ᠰᠠᠷᠠᠨ ᠤ ᠭᠡᠭᠡᠨ ᠲᠤᠶᠠᠭ᠎ᠠ ᠵᠢᠵᠢᠭᠬᠡᠨ ᠭᠤᠷᠤᠬ᠎ᠠ ᠶᠢ ᠤᠭᠢᠶᠠᠨ᠎ᠠ | ᠰᠠᠶᠢᠬᠠᠨ ᠬᠤᠤᠰ ᠤᠨ ᠵᠢᠷᠦᠬᠡᠨ ᠳᠤ ᠬᠠᠶᠢᠷ᠎ᠠ ᠶᠢᠨ ᠭᠠᠯ ᠪᠠᠳᠠᠷᠠᠨ᠎ᠠ | ᠰᠠᠨᠠᠬᠤ ᠰᠡᠳᠦᠬᠦ ᠶᠢᠨ ᠬᠤᠭᠤᠷᠤᠨᠳᠤ ᠤᠨ ᠴᠠᠭ ᠤᠷᠤᠰᠤᠨ᠎ᠠ | ᠰᠠᠶᠢᠨ ᠮᠠᠭᠤ ᠶᠢᠨ ᠵᠠᠪᠰᠠᠷ ᠲᠤ ᠤᠷᠴᠢᠯᠠᠩ ᠦᠪᠡᠷ ᠢᠶᠠᠨ ᠡᠷᠭᠢᠨ᠎ᠡ | ᠬᠡᠷᠬᠡᠮ ᠲᠤᠰᠢᠶᠠᠯ ᠤᠨ ᠲᠦᠯᠦᠭᠡ ᠬᠦᠶᠦᠯᠳᠦᠭᠴᠢᠳ | ᠬᠡᠲᠦ ᠨᠠᠰᠤᠯᠠᠬᠤ ᠪᠠᠨ ᠶᠡᠷᠦ ᠮᠡᠳᠡᠳᠡᠭ ᠪᠤᠯᠪᠠ ᠦᠦ | ᠬᠡᠨᠡᠭ ᠦᠭᠡᠢ ᠴᠢᠷᠠᠶᠢᠯᠠᠨ ᠰᠢᠨᠤᠵᠤ ᠶᠠᠪᠤᠲᠠᠯ᠎ᠠ ᠨᠢ | ᠬᠡᠴᠡ ᠳᠡᠷᠡᠯᠡᠬᠦ ᠠᠯᠪᠠᠨ ᠳᠤ ᠡᠷᠯᠢᠭ ᠳᠠᠭᠤᠳᠠᠪᠠᠯ ᠶᠠᠭᠠᠬᠢᠨ᠎ᠠ︕ |