ᠬᠢᠭᠰᠡᠨ ᠪᠦᠬᠦᠨ ᠴᠢᠨᠢ ᠪᠤᠷᠤᠭᠤ ᠦᠭᠡᠢ ᠡ ᠬᠤᠩᠭᠤᠷ ᠮᠢᠨᠢ | ᠬᠡᠷᠡᠭ ᠤᠨ ᠡᠵᠡᠨ ᠨᠢ ᠪᠢ ᠪᠠᠶᠢᠨ᠎ᠠ᠂ ᠠᠮᠠᠷᠠᠭ ᠮᠢᠨᠢ | ᠬᠡᠵᠢᠶ᠎ᠡ ᠴᠦ ᠴᠢᠮ᠎ᠠ ᠠᠴᠠ ᠪᠠᠨ ᠬᠤᠪᠢᠷᠠᠬᠤ ᠦᠭᠡᠢ ᠵᠢᠷᠦᠬᠡ ᠮᠢᠨᠢ ᠪᠠᠶᠢᠨ᠎ᠠ | ᠬᠡᠴᠡ ᠳᠡᠷᠡᠯᠡᠨ ᠤᠨᠲᠠᠯ᠎ᠠ ᠴᠦ ᠪᠢ ᠴᠢᠮ᠎ᠠ ᠳᠠᠭᠠᠨ ᠦᠨᠡᠨᠴᠢ᠂ ᠴᠢ ᠪᠤᠷᠤᠭᠤ ᠦᠭᠡᠢ ᠡ︕ | | ᠴᠡᠴᠡᠭᠡᠰ ᠤᠨ ᠳᠤᠮᠳᠠ ᠪᠢ ᠪᠠᠶᠠᠰᠤᠨ ᠰᠠᠭᠤᠬᠤ ᠳᠠᠭᠠᠨ | ᠴᠡᠩᠭᠡᠯ ᠤᠨ ᠠᠮᠲᠠ ᠶᠢ ᠮᠡᠳᠡᠷᠡᠵᠦ᠂ ᠬᠠᠶᠢᠷ᠎ᠠ ᠶᠢᠨ ᠪᠠᠯ ᠳᠤ ᠰᠤᠭᠲᠤᠪᠠ | ᠴᠡᠩᠨᠡᠨ ᠪᠤᠳᠤᠵᠤ ᠡᠷᠭᠢᠴᠡᠭᠦᠯᠦᠨ ᠰᠠᠨᠠᠵᠤ ᠰᠠᠭᠤᠬᠤᠨᠠ | ᠴᠡᠩᠬᠡᠷ ᠤᠷᠴᠢᠯᠠᠩ ᠢ ᠤᠷᠬᠢᠬᠤ ᠨᠢ ᠮᠦᠩᠬᠡ ᠶᠢᠨ ᠦᠨᠡᠨ ᠠᠵᠢ᠃ |