠵᠣᠷᠢᠭ ᠰᠢᠭᠤᠳᠴᠤ ᠪᠠᠶᠢᠨ᠎ᠠ︾ ᠭᠡᠵᠦ ᠬᠡᠯᠡᠵᠡᠢ᠃ ᠲᠡᠭᠡᠪᠡᠯ ᠪᠠᠰᠠ ᠬᠢᠩᠭᠠᠨ᠂ | ᠬᠤᠷᠴᠢᠨ ᠢᠶᠠᠷ ᠨᠤᠲᠤᠭ ᠲᠠᠢ ᠭᠡᠷᠡᠯᠴᠤᠭᠲᠤ᠂ ᠮ᠊᠂ ᠠᠰᠠᠷ ᠵᠡᠷᠭᠡ ᠵᠤᠬᠢᠶᠠᠯᠴᠢᠳ ᠴᠠᠬᠠᠷ᠂ ᠰᠢᠯᠢ ᠶᠢᠨ ᠭᠤᠣᠯ ᠤᠨ ᠬᠡᠯᠡ | ᠬᠡᠯᠡᠯᠭᠡ ᠠᠴᠠ ᠰᠢᠮᠡᠲᠡᠢ ᠰᠤᠷᠤᠯᠴᠠᠵᠤ᠂ ᠪᠦᠲᠦᠮᠵᠢᠲᠡᠢ ᠰᠢᠩᠭᠡᠭᠡᠭᠡᠳ ᠢᠷᠠᠭᠤ ᠪᠠᠶᠠᠯᠢᠭ ᠬᠡᠯᠡ ᠨᠠᠶᠢᠷᠠᠭᠤᠯᠭ᠎ᠠ ᠲᠠᠢ ᠭᠤᠴᠤ | ᠰᠠᠶᠢᠬᠠᠨ ᠮᠤᠩᠭᠤᠯ ᠤᠷᠠᠨ ᠵᠤᠬᠢᠶᠠᠯ ᠤᠳ ᠢᠶᠠᠨ ᠲᠤᠭᠤᠷᠪᠢᠭᠰᠠᠨ ᠠᠮᠵᠢᠯᠲᠠ ᠲᠠᠢ ᠵᠢᠱᠢᠶ᠎ᠡ ᠴᠦ ᠪᠤᠢ᠃ ᠲᠡᠶᠢᠨ ᠬᠦ | ᠦᠨᠦᠳᠦᠷ ᠤᠨ ᠮᠠᠨ ᠤ ᠵᠤᠬᠢᠶᠠᠯᠴᠢᠳ ᠬᠡᠷᠪᠡ ︽ᠮᠣᠳᠤᠨ ᠬᠡᠯᠡ︾ ᠠᠴᠠ ᠪᠠᠨ ᠮᠤᠯᠲᠤᠷᠠᠶᠠ ᠭᠡᠪᠡᠯ᠂ ︽ᠠᠮᠢᠳᠤᠯᠢᠭ | ᠬᠠᠯᠠᠭᠤᠬᠠᠨ ᠬᠡᠯᠡ︾ ᠪᠠᠨ ᠠᠮᠢᠯᠠᠭᠤᠯᠤᠨ ᠰᠡᠷᠭᠦᠭᠡᠶ᠎ᠡ ᠭᠡᠪᠡᠯ᠂ ᠵᠠᠪᠠᠯ ᠡᠬᠡ ᠬᠡᠯᠡ ᠪᠠᠨ ᠰᠠᠨᠠᠭᠠᠴᠢᠯᠠᠭ᠎ᠠ ᠲᠠᠢ ᠪᠠᠷ | ᠰᠤᠷᠤᠯᠴᠠᠵᠤ᠂ ᠲᠠᠰᠤᠷᠠᠯᠲᠠ ᠦᠭᠡᠢ ᠰᠤᠷᠤᠯᠴᠠᠵᠤ᠂ ᠬᠡᠯᠡᠨ ᠤ ᠴᠢᠳᠠᠪᠤᠷᠢ ᠪᠠᠨ ᠳᠡᠭᠡᠭᠰᠢᠯᠡᠭᠦᠯᠵᠦ᠂ ᠬᠡᠯᠡ | ᠨᠠᠶᠢᠷᠠᠭᠤᠯᠭ᠎ᠠ ᠪᠠᠨ ᠰᠠᠶᠢᠵᠢᠷᠠᠭᠤᠯᠬᠤ ᠪᠠᠷ ᠴᠢᠷᠮᠠᠶᠢᠬᠤ ᠬᠡᠷᠡᠭᠲᠡᠢ᠃ ᠡᠰᠡ ᠲᠡᠭᠡᠪᠡᠰᠦ᠂ ᠦᠨᠡᠬᠡᠷ ᠳᠡᠮᠡᠢ ᠤᠳᠠᠯ ᠦᠭᠡᠢ ︽ | ᠮᠤᠩᠭᠤᠯ ᠢᠶᠠᠨ ᠮᠣᠳᠤᠨ ᠳᠤ ᠡᠯᠭᠦᠭᠰᠡᠨ︾ ᠬᠡᠷᠡᠭ ᠪᠣᠯᠵᠤ᠂ ᠮᠠᠨ ᠤ ᠮᠤᠩᠭᠤᠯ ᠬᠡᠯᠡᠲᠦ ᠤᠷᠠᠨ ᠵᠤᠬᠢᠶᠠᠯ ᠮᠠᠨᠢ ᠲᠡᠷᠡ | ᠴᠡᠭ ᠢᠶᠠᠷ ᠢᠶᠠᠨ ︽ᠮᠣᠳᠤᠨ ᠬᠡᠯᠡᠲᠦ ᠤᠷᠠᠨ ᠵᠤᠬᠢᠶᠠᠯ︾ ᠪᠣᠯᠵᠤ ᠬᠤᠪᠢᠷᠠᠬᠤ ᠦᠭᠡᠢ ᠭᠡᠳᠡᠭ ᠢ ᠬᠡᠨ ᠴᠦ ᠪᠠᠲᠤᠯᠠᠵᠤ | ᠴᠢᠳᠠᠬᠤ ᠦᠭᠡᠢ ᠶᠣᠮ᠃ |