ᠬᠤᠯᠠᠬᠢ ᠠᠭᠤᠯᠠᠨ ᠳᠤᠷ ᠴᠠᠭᠠᠨ ᠡᠬᠦᠯᠡ ᠤᠷᠭᠤᠵᠤ | ᠬᠤᠷᠭᠤᠯᠵᠠᠨ ᠡᠪᠬᠡᠷᠡᠯᠳᠦᠨ ᠬᠦᠬᠡ ᠤᠭᠳᠠᠷᠭᠤᠢ ᠳᠤᠷ ᠤᠷᠤᠪᠠᠢ᠃ | ᠬᠤᠮᠪᠢᠵᠤ ᠳᠡᠯᠭᠡᠬᠦᠢ ᠳᠤᠷ ᠪᠦᠳᠦᠬᠦ ᠡᠪᠳᠡᠷᠡᠬᠦ ᠳᠠᠭᠠᠯᠴᠠᠨ | ᠬᠤᠷᠠᠵᠤ ᠰᠠᠷᠨᠢᠬᠤᠶᠠ ᠦᠪᠡᠷ ᠤᠨ ᠡᠷᠬᠡ ᠦᠭᠡᠢ᠃ | ᠬᠤᠷᠴᠠ ᠭᠡᠷᠡᠯ ᠨᠠᠷᠠᠨ ᠳᠤ ᠬᠠᠨᠳᠤᠭᠰᠠᠨ ᠤ ᠰᠢᠯᠳᠠᠭᠠᠨ | ᠬᠤᠷᠳᠤᠨ᠎ᠠ ᠳᠠᠰᠣᠷᠠᠬᠤ ᠰᠠᠯᠬᠢᠨ᠎ᠠ ᠬᠡᠶᠢᠰᠦᠭᠳᠡᠬᠦ ᠶᠢᠨ ᠬᠠᠷᠠᠭ᠎ᠠ᠃ | ᠬᠤᠷᠤᠮᠬᠠᠨ ᠵᠠᠭᠤᠷ᠎ᠠ ᠯᠤᠤᠰ ᠯᠤᠭ᠎ᠠ ᠠᠭᠤᠯᠵᠠᠪᠠᠰᠤ | ᠬᠤᠪᠠᠭ᠋ᠠᠢ ᠪᠤᠳᠠᠰ ᠢ ᠰᠢᠮᠡᠳᠠᠢ ᠪᠤᠯᠭᠠᠨ ᠴᠢᠳᠠᠮᠦᠢ᠃ | | | | ︵ᠢᠨᠵᠠᠨᠨᠠᠰᠢ ᠶᠢᠨ ᠰᠢᠯᠦᠭ — ︽ᠡᠷᠳᠡᠨ ᠪᠠ ᠤᠷᠴᠢᠨ ᠦᠶ᠎ᠡ ᠶᠢᠨ ᠮᠤᠩᠭᠤᠯ ᠵᠤᠬᠢᠶᠠᠯᠴᠢᠳ︾ ᠠᠴᠠ | ᠨᠠᠶᠢᠷᠠᠭᠤᠯᠤᠨ ᠲᠡᠮᠵᠢᠭᠤᠯᠪᠠ︶ | ᠵᠡᠬᠦᠯᠳᠡ | ᠲᠤᠰ ᠪᠡᠯᠭᠡᠳᠡᠯ ᠤᠨ ᠰᠢᠯᠦᠭ ᠪᠤᠯ ᠲᠡᠭᠦᠨ ᠤ ᠰᠢᠯᠦᠭ ᠤᠨ ᠳᠤᠳᠤᠷ᠎ᠠ ᠬᠠᠮᠤᠭ ᠤᠨ ᠶᠡᠭᠡ ᠠᠮᠵᠢᠯᠳᠠ | ᠤᠯᠤᠭᠰᠠᠨ ᠰᠢᠯᠦᠭ ᠪᠤᠯᠬᠤ ᠶᠤᠮ᠃ ᠰᠢᠯᠦᠭ ᠲᠤ ᠴᠠᠭᠠᠨ ᠡᠬᠦᠯᠠᠨ ᠤ ᠦᠪᠠᠷᠤᠨ ᠡᠷᠬᠡ ᠦᠭᠡᠢ ᠪᠠᠶᠢᠭ᠎ᠠ | ᠦᠵᠡᠭᠳᠡᠯ ᠢ ᠲᠦᠷᠰᠦᠯᠡᠨ ᠪᠢᠴᠢᠬᠦ ᠪᠠᠷ ᠳᠠᠮᠵᠢᠭᠤᠯᠵᠤ᠂ ᠹᠸᠤᠳᠠᠯ ᠶᠤᠰᠤ ᠶᠢ ᠡᠰᠡᠷᠭᠦᠴᠡᠨ ᠡᠷᠬᠡ ᠴᠢᠯᠦᠭᠡ | ᠠᠷᠠᠳᠴᠢᠯᠠᠯ ᠢ ᠬᠦᠰᠡᠵᠤ ᠡᠷᠡᠮᠡᠯᠵᠡᠯᠡᠭᠰᠡᠨ ᠰᠠᠨᠠᠭ᠎ᠠ ᠪᠠᠨ ᠳᠠᠯᠳᠠᠬᠠᠨ ᠤᠶᠠᠩᠭᠠᠯᠠᠪᠠ᠃ |