ᠳᠤᠷᠠᠯᠠᠭᠰᠠᠨ ᠬᠦᠮᠦᠨ ᠳᠡᠭᠡᠨ ᠬᠠᠶᠢᠷ᠎ᠠ ᠪᠠᠨ ᠪᠡᠯᠡᠭᠯᠡᠵᠦ | ᠳᠤᠤᠯᠢᠮ᠎ᠠ ᠤᠷᠴᠢᠯᠠᠩ ᠳᠤ ᠵᠢᠷᠭᠠᠭᠰᠠᠨ ᠯᠠ ᠪᠤᠯ | ᠠᠮᠢᠳᠤ ᠶᠠᠪᠤᠭ᠎ᠠ ᠶᠢᠨ ᠪᠠᠶᠠᠷ ᠲᠡᠷᠡ | ᠠᠬᠢᠭᠠᠳ ᠤᠯᠳᠠᠬᠤ ᠦᠭᠡᠢ ᠠᠭᠱᠠᠨ ᠴᠦ ᠪᠠᠶᠢᠵᠤ ᠮᠡᠳᠡᠨ᠎ᠡ | ᠤᠨ ᠴᠠᠭ ᠪᠦᠬᠦᠨ ᠢ ᠬᠤᠯᠠᠭᠠᠶᠢᠯᠠᠭᠰᠠᠨ | ᠤᠷᠤᠭ᠎ᠠ ᠪᠤᠰᠬᠠᠭ᠎ᠠ ᠡᠨᠡ ᠤᠷᠴᠢᠯᠠᠩ ᠲᠡᠭᠡᠭᠡᠳ | ᠤᠳᠤ ᠨᠠᠮᠠᠶᠢ ᠠᠪᠬᠤ ᠯᠠ ᠦᠯᠡᠳᠡᠵᠦ ᠳ᠋ᠠ | ᠨᠠᠶᠢᠵᠠ ᠨᠦᠬᠦᠳ ᠤᠯᠠᠨ ᠲᠠᠢ ᠪᠠᠶᠢᠯ᠎ᠠ ᠪᠢ | ᠨᠠᠷᠠᠲᠤ ᠳᠤ ᠲᠡᠭᠡᠭᠡᠳ ᠵᠢᠷᠭᠠᠵᠤ ᠶᠠᠪᠤᠯ᠎ᠠ | ᠡᠷᠭᠢᠭᠡᠳ ᠪᠤᠳᠤᠬᠤᠨᠠ ᠲᠡᠳᠡᠨ ᠠᠴᠠ ᠴᠦᠭᠡᠨ ᠨᠢ ᠦᠯᠡᠳᠡᠵᠦ | ᠡᠷᠯᠢᠭ ᠤᠨ ᠬᠠᠭᠠᠨ ᠶᠡᠬᠡᠩᠬᠢ ᠶᠢ ᠨᠢ ᠠᠪᠤᠭᠠᠳ ᠶᠠᠪᠤᠴᠢᠬᠠᠵᠠᠢ | ᠡᠳ᠋ ᠮᠦᠩᠭᠦ ᠪᠠᠷ ᠪᠢᠯᠬᠠᠪᠠᠴᠤ | ᠡᠷᠯᠢᠭ ᠲᠤᠭᠤᠷᠢᠳᠠᠭ ᠦᠭᠡᠢ ᠬᠤᠷᠸ᠎ᠠ ᠳᠤ | ᠠᠮᠢᠳᠤ ᠶᠠᠪᠤᠬᠤ ᠪᠠᠨ ᠪᠤᠳᠤᠵᠤ | ᠠᠴᠢᠲᠠᠢ ᠠᠶᠠᠳᠠᠢ ᠪᠠᠶᠢᠮᠠᠷ᠃ |