ᠪᠠᠭᠰᠢ
ᠨᠡᠶᠢᠲᠡᠯᠡᠭᠰᠡᠨ ᠴᠠᠭ᠄
2018-04-13
ᠬᠡ᠊᠂  ᠰᠦᠬᠡᠨᠠᠷᠠᠨ ᠮᠠᠨᠳᠤᠬᠤ ᠠᠯᠲᠠᠨ ᠲᠤᠶᠠᠭᠠᠨ ᠤ ᠭᠡᠷᠡᠯ ᠢᠶᠠᠷᠨᠠᠷᠮᠠᠢ ᠬᠡᠦᠬᠡᠳ ᠤᠨ ᠠᠩᠭᠠᠭᠰᠠᠨ ᠬᠦᠰᠡᠯ ᠤᠨ ᠵᠠᠮ ᠢᠶᠠᠷᠨᠤᠮ ᠲᠠᠢ ᠨᠢᠭᠡᠨ ᠬᠦᠮᠦᠨ ᠠᠶᠢᠰᠦᠢ᠃ᠬᠦᠬᠡ ᠰᠤᠳᠤᠷ ᠤᠨ ᠭᠠᠳᠠᠷ ᠲᠠᠢᠬᠦᠬᠡ ᠮᠤᠩᠭᠤᠯ ᠤᠨ ᠲᠤᠲᠤᠷ ᠲᠠᠢᠬᠦᠬᠡ ᠲᠤᠭ ᠤᠨ ᠰᠦᠷ ᠲᠠᠢᠬᠦᠬᠡ ᠲᠡᠭᠷᠢ ᠶᠢᠨ ᠴᠢᠨᠠᠷ ᠲᠠᠢᠬᠦᠬᠡ ᠲᠤᠯᠪᠤ ᠶᠢᠨ ᠲᠠᠮᠠᠭ᠎ᠠ ᠲᠠᠢᠬᠦᠬᠡ ᠦᠩᠭᠡ ᠶᠢᠨ ᠨᠠᠮᠲᠠᠷ ᠲᠠᠢᠬᠦᠬᠡ ᠬᠠᠳᠠᠨ ᠤ ᠵᠤᠷᠢᠭ ᠲᠠᠢᠬᠦᠬᠡ ᠡᠪᠡᠰᠦᠨ ᠤ ᠦᠨᠦᠷ ᠲᠠᠢᠬᠦᠬᠡ ᠤᠰᠤᠨ ᠤ ᠠᠨᠢᠷ ᠲᠠᠢᠬᠦᠬᠡ ᠮᠤᠩᠭᠤᠯ ᠤᠨ ᠬᠦᠮᠦᠨᠠᠶᠢᠰᠦᠢ ᠁ᠰᠠᠷᠠᠨ ᠮᠠᠨᠳᠤᠬᠤ ᠮᠦᠩᠭᠦᠨ ᠲᠤᠶᠠᠭᠠᠨ ᠤ ᠭᠡᠭᠡ ᠪᠠᠷᠰᠠᠷᠨᠠᠢ ᠬᠡᠦᠬᠡᠳ ᠤᠨ ᠴᠠᠩᠭᠠᠭᠰᠠᠨ ᠬᠦᠰᠡᠯ ᠤᠨ ᠮᠦᠷ ᠢᠶᠠᠷᠰᠤᠳᠤᠷ ᠲᠠᠢ ᠨᠢᠭᠡᠨ ᠬᠦᠮᠦᠨ ᠠᠶᠢᠰᠦᠢ᠃ᠨᠢᠭᠤᠴᠠ ᠲᠤᠪᠴᠢᠶᠠᠨ ᠤ ᠭᠠᠳᠠᠷ ᠲᠠᠢᠴᠢᠩᠭᠢᠰ ᠲᠤᠪᠴᠢᠶᠠᠨ ᠤ ᠲᠤᠲᠤᠷ ᠲᠠᠢᠨᠤᠶᠠᠨ ᠨᠢᠷᠤᠭᠤᠨ ᠤ  ᠰᠦᠷ ᠲᠠᠢᠳᠦᠯᠭᠡᠨ ᠨᠠᠭᠤᠷ ᠤᠨ ᠵᠠᠩ ᠲᠠᠢ︽ᠡᠷᠭᠦᠨ᠎ᠡ ᠬᠤᠨ ᠤ ᠳᠤᠮᠤᠭ︾ ᠡᠪᠦᠷᠯᠡᠭᠡᠳ︽ᠠᠯᠤᠩᠭᠤᠸ᠎ᠠ ᠡᠬᠡ ᠶᠢᠨ ᠰᠤᠷᠭᠠᠯ︾ ᠡᠭᠦᠷᠦᠭᠡᠳᠪᠤᠷᠬᠠᠨ ᠬᠠᠯᠳᠤᠨ ᠠᠴᠠ ᠴᠦ ᠶᠤᠮ ᠦᠦᠪᠤᠭᠳᠠ ᠠᠭᠤᠯᠠᠨ ᠠᠴᠠ ᠴᠦ ᠶᠤᠮ ᠦᠦᠬᠦᠳᠡᠭᠡ ᠠᠷᠠᠯ ᠠᠴᠠ ᠴᠦ ᠶᠤᠮ ᠦᠦᠬᠦᠬᠡ ᠰᠢᠯᠢ ᠠᠴᠠ ᠴᠦ ᠶᠤᠮ ᠦᠦᠬᠦᠬᠡ ᠮᠤᠩᠭᠤᠯ ᠤᠨ ᠬᠦᠮᠦᠨ ᠠᠶᠢᠰᠦᠢ ᠁ᠤᠳᠤᠨ ᠠᠨᠢᠪᠴᠠᠬᠤ ᠶᠠᠭᠠᠨ ᠰᠦᠨᠢ ᠶᠢᠨ ᠴᠢᠯᠦᠭᠡ ᠪᠠᠷᠡᠷᠪᠡᠢ ᠬᠡᠦᠬᠡᠳ ᠤᠨ ᠤᠮᠳᠠᠭᠠᠰᠤᠭᠰᠠᠨ ᠬᠦᠰᠡᠯ ᠤᠨ ᠵᠦᠷᠢᠭ ᠢᠶᠠᠷᠳᠡᠪᠲᠡᠷ ᠲᠠᠢ ᠨᠢᠭᠡᠨ ᠬᠦᠮᠦᠨ ᠠᠶᠢᠰᠦᠢ᠃ᠤᠨᠤᠨ ᠮᠦᠷᠡᠨ ᠤ ᠠᠭᠠᠰᠢ ᠲᠠᠢᠦᠭᠡᠯᠦᠨ ᠡᠵᠢ ᠶᠢᠨ ᠠᠭᠠᠯᠢ ᠲᠠᠢᠤᠳᠬ᠎ᠠ ᠤᠶᠠᠩᠭ᠎ᠠ ᠶᠢᠨ ᠠᠷᠠᠨᠰᠢᠨ ᠲᠠᠢᠤᠰᠬᠠᠯ ᠪᠤᠯᠤᠷ ᠤᠨ ᠠᠪᠤᠷᠢ ᠲᠠᠢᠤᠷᠠᠨ ᠴᠡᠴᠡᠭ ᠤᠨ ᠭᠠᠩᠬᠤᠭᠠᠨᠠᠭ ᠲᠠᠢᠤᠳᠠᠨ ᠨᠠᠪᠴᠢ ᠶᠢᠨ ᠲᠤᠶ᠋ᠢᠯᠵᠠᠭᠠᠨ ᠲᠠᠢᠤᠷᠤᠰᠬᠠᠯ ᠭᠤᠤᠯ ᠤᠨ ᠦᠶᠡᠯᠵᠡᠭᠡᠨ ᠲᠠᠢᠤᠶᠠᠬᠠᠨ ᠽᠠᠮᠪᠦᠯᠢᠩ ᠤᠨ ᠡᠵᠡᠨᠬᠦᠬᠡ ᠮᠤᠩᠭᠤᠯ ᠤᠨ ᠬᠦᠮᠦᠨᠠᠶᠢᠰᠦᠢ ᠁ᠬᠠᠶ᠋ᠢᠭ᠄ ᠬᠡᠰᠢᠭᠲᠡᠨ ᠬᠤᠰᠢᠭᠤᠨ ᠤ ᠳᠠᠯᠠᠶᠢᠨᠠᠭᠤᠷ ᠪᠠᠯᠭᠠᠰᠤ
 
ᠢᠷᠡᠯᠲᠡ᠄ ︽ᠰᠢᠷ᠎ᠠ ᠮᠦᠷᠡᠨ︾ ᠰᠡᠳᠬᠦᠯ ᠤᠨ 2017 ᠤᠨ ᠤ ᠲᠠᠪᠤᠳᠤᠭᠠᠷ ᠬᠤᠭᠤᠴᠠᠭ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号