ᠰᠤᠷᠪᠤᠯᠵᠢ ᠪᠢᠴᠢᠭ ᠢᠶᠠᠨ ᠦᠪᠯᠡᠨ ᠲᠡᠬᠡᠳᠦᠯᠡᠵᠤ ᠰᠤᠶᠤᠯ ᠤᠨ ᠢᠳᠡᠬᠡᠯ ᠢᠶᠠᠨ ᠪᠠᠳᠤᠳᠬᠠᠶᠤ
ᠨᠡᠶᠢᠲᠡᠯᠡᠭᠰᠡᠨ ᠴᠠᠭ᠄
2019/12/5
     — — ᠰᠢᠤ ᠬᠤᠸᠠ ᠰᠢᠶᠠᠩ ᠴᠦᠨ
           ᠴᠦᠢᠷᠤᠪ ᠤᠨ ᠬᠡᠰᠢᠭᠳᠦᠬᠳᠠᠬᠤ᠄ 1940 ᠤᠨ ᠤ 12 ᠰᠠᠷ᠎ᠠ ᠶᠢᠨ 4 ᠤ ᠡᠳᠦᠷ᠂ ᠬᠡᠰᠢᠭᠳᠡᠨ ᠬᠤᠰᠢᠭᠤᠨ ᠤ ᠪᠡᠶᠡᠨᠵᠢᠷᠦᠬᠡ ᠤᠪᠤᠭ᠎ᠠ ᠶᠢᠨ ᠪᠠᠷᠠᠭᠤᠨ ᠬᠤᠷᠮᠤᠢ ᠳᠠᠬᠢ ᠲᠠᠯ᠎ᠠ ᠲᠦᠷᠦᠬᠦᠦ ᠠᠶᠢᠯ ᠤᠨ ᠮᠠᠯᠴᠢᠨ ᠴᠦᠢᠷᠤᠪ ᠤᠨ ᠭᠤᠷᠪᠠᠳᠤᠭᠠᠷ ᠬᠦᠦ ᠪᠤᠯᠵᠤ ᠵᠡᠶᠠᠭᠠᠵᠠᠢ᠃ 1966 ᠤᠨ ᠳᠤ ᠲᠦᠪ ᠤᠨ ᠦᠨᠳᠦᠰᠦᠳᠡᠨ ᠤ ᠲᠡᠬᠡᠳᠤ ᠰᠤᠷᠭᠠᠭᠤᠯᠢ ᠶᠢᠨ ᠴᠦᠬᠡᠨ ᠲᠤᠭᠠᠳᠤ ᠦᠨᠳᠦᠰᠦᠳᠡᠨ ᠤ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠲᠤᠰᠬᠠᠢ ᠮᠡᠷᠬᠡᠵᠢᠯ ᠤᠨ ᠠᠩᠬᠢ ᠶᠢ ᠲᠡᠬᠦᠰᠬᠡᠬᠡᠳ ᠰᠤᠷᠭᠠᠭᠤᠯᠢ ᠳᠠᠭᠠᠨ ᠦᠯᠡᠳᠡᠨ ᠪᠠᠭᠰᠢᠯᠡᠪᠡ᠃        ᠭᠤᠤᠯᠳᠠᠭᠤ ᠮᠤᠩᠭᠤᠯ ᠤᠨ ᠡᠷᠳᠡᠨ ᠤ ᠤᠳᠬ᠎ᠠ ᠵᠤᠬᠢᠶᠠᠯ᠂ ᠮᠤᠩᠭᠤᠯ ᠰᠤᠷᠪᠤᠯᠵᠢ ᠪᠢᠴᠢᠭ᠂ ᠵᠤᠬᠢᠶᠠᠨ ᠪᠢᠴᠢᠯᠬᠡ᠂ ᠮᠤᠩᠭᠤᠯ ᠤᠨ ᠲᠡᠦᠬᠡ ᠵᠡᠷᠬᠡ ᠴᠢᠭᠯᠡᠯ ᠢᠶᠠᠷ᠂ 2010 ᠤᠨ ᠳᠤ ᠠᠵᠢᠯ ᠤᠨ ᠠᠮᠠᠷᠠᠯᠳᠠ ᠪᠠᠨ ᠠᠪᠬᠤ ᠪᠤᠯᠳᠠᠯ᠎ᠠ 44 ᠵᠢᠯ ᠬᠢᠴᠢᠶᠠᠯ ᠬᠦᠮᠦᠵᠢᠯ᠂ ᠡᠷᠳᠡᠮ ᠰᠢᠨᠵᠢᠯᠡᠬᠡᠨ ᠤ ᠦᠢᠯᠡᠰ ᠢᠶᠠᠷ ᠠᠮᠢᠳᠦᠷᠠᠯ ᠤᠨ ᠭᠤᠤᠯ ᠠᠭᠤᠯᠭ᠎ᠠ ᠂ ᠵᠤᠯ ᠵᠢᠷᠭᠠᠯ ᠢᠶᠠᠨ ᠪᠤᠯᠭᠠᠵᠤ᠂ 22 ᠠᠰᠫᠢᠷᠠᠨᠲ᠂ 16 ᠳ᠋ᠤᠺᠲ᠋ᠤᠷᠠᠨᠲ ᠬᠦᠮᠦᠵᠢᠬᠦᠯᠵᠡᠢ᠃ 1993 — 1994 ᠤᠨ ᠳᠤ᠂ ᠶᠠᠫᠤᠨ ᠤᠯᠤᠰ ᠤᠨ ᠸᠠᠰᠧᠳᠠ ᠶᠡᠭᠡ ᠰᠤᠷᠭᠠᠭᠤᠯᠢ ᠶᠢᠨ ᠠᠯᠳᠠᠷᠳᠤ ᠮᠤᠩᠭᠤᠯᠴᠢ ᠡᠷᠳᠡᠮᠳᠡᠨ ᠶᠤᠰᠢᠳᠡ ᠵᠦᠨᠶ᠋ᠢᠴᠢ ᠫᠷᠦᠹᠧᠰᠰᠤᠷ ᠤᠨ ᠤᠷᠢᠯᠭ᠎ᠠ ᠪᠠᠷ ᠲᠤᠤᠺᠢᠣ᠋ ᠳᠤ ᠬᠦᠷᠴᠤ ᠡᠷᠳᠡᠮ ᠰᠢᠨᠵᠢᠯᠡᠬᠡᠨ ᠤ ᠬᠠᠮᠳᠤᠷᠠᠬᠰᠠᠨ ᠰᠤᠳᠤᠯᠭ᠎ᠠ ᠬᠢᠵᠤ ︽︿ᠴᠡᠭᠷᠠᠸᠠᠷᠳᠢ ᠠᠯᠳᠠᠨ ᠬᠠᠭᠠᠨ ᠤ ᠲᠤᠭᠤᠵᠢ﹀ ᠶᠢᠨ ᠤᠷᠴᠢᠭᠤᠯᠭ᠎ᠠ ᠶᠢᠨ ᠲᠠᠶᠢᠯᠪᠤᠷᠢ︾ ᠬᠡᠮᠡᠬᠦ ᠬᠠᠮᠳᠤ ᠶᠢᠨ ᠪᠦᠳᠦᠬᠡᠯ ᠢ ᠬᠡᠪᠯᠡᠬᠦᠯᠵᠡᠢ ︵ᠶᠠᠫᠤᠨ ᠬᠡᠯᠡᠨ ᠤ ᠬᠡᠪᠯᠡᠯ᠂ ᠲᠤᠤᠺᠢᠣ᠋ 1998 ᠤᠨ︶᠃ 1999 ᠤᠨ ᠳᠤ᠂ ᠠᠮᠧᠷᠢᠺᠠ ᠶᠢᠨ ᠮᠤᠩᠭᠤᠯᠴᠤᠳ ᠤᠨ ᠰᠤᠶᠤᠯ ᠤᠨ ᠬᠤᠯᠪᠤᠭ᠎ᠠ ᠪᠤᠯᠤᠨ ᠢᠨᠳᠢᠶᠠᠨ᠎ᠠ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠲᠦᠪ ᠲᠤ ᠤᠷᠢᠬᠳᠡᠨ ᠬᠦᠷᠴᠤ ᠡᠷᠳᠡᠮ ᠰᠢᠨᠵᠢᠯᠡᠬᠡᠨ ᠤ ᠢᠯᠡᠳᠬᠡᠯ ᠬᠢᠪᠡ᠃ ᠮᠤᠩᠭᠤᠯ ᠤᠯᠤᠰ ᠤᠨ ᠵᠠᠰᠠᠭ ᠤᠨ ᠭᠠᠵᠠᠷ ᠪᠤᠶᠤ ᠤᠯᠠᠨ ᠤᠯᠤᠰ ᠤᠨ ᠮᠤᠩᠭᠤᠯ ᠰᠤᠳᠤᠯᠤᠯ ᠤᠨ ᠬᠤᠯᠪᠤᠭᠠᠨ ᠤ ᠤᠷᠢᠯᠭ᠎ᠠ ᠪᠠᠷ ᠤᠯᠠᠨ ᠤᠯᠤᠰ ᠤᠨ ᠮᠤᠩᠭᠤᠯ ᠰᠤᠳᠤᠯᠤᠯ ᠤᠨ 7 — 11 ᠳ᠋ᠤᠭᠡᠷ ᠤᠳᠠᠭ᠎ᠠ ᠶᠢᠨ ᠶᠡᠭᠡ ᠬᠤᠷᠠᠯ ᠳᠤ ᠤᠷᠤᠯᠴᠠᠵᠤ᠂ ᠡᠷᠳᠡᠮ ᠰᠢᠨᠵᠢᠯᠡᠬᠡᠨ ᠤ ᠢᠯᠡᠳᠬᠡᠯ ᠬᠢᠵᠡᠢ᠃        ᠮᠤᠩᠭᠤᠯ ᠬᠢᠳᠡᠳ ᠢᠶᠠᠷ ᠡᠷᠳᠡᠮ ᠰᠢᠨᠵᠢᠯᠡᠬᠡᠨ ᠤ ᠦᠬᠦᠯᠡᠯ ᠨᠠᠶᠠᠭᠠᠳ ᠢ ᠪᠢᠴᠢᠵᠤ ᠨᠡᠶᠢᠳᠡᠯᠡᠬᠦᠯᠦᠭᠰᠡᠨ᠂ ᠲᠡᠳᠡᠭᠡᠷ ᠠᠴᠠ ᠨᠡᠯᠢᠶᠡᠳ ᠤᠯᠠᠨ ᠨᠢ ᠺᠢᠷᠢᠯ ᠦᠰᠦᠭ ᠢᠶᠠᠷ ᠬᠦᠷᠪᠡᠬᠦᠯᠦᠭᠳᠡᠨ ᠮᠤᠩᠭᠤᠯ ᠤᠯᠤᠰ ᠲᠤ ᠨᠡᠶᠢᠳᠡᠯᠡᠭᠳᠡᠵᠤ᠂ ᠵᠡᠷᠢᠮ ᠦᠬᠦᠯᠡᠯ ᠤᠳ ᠨᠢ ᠶᠠᠫᠥᠨ᠂ ᠤᠷᠤᠰ᠂ ᠠᠩᠭ᠍ᠯᠢ ᠬᠡᠯᠡᠨ ᠳᠤ ᠤᠷᠴᠢᠭᠤᠯᠤᠬᠳᠠᠨ᠂ ᠶᠠᠫᠤᠨ᠂ ᠤᠷᠤᠰ᠂ ᠮᠤᠩᠭᠤᠯ ᠤᠯᠤᠰ ᠲᠤ ᠨᠡᠶᠢᠳᠡᠯᠡᠭᠳᠡᠪᠡ᠃ ᠵᠡᠬᠦᠯᠳᠡ ᠲᠡᠶᠢᠯᠪᠦᠷᠢᠳᠤ ︽ᠡᠷᠳᠡᠨ ᠤ ᠮᠤᠩᠭᠤᠯ ᠰᠢᠯᠦᠭ ᠤᠨ ᠲᠡᠬᠦᠪᠦᠷᠢ︾᠂ ︽ᠮᠤᠩᠭᠤᠯ ᠤᠨ ᠡᠷᠳᠡᠨ ᠤ ᠤᠳᠬ᠎ᠠ ᠵᠤᠬᠢᠶᠠᠯ ᠤᠨ ᠰᠤᠳᠤᠯᠤᠯ︾᠂ ︽ᠮᠤᠩᠭᠤᠯ ᠤᠨ ᠡᠷᠳᠡᠨ ᠤ ᠤᠳᠬ᠎ᠠ ᠵᠤᠬᠢᠶᠠᠯ ᠤᠨ ᠰᠢᠨ᠎ᠠ ᠰᠤᠳᠤᠯᠤᠯ︾᠂ ︽ᠮᠤᠩᠭᠤᠯ ᠰᠤᠷᠪᠤᠯᠵᠢ ᠪᠢᠴᠢᠭ ᠤᠨ ᠰᠤᠳᠤᠯᠤᠯ︾᠂ ︽ᠴ᠊᠂ ᠬᠡᠰᠢᠭᠳᠦᠭ᠌ᠳᠠᠬᠤ ᠶᠢᠨ ᠦᠬᠦᠯᠡᠯ ᠤᠨ ᠰᠤᠩᠭᠤᠳᠠᠭ︾ ︵3 ᠪᠤᠳᠢ︶᠂ ︽ᠮᠤᠩᠭᠤᠯ ᠦᠰᠦᠭ᠂ ᠮᠤᠩᠭᠤᠯ ᠪᠢᠴᠢᠭ︾ ᠵᠡᠷᠬᠡ ᠡᠷᠳᠡᠮ ᠰᠢᠨᠵᠢᠯᠡᠬᠡᠨ ᠤ ᠨᠤᠮ ᠤᠳ ᠢ ᠬᠡᠪᠯᠡᠬᠦᠯᠦᠭᠰᠡᠨ ᠪᠠᠶᠢᠨ᠎ᠠ᠃ ᠪᠤᠰᠤᠳ ᠲᠠᠢ ᠬᠠᠮᠳᠤᠷᠠᠨ ︽ᠮᠤᠩᠭᠤᠯ ᠤᠷᠠᠨ ᠵᠤᠬᠢᠶᠠᠯ ᠤᠨ ᠲᠡᠦᠬᠡ︾᠂ ︽ᠲᠤᠮᠳᠠᠳᠤ ᠤᠯᠤᠰ ᠤᠨ ᠡᠯ᠎ᠡ ᠦᠨᠳᠦᠰᠦᠳᠡᠨ ᠤ ᠱᠠᠰᠢᠨ ᠪᠠ ᠲᠤᠮᠤᠭ ᠤᠨ ᠲᠤᠯᠢ︾ ︵ᠮᠤᠩᠭᠤᠯ ᠦᠨᠳᠦᠰᠦᠳᠡᠨ ᠤ ᠪᠦᠯᠦᠭ ᠤᠨ ᠡᠷᠬᠢᠯᠡᠭᠰᠡᠨ ᠨᠠᠶᠢᠷᠠᠭᠤᠯᠤᠬᠴᠢ︶᠂ ︽ᠡᠷᠳᠡᠨᠢᠳᠤᠬᠳᠠᠬᠤ︾ ︵ᠡᠷᠬᠢᠯᠡᠭᠰᠡᠨ ᠨᠠᠶᠢᠷᠠᠭᠤᠯᠤᠬᠴᠢ︶᠂ ︽ᠮᠤᠩᠭᠤᠯ ᠰᠤᠷᠪᠤᠯᠵᠢ ᠪᠢᠴᠢᠭ ᠤᠨ ᠴᠢᠭᠤᠯᠭᠠᠨ︾ ︵ᠶᠡᠷᠦᠩᠬᠡᠢ ᠡᠷᠬᠢᠯᠡᠭᠰᠡᠨ ᠨᠠᠶᠢᠷᠠᠭᠤᠯᠤᠬᠴᠢ︶᠂ ︽ᠮᠤᠩᠭᠤᠯ ᠤᠷᠳᠤᠨ ᠤ ᠲᠠᠭᠤᠤ ᠶᠢᠨ ᠰᠤᠳᠤᠯᠤᠯ︾ ᠵᠡᠷᠬᠡ ᠪᠦᠳᠦᠬᠡᠯ ᠤᠳ ᠢ ᠬᠡᠪᠯᠡᠬᠦᠯᠦᠭᠰᠡᠨ ᠶᠤᠮ᠃        2006 ᠤᠨ ᠳᠤ ᠮᠤᠩᠭᠤᠯ ᠤᠯᠤᠰ ᠤᠨ ᠶᠡᠷᠦᠩᠬᠡᠶᠢᠯᠡᠭᠴᠢ ᠶᠢᠨ ︽ᠠᠯᠳᠠᠨ ᠭᠠᠳᠠᠰᠤ︾ ᠭᠠᠪᠢᠶᠠᠨ ᠤ ᠤᠳᠤᠨ ᠱᠠᠩᠨᠠᠯ ᠢ ᠬᠦᠷᠳᠡᠵᠤ᠂ 2013 ᠤᠨ ᠳᠤ ᠮᠤᠩᠭᠤᠯ ᠤᠯᠤᠰ ᠤᠨ ᠵᠠᠰᠠᠭ ᠤᠨ ᠭᠠᠵᠠᠷ ᠤᠨ ︽ᠠᠷᠠᠳ ᠤᠨ ᠤᠷᠠᠨ ᠵᠤᠬᠢᠶᠠᠯᠴᠢ᠂ ᠠᠺᠠᠳᠧᠮᠢᠴᠢ ᠴ᠊ ᠊ · ᠲᠡᠮᠳᠢᠨᠰᠦ᠋ᠷᠦᠩ︾ ᠨᠡᠷᠡᠮᠵᠢᠳᠤ ᠱᠠᠩᠨᠠᠯ ᠢ ᠬᠦᠷᠳᠡᠵᠡᠢ᠃        ᠰᠤᠷᠪᠤᠯᠵᠢᠯᠠᠬᠴᠢ ᠲᠦᠷᠦᠬᠦᠬᠡᠨ ᠪᠡᠬᠡᠵᠢᠩ ᠳᠤ ᠪᠤᠯᠤᠬᠰᠠᠨ ︽ᠨᠢᠬᠡ ᠪᠦᠰᠡ ᠨᠢᠬᠡ ᠵᠠᠮ︾ ᠲᠠᠭᠠᠤ ᠤᠯᠤᠰ ᠤᠷᠤᠨ ᠤ ᠮᠤᠩᠭᠤᠯ ᠰᠤᠷᠪᠤᠯᠵᠢ ᠪᠢᠴᠢᠭ ᠤᠨ ᠰᠤᠳᠤᠯᠤᠯ ᠤᠨ ᠤᠯᠠᠨ ᠤᠯᠤᠰ ᠤᠨ ᠡᠷᠳᠡᠮ ᠰᠢᠨᠵᠢᠯᠡᠬᠡᠨ ᠤ ᠬᠤᠷᠠᠯ ᠲᠡᠭᠡᠷ᠎ᠡ᠂ ᠠᠵᠠ ᠪᠠᠷ ᠨᠢᠬᠡᠨ ᠦᠶ᠎ᠠ ᠶᠢᠨ ᠮᠤᠩᠭᠤᠯ ᠰᠤᠶᠤᠯ᠂ ᠰᠤᠷᠭᠠᠨ ᠬᠦᠮᠦᠵᠢᠯ ᠤᠨ ᠵᠢᠳᠬᠦᠯᠳᠡᠨ᠂ ᠨᠢᠬᠡᠨ ᠦᠶ᠎ᠠ ᠶᠢᠨ ᠮᠤᠩᠭᠤᠯ ᠰᠤᠳᠤᠯᠤᠯ ᠤᠨ ᠠᠪᠤᠷᠭᠤ᠂ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠫᠷᠤᠹᠧᠰᠰᠤᠷ ᠴ᠊᠂ ᠬᠡᠰᠢᠭᠳᠦᠭ᠌ᠳᠠᠬᠤ ᠪᠠᠭᠰᠢ ᠯᠤᠭ᠎ᠠ ᠠᠭᠤᠯᠵᠠᠵᠤ᠂ ᠰᠤᠷᠪᠤᠯᠵᠢᠯᠠᠨ ᠶᠠᠷᠢᠯᠴᠠᠬᠰᠠᠨ ᠢᠶᠠᠨ ᠠᠳᠡ ᠤᠯᠵᠠᠭᠤᠷᠬᠠᠨ ᠲᠡᠮᠳᠡᠭᠯᠡᠵᠤ ᠤᠩᠰᠢᠬᠴᠢ ᠤᠯᠠᠨ ᠲᠠᠢ ᠪᠠᠨ ᠬᠤᠪᠢᠶᠠᠯᠴᠠᠵᠤ ᠪᠠᠶᠢᠨ᠎ᠠ᠃        ᠰᠤᠷᠪᠤᠯᠵᠢᠯᠬᠠᠴᠢ᠄ ᠪᠠᠭᠰᠢᠳᠠᠨ ᠲᠠ᠂ 40 ᠭᠠᠷᠤᠢ ᠵᠢᠯ ᠤᠨ ᠲᠤᠵᠢ ᠭᠤᠤᠯᠳᠠᠭᠤ ᠮᠤᠩᠭᠤᠯ ᠤᠨ ᠡᠷᠳᠡᠨ ᠤ ᠤᠳᠬ᠎ᠠ ᠵᠤᠬᠢᠶᠠᠯ᠂ ᠮᠤᠩᠭᠤᠯ ᠰᠤᠷᠪᠤᠯᠵᠢ ᠪᠢᠴᠢᠭ᠂ ᠮᠤᠩᠭᠤᠯ ᠤᠨ ᠲᠡᠦᠬᠡ ᠵᠡᠷᠬᠡ ᠴᠢᠭᠯᠡᠯ ᠢᠶᠠᠷ ᠬᠢᠴᠢᠶᠠᠯ ᠬᠦᠮᠦᠵᠢᠯ ᠬᠢᠵᠤ ᠡᠷᠳᠡᠮ ᠰᠢᠨᠵᠢᠯᠡᠬᠡᠨ ᠤ ᠰᠤᠳᠤᠯᠤᠯ ᠳᠤ ᠮᠠᠷᠠᠶᠢᠵᠤ ᠶᠠᠪᠤᠬᠰᠠᠨ᠃ ᠶᠠᠭᠤᠨ ᠤ ᠡᠮᠦᠨ᠎ᠡ ᠮᠤᠩᠭᠤᠯ ᠤᠨ ᠡᠷᠳᠡᠨ ᠤ ᠤᠳᠬ᠎ᠠ ᠵᠤᠬᠢᠶᠠᠯ ᠵᠢᠴᠢ ᠲᠡᠬᠦᠨ ᠤ ᠵᠢᠭᠠᠨ ᠰᠤᠷᠭᠠᠯᠳᠠ ᠶᠢᠨ ᠲᠤᠬᠠᠢ ᠲᠠᠨ ᠤ ᠦᠵᠡᠯᠳᠠ ᠪᠠᠨ ᠶᠠᠷᠢᠭᠠᠳ ᠦᠬᠦᠨᠡᠦ︖        ᠴ᠊᠂ ᠬᠡᠰᠢᠭᠳᠦᠭ᠌ᠳᠠᠬᠤ᠄ ᠮᠢᠨᠦ ᠪᠠᠷ᠂ 1977 ᠤᠨ ᠠᠴᠠ ᠡᠬᠢᠯᠡᠨ ᠲᠦᠪ ᠤᠨ ᠦᠨᠳᠦᠰᠦᠳᠡᠨ ᠤ ᠲᠡᠬᠡᠳᠤ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠲᠤᠰᠬᠠᠢ ᠮᠡᠷᠬᠡᠵᠢᠯ ᠤᠨ ᠤᠶᠤᠳᠠᠳ ᠲᠤ ᠮᠤᠩᠭᠤᠯ ᠤᠨ ᠡᠷᠳᠡᠨ ᠤ ᠤᠳᠬ᠎ᠠ ᠵᠤᠬᠢᠶᠠᠯ ᠤᠨ ᠬᠢᠴᠢᠶᠡᠯ ᠢ ᠵᠢᠭᠠᠵᠤ ᠡᠬᠢᠯᠡᠬᠦ ᠦᠶ᠎ᠠ ᠳᠤ ᠤᠶᠤᠳᠠᠳ ᠤᠨ ᠠᠩᠬᠠᠷᠤᠯ ᠢ ᠮᠠᠰᠢ ᠶᠡᠭᠡ ᠲᠠᠳᠠᠵᠤ ᠪᠠᠶᠢᠬᠰᠠᠨ ᠪᠦᠬᠡᠳ ᠬᠢᠴᠢᠶᠡᠯ ᠬᠦᠮᠦᠵᠢᠯ ᠤᠨ ᠪᠠ ᠡᠷᠳᠡᠮ ᠰᠢᠨᠵᠢᠯᠡᠬᠡᠨ ᠤ ᠠᠵᠢᠯ ᠴᠤ ᠬᠠᠷᠢᠴᠠᠩᠭᠤᠢ ᠪᠠᠷ ᠴᠢᠯᠦᠬᠡᠳᠡᠢ ᠪᠠᠶᠢᠯ᠎ᠠ᠃ ᠮᠤᠩᠭᠤᠯ ᠤᠨ ᠡᠷᠳᠡᠨ ᠤ ᠤᠷᠠᠨ ᠵᠤᠬᠢᠶᠠᠯ ᠤᠨ ᠵᠢᠭᠠᠨ ᠰᠤᠷᠭᠠᠯᠳᠠ ᠬᠡᠵᠤ ᠬᠡᠯᠡᠪᠡᠯ᠂ ᠤᠳᠤ ᠵᠦᠪᠬᠡᠨ ᠶᠡᠭᠡ ᠰᠤᠷᠭᠠᠭᠤᠯᠢ ᠶᠢᠨ ᠤᠶᠤᠳᠠᠳ ᠲᠤ ᠵᠢᠭᠠᠬᠤ ᠬᠡᠯᠪᠡᠷᠢ ᠪᠠᠷ ᠶᠠᠪᠤᠬᠳᠠᠵᠤ ᠪᠠᠶᠢᠨ᠎ᠠ᠃ ᠲᠡᠬᠦᠨ ᠠᠴᠠ ᠭᠠᠳᠠᠨ᠎ᠠ ᠮᠤᠩᠭᠤᠯ ᠡᠷᠳᠡᠨ ᠤ ᠤᠷᠠᠨ ᠵᠤᠬᠢᠶᠠᠯ ᠢᠶᠠᠨ ᠮᠡᠳᠡᠵᠤ ᠤᠷᠤᠯᠳᠤᠳᠠᠭ ᠬᠦᠮᠦᠨ ᠲᠤᠩ ᠴᠦᠬᠡᠨ ᠃ ᠴᠢᠨᠡᠬᠰᠢᠯᠡᠪᠠᠯ᠂ ᠵᠠᠷᠢᠮ ᠬᠦᠮᠦᠨ ᠮᠤᠩᠭᠤᠯᠴᠤᠳ ᠡᠷᠳᠡᠨ ᠳᠡᠭᠡᠨ ᠤᠷᠠᠨ ᠵᠤᠬᠢᠶᠠᠯ ᠬᠡᠵᠤ ᠪᠠᠶᠢᠬᠰᠠᠨ ᠦᠬᠡᠢ᠂ ᠪᠠᠶᠢᠬᠰᠠᠨ ᠴᠤ ᠲᠦᠪᠡᠳ ᠠᠴᠠ ᠪᠤᠶᠤ ᠬᠢᠳᠡᠳ ᠠᠴᠠ ᠤᠷᠴᠢᠭᠤᠯᠤᠬᠰᠠᠨ ᠬᠡᠬᠦ ᠪᠤᠷᠤᠭᠤ ᠤᠢᠢᠯᠠᠭᠠᠯᠳᠠ ᠲᠠᠢ ᠪᠠᠶᠢᠵᠠᠢ ᠃ ᠦᠨᠡᠨ ᠳᠡᠭᠡᠨ᠂ ᠮᠤᠩᠭᠤᠯ ᠤᠨ ᠡᠷᠳᠡᠨ ᠤ ᠪᠢᠴᠢᠭ ᠤᠨ ᠰᠢᠯᠦᠭ ᠪᠠ ᠠᠮᠠᠨ ᠢᠷᠠᠭᠤ ᠨᠠᠶᠢᠷᠠᠭ ᠤᠨ ᠪᠦᠳᠦᠬᠡᠯ ᠤᠳ ᠲᠡᠯ᠎ᠠ ᠶᠢᠨ ᠴᠡᠴᠡᠭ ᠰᠢᠭ ᠤᠯᠠᠨ ᠲᠠᠯᠠᠢ ᠪᠠᠶᠠᠨ ᠪᠠᠶᠢᠳᠠᠭ᠃ ᠲᠡᠶᠢᠮᠦ ᠮᠦᠷᠳᠡᠬᠡᠨ ᠤᠷᠠᠨ ᠵᠤᠬᠢᠶᠠᠯ ᠤᠨ ᠲᠦᠷᠦᠯ ᠵᠦᠢᠯ ᠤᠳ ᠤᠨ ᠲᠤᠳᠤᠷ᠎ᠠ ᠰᠢᠯᠦᠭ ᠤᠨ ᠦᠨᠳᠤᠰᠦᠳᠡᠨ ᠤ ᠦᠩᠬᠡ ᠤᠨᠴᠠᠯᠢᠭ ᠬᠠᠮᠤᠭ ᠤᠨ ᠬᠤᠷᠴᠡ ᠬᠡᠬᠡᠨ ᠪᠠᠶᠢᠳᠠᠭ᠃        ᠦᠨᠳᠦᠰᠦᠳᠡᠨ ᠤ ᠪᠠᠨ ᠰᠤᠶᠤᠯ ᠤᠨ ᠦᠪ ᠤᠨ ᠲᠤᠮᠳᠠᠬᠢ ᠡᠨᠡ ᠬᠦ ᠬᠡᠷᠡᠯᠳᠤ ᠰᠤᠪᠤᠳ ᠢᠶᠠᠨ ᠡᠷᠬᠢᠮᠯᠡᠨ ᠨᠠᠨᠳᠢᠩᠨᠠᠵᠤ᠂ ᠬᠡᠷᠡᠯ ᠬᠢᠯᠪᠠᠭ᠎ᠠ ᠶᠢ ᠨᠢ ᠡᠬᠦᠷᠢᠳᠡ ᠰᠠᠴᠤᠷᠠᠭᠤᠯᠤᠨ ᠶᠠᠪᠤᠬᠤ ᠨᠢ ᠮᠠᠨ ᠤ ᠰᠢᠯᠦᠭᠴᠢᠳ᠂ ᠮᠠᠨ ᠤ ᠤᠳᠬ᠎ᠠ ᠵᠤᠬᠢᠶᠠᠯᠴᠢᠳ ᠤᠨ ᠠᠷᠢᠭᠤᠨ ᠲᠠᠷᠬᠠᠨ ᠡᠬᠦᠷᠬᠡ ᠪᠤᠯᠤᠨ᠎ᠠ ᠬᠡᠳᠡᠭ ᠢ ᠬᠦᠨ ᠮᠡᠳᠡᠪᠠᠰᠤ ᠵᠤᠬᠢᠨ᠎ᠠ᠃ ᠲᠡᠶᠢᠮᠦ ᠮᠦᠷᠳᠡᠬᠡᠨ ᠪᠢᠳᠡ ᠮᠤᠩᠭᠤᠯ ᠤᠨ ᠡᠷᠳᠡᠨ ᠤ ᠰᠢᠯᠦᠭ ᠢᠶᠠᠨ ᠰᠤᠷᠴᠤ ᠰᠤᠳᠤᠯᠬᠤ ᠬᠡᠷᠡᠭᠳᠡᠢ᠃ ᠢᠩᠬᠢᠪᠠᠯ ᠰᠠᠶ᠋ᠢ ᠪᠢᠳᠡ ᠲᠡᠬᠦᠨ ᠢ ᠤᠯᠠᠮᠵᠢᠯᠠᠨ ᠠᠪᠴᠤ ᠤᠯᠠᠮ ᠴᠢᠨᠠᠬᠰᠢᠳᠠ ᠬᠦᠭᠵᠢᠬᠦᠯᠵᠤ ᠴᠢᠳᠠᠨ᠎ᠠ᠃ ᠵᠠᠷᠢᠮ ᠰᠢᠯᠦᠭᠴᠢᠡ ᠵᠠᠷᠢᠮ ᠰᠤᠳᠤᠯᠤᠬᠴᠢᠳ᠂ ᠮᠤᠩᠭᠤᠯ ᠰᠢᠯᠦᠭ ᠢ ᠪᠢᠴᠢᠬᠦ ᠳᠡᠭᠡᠨ ᠰᠤᠳᠤᠯᠬᠤ ᠳᠠᠭᠠᠨ᠂ ᠤᠷᠢᠳ ᠢᠶᠠᠷ ᠪᠤᠰᠤᠳ ᠦᠨᠳᠦᠰᠦᠳᠡᠨ ᠤ ᠪᠤᠶᠤ ᠪᠤᠰᠤᠳ ᠤᠯᠤᠰ ᠤᠷᠤᠨ ᠤ ᠰᠢᠯᠦᠭ ᠠᠴᠠ ᠡᠬᠢᠯᠡᠨ ᠰᠤᠷᠴᠤ ᠰᠤᠳᠤᠯᠳᠠᠭ ᠪᠠᠶᠢᠯ᠎ᠠ᠂ ᠡᠨᠡ ᠨᠢ ᠶᠠᠷᠢᠶᠠᠨ ᠦᠬᠡᠢ ᠪᠤᠷᠤᠭᠤ ᠪᠢᠰᠢ᠂ ᠡᠯ᠎ᠡ ᠦᠨᠳᠦᠰᠦᠳᠡᠨ ᠤ ᠰᠢᠯᠦᠭ ᠵᠤᠬᠢᠶᠠᠯ ᠢ ᠬᠠᠷᠢᠴᠠᠭᠤᠯᠤᠨ ᠰᠤᠳᠤᠯᠬᠤ ᠨᠢ ᠮᠠᠰᠢ ᠴᠢᠬᠤᠯᠠ᠂ ᠬᠡᠬᠦ ᠳᠡᠭᠡᠨ ᠦᠪᠡᠷ ᠤᠨ ᠦᠨᠳᠦᠰᠦᠳᠡᠨ ᠤ ᠪᠠᠨ ᠰᠢᠯᠦᠭ ᠵᠤᠬᠢᠶᠠᠯ ᠤᠨ ᠤᠯᠠᠮᠵᠢᠯᠠᠯ ᠦᠨᠳᠦᠰᠦ ᠶᠢ ᠮᠡᠳᠡᠭᠰᠡᠨ ᠪᠠᠶᠢᠬᠤ ᠬᠡᠷᠡᠭᠳᠡᠢ᠃        ᠤᠳᠤᠬᠠᠨ ᠤ ᠪᠠᠶᠢᠳᠠᠯ ᠠᠴᠠ ᠦᠵᠡᠪᠡᠯ᠂ ᠮᠤᠩᠭᠤᠯ ᠡᠷᠳᠡᠨ ᠤ ᠰᠢᠯᠦᠭ ᠵᠤᠬᠢᠶᠠᠯ ᠤᠨ ᠵᠢᠭᠠᠨ ᠰᠤᠷᠭᠠᠯᠳᠠ ᠳᠤ ᠤᠯᠠᠨ ᠠᠰᠠᠭᠤᠳᠠᠯ ᠢ ᠰᠢᠢᠳᠪᠦᠷᠢᠯᠡᠬᠦ ᠴᠢᠬᠤᠯᠠᠳᠠᠢ ᠪᠠᠶᠢᠨ᠎ᠠ᠃ ᠡᠬᠦᠨ ᠳᠤ ᠨᠠᠭᠠᠳᠤ ᠵᠠᠬ᠎ᠠ ᠶᠢᠨ ᠠᠵᠢᠯ ᠪᠤᠯᠬᠤ ᠡᠷᠳᠡᠨ ᠤ ᠰᠢᠯᠦᠭ ᠵᠤᠬᠢᠶᠠᠯ ᠢ ᠡᠮᠬᠢᠳᠬᠡᠵᠤ ᠲᠡᠬᠦᠪᠦᠷᠢᠯᠡᠵᠤ ᠭᠠᠷᠭᠠᠬᠤ ᠠᠵᠢᠯ ᠴᠤ ᠮᠠᠰᠢ ᠬᠤᠴᠤᠷᠤᠩᠭᠤᠢ ᠪᠠᠶᠢᠨ᠎ᠠ᠃ ᠮᠤᠩᠭᠤᠯ ᠤᠷᠠᠨ ᠵᠤᠬᠢᠶᠠᠯ ᠤᠨ ᠡᠮᠬᠢᠳᠬᠡᠯ ᠪᠢᠴᠢᠭ ᠤᠳ ᠠᠴᠠ ︽ᠵᠠᠭᠤᠨ ᠪᠢᠯᠢᠭ︾ ᠬᠡᠬᠦ ᠡᠮᠬᠢᠳᠭᠡᠯ ᠪᠤᠯ ᠬᠠᠮᠤᠭ ᠤᠨ ᠲᠤᠮᠤ ᠲᠤᠷᠪᠢᠳᠠᠢ ᠪᠦᠳᠦᠬᠡᠯ ᠪᠤᠯᠤᠨ᠎ᠠ᠃ ᠬᠡᠬᠦ ᠳᠡᠭᠡᠨ ᠮᠤᠩᠭᠤᠯ ᠤᠨ ᠡᠷᠳᠡᠨ ᠤ ᠤᠷᠠᠨ ᠵᠤᠬᠢᠶᠠᠯ ᠤᠨ ᠲᠡᠬᠦᠪᠦᠷᠢ ᠡᠮᠬᠢᠳᠬᠡᠯ ᠨᠡᠩ ᠴᠢᠨᠠᠬᠰᠢᠳᠠ ᠬᠦᠨᠵᠡᠬᠡᠶᠢᠷᠡᠭᠡ ᠦᠬᠡᠢ ᠪᠠᠶᠢᠬᠰᠠᠭᠠᠷ᠃ ᠲᠡᠬᠢᠪᠡᠯ᠂ ᠡᠷᠳᠡᠨ ᠤ ᠤᠳᠬ᠎ᠠ ᠵᠤᠬᠢᠶᠠᠯ᠂ ᠡᠷᠳᠡᠨ ᠤ ᠮᠤᠩᠭᠤᠯ ᠬᠡᠯᠡ ᠵᠡᠷᠬᠡ ᠰᠠᠶᠢᠳᠤᠷ ᠰᠤᠳᠤᠯᠤᠭᠳᠠᠭ᠎ᠠ ᠦᠬᠡᠢ ᠬᠢᠴᠢᠶᠠᠯ ᠲᠦᠷᠦᠯ ᠳᠤ ᠠᠪᠴᠤ ᠬᠡᠯᠡᠪᠡᠯ᠂ ᠡᠷᠬᠡᠪᠰᠢ ᠵᠢᠭᠠᠬᠤ ᠪᠠ ᠰᠤᠳᠤᠯᠬᠤ ᠶᠢ ᠨᠢᠬᠳᠠ ᠤᠶᠠᠯᠳᠤᠭᠤᠯᠬᠤ ᠬᠡᠷᠡᠭᠳᠡᠢ᠂ ᠰᠠᠶᠢᠨ ᠰᠤᠳᠤᠯᠬᠤ ᠦᠬᠡᠢ ᠪᠤᠯ ᠰᠠᠶᠢᠨ ᠵᠢᠭᠠᠵᠤ ᠴᠢᠳᠠᠬᠤ ᠦᠬᠡᠢ᠃ ᠡᠷᠳᠡᠨ ᠤ ᠮᠤᠩᠭᠤᠯ ᠤᠷᠠᠨ ᠵᠤᠬᠢᠶᠠᠯ ᠤᠨ ᠤᠷᠠᠯᠢᠭ ᠤᠨ ᠤᠨᠴᠠᠯᠢᠭ᠂ ᠤᠷᠠᠨ ᠰᠠᠶᠢᠬᠠᠨ ᠤ ᠭᠤᠸ᠎ᠠ ᠲᠠᠭᠠᠰᠢᠶᠠᠯ ᠵᠡᠷᠬᠡ ᠶᠢ ᠨᠠᠷᠢᠨ ᠰᠤᠳᠤᠯᠵᠤ ᠤᠳᠤ ᠶᠢᠨ ᠵᠤᠬᠢᠶᠠᠨ ᠪᠦᠳᠦᠬᠡᠯᠬᠡ ᠳᠤ ᠶᠠᠭᠠᠬᠢᠵᠤ ᠠᠰᠢᠬᠯᠠᠵᠤ ᠦᠢᠯᠡᠴᠢᠯᠡᠬᠦᠯᠳᠡᠭ ᠪᠤᠢ ᠬᠡᠬᠦ ᠲᠠᠯ᠎ᠠ ᠪᠠᠷ ᠴᠦᠮ ᠬᠤᠭᠤᠰᠤᠨ ᠪᠠᠶᠢᠨ᠎ᠠ ᠬᠡᠵᠤ ᠬᠡᠯᠡᠵᠤ ᠪᠤᠯᠤᠨ᠎ᠠ᠃        ᠰᠤᠷᠪᠤᠯᠵᠢᠯᠠᠬᠴᠢ᠄ ᠮᠡᠳᠡᠬᠡᠵᠢ᠂ ᠲᠡᠨ ᠤ 1985 ᠤᠨ ᠳᠤ ᠨᠠᠶᠢᠷᠠᠭᠤᠯᠤᠨ ᠬᠡᠪᠯᠡᠬᠦᠯᠦᠭᠰᠡᠨ ︽ᠡᠷᠳᠡᠨ ᠤ ᠮᠤᠩᠭᠤᠯ ᠰᠢᠯᠦᠭ ᠤᠨ ᠲᠡᠬᠦᠪᠦᠷᠢ︾ ᠪᠤᠯ ᠡᠷᠳᠡᠨ ᠤ ᠮᠤᠩᠭᠤᠯ ᠰᠢᠯᠦᠭ ᠤᠨ ᠠᠩᠬᠠᠳᠠᠬᠴᠢ ᠨᠠᠷᠢᠨ ᠵᠡᠬᠦᠯᠳᠡ ᠲᠠᠶᠢᠯᠪᠤᠷᠢᠳᠤ ᠲᠡᠬᠦᠪᠦᠷᠢ ᠪᠤᠯᠬᠤ ᠪᠦᠬᠡᠳ ᠤᠳᠤ ᠴᠤ ᠬᠡᠰᠡᠨ ᠡᠷᠳᠡᠮ ᠰᠢᠨᠵᠢᠯᠡᠬᠡᠨ ᠤ ᠬᠢᠨ ᠳᠤ ᠦᠨᠳᠦᠷ ᠦᠨᠡᠯᠡᠭᠳᠡᠭᠰᠡᠬᠡᠷ ᠪᠠᠶᠢᠨ᠎ᠠ᠃ ᠡᠨᠡ ᠲᠤᠬᠠᠢ ᠡᠷᠬᠢᠴᠡᠬᠦᠯᠪᠡᠯ︖        ᠴ᠊ · ᠬᠡᠰᠢᠭᠳᠦᠬᠳᠠᠬᠤ᠄ ᠡᠷᠳᠡᠨ ᠤ ᠮᠤᠩᠭᠤᠯ ᠰᠢᠯᠦᠭ ᠢ ᠶᠠᠭᠠᠬᠢᠵᠤ ᠰᠤᠷᠴᠤ ᠰᠤᠳᠤᠯᠬᠤ ᠪᠤᠢ︖ ᠬᠡᠪᠡᠯ ᠂ ᠶᠠᠭᠤᠨ ᠤ ᠡᠮᠦᠨ᠎ᠡ ᠡᠷᠳᠡᠨ ᠤ ᠮᠤᠩᠭᠤᠯ ᠰᠢᠯᠦᠭ ᠤᠨ ᠡᠮᠬᠢᠳᠬᠡᠯ ᠲᠡᠬᠦᠪᠦᠷᠢ ᠭᠠᠷᠭᠠᠵᠤ ᠬᠦᠮᠦᠰ ᠲᠤ ᠤᠩᠰᠢᠬᠤ ᠶᠠᠭᠤᠮ᠎ᠠ ᠲᠠᠢ ᠪᠤᠯᠭᠠᠬᠤ ᠬᠡᠷᠡᠭᠳᠡᠢ᠃ ᠬᠢᠳᠡᠳ ᠤᠨ ᠬᠠᠮᠤᠭ ᠤᠨ ᠡᠷᠳᠡᠨ ᠤ ᠰᠢᠯᠦᠭ ᠤᠨ ᠲᠡᠬᠦᠪᠦᠷᠢ ᠪᠤᠯᠬᠤ ︽ᠰᠢᠯᠦᠭᠯᠡᠯᠳᠤ ᠨᠤᠮ︾ ᠪᠤᠯ ᠨᠠᠶᠢᠳᠠ ᠶᠢᠨ ᠤᠨ ᠲᠤᠭᠠᠯᠠᠯ ᠠᠴᠠ ᠡᠮᠦᠨ᠎ᠡ 6 ᠳ᠋ᠤᠭᠠᠷ ᠵᠠᠭᠤᠨ ᠤ ᠲᠤᠮᠳᠡᠴᠢ ᠦᠶ᠎ᠠ ᠪᠠᠷ ᠪᠤᠢ ᠪᠤᠯᠵᠠᠢ᠃ ᠲᠡᠷᠡ ᠲᠡᠬᠦᠪᠦᠷᠢ ᠳᠤ 305 ᠰᠢᠯᠦᠭ ᠤᠷᠤᠬᠰᠨᠨ ᠪᠠᠶᠢᠪᠠ᠃ ᠡᠨᠡᠳᠬᠡᠭ ᠤᠨ ᠬᠠᠮᠤᠭ ᠤᠨ ᠡᠷᠳᠡᠨ ᠤ ᠰᠢᠯᠦᠭ ᠤᠨ ᠲᠡᠬᠦᠪᠦᠷᠢ ᠪᠤᠯ ᠨᠠᠶᠢᠳᠠ ᠶᠢᠨ ᠤᠨ ᠲᠤᠭᠠᠯᠠᠯ ᠠᠴᠠ ᠡᠮᠦᠨ᠎ᠡ ᠮᠢᠩᠭ᠎ᠠ ᠭᠠᠷᠤᠢ ᠵᠢᠯ ᠤᠨ ᠦᠶ᠎ᠠ ᠳᠤ ᠨᠤᠮ ᠪᠤᠯᠵᠤ᠂ ᠨᠡᠶᠢᠳᠡ 1017 ᠰᠢᠯᠦᠭ ᠲᠠᠢ᠃ ᠮᠤᠩᠭᠤᠯ ᠦᠨᠳᠦᠰᠦᠳᠡᠨ ᠡᠷᠳᠡᠨ ᠠᠴᠠ ᠠᠪᠤᠭᠠᠳ ᠨᠡᠬᠦᠳᠡᠯᠴᠢᠨ ᠦᠨᠳᠦᠰᠦᠳᠡᠨ ᠲᠤᠯᠠ ᠲᠠᠶᠢᠮᠦ ᠡᠷᠳᠡᠨ ᠤ ᠰᠢᠯᠦᠭ ᠤᠨ ᠲᠡᠬᠦᠪᠦᠷᠢ ᠨᠦᠭᠦᠳ ᠢ ᠦᠯᠡᠳᠡᠬᠡᠭᠰᠡᠨ ᠦᠬᠡᠢ᠃        ᠡᠷᠳᠡᠨ ᠤ ᠰᠢᠯᠦᠭ ᠢ ᠡᠮᠬᠢᠳᠬᠡᠵᠤ ᠲᠡᠬᠦᠪᠦᠷᠢᠯᠡᠵᠤ ᠭᠠᠷᠭᠠᠬᠤ ᠨᠢ ᠰᠤᠷᠴᠤ ᠰᠤᠳᠤᠯᠬᠤ ᠶᠢᠨ ᠪᠡᠯᠡᠳᠬᠡᠯ ᠠᠵᠢᠯ ᠲᠠᠳᠦᠢ᠃ ᠬᠠᠷᠢᠨ ᠲᠡᠬᠦᠨ ᠢ ᠰᠤᠷᠴᠤ ᠰᠤᠳᠤᠯᠬᠤ ᠶᠢᠨ ᠨᠢᠬᠡᠳᠦᠬᠡᠷ ᠠᠯᠬᠤᠮ ᠪᠤᠯ ᠡᠷᠳᠡᠨ ᠤ ᠰᠢᠯᠦᠭ ᠤᠨ ᠦᠬᠡ ᠦᠬᠦᠯᠡᠪᠦᠷᠢ ᠶᠢᠨ ᠲᠤᠬᠠᠢ ᠨᠠᠷᠢᠨ ᠵᠡᠬᠦᠯᠳᠡ ᠲᠠᠶᠢᠯᠪᠦᠷᠢ ᠬᠢᠬᠦ ᠶᠠᠪᠤᠳᠠᠯ ᠪᠤᠯᠤᠨ᠎ᠠ᠃ ᠠᠯᠢᠪᠠ ᠤᠷᠠᠨ ᠵᠤᠬᠢᠶᠠᠯ ᠤᠨ ᠪᠦᠳᠦᠬᠡᠯ ᠤᠳ ᠢ ᠠᠭᠤᠯᠭ᠎ᠠ ᠪᠡ ᠬᠡᠯᠪᠡᠷᠢ ᠬᠤᠶᠠᠷ ᠲᠠᠯ᠎ᠡ ᠠᠴᠠ ᠰᠤᠳᠤᠯᠳᠠᠭ᠃ ᠠᠭᠤᠯᠭ᠎ᠠ ᠶᠢ ᠨᠢ ᠵᠦᠪ ᠬᠦᠨᠵᠡᠬᠡᠢ ᠤᠢᠢᠯᠠᠭᠠᠵᠤ ᠲᠠᠶᠢᠯᠪᠠᠯ ᠰᠠᠶ᠋ᠢ ᠲᠡᠬᠦᠨ ᠤ ᠬᠡᠯᠪᠡᠷᠢ ᠶᠢ ᠨᠢ ᠬᠦᠨᠵᠡᠬᠡᠢ ᠲᠠᠶᠢᠯᠪᠤᠷᠢᠯᠠᠵᠤ ᠴᠢᠳᠠᠨ᠎ᠠ᠃ ᠰᠢᠯᠦᠭ ᠤᠨ ᠠᠭᠤᠯᠭ᠎ᠠ ᠶᠢ ᠤᠢᠢᠯᠠᠭᠠᠬᠤ ᠳᠤ ᠡᠷᠬᠡᠪᠰᠢ ᠦᠬᠡ ᠨᠢᠬᠡᠪᠦᠷᠢ ᠶᠢ ᠵᠦᠪ ᠤᠢᠢᠯᠠᠭᠠᠵᠤ ᠮᠡᠳᠡᠭᠰᠠᠨ ᠪᠠᠶᠢᠬᠤ ᠬᠡᠷᠡᠭᠳᠡᠢ᠃ ᠢᠢᠮᠦ ᠠᠴᠠ ᠨᠠᠷᠢᠨ ᠵᠦᠪ ᠵᠡᠬᠦᠯᠳᠡ ᠲᠠᠶᠢᠯᠪᠤᠷᠢ ᠬᠢᠬᠦ ᠨᠢ ᠲᠤᠩ ᠴᠢᠬᠤᠯᠠ᠃        ᠦᠨᠡᠨ ᠳᠡᠭᠡᠨ᠂ ᠵᠡᠬᠦᠯᠳᠡ ᠲᠠᠶᠢᠯᠪᠦᠷᠢ ᠶᠢᠨ ᠠᠵᠢᠯ ᠪᠤᠯ ᠨᠢᠬᠡᠨ ᠲᠤᠰᠬᠠᠢ ᠰᠤᠳᠤᠯᠤᠯ ᠮᠦᠨ᠃ ᠡᠷᠳᠡᠨ ᠤ ᠪᠤᠯᠪᠠᠰᠤᠨ ᠰᠤᠶᠤᠯ ᠲᠠᠢ ᠵᠠᠷᠢᠮ ᠦᠨᠳᠦᠰᠦᠳᠡᠨ ᠨᠦᠭᠦᠳ ᠵᠡᠬᠦᠯᠳᠡ ᠲᠠᠶᠢᠯᠪᠤᠷᠢ ᠶᠢᠨ ᠰᠤᠳᠤᠯᠤᠯ ᠤᠨ ᠲᠠᠯ᠎ᠠ ᠪᠠᠷ ᠨᠢᠬᠡᠨᠳᠡ ᠬᠡᠳᠦᠨ ᠵᠠᠭᠤᠨ ᠵᠢᠯ ᠤᠨ᠂ ᠴᠢᠨᠠᠬᠰᠢᠯᠠᠪᠠᠯ ᠮᠢᠩᠭᠠᠭᠠᠳ ᠵᠢᠯ ᠤᠨ ᠲᠡᠦᠬᠡ ᠲᠠᠢ ᠪᠤᠯᠵᠠᠢ᠃ ᠡᠨᠡ ᠲᠠᠯ᠎ᠠ ᠪᠠᠷ ᠪᠢᠳᠡ ᠪᠠᠰᠠ ᠬᠤᠴᠤᠷᠤᠩᠭᠤᠢ ᠪᠠᠶᠢᠬᠰᠠᠭᠠᠷ ᠶᠤᠮ᠃ ᠲᠤᠷᠤᠨᠠᠳᠢᠪ᠂ ᠯᠢᠦ ᠶᠢᠨ ᠰᠦᠸᠧ᠂ ᠴᠦᠢᠵᠢ᠂ ᠦᠯᠵᠡᠶᠢᠳᠤ᠂ ‍ᠪ ᠊ · ᠪᠠᠭᠠᠨ᠎ᠠ ᠨᠡᠷ ︽ᠮᠤᠩᠭᠤᠯ ᠤᠨ ᠨᠢᠭᠤᠴᠡ ᠲᠤᠪᠴᠢᠶᠠᠨ︾᠂ ︽ᠡᠷᠳᠡᠨᠢ ᠶᠢᠨ ᠲᠤᠪᠴᠢ︾᠂ ︽ᠴᠠᠭᠠᠨ ᠲᠡᠦᠬᠡ︾᠂ ︽ᠭᠠᠩᠭ᠎ᠠ ᠶᠢᠨ ᠤᠷᠤᠰᠬᠠᠯ︾᠂ ︽ᠰᠢᠷ᠎ᠠ ᠲᠤᠭᠤᠵᠢ︾᠂ ︽ᠠᠰᠠᠷᠠᠬᠴᠢ ᠨᠡᠷᠡᠳᠤ ᠶᠢᠨ ᠲᠡᠦᠬᠡ︾ ᠵᠡᠷᠬᠡ ᠲᠤᠯᠭᠤᠷ ᠪᠢᠴᠢᠭ ᠤᠳ ᠢ ᠲᠡᠦᠬᠡᠨ ᠰᠤᠳᠤᠯᠤᠯ ᠤᠨ ᠵᠡᠬᠦᠯᠳᠡ ᠬᠢᠵᠤ ᠬᠡᠪᠯᠡᠬᠦᠯᠪᠡ᠃ ᠲᠤᠪᠤ ︽ᠤᠢᠢᠭᠤᠷᠵᠢᠨ ᠮᠤᠩᠭᠤᠯ ᠦᠰᠦᠭ ᠤᠨ ᠲᠤᠷᠠᠰᠬᠠᠯᠳᠤ ᠪᠢᠴᠢᠭ ᠤᠳ︾ ᠢ ᠬᠡᠪᠯᠡᠬᠦᠯᠪᠡ᠃ ᠡᠨᠡ ᠪᠤᠯ ᠶᠡᠭᠡ ᠠᠮᠵᠢᠯᠳᠠ ᠮᠦᠨ᠃ ᠬᠡᠪᠡᠴᠦ ᠬᠡᠯᠡ ᠰᠢᠨᠵᠢᠯᠡᠯ᠂ ᠤᠷᠠᠨ ᠵᠤᠬᠢᠶᠠᠯ᠂ ᠵᠠᠩ ᠦᠢᠯᠡ᠂ ᠱᠠᠰᠢᠨ᠂ ᠬᠦᠨ ᠤᠬᠠᠭᠠᠨ ᠵᠡᠷᠬᠡ ᠤᠯᠠᠨ ᠰᠤᠳᠤᠯᠤᠯ ᠤᠨ ᠴᠢᠨᠡᠷ ᠪᠦᠬᠦᠢ ᠨᠠᠷᠢᠨ ᠵᠡᠬᠦᠯᠳᠡ ᠲᠠᠶᠢᠯᠪᠦᠷᠢ ᠲᠠᠢ ᠲᠡᠦᠬᠡ ᠤᠷᠠᠨ ᠵᠤᠬᠢᠶᠠᠯ ᠤᠳ ᠤᠨ ᠪᠦᠳᠦᠬᠡᠯ ᠪᠠᠷᠤᠭ ᠭᠠᠷᠤᠭᠠᠳᠤᠢ᠃ ᠡᠨᠡᠬᠦ ᠬᠦᠨᠳᠤ ᠬᠡᠴᠡᠬᠦᠦ ᠲᠡᠦᠬᠡ ᠶᠢᠨ ᠡᠬᠦᠷᠬᠡ ᠮᠤᠩᠭᠤᠯ ᠰᠤᠳᠤᠯᠤᠯ ᠤᠨ ᠡᠷᠳᠡᠮᠳᠡᠳ ᠢ ᠬᠦᠯᠢᠶᠡᠬᠡᠳ ᠤᠨ ᠤᠳᠠᠵᠠᠢ᠃ ᠢᠯᠠᠩᠭᠤᠶ᠎ᠠ ᠶᠡᠭᠡ ᠲᠡᠬᠡᠳᠤ ᠰᠤᠷᠭᠠᠭᠤᠯᠢ ᠨᠤᠭᠤᠳ ᠤᠨ ᠮᠤᠩᠭᠤᠯ ᠬᠡᠯᠡ ᠤᠳᠬ᠎ᠠ ᠵᠤᠬᠢᠶᠠᠯ ᠤᠨ ᠲᠤᠰᠬᠠᠢ ᠮᠡᠷᠬᠡᠵᠢᠯ ᠤᠨ ᠤᠶᠤᠳᠠᠳ ᠲᠤ ᠨᠠᠷᠢᠨ ᠵᠡᠬᠦᠯᠳᠡ ᠲᠡᠶᠢᠯᠪᠦᠷᠢ ᠪᠦᠬᠦᠢ ᠡᠷᠳᠡᠨ ᠤ ᠰᠢᠯᠦᠭ ᠪᠡ ᠪᠤᠰᠤᠳ ᠲᠦᠷᠦᠯ ᠤᠨ ᠵᠤᠬᠢᠶᠠᠯ ᠤᠨ ᠲᠡᠬᠦᠪᠦᠷᠢ ᠨᠦᠭᠦᠳ ᠨᠠᠩ ᠪᠠᠴᠢᠮ ᠱᠠᠭᠠᠷᠳᠠᠬᠳᠠᠵᠤ ᠪᠠᠶᠢᠨ᠎ᠠ᠃ ᠲᠡᠬᠡᠬᠡᠳ ᠪᠢ ᠡᠨᠡ ᠬᠦ ᠪᠠᠴᠢᠮ ᠬᠡᠷᠡᠭᠴᠡᠭᠡ ᠳᠤ ᠲᠤᠯᠭᠠᠬᠳᠠᠬᠤ ᠳᠠᠭᠠᠨ 1985 ᠤᠨ ᠳᠤ ᠵᠡᠬᠦᠯᠳᠡ ᠲᠠᠶᠢᠯᠪᠤᠷᠢᠳᠤ ︽ᠡᠷᠳᠡᠨ ᠤ ᠰᠢᠯᠦᠭ ᠤᠨ ᠲᠡᠬᠦᠪᠦᠷᠢ︾ ᠶᠢ ᠨᠠᠶᠢᠷᠠᠭᠤᠯᠤᠨ ᠬᠡᠪᠯᠡᠬᠦᠯᠦᠭᠰᠡᠨ ᠶᠤᠮ᠃ ᠤᠳᠤ ᠪᠤᠯᠳᠠᠯ᠎ᠠ ᠴᠤ ᠨᠡᠯᠢᠶᠡᠳ ᠲᠤᠮᠤ ᠬᠡᠪᠴᠢᠶᠡᠨ ᠤ ᠡᠷᠳᠡᠨ ᠤ ᠰᠢᠯᠦᠭ ᠤᠨ ᠲᠡᠬᠦᠪᠦᠷᠢ ᠬᠡᠪᠯᠡᠭᠳᠡᠭᠡ ᠦᠬᠡᠢ ᠪᠠᠶᠢᠭ᠎ᠠ ᠨᠢ ᠲᠤᠩ ᠬᠠᠷᠠᠮᠰᠠᠯᠳᠠᠢ᠃        ᠰᠤᠷᠪᠤᠯᠵᠢᠯᠠᠬᠴᠢ᠄ ᠲᠡᠨ ᠤ ᠡᠷᠳᠡᠮ ᠨᠤᠮ ᠳᠠᠭᠠᠨ ᠢᠮᠠᠬᠳᠠ ᠯᠠᠪᠳᠠᠭᠤᠨ ᠬᠢᠨᠠᠭᠤᠷ᠂ ᠰᠢᠨᠵᠢᠯᠡᠬᠦ ᠤᠬᠠᠭᠠᠨᠴᠢ ᠤᠪᠤᠷ ᠢᠶᠠᠷ ᠵᠢᠳᠬᠦᠵᠤ᠂ ᠤᠯᠠᠨ ᠬᠠᠷᠠᠭᠠᠰᠤ ᠠᠴᠠ ᠶᠡᠷᠦᠩᠬᠡᠶᠢᠯᠡᠨ ᠰᠤᠳᠤᠯᠵᠤ ᠲᠠᠩᠳᠠ ᠰᠢᠨ᠎ᠠ ᠦᠵᠡᠯᠳᠡ ᠲᠤᠷᠠᠳᠳᠠᠭ ᠢᠶᠠᠷ ᠢᠶᠠᠨ ᠲᠡᠬᠡᠷ᠎ᠡ ᠵᠠᠭᠤᠨ ᠤ ᠨᠠᠶᠠᠭᠠᠳ ᠤᠨ ᠠᠴᠠ ᠡᠬᠢᠯᠡᠨ ᠤᠯᠠᠨ ᠤᠯᠤᠰ ᠤᠨ ᠮᠤᠩᠭᠤᠯ ᠰᠤᠳᠤᠯᠤᠯ ᠤᠨ ᠬᠢᠨ ᠳᠤ ᠮᠡᠳᠡᠷᠡᠭᠳᠡᠭᠰᠡᠬᠡᠷ ᠪᠦᠬᠡᠳ ᠦᠨᠳᠦᠷ ᠦᠨᠡᠯᠡᠭᠳᠡᠭᠰᠡᠭᠡᠷ ᠢᠷᠡᠵᠡᠢ᠃ ᠲᠡᠨ ᠤ ᠡᠷᠳᠡᠮ ᠰᠢᠨᠵᠢᠯᠡᠬᠡᠨ ᠤ ᠠᠵᠢᠯ ᠳᠤ ᠰᠢᠨᠵᠢᠯᠡᠬᠦ ᠤᠬᠠᠭᠠᠨᠴᠢ ᠤᠪᠤᠷ ᠢᠶᠠᠷ ᠬᠠᠨᠳᠤᠬᠤ ᠶᠢ ᠪᠠᠷᠢᠮᠳᠠᠯᠠᠬᠰᠠᠭᠠᠷ ᠢᠷᠡᠭᠰᠡᠨ ᠤ ᠬᠦᠴᠦᠨ ᠵᠦᠢᠯ ᠤᠨ ᠤᠨᠳᠤᠷᠤᠯ ᠶᠠᠭᠤ ᠪᠤᠢ︖        ᠴ᠊᠂ ᠬᠡᠰᠢᠭᠳᠦᠭ᠌ᠳᠠᠬᠤ᠄ ᠡᠷᠳᠡᠮ ᠰᠢᠨᠵᠢᠯᠡᠬᠡᠨ ᠤ ᠠᠵᠢᠯ ᠢ ᠶᠠᠷᠢᠶᠠᠨ ᠦᠬᠡᠢ ᠲᠦᠪ ᠴᠢᠩᠭ᠎ᠠ᠂ ᠨᠠᠷᠢᠨ ᠬᠢᠨᠠᠮᠠᠭᠠᠢ᠂ ᠦᠨᠡᠨᠴᠢ ᠰᠢᠳᠤᠷᠭᠤ ᠤᠪᠤᠷ ᠢᠶᠠᠷ ᠲᠡᠷᠤᠢ ᠰᠢᠨᠵᠢᠯᠡᠬᠦ ᠤᠬᠠᠭᠠᠨᠴᠢ ᠤᠪᠤᠷ ᠢᠶᠠᠷ ᠬᠢᠬᠦ ᠬᠡᠷᠡᠭᠳᠡᠢ᠃ ᠤᠯᠠᠩᠬᠢ ᠤᠯᠤᠰ ᠤᠷᠤᠨ ᠤ᠂ ᠢᠯᠠᠩᠭᠤᠶ᠎ᠠ ᠬᠦᠭᠵᠢᠭᠰᠡᠨ ᠤᠯᠤᠰ ᠤᠷᠤᠨ ᠤ ᠡᠷᠳᠡᠮᠳᠡᠳ ᠲᠤ ᠠᠪᠴᠤ ᠬᠡᠯᠡᠪᠡᠯ ᠡᠨᠡ ᠨᠢ ᠠᠰᠠᠭᠤᠳᠠᠯ ᠪᠢᠰᠢ ᠠᠰᠠᠭᠤᠳᠠᠯ᠂ ᠬᠡᠬᠦ ᠳᠡᠭᠡᠨ ᠲᠤᠮᠳᠠᠳᠤ ᠤᠯᠤᠰ ᠤᠨ ᠰᠤᠳᠤᠯᠤᠬᠴᠢᠳ ᠲᠤ ᠠᠪᠴᠤ ᠬᠡᠯᠡᠪᠡᠯ ᠴᠤᠬᠤᠮ ᠦᠨᠡᠨ ᠬᠦ ᠰᠢᠨᠵᠢᠯᠡᠬᠦ ᠤᠬᠠᠭᠠᠨᠴᠢ ᠤᠪᠤᠷ ᠢᠶᠠᠷ ᠡᠷᠳᠡᠮ ᠰᠢᠨᠵᠢᠯᠡᠬᠡᠨ ᠤ ᠠᠵᠢᠯ ᠢ ᠬᠢᠵᠤ ᠲᠡᠶᠢᠯᠬᠦ ᠡᠰᠡᠬᠦ ᠨᠢ ᠬᠦᠮᠦᠨ ᠨᠢᠬᠡᠪᠦᠷᠢ ᠳᠤ ᠲᠤᠯᠭᠠᠷᠠᠳᠠᠭ ᠬᠠᠳᠠᠭᠤ ᠰᠢᠯᠭᠠᠯᠳᠠ ᠪᠤᠯᠬᠤ ᠶᠤᠮ᠃        ᠤᠯᠠᠨ ᠤ ᠮᠡᠳᠡᠬᠡᠵᠢ᠂ ᠲᠤᠰᠬᠠᠢ ᠰᠡᠳᠦᠪ ᠤᠨ ᠰᠤᠳᠤᠯᠭᠠᠨ ᠤ ᠨᠤᠮ ᠪᠤᠯ ᠠᠭᠤᠯᠭ᠎ᠠ ᠶᠢᠨ ᠪᠦᠷᠢᠨ ᠪᠦᠳᠦᠨ ᠰᠢᠰᠲ᠋ᠧᠮ ᠪᠦᠷᠢᠯᠳᠦᠬᠦ ᠶᠢ ᠡᠷᠬᠢᠮᠯᠡᠵᠤ᠂ ᠦᠬᠦᠯᠡᠯ ᠪᠤᠯ ᠠᠭᠤᠯᠭ᠎ᠠ ᠪᠤᠶᠤ ᠦᠵᠡᠯᠳᠡ᠂ ᠮᠠᠲ᠋ᠧᠷᠢᠶᠠᠯ ᠪᠤᠶᠤ ᠠᠷᠭ᠎ᠠ ᠤᠨᠤᠯ ᠤᠨ ᠲᠠᠯ᠎ᠠ ᠪᠠᠷ ᠰᠢᠨ᠎ᠠ ᠡᠬᠦᠳᠦᠯᠳᠡ᠂ ᠰᠢᠨ᠎ᠠ ᠲᠠᠪᠠᠯᠳᠠ ᠲᠠᠢ ᠪᠠᠶᠢᠬᠤ ᠶᠢ ᠡᠷᠬᠢᠮᠯᠡᠳᠡᠭ ᠶᠤᠮ᠃ ᠮᠢᠨᠦ ᠪᠠᠷ ᠦᠬᠦᠯᠡᠯ ᠨᠢᠬᠡᠪᠦᠷᠢ ᠶᠢ ᠪᠢᠴᠢᠬᠦ ᠳᠡᠭᠡᠨ ᠡᠨᠡ ᠬᠦ ᠵᠠᠷᠴᠢᠮ ᠢ ᠡᠷᠬᠢᠮᠯᠡᠨ ᠪᠠᠷᠢᠮᠳᠠᠯᠠᠬᠰᠠᠭᠠᠷ ᠢᠷᠡᠭᠰᠡᠨ ᠶᠤᠮ᠃ ᠬᠡᠬᠦ ᠳᠡᠭᠡᠨ ᠬᠡᠷᠬᠢᠨ ᠰᠤᠳᠤᠯᠵᠤ ᠰᠡᠳᠬᠢᠬᠦ᠂ ᠶᠠᠮᠠᠷ ᠠᠷᠭ᠎ᠠ ᠪᠠᠷ ᠰᠤᠳᠤᠯᠵᠤ ᠰᠡᠳᠬᠢᠬᠦ ᠬᠡᠳᠡᠭ ᠲᠤᠩ ᠴᠢᠬᠤᠯᠠ᠃ ᠤᠷᠢᠳᠤᠬᠢ ᠬᠦᠮᠦᠰ ᠤᠨ ᠡᠬᠦᠳᠴᠤ ᠬᠡᠷᠡᠭᠯᠡᠭᠰᠡᠨ ᠰᠤᠳᠤᠯᠬᠤ ᠠᠷᠭ᠎ᠠ ᠤᠨᠤᠯ ᠲᠤᠩ ᠤᠯᠠᠨ᠂ ᠢᠯᠠᠩᠭᠤᠶ᠎ᠠ ᠦᠷᠦᠨᠡᠳᠡᠬᠢᠨ ᠤ ᠡᠷᠳᠡᠮᠳᠡᠳ ᠤᠨ ᠡᠬᠦᠳᠦᠭᠰᠡᠨ ᠠᠷᠭ᠎ᠠ ᠤᠨᠤᠯ ᠨᠡᠩ ᠤᠯᠠᠨ ᠪᠠᠶᠢᠳᠠᠭ᠂ ᠬᠡᠬᠦ ᠳᠡᠭᠡᠨ ᠦᠷᠦᠨᠡᠳᠡᠬᠢᠨ ᠲᠤᠷᠤᠨᠠᠳᠠᠬᠢᠨ ᠤ ᠡᠷᠳᠡᠨ ᠡᠳᠦᠬᠡ ᠶᠢᠨ ᠠᠯᠢ ᠴᠤ ᠠᠷᠭ᠎ᠠ ᠤᠨᠤᠯ ᠬᠡᠳ ᠰᠤᠳᠤᠯᠤᠬᠳᠠᠬᠤᠨ ᠪᠦᠬᠦᠨ ᠳᠤ ᠲᠠᠭᠠᠷᠠᠳᠠᠭ ᠂ ᠲᠦᠷᠪᠡᠨ ᠲᠠᠯᠠᠢ ᠳᠤ ᠲᠡᠭᠰᠢ ᠲᠤᠬᠢᠷᠠᠳᠠᠭ ᠷᠢᠳᠢ ᠰᠢᠳᠢ ᠲᠠᠢ ᠠᠷᠭ᠎ᠠ ᠤᠨᠤᠯ ᠬᠡᠵᠤ ᠪᠠᠶᠢᠳᠠᠭ ᠦᠬᠡᠢ᠃ ᠬᠠᠮᠤᠭ ᠤᠨ ᠴᠢᠬᠤᠯᠠ ᠨᠢ ᠰᠤᠳᠤᠯᠤᠬᠳᠠᠬᠤᠨ ᠪᠦᠬᠦᠨ ᠵᠤᠬᠢᠶᠠᠯ ᠪᠦᠳᠦᠬᠡᠯ ᠪᠦᠬᠦᠨ ᠴᠦᠮ ᠦᠪᠡᠷ ᠤᠨ ᠲᠤᠰᠬᠠᠢ ᠤᠨᠢᠰᠤ ᠪᠠᠷ ᠢᠶᠠᠨ ᠤᠨᠢᠰᠤᠯᠠᠬᠳᠠᠵᠤ ᠪᠠᠶᠢᠳᠠᠭ ᠪᠦᠬᠡᠳ ᠲᠤᠰᠬᠠᠢ ᠲᠦᠯᠬᠢᠬᠦᠷ ᠢᠶᠠᠨ ᠪᠠᠶ᠎ᠡ ᠴᠤᠬᠴᠠ ᠳᠠᠭᠠᠨ ᠠᠭᠤᠯᠭ᠎ᠠ ᠬᠡᠯᠪᠡᠷᠢ ᠳᠡᠭᠡᠨ ᠨᠢᠭᠤᠪᠴᠢᠯᠠᠨ ᠬᠠᠳᠠᠭᠠᠯᠠᠵᠤ ᠪᠠᠶᠢᠳᠠᠭ᠃ ᠰᠤᠳᠤᠯᠤᠭᠠᠴᠢ ᠬᠦᠮᠦᠨ ᠨᠢᠬᠡᠪᠦᠷᠢ ᠡᠷᠬᠡᠪᠰᠢ ᠲᠡᠳᠡᠬᠡᠷ ᠲᠦᠯᠬᠢᠬᠦᠷ ᠢ ᠨᠢ ᠤᠯᠵᠤ ᠦᠵᠡᠵᠤ ᠲᠡᠶᠢᠯᠬᠦ᠂ ᠤᠯᠵᠤ ᠠᠪᠴᠤ ᠴᠢᠳᠠᠬᠤ ᠬᠢᠷᠠᠬᠠᠢ ᠨᠢᠳᠤ ᠭᠠᠷᠮᠠᠭᠠᠢ ᠪᠤᠯᠪᠠᠰᠤᠷᠠᠯ ᠲᠠᠢ ᠪᠤᠯᠬᠤ ᠬᠡᠷᠡᠭᠳᠡᠢ᠃        ᠡᠷᠳᠡᠨ ᠤ ᠤᠳᠬ᠎ᠠ ᠵᠤᠬᠢᠶᠠᠯ ᠤᠷᠠᠯᠢᠭ᠂ ᠰᠤᠷᠪᠤᠯᠵᠢ ᠪᠢᠴᠢᠭ᠂ ᠲᠡᠦᠬᠡ᠂ ᠤᠬᠰᠠᠭᠠᠳᠠᠨ ᠵᠦᠢ᠂ ᠰᠤᠶᠤᠯ ᠵᠦᠢ ᠶᠢᠨ ᠠᠯᠢ ᠨᠢᠬᠡ ᠶᠢᠨ ᠲᠤᠳᠤᠷᠠᠬᠢ ᠨᠢᠬᠡᠨ ᠠᠰᠠᠭᠤᠳᠠᠯ ᠢ ᠰᠤᠳᠤᠯᠤᠬᠰᠠᠨ ᠴᠤ ᠬᠠᠮᠤᠭ ᠤᠨ ᠨᠠᠶᠢᠳᠠᠪᠦᠷᠢᠳᠠᠢ ᠨᠢ ᠡᠯ᠎ᠡ ᠰᠢᠨᠵᠢᠯᠡᠬᠡᠨ ᠤ ᠡᠬᠦᠳᠡᠨ ᠠᠴᠠ ᠶᠡᠷᠦᠩᠬᠡᠶᠢᠯᠡᠨ ᠰᠤᠳᠤᠯᠬᠤ ᠪᠠᠷ ᠦᠯᠦ ᠪᠡᠷᠡᠮ ᠡᠯ᠎ᠡ ᠵᠦᠢᠯ ᠤᠨ ᠠᠷᠭ᠎ᠠ ᠤᠨᠤᠯ ᠢ ᠶᠡᠷᠦᠩᠬᠡᠶᠢᠯᠡᠨ ᠬᠡᠷᠡᠭᠯᠡᠵᠤ ᠰᠤᠳᠤᠯᠬᠤ ᠨᠢ ᠬᠡᠳᠦ᠋ᠢᠪᠡᠷ ᠪᠡᠷᠬᠡᠰᠢᠶᠡᠯ ᠶᠡᠬᠡᠳᠡᠢ ᠬᠡᠳᠡᠭ ᠪᠤᠯᠪᠠᠴᠤ ᠲᠡᠬᠡᠳᠤ ᠠᠷᠭ᠎ᠠ ᠪᠤᠯᠬᠤ ᠶᠤᠮ᠃ ᠶᠠᠷᠢᠶᠠᠨ ᠦᠬᠡᠢ ᠰᠤᠳᠤᠯᠤᠭᠠᠴᠢᠳ ᠦᠪᠡᠷ ᠦᠪᠡᠷ ᠤᠨ ᠲᠤᠷᠠᠳᠠᠢ ᠬᠡᠷᠡᠭᠯᠡᠳᠡᠭ᠂ ᠪᠤᠯᠪᠠᠰᠤᠷᠠᠩᠭᠤᠢ ᠬᠡᠷᠡᠭᠯᠡᠳᠡᠭ ᠠᠷᠭ᠎ᠠ ᠤᠨᠤᠯ ᠲᠠᠢ ᠪᠠᠶᠢᠳᠠᠭ᠃ ᠮᠢᠨᠦ ᠰᠤᠷᠪᠤᠯᠵᠢ ᠪᠢᠴᠢᠭ ᠤᠨ ᠰᠤᠳᠤᠯᠤᠯ᠂ ᠲᠡᠦᠬᠡ ᠶᠢᠨ ᠰᠤᠳᠤᠯᠤᠯ ᠤᠨ ᠤᠯᠠᠨ ᠦᠬᠦᠯᠡᠯ ᠤᠳ ᠴᠦᠮ ᠰᠢᠬᠦᠯᠳᠡ ᠬᠢᠬᠦ ᠠᠷᠭ᠎ᠠ ᠪᠠᠷ ᠪᠢᠴᠢᠭᠳᠡᠪᠡ᠃ ᠰᠢᠬᠦᠯᠳᠡ ᠬᠢᠬᠦ ᠠᠷᠭ᠎ᠠ ᠪᠤᠯ ᠦᠵᠠᠯᠳᠠ ᠤᠨᠤᠯᠳᠠ ᠪᠠᠨ ᠪᠠᠳᠤᠯᠠᠬᠤ ᠬᠠᠮᠤᠭ ᠤᠨ ᠨᠤᠳᠠᠳᠠᠢ ᠠᠷᠭ᠎ᠠ ᠮᠦᠨ᠂ ᠤᠴᠢᠷ ᠨᠢ ᠰᠢᠬᠦᠯᠳᠡ ᠬᠢᠵᠤ ᠪᠠᠳᠤᠯᠠᠬᠰᠠᠨ ᠦᠷ᠎ᠠ ᠳ᠋ᠦᠩ ᠱᠦᠬᠦᠭᠳᠡᠵᠤ ᠨᠢᠴᠤᠭᠠᠬᠳᠠᠬᠤ ᠠᠶᠤᠯ ᠦᠬᠡᠢ᠂ ᠱᠦᠷᠭᠡᠢ ᠪᠤᠯᠬᠤ ᠪᠤᠯᠤᠮᠵᠢ ᠦᠬᠡᠢ᠃        ᠰᠤᠷᠪᠤᠯᠵᠢᠯᠬᠠᠴᠢ᠄ ᠲᠤᠮᠳᠠᠳᠤ ᠤᠯᠤᠰ ᠤᠨ ᠮᠤᠩᠭᠤᠯ ᠰᠤᠳᠤᠯᠤᠯ ᠤᠨ ᠡᠷᠳᠡᠮᠳᠡᠳ ᠤᠨ ᠲᠤᠳᠤᠷ᠎ᠠ ᠲᠠ ᠪᠤᠯ ᠮᠤᠩᠭᠤᠯ ᠤᠯᠤᠰ ᠤᠨ ᠶᠡᠷᠦᠩᠬᠡᠶᠢᠯᠡᠭᠴᠢ ᠶᠢᠨ ︽ᠠᠯᠳᠠᠨ ᠭᠠᠳᠠᠰᠤ︾ ᠭᠠᠪᠢᠶᠠᠨ ᠤ ᠤᠳᠤᠨ ᠱᠠᠩᠨᠠᠯ᠂ ᠮᠤᠩᠭᠤᠯ ᠤᠯᠤᠰ ᠤᠨ ᠵᠠᠰᠠᠭ ᠤᠨ ᠭᠠᠵᠠᠷ ᠤᠨ ︽ᠠᠷᠠᠳ ᠤᠨ ᠤᠷᠠᠨ ᠵᠤᠬᠢᠶᠠᠯᠴᠢ᠂ ᠠᠺᠠᠳᠧᠮᠢᠴᠢ ᠴ᠊ ᠊ ᠲᠡᠮᠳᠢᠨᠰᠦ᠋ᠷᠦᠩ︾ ᠨᠡᠷᠡᠮᠵᠢᠳᠤ ᠱᠠᠩᠨᠠᠯ ᠢ ᠬᠦᠷᠳᠡᠭᠰᠡᠳ ᠤᠨ ᠭᠠᠭᠴᠠ ᠨᠢᠬᠡ ᠨᠢ᠃ ᠲᠠᠨ ᠤ ᠮᠤᠩᠭᠤᠯ ᠰᠤᠷᠪᠤᠯᠵᠢ ᠪᠢᠴᠢᠭ ᠤᠨ ᠰᠤᠳᠤᠯᠤᠯ ᠤᠨ ᠲᠠᠯ᠎ᠠ ᠪᠠᠷ ᠬᠢ ᠠᠮᠵᠢᠯᠳᠠ ᠪᠤᠶᠤ ᠤᠳᠤᠬᠠᠨ ᠤ ᠬᠢᠵᠤ ᠪᠠᠶᠢᠭ᠎ᠠ ᠠᠵᠢᠯ ᠤᠨ ᠢᠶᠠᠨ ᠲᠤᠬᠠᠢ ᠲᠦᠬᠦᠮ ᠲᠠᠨᠢᠯᠴᠠᠭᠤᠯᠪᠠᠯ︖        ᠴ᠊᠂ ᠬᠡᠰᠢᠭᠳᠦᠭ᠌ᠳᠠᠬᠤ᠄ ᠮᠢᠨᠦ ᠪᠠᠷ᠂ ᠲᠡᠭᠡᠷ᠎ᠡ ᠵᠠᠭᠤᠨ ᠤ ᠨᠠᠶᠠᠭᠠᠳ ᠤᠨ ᠠᠴᠠ ᠡᠬᠢᠯᠡᠭᠡᠳ ᠮᠤᠩᠭᠤᠯ ᠰᠤᠷᠪᠤᠯᠵᠢ ᠪᠢᠴᠢᠭ ᠤᠨ ᠴᠢᠭᠯᠡᠯ ᠢᠶᠠᠷ ᠠᠰᠫᠢᠷᠡᠨᠲ ᠬᠦᠮᠦᠵᠢᠬᠦᠯᠦᠭᠰᠡᠨ᠂ 2000 ᠤᠨ ᠠᠴᠠ ᠨᠠᠭᠠᠰᠢ᠂ ᠡᠨᠡ ᠴᠢᠭᠯᠡᠯ ᠢᠶᠠᠷ ᠳ᠋ᠤᠺᠲ᠋ᠤᠷᠠᠨᠲ ᠬᠦᠮᠦᠵᠢᠬᠦᠯᠵᠤ ᠡᠬᠢᠯᠡᠭᠰᠨᠨ ᠶᠤᠮ᠃ ᠲᠡᠬᠡᠬᠡᠳ ᠠᠵᠢᠯ ᠠᠴᠠ ᠪᠠᠨ ᠠᠮᠠᠷᠠᠬᠤ ᠪᠤᠯᠳᠠᠯ᠎ᠠ ᠨᠡᠶᠢᠳᠡ 22 ᠠᠰᠫᠢᠷᠠᠨᠲ᠂ 16 ᠳ᠋ᠤᠺᠲ᠋ᠤᠷᠠᠨᠲ ᠬᠦᠮᠦᠵᠢᠬᠦᠯᠦᠭᠰᠡᠨ ᠪᠠᠶᠢᠨ᠎ᠠ᠃ ᠤᠳᠤ ᠡᠳᠡᠬᠡᠷ ᠬᠦᠮᠦᠰ᠂ ᠦᠪᠦᠷ ᠮᠤᠩᠭᠤᠯ᠂ ᠬᠦᠬᠡᠨᠠᠭᠤᠷ᠂ ᠯᠠᠨᠵᠧᠦ᠂ ᠪᠡᠬᠡᠵᠢᠩ ᠵᠡᠷᠬᠡ ᠭᠠᠵᠠᠷ ᠤᠷᠤᠨ ᠤ ᠮᠤᠩᠭᠤᠯ ᠬᠡᠯᠡ ᠤᠳᠬ᠎ᠠ ᠵᠤᠬᠢᠶᠠᠯ ᠤᠨ ᠲᠤᠰᠬᠠᠢ ᠮᠡᠷᠬᠡᠵᠢᠯ ᠪᠠᠶᠢᠭ᠎ᠠ ᠶᠡᠭᠡ ᠰᠤᠷᠭᠠᠭᠤᠯᠢ ᠵᠢᠴᠢ ᠡᠷᠳᠡᠮ ᠰᠢᠨᠵᠢᠯᠡᠬᠡᠨ ᠤ ᠪᠠᠶᠢᠭᠤᠯᠭ᠎ᠠ ᠨᠤᠭᠤᠳ ᠲᠤ ᠮᠤᠩᠭᠤᠯ ᠰᠤᠷᠪᠤᠯᠵᠢ ᠪᠢᠴᠢᠭ ᠤᠨ ᠰᠤᠳᠤᠯᠤᠯ ᠤᠨ ᠴᠢᠭᠯᠡᠯ ᠢᠶᠠᠷ ᠭᠤᠤᠯᠯᠠᠬᠴᠢ ᠬᠦᠴᠦᠨ ᠪᠤᠯᠵᠤ ᠪᠠᠶᠢᠨ᠎ᠠ᠃        ᠮᠤᠩᠭᠤᠯᠴᠤᠳ ᠮᠢᠩᠭ᠎ᠠ ᠰᠢᠬᠠᠮ ᠤᠨ ᠤ ᠲᠤᠷᠰᠢᠳᠠ ᠮᠤᠩᠭᠤᠯ ᠦᠰᠦᠭ᠂ ᠲᠦᠷᠪᠡᠯᠵᠢᠨ ᠦᠰᠦᠭ᠂ ᠲᠤᠳᠤ ᠦᠰᠦᠭ᠂ ᠰᠤᠶᠤᠮᠪᠤ ᠦᠰᠦᠭ᠂ ᠸᠠᠬᠢᠨᠳᠠᠷ᠎ᠠ ᠦᠰᠦᠭ ᠤᠨ ᠵᠡᠷᠬᠡ ᠤᠯᠠᠨ ᠵᠦᠢᠯ ᠤᠨ ᠦᠰᠦᠭ ᠪᠢᠴᠢᠭ ᠢ ᠬᠡᠷᠡᠭᠯᠡᠵᠤ ᠡᠯᠪᠡᠭ ᠪᠠᠶᠠᠯᠢᠭ ᠰᠤᠷᠪᠤᠯᠵᠢ ᠪᠢᠴᠢᠭ ᠤᠳ ᠢ ᠦᠯᠡᠳᠡᠭᠡᠭᠰᠡᠨ ᠶᠤᠮ᠃ ᠡᠳᠡᠬᠡᠷ ᠰᠤᠷᠪᠤᠯᠵᠢ ᠪᠢᠴᠢᠭ ᠤᠳ ᠪᠤᠯ ᠮᠤᠩᠭᠤᠯ ᠦᠨᠳᠦᠰᠦᠳᠡᠨ ᠤ ᠤᠶᠤᠨ ᠤ ᠪᠠ ᠰᠤᠶᠤᠯ ᠤᠨ ᠦᠨᠡᠳᠤ ᠦᠪ ᠬᠦᠷᠦᠩᠬᠡ ᠮᠦᠨ᠃ ᠮᠦᠨ ᠴᠤ ᠪᠦᠬᠦ ᠬᠦᠮᠦᠨ ᠲᠦᠷᠦᠯᠬᠢᠳᠡᠡ ᠤ ᠤᠶᠤᠨ ᠤ ᠪᠠ ᠰᠤᠶᠤᠯ ᠤᠨ ᠦᠪ ᠬᠦᠷᠦᠩᠬᠡ ᠶᠢᠨ ᠲᠤᠳᠤᠷᠠᠬᠢ ᠴᠢᠬᠤᠯᠠ ᠪᠦᠷᠢᠯᠳᠦᠬᠦᠨ ᠬᠡᠰᠡᠭ ᠪᠤᠯᠤᠨ᠎ᠠ᠃ ᠡᠳᠡᠬᠡᠷ ᠮᠤᠩᠭᠤᠯ ᠰᠤᠷᠪᠤᠯᠵᠢ ᠪᠢᠴᠢᠭ ᠤᠳ ᠢ ᠬᠡᠷᠬᠢᠨ ᠦᠨᠢ ᠮᠦᠩᠬᠡᠳᠡ ᠬᠠᠳᠠᠭᠠᠯᠠᠬᠤ ᠪᠦᠬᠡᠳ ᠮᠤᠩᠭᠤᠯ ᠰᠤᠶᠤᠯ ᠤᠨ ᠪᠠᠶᠢᠭᠤᠯᠤᠯᠳᠠ ᠶᠢᠨ ᠦᠢᠯᠡᠰ ᠤᠨ ᠲᠤᠮᠳᠠ ᠲᠡᠬᠦᠨ ᠤ ᠦᠢᠯᠡᠳᠦᠯ ᠢ ᠪᠦᠷᠢᠨ ᠰᠠᠶᠢᠨ ᠪᠠᠳᠠᠷᠠᠭᠤᠯᠵᠤ ᠴᠢᠳᠠᠬᠤ ᠪᠤᠢ︖ ᠡᠨᠡ ᠪᠤᠯ ᠮᠤᠩᠭᠤᠯ ᠰᠤᠷᠪᠤᠯᠵᠢ ᠪᠢᠴᠢᠭ ᠤᠨ ᠮᠠᠨᠳᠤᠯᠡᠭᠰᠡᠨ ᠲᠡᠷᠡ ᠡᠳᠦᠷ ᠠᠴᠠ ᠡᠬᠢᠯᠡᠨ ᠲᠤᠷᠠᠳᠤᠬᠳᠠᠬᠰᠠᠨ ᠪᠦᠬᠡᠳ ᠲᠡᠯᠪᠢᠬᠳᠡᠬᠰᠠᠨ ᠲᠡᠷᠡ ᠮᠦᠷᠳᠡᠬᠡᠨ ᠡᠳᠦᠢ ᠳᠤ ᠬᠦᠷᠳᠡᠯ᠎ᠡ ᠰᠢᠢᠳᠪᠦᠷᠢᠯᠡᠭᠳᠡᠭᠡ ᠦᠬᠡᠢ ᠪᠠᠶᠢᠭ᠎ᠠ ᠪᠡᠷᠬᠡ ᠠᠰᠠᠭᠤᠳᠠᠯ ᠪᠤᠯᠤᠨ᠎ᠠ᠃        ᠮᠤᠩᠭᠤᠯᠴᠤᠳ ᠤᠨ ᠨᠡᠬᠦᠳᠡᠯ ᠮᠠᠯᠵᠢᠯ ᠤᠨ ᠠᠵᠤ ᠠᠬᠤᠢ ᠶᠢᠨ ᠬᠦᠳᠡᠯᠦᠩᠬᠦᠢ ᠤᠨᠴᠠᠯᠢᠭ ᠪᠤᠯᠤᠨ ᠲᠠᠶᠢᠨ ᠲᠠᠵᠢᠨ ᠮᠡᠳᠤ ᠶᠢᠨ ᠨᠡᠶᠢᠬᠡᠮ ᠤᠨ ᠰᠠᠮᠠᠭᠤᠨ ᠲᠦᠷᠪᠡᠭᠡᠨ ᠠᠴᠠ ᠪᠤᠯᠵᠤ ᠮᠢᠩᠭ᠎ᠠ ᠭᠠᠷᠤᠢ ᠤᠨ ᠤ ᠬᠤᠭᠤᠷᠤᠨᠳᠤ ᠬᠡᠬᠡᠭᠳᠡᠵᠤ ᠦᠷᠡᠭᠳᠡᠭᠰᠡᠨ ᠮᠤᠩᠭᠤᠯ ᠰᠤᠷᠪᠤᠯᠵᠢ ᠪᠢᠴᠢᠭ ᠤᠨ ᠲᠤᠭ᠎ᠠ ᠨᠢ ᠤᠯᠠᠮᠵᠢᠯᠠᠬᠳᠠᠵᠤ ᠢᠷᠡᠭᠰᠡᠨ ᠮᠤᠩᠭᠤᠯ ᠰᠤᠷᠪᠤᠯᠵᠢ ᠪᠢᠴᠢᠭ ᠤᠨ ᠲᠤᠭ᠎ᠠ ᠠᠴᠠ ᠬᠤᠯᠠ ᠤᠯᠠᠨ ᠬᠡᠵᠤ ᠬᠡᠯᠡᠵᠤ ᠪᠤᠯᠤᠨ᠎ᠠ᠃ ᠲᠡᠶᠢᠮᠦ ᠮᠦᠷᠳᠡᠬᠡᠨ ᠪᠢᠳᠡ ᠮᠤᠩᠭᠤᠯ ᠦᠨᠳᠦᠰᠦᠳᠡᠨ ᠤ ᠤᠯᠠᠮᠵᠢᠯᠠᠯᠳᠤ ᠰᠤᠶᠤᠯ ᠤᠨ ᠬᠠᠮᠤᠭ ᠤᠨ ᠴᠢᠬᠤᠯᠠ ᠠᠴᠢᠶᠠᠯᠠᠪᠤᠷᠢ ᠪᠠ ᠦᠪ ᠬᠦᠷᠦᠩᠬᠡ ᠪᠤᠯᠤᠬᠰᠠᠨ ᠮᠤᠩᠭᠤᠯ ᠰᠤᠷᠪᠤᠯᠵᠢ ᠪᠢᠴᠢᠭ ᠢᠶᠠᠨ ᠬᠠᠷᠠᠬᠠᠨ ᠬᠦᠢᠴᠡᠳ ᠠᠰᠢᠬᠯᠠᠵᠤ ᠴᠢᠳᠠᠭ᠎ᠠ ᠦᠬᠡᠢ ᠪᠠᠶᠢᠬᠰᠠᠭᠠᠷ᠃ ᠤᠳᠤ ᠪᠢᠳᠡᠨ ᠳᠤ ᠮᠤᠩᠭᠤᠯ ᠰᠤᠷᠪᠤᠯᠵᠢ ᠪᠢᠴᠢᠭ ᠤᠳ ᠢᠶᠠᠨ ᠦᠨᠢ ᠮᠦᠩᠬᠡ ᠬᠠᠳᠠᠭᠠᠯᠠᠬᠤ᠂ ᠪᠦᠷᠢᠨ ᠬᠦᠢᠴᠡᠳ ᠠᠰᠢᠬᠯᠠᠬᠤ ᠨᠦᠬᠦᠴᠡᠯ ᠲᠠᠢ ᠪᠤᠯᠤᠯ᠎ᠠ᠃ ᠡᠨᠡ ᠨᠢ ᠮᠤᠩᠭᠤᠯ ᠰᠤᠷᠪᠤᠯᠵᠢ ᠪᠢᠴᠢᠭ ᠤᠨ ᠤᠭ ᠡᠬᠡ ᠶᠢ ᠬᠡᠷᠡᠯ ᠵᠢᠷᠤᠬ ᠢᠶᠠᠷ ᠬᠡᠪᠯᠡᠬᠦᠯᠬᠦ᠂ ᠳ᠋ᠠᠶᠢᠲ᠋ᠠ ᠬᠦᠮᠦᠷᠬᠡ ᠳᠤ ᠤᠷᠤᠭᠤᠯᠬᠤ ᠮᠡᠷᠬᠡᠵᠢᠯ ᠪᠤᠯᠤᠨ᠎ᠠ᠃ ᠡᠶᠢᠨ ᠬᠦ᠂ ᠤᠳᠤ ᠤᠯᠠᠨ ᠤᠯᠤᠰ ᠤᠨ ᠮᠤᠩᠭᠤᠯᠴᠢ ᠡᠷᠳᠡᠮᠳᠡᠨ ᠬᠠᠮᠳᠤᠷᠠᠨ ︽ᠮᠤᠩᠭᠤᠯ ᠰᠤᠷᠪᠤᠯᠵᠢ ᠪᠢᠴᠢᠭ ᠤᠨ ᠴᠢᠭᠤᠯᠭᠠᠨ︾ ᠬᠡᠬᠦ ᠲᠤᠮᠤ ᠪᠦᠳᠦᠬᠡᠯ ᠢ ᠬᠡᠪᠯᠡᠬᠦᠯᠬᠦ ᠠᠵᠢᠯ ᠢ ᠬᠢᠵᠤ ᠪᠠᠶᠢᠨ᠎ᠠ᠂ ᠡᠬᠦᠨ ᠳᠤ ᠮᠢᠨᠦ ᠪᠠᠷ ᠶᠠᠷᠦᠩᠬᠡᠢ ᠨᠠᠶᠢᠷᠠᠭᠤᠯᠤᠬᠴᠢ ᠪᠠᠷ ᠠᠵᠢᠯᠯᠠᠵᠤ ᠪᠠᠶᠢᠨ᠎ᠠ᠂ ᠡᠨᠡ ᠪᠤᠯ ᠤᠯᠠᠨ ᠤᠯᠤᠰ ᠤᠨ ᠮᠤᠩᠭᠤᠯᠴᠢ ᠡᠷᠳᠡᠮᠳᠡᠳ ᠤᠨ ᠬᠠᠮᠳᠤ ᠶᠢᠨ ᠪᠦᠳᠦᠬᠡᠯ ᠪᠤᠯᠬᠤ ᠶᠤᠮ᠃        ᠲᠤᠰ ᠴᠤᠪᠤᠷᠠᠯ ᠨᠤᠮ ᠤᠳᠤ 30 ᠪᠤᠳᠢ ᠬᠡᠪᠯᠡᠭᠳᠡᠬᠡᠳ ᠪᠤᠢ᠃ ᠡᠬᠦᠨ ᠳᠤ᠂ ᠮᠤᠩᠭᠤᠯ ᠲᠡᠦᠬᠡᠨ ᠵᠤᠬᠢᠶᠠᠯ ᠂ ᠤᠷᠠᠨ ᠵᠤᠬᠢᠶᠠᠯ᠂ ᠡᠮ ᠡᠮᠨᠡᠯᠬᠡ ᠶᠢᠨ ᠵᠤᠬᠢᠶᠠᠯ᠂ ᠲᠤᠯᠢ ᠪᠢᠴᠢᠭ ᠮᠡᠳᠤ ᠶᠢᠨ ᠤᠯᠠᠨ ᠠᠭᠤᠯᠭ᠎ᠠ ᠪᠠᠶᠢᠨ᠎ᠠ᠃ ᠤᠳᠤᠬᠠᠨ ᠳᠠᠭᠠᠨ ᠲᠦᠷᠦᠯ ᠬᠤᠪᠢᠶᠠᠵᠤ ᠲᠡᠰ ᠲᠡᠷᠡᠭᠠᠯᠠᠭᠤᠯᠤᠨ ᠬᠡᠪᠯᠡᠵᠤ ᠲᠡᠶᠢᠯᠬᠦ ᠦᠬᠡᠢ᠃ ᠭᠤᠤᠯᠳᠠᠭᠤ ᠤᠯᠳᠠᠭᠠᠳ ᠪᠠᠶᠢᠭ᠎ᠠ ᠵᠦᠢᠯ ᠢᠶᠠᠨ ᠯᠡ ᠬᠡᠪᠯᠡᠵᠤ ᠪᠠᠶᠢᠨ᠎ᠠ᠃ ︽ᠮᠤᠩᠭᠤᠯ ᠰᠤᠷᠪᠤᠯᠵᠢ ᠪᠢᠴᠢᠭ ᠤᠨ ᠴᠢᠭᠤᠯᠭᠠᠨ︾ ᠳᠤ ᠤᠳᠤ ᠦᠪᠦᠷ ᠮᠤᠩᠭᠤᠯ ᠳᠤ ᠨᠢᠬᠡᠨᠳᠡ ᠬᠡᠪᠯᠡᠬᠦᠯᠦᠭᠰᠡᠨ ᠪᠤᠶᠤ ᠬᠡᠪᠯᠡᠬᠦᠯᠬᠦ ᠬᠡᠵᠤ ᠪᠠᠶᠢᠭ᠎ᠠ ︽ᠲᠠᠶᠢᠴᠢᠩ ᠤᠯᠤᠰ ᠤᠨ ᠮᠠᠭᠠᠳ ᠬᠠᠦᠯᠢ︾᠂ ︽ᠭᠠᠨᠵᠤᠤᠷ︾᠂ ︽ᠳ᠋ᠠᠨᠵᠤᠤᠷ︾ ᠤᠨ ᠪᠦᠷᠢᠨ ᠬᠡᠪᠯᠡᠯ ᠠᠴᠠ ᠪᠤᠰᠤᠳ᠂ 13 — 20 ᠳ᠋ᠤᠭᠠᠷ ᠵᠠᠭᠤᠨ ᠤ ᠭᠤᠴᠢ ᠲᠦᠴᠢᠭᠡᠳ ᠤᠨ ᠬᠦᠷᠳᠡᠯᠡᠬᠢ ᠦᠶ᠎ᠠ ᠶᠢᠨ ᠮᠤᠩᠭᠤᠯ ᠦᠰᠦᠭ ᠤᠨ᠂ ᠲᠦᠷᠪᠡᠯᠵᠢᠨ ᠦᠰᠦᠭ ᠤᠨ᠂ ᠲᠤᠳᠤ ᠦᠰᠦᠭ ᠤᠨ᠂ ᠰᠤᠶᠤᠮᠪᠤ ᠦᠰᠦᠭ ᠤᠨ᠂ ᠸᠠᠬᠢᠨᠳᠠᠷ᠎ᠠ ᠦᠰᠦᠭ ᠤᠨ ᠮᠤᠩᠭᠤᠯ ᠰᠤᠷᠪᠤᠯᠵᠢ ᠪᠢᠴᠢᠭ ᠤᠳ ᠢ ᠬᠤᠷᠢᠶᠠᠨ ᠤᠷᠤᠭᠤᠯᠬᠤ ᠶᠢ ᠵᠤᠷᠢᠵᠠᠢ᠃ ᠲᠡᠶᠢᠮᠦ ᠮᠦᠷᠳᠡᠬᠡᠨ ᠲᠤᠰ ᠴᠢᠭᠤᠯᠭᠠᠨ ᠳᠤ ᠤᠷᠤᠬᠤ ᠪᠦᠬᠦ ᠨᠤᠮ ᠵᠤᠬᠢᠶᠠᠯ ᠤᠳ ᠢ ᠨᠤᠮ ᠪᠤᠯᠭᠠᠨ ᠬᠡᠪᠯᠡᠬᠦᠯᠬᠦ ᠶᠢᠨ ᠬᠠᠮᠳᠤ ᠳ᠋ᠠᠶᠢᠲ᠋ᠠ ᠬᠦᠮᠦᠷᠬᠡ ᠳᠤ ᠬᠠᠳᠠᠭᠠᠯᠠᠨ᠎ᠠ ᠃ ᠡᠬᠡ ᠪᠢᠴᠢᠭ ᠢ ᠴᠦᠮ ᠮᠤᠩᠭᠤᠯ ᠢᠶᠠᠷ ᠪᠡᠯᠡᠳᠬᠡᠵᠤ᠂ ᠪᠤᠰᠤᠳ ᠤᠯᠤᠰ ᠤᠷᠤᠨ ᠤ ᠡᠷᠳᠡᠮᠳᠡᠳ ᠤᠨ ᠪᠢᠴᠢᠭᠰᠡᠨ ᠦᠬᠡᠷ᠎ᠡ ᠬᠡᠯᠡᠨ ᠤ ᠡᠬᠡ ᠪᠢᠴᠢᠭ ᠤᠳ ᠢ ᠨᠠᠶᠢᠷᠠᠭᠤᠯᠤᠨ ᠪᠢᠴᠢᠬᠦ ᠺᠤᠮᠢᠰ ᠠᠴᠠ ᠲᠤᠰᠬᠠᠢ ᠬᠦᠮᠦᠨ ᠲᠤᠬᠢᠷᠠᠭᠤᠯᠤᠨ ᠮᠤᠩᠭᠤᠯ ᠢᠶᠠᠷ ᠪᠠᠭᠤᠯᠭᠠᠬᠤ ᠪᠤᠶᠤ ᠤᠷᠴᠢᠭᠤᠯᠵᠠᠢ᠃ ᠲᠡᠶᠢᠮᠦ ᠮᠦᠷᠳᠡᠬᠡᠨ ᠲᠤᠰ ᠴᠤᠪᠤᠷᠠᠯ ᠨᠤᠮ ᠢ ᠲᠠᠪᠤᠨ ᠬᠡᠰᠡᠭᠯᠡᠯ ᠢᠶᠠᠷ ᠨᠠᠶᠢᠷᠠᠭᠤᠯᠵᠤ ᠪᠠᠶᠢᠨ᠎ᠠ᠃ ᠲᠠᠷᠤᠢ ᠤᠷᠤᠰᠢᠯ᠂ ᠤᠭ ᠡᠬᠡ᠂ ᠯᠠᠲ᠋ᠢᠨᠴᠢᠯᠠᠭ᠎ᠠ᠂ ᠦᠬᠡᠰ ᠤᠨ ᠲᠡᠶᠢᠯᠪᠤᠷᠢ ︵ᠵᠡᠬᠦᠯᠳᠡ︶ ᠪᠠ ᠦᠬᠡᠰ ᠤᠨ ᠬᠡᠯᠬᠢᠶᠡᠰᠦ ᠬᠡᠬᠦ ᠬᠡᠰᠡᠭ ᠢᠶᠠᠷ ᠪᠦᠷᠢᠯᠳᠦᠭᠰᠡᠨ ᠨᠢ ᠦᠩᠬᠡᠷᠡᠭᠰᠡᠨ ᠤ ᠰᠤᠷᠪᠤᠯᠵᠢ ᠪᠢᠴᠢᠭ ᠤᠳ ᠤᠨ ᠬᠡᠪᠯᠡᠯ ᠠᠴᠠ ᠤᠨᠴᠠᠯᠠᠬᠳᠠᠵᠤ ᠲᠡᠬᠦᠯᠳᠡᠷᠵᠢᠭᠰᠡᠨ ᠪᠠᠶᠢᠨ᠎ᠠ᠃ ᠢᠷᠡᠬᠦ ᠵᠢᠯ ᠪᠠᠰᠠ 30 ᠪᠤᠳᠢ ᠶᠢ ᠬᠡᠪᠯᠡᠬᠦ ᠪᠠᠷ ᠠᠭᠤᠯᠭ᠎ᠠ ᠨᠢᠬᠡᠨᠳᠡ ᠦᠨᠳᠦᠰᠦᠨ ᠳᠡᠭᠡᠨ ᠪᠦᠷᠢᠳᠦᠬᠡᠳ ᠪᠠᠶᠢᠨ᠎ᠠ᠃ ᠡᠬᠦᠨ ᠤ ᠲᠠᠷᠠᠭ᠎ᠠ ᠪᠠᠰᠠ 48 ᠪᠤᠳᠢ ᠶᠢ ᠬᠡᠪᠯᠡᠵᠤ ᠨᠠᠶᠢᠳᠠ 108 ᠪᠤᠳᠢ ᠶᠢ ᠬᠡᠪᠯᠡᠬᠦ ᠲᠦᠯᠦᠪᠯᠡᠭᠡ ᠲᠠᠢ᠂ ᠬᠡᠬᠦ ᠳᠡᠭᠡᠨ ᠮᠤᠩᠭᠤᠯ ᠰᠤᠷᠪᠤᠯᠵᠢ ᠪᠢᠴᠢᠭ ᠡᠬᠦᠪᠡᠷ ᠵᠤᠬᠰᠤᠬᠤ ᠶᠤᠮ ᠪᠢᠰᠢ᠂ ᠤᠳᠤᠬᠠᠨ ᠳᠠᠭᠠᠨ ᠤᠯᠠᠨ ᠤᠯᠤᠰ ᠤᠨ ᠬᠡᠪᠴᠢᠶᠠᠨ᠎ᠠ ᠬᠠᠳᠠᠭᠠᠯᠠᠭᠳᠠᠵᠤ ᠪᠠᠶᠢᠭ᠎ᠠ ᠮᠤᠩᠭᠤᠯ ᠰᠤᠷᠪᠤᠯᠵᠢ ᠪᠢᠴᠢᠭ ᠢ ᠨᠠᠷᠢᠨ ᠪᠦᠷᠢᠳᠭᠡᠬᠦᠶ᠎ᠠ ᠪᠡᠷᠬᠡ᠃        ︽ᠮᠤᠩᠭᠤᠯ ᠰᠤᠷᠪᠤᠯᠵᠢ ᠪᠢᠴᠢᠭ ᠤᠨ ᠴᠢᠭᠤᠯᠭᠠᠨ︾ ᠢ ᠨᠠᠶᠢᠷᠠᠭᠤᠯᠤᠨ ᠬᠡᠪᠯᠡᠬᠦᠯᠬᠦ ᠪᠤᠯ ᠮᠤᠩᠭᠤᠯ ᠰᠤᠷᠪᠤᠯᠵᠢ ᠪᠢᠴᠢᠭ ᠤᠨ ᠰᠤᠳᠤᠯᠤᠯ ᠤᠨ ᠲᠡᠦᠬᠡᠨ ᠲᠡᠭᠡᠷ᠎ᠡ᠂ ᠪᠦᠬᠦ᠋ᠢᠯᠡ ᠮᠤᠩᠭᠤᠯ ᠰᠤᠳᠤᠯᠤᠯ ᠤᠨ ᠲᠡᠦᠬᠡᠨ ᠲᠡᠬᠡᠷ᠎ᠡ ᠤᠷᠢᠳ ᠡᠮᠦᠨ᠎ᠡ ᠪᠠᠶᠢᠭ᠎ᠠ ᠦᠬᠡᠢ ᠰᠤᠶᠤᠯ ᠤᠨ ᠪᠠᠶᠢᠭᠤᠯᠤᠯᠳᠠ ᠶᠢᠨ ᠰᠠᠭᠤᠷᠢ ᠪᠠᠷᠢᠯᠭ᠎ᠠ ᠶᠢᠨ ᠲᠤᠮᠤ ᠠᠵᠢᠯ ᠮᠦᠨ᠂ ᠦᠨᠢ ᠮᠦᠩᠬᠡ ᠶᠢᠨ ᠬᠡᠷᠡᠭᠯᠡᠬᠡᠨ ᠤ ᠠᠴᠢ ᠬᠤᠯᠪᠤᠬᠳᠠᠯ ᠪᠤᠯᠤᠨ ᠡᠷᠳᠡᠮ ᠰᠢᠨᠵᠢᠯᠡᠬᠡᠨ ᠤ ᠠᠴᠢ ᠬᠤᠯᠪᠤᠬᠳᠠᠯ ᠪᠦᠬᠦᠢ ᠮᠤᠩᠭᠤᠯ ᠰᠤᠶᠤᠯ ᠤᠨ ᠪᠠᠶᠢᠭᠤᠯᠤᠯᠳᠠ ᠶᠢᠨ ᠲᠤᠮᠤ ᠦᠢᠯᠡᠰ ᠮᠦᠨ᠃ ᠲᠡᠶᠢᠮᠦ ᠮᠦᠷᠳᠡᠬᠡᠨ ᠡᠨᠡ ᠬᠦ ᠲᠤᠮᠤ ᠪᠠᠷᠢᠯᠭ᠎ᠠ ᠨᠢ ᠪᠦᠬᠦ ᠲᠡᠯᠡᠬᠡᠢ ᠶᠢᠨ ᠪᠦᠬᠦ ᠮᠤᠩᠭᠤᠯᠴᠢ ᠡᠷᠳᠡᠮᠳᠡᠳ ᠤᠨ ᠬᠠᠮᠳᠤ ᠶᠢᠨ ᠪᠦᠳᠦᠬᠡᠯ ᠪᠤᠯᠬᠤ ᠶᠤᠮ᠃ ᠲᠡᠶᠢᠨ ᠬᠦ ︽ᠮᠤᠩᠭᠤᠯ ᠰᠤᠷᠪᠤᠯᠵᠢ ᠪᠢᠴᠢᠭ ᠤᠨ ᠴᠢᠭᠤᠯᠭᠠᠨ︾ ᠮᠠᠨᠢ ᠦᠪᠦᠷ ᠮᠤᠩᠭᠤᠯ ᠤᠨ ᠦᠨᠳᠦᠰᠦᠳᠡᠨ ᠤ ᠰᠤᠶᠤᠯ ᠤᠨ ᠬᠦᠴᠦᠷᠬᠡᠭ ᠤᠷᠤᠨ ᠢ ᠪᠠᠶᠢᠭᠤᠯᠬᠤ ᠲᠡᠦᠬᠡᠨ ᠶᠠᠪᠤᠴᠠ ᠳᠤ᠂ ᠲᠤᠮᠳᠠᠳᠤ ᠤᠯᠤᠰ ᠤᠨ ᠮᠤᠩᠭᠤᠯ ᠰᠤᠳᠤᠯᠤᠯ᠂ ᠴᠢᠨᠠᠬᠰᠢᠯᠠᠭᠠᠳ ᠤᠯᠠᠨ ᠤᠯᠤᠰ ᠤᠨ ᠮᠤᠩᠭᠤᠯ ᠰᠤᠳᠤᠯᠤᠯ ᠤᠨ ᠲᠡᠦᠬᠡᠨ ᠲᠡᠭᠡᠷ᠎ᠡ᠂ ᠴᠠᠭ ᠡᠷᠢᠨ ᠢ ᠵᠠᠭᠠᠬᠯᠠᠬᠤ ᠬᠦᠰᠢᠶ᠎ᠠ ᠲᠤᠷᠠᠰᠬᠠᠯ ᠤᠨ ᠰᠢᠨᠵᠢᠳᠡᠢ ᠪᠡᠯᠬᠡ ᠲᠡᠮᠳᠡᠭ ᠪᠤᠯᠬᠤᠢᠢᠴᠠ ᠪᠦᠳᠦᠬᠡᠯ ᠪᠤᠯᠤᠨ ᠰᠦᠨᠳᠡᠷᠯᠡᠬᠦ ᠨᠢ ᠯᠠᠪᠳᠠᠢ ᠶᠤᠮ᠃        ᠰᠤᠷᠪᠤᠯᠵᠢᠯᠠᠬᠴᠢ᠄ ᠲᠠ᠂ ᠡᠷᠳᠡᠡ ᠤ ᠤᠷᠠᠨ ᠵᠤᠬᠢᠶᠠᠯ᠂ ᠮᠤᠩᠭᠤᠯ ᠰᠤᠷᠪᠤᠯᠵᠢ ᠪᠢᠴᠢᠭ ᠪᠤᠯ ᠮᠤᠩᠭᠤᠯᠴᠤᠳ ᠤᠨ ᠡᠳ᠋ ᠤᠨ ᠪᠠ ᠤᠶᠤᠨ ᠤ ᠰᠤᠶᠤᠯ ᠲᠡᠦᠬᠡ ᠶᠢᠨ ᠪᠠᠶᠠᠨ ᠲᠠᠩᠰᠤᠭ ᠰᠠᠩ ᠬᠦᠮᠦᠷᠬᠡ᠂ ᠦᠨᠳᠦᠰᠦᠳᠡᠨ ᠤ ᠰᠤᠶᠤᠯ ᠲᠡᠦᠬᠡ ᠶᠢᠨ ᠬᠠᠮᠤᠭ ᠤᠨ ᠢᠳᠡᠬᠡᠯ ᠨᠠᠶᠢᠳᠠᠪᠦᠷᠢᠳᠠᠢ ᠠᠴᠢᠶᠠᠯᠠᠬᠴᠢ ᠮᠦᠨ ᠬᠡᠵᠤ ᠬᠡᠯᠡᠭᠰᠡᠨ ᠪᠠᠶᠢᠨ᠎ᠠ᠃ ᠲᠡᠬᠡᠪᠡᠯ᠂ ᠪᠢᠳᠠ ᠡᠨᠡ ᠬᠦ ᠲᠠᠯᠠᠢ ᠪᠠᠶᠠᠨ ᠦᠪ ᠰᠤᠶᠤᠯ ᠢᠶᠠᠨ ᠬᠠᠮᠠᠭᠠᠯᠠᠨ ᠤᠯᠠᠮᠵᠢᠯᠠᠬᠤ ᠶᠢᠨ ᠴᠠᠭᠠᠨᠠᠬᠢ ᠤᠳᠬ᠎ᠠ ᠤᠴᠢᠷ ᠬᠡᠵᠤ ᠶᠠᠭᠤ ᠪᠢᠯᠠ︖        ᠴ᠊᠂ ᠬᠡᠰᠢᠭᠳᠦᠭ᠌ᠳᠠᠬᠤ᠄ ᠮᠤᠩᠭᠤᠯ ᠡᠷᠳᠡᠨ ᠤ ᠤᠷᠠᠨ ᠵᠤᠬᠢᠶᠠᠯ᠂ ᠮᠤᠩᠭᠤᠯ ᠰᠤᠷᠪᠤᠯᠵᠢ ᠪᠢᠴᠢᠭ ᠤᠳ ᠨᠢ ᠮᠢᠩᠭᠠᠨ ᠤᠨ ᠤ ᠲᠤᠷᠰᠢᠬᠢ ᠮᠤᠩᠭᠤᠯᠴᠤᠳ ᠤᠨ ᠨᠤᠳᠤᠭ ᠤᠰᠤ᠂ ᠬᠡᠯᠡ ᠰᠤᠶᠤᠯ᠂ ᠱᠠᠰᠢᠨ ᠰᠤᠷᠳᠠᠬᠤᠨ᠂ ᠤᠤᠭᠠᠯ ᠲᠦᠷᠬᠦ ᠶᠢ ᠮᠡᠷᠳᠡᠯ ᠦᠬᠡᠢ᠂ ᠬᠡᠬᠡᠭᠳᠡᠬᠦᠯᠦᠯ ᠦᠬᠡᠢ᠂ ᠬᠤᠪᠢᠷᠠᠭᠤᠯᠤᠯ ᠦᠬᠡᠢ ᠪᠠᠷ ᠠᠴᠢᠵᠤ ᠢᠷᠡᠭᠰᠡᠨ ᠠᠭᠤᠤ ᠶᠡᠭᠡ ᠬᠦᠯᠬᠡ ᠤᠩᠭᠤᠴᠠ ᠮᠦᠨ᠃ ᠡᠳᠡᠬᠡᠷ ᠰᠤᠷᠪᠤᠯᠵᠢ ᠪᠢᠴᠢᠭ ᠤᠳ ᠪᠤᠯ ᠮᠤᠩᠭᠤᠯ ᠦᠨᠳᠦᠰᠦᠳᠡᠨ ᠤ ᠤᠶᠤᠨ ᠤ ᠪᠠ ᠰᠤᠶᠤᠯ ᠤᠨ ᠦᠨᠡᠳᠤ ᠦᠪ ᠬᠦᠷᠦᠩᠬᠡ ᠮᠦᠨ᠃ ᠮᠦᠨ ᠴᠤ ᠪᠦᠬᠦ ᠬᠦᠮᠦᠨ ᠲᠦᠷᠦᠯᠬᠢᠳᠡᠡ ᠤ ᠤᠶᠤᠨ ᠤ ᠪᠠ ᠰᠤᠶᠤᠯ ᠤᠨ ᠦᠪ ᠬᠦᠷᠦᠩᠬᠡ ᠶᠢᠨ ᠲᠤᠳᠤᠷᠠᠬᠢ ᠴᠢᠬᠤᠯᠠ ᠪᠦᠷᠢᠯᠳᠦᠬᠦᠨ ᠬᠡᠰᠡᠭ ᠪᠤᠯᠤᠨ᠎ᠠ᠃ ᠡᠨᠡ ᠪᠤᠯ ᠮᠠᠨ ᠤ ᠤᠮᠤᠬᠰᠢᠯ᠂ ᠮᠦᠨ ᠴᠤ ᠮᠠᠨ ᠤ ᠰᠤᠶᠤᠯ ᠤᠨ ᠢᠳᠡᠬᠡᠯ ᠤᠨ ᠡᠬᠢ ᠪᠤᠯᠠᠭ ᠮᠦᠨ᠃ ᠰᠤᠶᠤᠯ ᠪᠤᠯ ᠨᠢᠬᠡ ᠤᠯᠤᠰ ᠨᠢᠬᠡ ᠦᠨᠳᠦᠰᠦᠳᠡᠨ ᠤ ᠰᠦᠭ ᠰᠦᠨᠠᠰᠦ ᠮᠦᠨ᠃ ᠦᠪᠡᠷ ᠤᠨ ᠲᠡᠦᠬᠡ ᠰᠤᠶᠤᠯ ᠢᠶᠠᠨ ᠤᠷᠬᠢᠬᠤ ᠪᠤᠶᠤ ᠲᠡᠬᠦᠨ ᠠᠴᠠ ᠲᠡᠷᠰᠯᠡᠬᠦ ᠦᠨᠳᠦᠰᠦᠳᠡᠨ ᠬᠦᠭᠵᠢᠵᠤ ᠴᠢᠳᠠᠬᠤ ᠦᠬᠡᠢ ᠪᠠᠷ ᠪᠠᠷᠠᠬᠤ ᠦᠬᠡᠢ ᠲᠡᠦᠬᠡ ᠶᠢᠨ ᠭᠤᠨᠢᠬᠳᠤ ᠵᠦᠴᠦᠬᠡ ᠶᠢ ᠲᠤᠬᠯᠠᠵᠤ ᠮᠡᠳᠡᠨ᠎ᠡ᠃ ᠡᠶᠢᠮᠦ ᠠᠴᠠ ᠪᠢᠳᠡ ᠡᠷᠳᠡᠨ ᠤ ᠤᠷᠨᠨ ᠵᠤᠬᠢᠶᠠᠯ᠂ ᠡᠷᠳᠡᠨ ᠤ ᠦᠬᠡ ᠬᠡᠯᠡ᠂ ᠡᠷᠳᠡᠨ ᠤ ᠲᠡᠦᠬᠡ ᠰᠤᠶᠤᠯ ᠵᠡᠷᠬᠡ ᠲᠠᠯ᠎ᠠ ᠶᠢᠨ ᠵᠢᠭᠠᠨ ᠰᠤᠷᠭᠠᠯᠳᠠ ᠪᠠᠨ ᠡᠷᠬᠡᠪᠰᠢ ᠴᠢᠩᠭᠠᠳᠬᠠᠬᠤ ᠬᠡᠷᠡᠭᠳᠡᠢ᠃ ᠡᠳᠡᠭᠡᠷ ᠢᠶᠠᠨ ᠮᠡᠳᠡᠵᠤ ᠠᠪᠤᠮᠠᠨᠵᠢᠨ ᠰᠠᠶ᠋ᠢ ᠦᠪᠡᠷ ᠤᠨ ᠰᠤᠶᠤᠯ ᠤᠨ ᠢᠳᠡᠬᠡᠯ ᠢᠶᠠᠨ ᠴᠢᠨᠠᠬᠰᠢᠳᠠ ᠪᠠᠳᠤᠳᠬᠠᠵᠤ᠂ ᠨᠠᠩ ᠰᠢᠨᠳᠠᠰᠦ ᠲᠠᠢ᠂ ᠦᠪᠡᠷᠮᠢᠴᠡ ᠤᠨᠴᠠᠯᠢᠭ ᠲᠠᠢ᠂ ᠴᠤᠭ ᠵᠢᠪᠬᠤᠭ᠎ᠠ ᠲᠠᠢ ᠰᠤᠶᠤᠯ ᠤᠳᠬ᠎ᠠ ᠤᠷᠠᠯᠢᠭ ᠤᠨ ᠪᠦᠳᠦᠬᠡᠯ ᠢ ᠲᠠᠰᠤᠷᠠᠯᠳᠠ ᠦᠬᠡᠢ ᠪᠦᠳᠦᠬᠡᠵᠤ ᠴᠢᠳᠠᠨ᠎ᠠ᠃ ᠮᠢᠨᠦ ᠪᠡᠶ᠎ᠠ 1966 ᠤᠨ ᠤ 6 ᠰᠠᠷ᠎ᠠ᠂ ᠲᠦᠪ ᠤᠨ ᠦᠨᠳᠦᠰᠦᠳᠡᠨ ᠤ ᠲᠡᠬᠡᠳᠤ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠠᠩᠬᠢ ᠶᠢᠨ ᠲᠠᠪᠤᠨ ᠵᠢᠯ ᠤᠨ ᠰᠤᠷᠤᠯᠭ᠎ᠠ ᠶᠢᠨ ᠬᠤᠭᠤᠴᠠᠭ᠎ᠠ ᠪᠠᠨ ᠲᠡᠬᠦᠰᠬᠡᠬᠡᠳ ᠰᠤᠷᠭᠠᠭᠤᠯᠢ ᠳᠠᠭᠠᠨ ᠦᠯᠡᠳᠡᠨ ᠪᠠᠭᠰᠢᠯᠠᠪᠠ᠃ 1977 ᠤᠨ ᠳᠤ ᠰᠤᠷᠭᠠᠭᠤᠯᠢ ᠶᠢᠨ ᠬᠢᠴᠢᠶᠠᠯ ᠬᠦᠮᠦᠵᠢᠯ ᠤᠨ ᠠᠵᠢᠯ ᠬᠡᠪ ᠤᠨ ᠪᠠᠶᠢᠳᠠᠯ ᠳᠤ ᠤᠷᠤᠬᠤ ᠶᠢ ᠲᠠᠭᠠᠯᠳᠤᠨ ᠮᠢᠨᠦ ᠡᠷᠳᠡᠨ ᠤ ᠤᠳᠬ᠎ᠠ ᠵᠤᠬᠢᠶᠠᠯ ᠤᠨ ᠵᠢᠭᠠᠨ ᠰᠤᠷᠭᠠᠯᠳᠠ ᠵᠢᠴᠢ ᠡᠷᠳᠡᠮ ᠰᠢᠨᠵᠢᠯᠡᠬᠡᠨ ᠤ ᠠᠵᠢᠯ ᠴᠤ ᠲᠡᠷᠡ ᠦᠶ᠎ᠠ ᠠᠴᠠ ᠡᠭᠢᠯᠡᠭᠰᠡᠨ ᠶᠤᠮ᠃ 1980 ᠤᠨ ᠳᠤ᠂ ︽ᠨᠢᠬᠡᠳᠬᠡᠷᠡᠵᠤ ᠪᠦᠯᠬᠦᠮᠳᠡᠬᠦ ᠶᠢ ᠤᠷᠢᠶᠠᠯᠠᠬᠰᠠᠨ ᠪᠢᠴᠢᠭ — ︿ᠮᠤᠩᠭᠤᠯ ᠤᠨ ᠨᠢᠭᠤᠴᠠ ᠲᠤᠪᠴᠢᠶᠠᠨ﹀ ᠤ ᠭᠤᠤᠯ ᠦᠵᠡᠯ ᠰᠠᠨᠠᠭ᠎ᠠ︾ ᠬᠡᠮᠡᠬᠦ ᠠᠩᠬᠠᠳᠠᠬᠴᠢ ᠦᠬᠦᠯᠡᠯ ᠢᠶᠠᠨ ᠨᠡᠶᠢᠳᠡᠯᠡᠬᠦᠯᠦᠭᠰᠡᠨ ᠠᠴᠠ ᠡᠬᠢᠯᠡᠬᠡᠳ ᠮᠤᠩᠭᠤᠯ ᠤᠨ ᠡᠷᠳᠡᠨ ᠤ ᠤᠳᠬ᠎ᠠ ᠵᠤᠬᠢᠶᠠᠯ᠂ ᠮᠤᠩᠭᠤᠯ ᠰᠤᠷᠪᠤᠯᠵᠢ ᠪᠢᠴᠢᠭ᠂ ᠮᠤᠩᠭᠤᠯ ᠤᠨ ᠲᠡᠦᠬᠡ ᠰᠤᠶᠤᠯ ᠤᠨ ᠵᠠᠷᠢᠮ ᠠᠰᠠᠭᠤᠳᠠᠯ ᠤᠨ ᠲᠠᠯ᠎ᠠ ᠪᠠᠷ ᠤᠯᠤᠰ ᠤᠨ ᠲᠤᠳᠤᠭᠠᠳᠤ ᠭᠠᠳᠠᠭᠠᠳᠤ ᠳᠤ ᠨᠠᠶᠢᠳᠠ 80 ᠭᠠᠷᠤᠢ ᠦᠬᠦᠯᠡᠯ ᠨᠡᠶᠢᠳᠡᠯᠡᠬᠦᠯᠵᠤ ᠪᠢᠯᠠ᠃ ᠡᠨᠡ ᠬᠦ ᠲᠤᠭ᠎ᠠ ᠨᠢ ᠲᠡᠳᠡᠬᠡᠷ ᠵᠤᠬᠢᠶᠠᠯ ᠪᠦᠳᠦᠬᠡᠯ ᠢᠶᠠᠨ ᠤᠪᠤᠭᠠᠯᠠᠪᠠᠯ ᠪᠡᠶ᠎ᠠ ᠯᠦᠭᠡ ᠪᠠᠨ ᠠᠳᠠᠯᠢ ᠦᠨᠳᠦᠷ ᠪᠤᠯᠳᠠᠭ ᠪᠤᠰᠤᠳ ᠡᠷᠳᠡᠮᠳᠡᠳ ᠲᠠᠢ ᠠᠳᠠᠯᠢᠳᠬᠠᠪᠠᠯ ᠲᠤᠩ ᠴᠦᠬᠡᠨ ᠬᠡᠮᠡᠨ ᠭᠤᠯᠤᠬᠳᠠᠬᠤ ᠪᠤᠯᠪᠠᠴᠤ ᠪᠢᠯᠢᠭ ᠮᠤᠬᠤᠳᠠᠭ ᠮᠡᠬᠦᠰ ᠮᠢᠨᠦ ᠪᠡᠶ᠎ᠠ ᠳᠤ ᠠᠪᠴᠤ ᠬᠡᠯᠡᠪᠡᠯ ᠴᠦᠬᠡᠨ ᠪᠤᠰᠤ ᠬᠡᠵᠤ ᠪᠤᠳᠤᠬᠳᠠᠵᠤ ᠪᠠᠶᠢᠨ᠎ᠠ᠃ ᠵᠠᠷᠢᠮ ᠬᠦᠮᠦᠰ ᠯᠦ ᠰᠢᠶᠦ᠋ᠨ ᠢ ᠠᠪᠢᠶᠠᠰ ᠪᠢᠯᠢᠭᠳᠡᠨ ᠬᠡᠵᠤ ᠬᠡᠯᠡᠭᠰᠡᠨ ᠳᠤ ᠲᠡᠷᠡ᠂ ︽ᠬᠠᠮᠢᠭ᠎ᠠ ᠪᠠᠶᠢᠬᠰᠠᠨ ᠠᠪᠢᠶᠠᠰ ᠪᠢᠯᠢᠭ ᠪᠤᠢ᠂ ᠪᠢ ᠪᠤᠰᠤᠳ ᠬᠦᠮᠦᠰ ᠤᠨ ᠺᠤᠹᠧ ᠤᠤᠭᠤᠬᠤ ᠴᠠᠭ ᠢ ᠬᠦᠷᠳᠡᠯ᠎ᠡ ᠴᠦᠮ ᠠᠵᠢᠯ ᠳᠠᠭᠠᠨ ᠵᠠᠷᠤᠴᠠᠭᠤᠯᠤᠬᠰᠠᠨ ᠲᠡᠳᠦᠢ︾ ᠬᠡᠵᠤ ᠬᠡᠯᠡᠭᠰᠡᠨ ᠬᠡᠳᠡᠭ᠃ ᠮᠡᠬᠦᠰ ᠮᠢᠨᠦ ᠪᠡᠶ᠎ᠠ ᠴᠤ ᠠᠪᠢᠶᠠᠰ ᠪᠢᠯᠢᠭ ᠲᠠᠢ ᠦᠴᠦᠬᠡᠨ ᠲᠡᠳᠦᠢ ᠴᠤ ᠬᠤᠪᠢ ᠪᠠᠷᠢᠯᠳᠤᠯᠭ᠎ᠠ ᠦᠬᠡᠢ ᠪᠠᠶᠢᠬᠰᠠᠨ ᠬᠤᠶᠢᠨ᠎ᠠ ᠪᠤᠰᠤᠳ ᠬᠦᠮᠦᠰ ᠤᠨ ᠠᠷᠢᠬᠢ ᠤᠤᠭᠤᠬᠤ᠂ ᠲᠡᠮᠡᠬᠢ ᠲᠠᠳᠠᠬᠤ᠂ ᠮᠠᠵᠢᠶᠠᠩ ᠫᠠᠢ ᠨᠠᠭᠠᠳᠬᠤ ᠪᠤᠶᠤ ᠬᠦᠵᠦᠷ ᠲᠤᠬᠯᠠᠵᠤ ᠵᠢᠭᠤᠯᠴᠢᠯᠠᠵᠤ ᠲᠤᠭᠤᠷᠢᠬᠤ ᠴᠠᠭ ᠢ ᠴᠦᠮ ᠰᠤᠷᠴᠤ ᠰᠤᠳᠤᠯᠬᠤ ᠳᠠᠭᠠᠨ ᠵᠤᠷᠢᠭᠤᠯᠵᠤ ᠶᠠᠪᠤᠬᠰᠠᠨ ᠶᠤᠮ᠃ ᠲᠡᠶᠢᠮᠦ ᠪᠤᠯᠪᠠᠴᠤ ᠵᠢᠯ ᠳᠤ 2 — 3 ᠯᠡ ᠦᠬᠦᠯᠡᠯ ᠪᠢᠴᠢᠵᠤ ᠨᠡᠶᠢᠳᠡᠯᠡᠬᠦᠯᠵᠤ ᠲᠡᠶᠢᠯᠳᠡᠭ ᠪᠠᠶᠢᠪᠠ᠃ ᠵᠠᠷᠢᠮ ᠦᠬᠦᠯᠡᠯ ᠢ ᠪᠢᠴᠢᠬᠦ ᠳᠤ ᠬᠠᠭᠠᠰ ᠵᠢᠯ᠂ ᠴᠢᠨᠠᠬᠰᠢᠯᠠᠪᠠᠯ ᠨᠢᠬᠡ ᠵᠢᠯ ᠤᠨ ᠴᠠᠭ ᠴᠢᠳᠠᠯ ᠢᠶᠠᠨ ᠪᠦᠷᠢᠮᠦᠰᠦᠨ ᠵᠠᠷᠤᠴᠠᠭᠤᠯᠵᠤ ᠦᠩᠬᠡᠷᠡᠭᠰᠡᠨ ᠤᠳᠠᠭ᠎ᠠ ᠴᠦᠬᠡᠨ ᠪᠤᠰᠤ᠃ ᠬᠡᠬᠦ ᠳᠡᠭᠡᠨ ᠮᠢᠨᠦ ᠦᠵᠡᠬᠦ ᠪᠠᠷ ᠡᠷᠳᠡᠮ ᠰᠢᠨᠵᠢᠯᠡᠬᠡᠨ ᠤ ᠠᠵᠢᠯ ᠢ ᠬᠢᠬᠦ ᠳᠤ ᠲᠤᠭᠠᠨ ᠳᠤ ᠪᠠᠶᠢᠬᠤ ᠪᠢᠰᠢ ᠬᠠᠷᠢᠨ ᠴᠢᠨᠡᠷ ᠲᠤ ᠯᠡ ᠪᠠᠶᠢᠬᠤ ᠶᠤᠮ᠃ ᠨᠡᠶᠢᠳᠡᠯᠡᠬᠦᠯᠦᠭᠰᠡᠨ ᠵᠤᠬᠢᠶᠠᠯ ᠦᠬᠦᠯᠡᠯ ᠡᠷᠬᠡᠪᠰᠢ 5000 ᠦᠰᠦᠭ ᠠᠴᠠ ᠲᠡᠭᠡᠭᠰᠢ ᠪᠠᠶᠢᠬᠤ ᠬᠡᠷᠡᠭᠳᠡᠢ ᠡᠰᠡ ᠪᠦᠬᠡᠰᠦ ᠦᠬᠦᠯᠡᠯ ᠤᠨ ᠲᠤᠭᠠᠨ ᠳᠤ ᠪᠤᠳᠤᠬᠤ ᠦᠬᠡᠢ ᠬᠡᠰᠡᠨ ᠰᠤᠷᠭᠠᠭᠤᠯᠢ ᠶᠢᠨ ᠲᠤᠬᠳᠠᠭᠠᠯ ᠪᠠᠶᠢᠳᠠᠭ ᠪᠤᠯᠪᠠᠴᠤ ᠪᠢ 2 — 3 ᠲᠦᠮᠡᠨ ᠦᠰᠦᠭ ᠲᠠᠢ ᠵᠠᠷᠢᠮ ᠲᠤᠮᠤ ᠦᠬᠦᠯᠡᠯ ᠢᠶᠠᠨ ᠰᠡᠳᠬᠦᠯ ᠤᠨ ᠬᠤᠷᠢᠶᠠᠨ ᠤ ᠨᠠᠶᠢᠷᠠᠭᠤᠯᠤᠬᠴᠢ ᠳᠤ ᠭᠤᠶᠤᠵᠤ ᠪᠠᠶᠢᠭᠠᠳ ᠨᠢᠬᠡ ᠯᠡ ᠦᠬᠦᠯᠡᠯ ᠢᠶᠠᠷ ᠨᠡᠶᠢᠳᠡᠯᠡᠬᠦᠯᠳᠡᠭ᠃ ᠲᠡᠶᠢᠮᠦ ᠮᠦᠷᠳᠡᠬᠡᠨ ᠦᠪᠡᠷ ᠤᠨ ᠡᠷᠳᠡᠮ ᠰᠢᠨᠵᠢᠯᠡᠬᠡᠨ ᠤ ᠦᠬᠦᠯᠡᠯ ᠢᠶᠠᠨ ᠴᠦᠬᠡᠨ ᠪᠤᠯᠪᠠᠴᠤ ᠴᠢᠨᠡᠷᠯᠢᠭ᠋ ᠪᠤᠯᠭᠠᠬᠤ ᠶᠢᠨ ᠲᠦᠯᠦᠬᠡ ᠦᠬᠦᠯᠡᠯ ᠨᠢᠬᠡᠪᠦᠷᠢ ᠶᠢ ᠪᠢᠴᠢᠬᠦ ᠳᠡᠭᠡᠨ ᠤᠳᠠᠭᠠᠨ ᠡᠳᠦᠷ ᠤᠨ ᠴᠠᠭ ᠵᠠᠷᠤᠭᠤᠯᠤᠨ ᠨᠠᠷᠢᠨ ᠬᠢᠨᠡᠮᠡᠭᠠᠢ ᠰᠤᠳᠤᠯᠤᠨ ᠪᠤᠯᠪᠠᠰᠤᠷᠠᠭᠤᠯᠵᠤ᠂ ᠪᠠᠷᠤᠭ ᠯᠡ ᠦᠨᠡᠨ ᠤ ᠦᠵᠦᠬᠦᠷ ᠲᠤ ᠬᠦᠷᠴᠢᠬᠡᠬᠦ ᠶᠢᠨ ᠪᠡᠯ ᠲᠠᠢ ᠲᠠᠮᠠᠢ ᠯᠡ ᠵᠢᠳᠬᠦᠯᠡᠪᠡ᠂ ᠦᠨᠡᠨ ᠳᠡᠭᠡᠨ ᠦᠨᠡᠨ ᠢ ᠦᠵᠦᠬᠦᠷᠯᠡᠵᠤ ᠬᠡᠷᠬᠢᠨ ᠴᠢᠳᠠᠬᠤ ᠠᠵᠢ᠃ ᠮᠢᠨᠦ ᠪᠠᠶ᠎ᠠ 2013 ᠤᠨ ᠳᠤ ︽ᠴ᠊᠂ ᠬᠡᠰᠢᠭᠳᠦᠭ᠌ᠳᠠᠬᠤ ᠶᠢᠨ ᠦᠬᠦᠯᠡᠯ ᠤᠨ ᠰᠤᠩᠭᠤᠳᠠᠭ︾ ᠲᠤ ᠰᠤᠩᠭᠤᠨ ᠠᠪᠤᠬᠰᠠᠨ ᠦᠬᠦᠯᠡᠯ ᠤᠳ ᠢᠶᠠᠨ ᠲᠠᠬᠢᠨ ᠬᠠᠮᠤᠭ ᠰᠡᠬᠦᠯᠴᠢ ᠶᠢᠨ ᠤᠳᠠᠭ᠎ᠠ ᠪᠠᠨ ᠨᠠᠷᠢᠪᠴᠢᠯᠠᠨ ᠤᠩᠰᠢᠵᠤ᠂ ᠰᠢᠨ᠎ᠠ ᠤᠯᠤᠬᠰᠠᠨ ᠪᠠᠷᠢᠮᠳᠠ ᠮᠠᠲ᠋ᠧᠷᠢᠶᠠᠯ ᠤᠳ ᠢ ᠨᠠᠮᠠᠨ ᠪᠠᠶᠠᠯᠢᠬᠵᠢᠭᠤᠯᠵᠤ᠂ ᠡᠬᠡᠬᠡ ᠯᠡ ᠡᠩᠬᠦᠷᠠᠶᠢᠯᠠᠨ ᠦᠰᠬᠡᠭᠰᠡᠨ ᠦᠬᠢᠨ ᠦᠷ᠎ᠠ ᠪᠠᠨ ᠬᠠᠷᠢ ᠳᠤ ᠦᠭᠴᠤ ᠪᠠᠶᠢᠭ᠎ᠠ ᠰᠢᠭ᠋ ᠦᠰᠦ ᠬᠡᠵᠢᠬᠡ ᠡᠮᠦᠰᠬᠡᠯ ᠵᠡᠬᠦᠳᠡᠯ ᠢ ᠨᠢ ᠵᠠᠰᠠᠵᠤ ᠭᠤᠶᠤᠯᠠᠵᠤ᠂ ᠢᠨᠵᠢ ᠮᠠᠯ ᠢ ᠨᠢ ᠡᠯᠪᠡᠭ ᠲᠠᠩᠰᠤᠭ ᠪᠤᠯᠭᠠᠨ ᠮᠤᠷᠳᠠᠭᠤᠯᠤᠬᠰᠠᠨ ᠶᠤᠮ᠃ ᠦᠪᠡᠷ ᠤᠨ ᠲᠦᠴᠢ ᠭᠠᠷᠤᠢ ᠵᠢᠯ ᠤᠨ ᠡᠷᠳᠡᠮ ᠰᠢᠨᠵᠢᠯᠡᠬᠡᠨ ᠤ ᠠᠵᠢᠯ ᠢᠶᠠᠨ ᠡᠷᠬᠢᠴᠡᠬᠦᠯᠦᠨ ᠬᠢᠨᠡᠵᠤ ᠪᠤᠳᠤᠪᠠᠯ᠂ ᠵᠠᠷᠢᠮ ᠦᠶ᠎ᠠ ᠳᠤ ᠦᠨᠡᠬᠡᠷ ᠡᠷᠳᠡᠮ ᠤᠨ ᠬᠦᠬᠡᠬᠡᠴᠡᠯᠳᠦᠯ ᠰᠢᠨᠤᠯ ᠳᠤ ᠤᠨᠠᠵᠤ ᠢᠷᠡᠭᠰᠡᠨ ᠠᠵᠢ᠃ ᠰᠢᠨᠵᠢᠯᠡᠬᠦ ᠤᠬᠠᠭᠠᠨ ᠤ ᠬᠤᠪᠢ ᠳᠤ ᠡᠶᠢᠮᠦ ᠤᠪᠤᠷ ᠢ ᠪᠤᠷᠤᠭᠤ ᠬᠡᠬᠦ ᠶᠢᠨ ᠠᠷᠭ᠎ᠠ ᠦᠬᠡᠢ᠂ ᠬᠡᠬᠦ ᠳᠡᠭᠡᠨ ᠠᠯᠢᠪᠠ ᠬᠦᠬᠡᠬᠡᠴᠡᠯᠳᠦᠯ ᠱᠠᠭᠠᠷᠳᠠᠯᠭ᠎ᠠ ᠵᠤᠬᠢᠬᠤ ᠬᠦᠭ ᠠᠴᠠ ᠬᠡᠳᠦᠷᠡᠪᠡᠯ ᠴᠦᠮ ᠬᠡᠮ ᠪᠤᠯᠬᠤ ᠶᠤᠮ ᠬᠡᠳᠡᠭ ᠶᠤᠰᠤ ᠶᠢ ᠴᠤ ᠲᠡᠮᠳᠡᠭᠯᠡᠮᠡᠷ ᠪᠠᠶᠢᠨ᠎ᠠ᠃                  ︵ᠬᠡᠷᠡᠯ ᠵᠢᠷᠤᠭ ᠢ ᠪᠠᠶᠠᠷ ᠰᠡᠬᠦᠳᠡᠷᠯᠡᠪᠡ︶
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号