| ︵ᠬᠦᠲᠦᠯᠦᠭᠡ ᠬᠤᠶᠠᠷ︶ | ᠪ᠊᠂ ᠪᠢᠯᠢᠭ | | ᠡᠪᠡᠰᠦᠨ ᠤ ᠪᠠᠨ ᠤᠶᠠᠩᠭᠠᠨ ᠰᠢᠭᠦᠳᠡᠷᠢ ᠪᠠᠷ | ᠡᠯᠢᠭᠡᠨ ᠳᠡᠭᠡᠨ ᠶᠠᠭᠤ ᠶᠡᠭᠦᠯᠡᠳᠡᠭ ᠶᠤᠮ ᠪᠤᠯ︖ | ᠡᠷᠬᠡ ᠴᠠᠭᠠᠨ ᠡᠷᠪᠡᠬᠡᠢ ᠨᠢ ᠰᠦᠨ ᠦᠨᠦᠷ ᠲᠠᠢ᠃ | ᠡᠭᠦᠯᠡᠰ ᠤᠨ ᠢᠶᠠᠨ ᠠᠶᠤᠩᠭᠠᠨ ᠰᠡᠭᠦᠳᠡᠷ ᠢᠶᠠᠷ | ᠡᠪᠴᠢᠭᠦᠨ ᠳᠡᠭᠡᠨ ᠶᠠᠭᠤ ᠡᠪᠦᠷᠯᠡᠳᠡᠭ ᠶᠤᠮ ᠪᠤᠯ︖ | ᠡᠷᠡᠮᠡᠭ ᠴᠠᠭᠠᠨ ᠠᠳᠤᠭᠤᠳ ᠨᠢ ᠰᠠᠯᠬᠢᠨ ᠠᠨᠢᠷ ᠲᠠᠢ᠃ | ᠳᠠᠯᠠᠪᠴᠢᠨ ᠳᠠᠭᠠᠨ ᠭᠬᠢᠷ ᠦᠭᠡᠢ ᠰᠢᠪᠠᠭᠤᠳ ᠤᠨ ᠬᠢᠨᠢ | ᠳᠠᠶᠠᠩ ᠢᠯᠪᠢᠵᠦ ᠲᠡᠭᠦᠯᠢᠭᠰᠡᠨ ᠵᠢᠭᠦᠷ ᠨᠢ ᠬᠦᠬᠡ | ᠲᠠᠯ᠎ᠠ ᠳᠤᠨᠢ ᠵᠢᠷᠭᠢᠬᠦ ᠠᠭᠤᠯᠠ ᠤᠰᠤ ᠨᠢ ᠬᠦᠬᠡ᠃ | ᠳᠠᠭᠠᠳᠬᠠᠯ ᠳᠠᠭᠠᠨ ᠦ ᠦᠭᠡᠢ ᠡᠳᠦᠷ ᠤᠳ ᠤᠨ ᠬᠢᠨᠢ | ᠲᠡᠭᠷᠢ ᠢᠪᠡᠭᠡᠵᠦ ᠲᠠᠲᠠᠭᠤᠯᠤᠭᠰᠠᠨ ᠭᠡᠷᠡᠯ ᠨᠢ ᠬᠦᠬᠡ | ᠳᠡᠷᠭᠡᠲᠡ ᠨᠢ ᠵᠢᠷᠮᠦᠰᠦᠯᠡᠬᠦ ᠠᠮᠢ ᠨᠠᠰᠤ ᠪᠦᠬᠦᠨ ᠬᠦᠬᠡ᠃ | | ᠤᠶᠠᠩᠭᠠᠨ ᠴᠠᠭᠠᠨ ᠰᠠᠨᠠᠭ᠎ᠠ | | ᠭᠤᠸ᠎ᠠ ᠰᠠᠶᠢᠬᠠᠨ ᠤ ᠲᠤᠲᠤᠨᠠᠬᠢ | ᠭᠤᠷᠪᠠᠨ ᠮᠦᠷᠡᠨ | ᠭᠤᠤᠯ ᠢ ᠲᠠᠮᠢᠷᠵᠢᠭᠤᠯᠤᠨ ᠤᠷᠤᠰᠬᠤ ᠳᠤ | ᠭᠤᠶᠠᠴᠢ ᠦᠭᠡᠢ ᠮᠢᠨᠦ ᠬᠠᠶᠢᠷ᠎ᠠ | ᠲᠡᠷᠡ ᠶᠡᠭᠡ ᠴᠢᠭᠯᠡᠯ ᠢᠶᠠᠷ | ᠲᠡᠭᠦᠯᠳᠡᠷ ᠳᠡᠭᠦᠯᠢᠳᠡᠭ ᠪᠠᠶᠢᠪᠠ᠃ | ᠳᠠᠪᠠᠭ᠎ᠠ ᠪᠦᠬᠦᠨ ᠢ ᠨᠢ ᠦᠭᠡᠳᠡ ᠦᠭᠰᠦᠬᠦ ᠳᠤ | ᠲᠠᠶᠤᠩᠭᠠ ᠭᠠᠷᠤᠳᠢ ᠰᠢᠪᠠᠭᠤ ᠠᠨᠳᠠ ᠮᠢᠨᠢ ᠪᠠᠶᠢᠪᠠ᠃ | | ᠡᠳᠦᠷ ᠤᠳ | ᠦᠷ ᠰᠦᠨᠢ ᠪᠠᠨ ᠤᠷᠲᠤᠳᠬᠠᠵᠤ | ᠤᠳᠤᠳ ᠨᠢ ᠦᠷᠭᠦᠯᠵᠢ ᠰᠠᠷ᠎ᠠ ᠳᠦᠭᠦᠷᠦᠨ᠎ᠡ᠂ | ᠤᠪᠤᠭ ᠵᠢᠯ ᠮᠦᠷ ᠦᠵᠡᠵᠦ | ᠤᠷᠢᠳᠦ ᠶᠢᠨ ᠵᠠᠶᠠᠭ᠎ᠠ ᠪᠠᠨ ᠵᠠᠯᠭᠠᠬᠤ | ᠤᠳᠤᠮ ᠪᠠᠭᠠᠲᠤᠷᠯᠢᠭ ᠴᠢᠯᠠᠭᠤᠨ ᠳᠡᠭᠡᠷ᠎ᠡ | ᠦᠪᠡᠷ ᠢ ᠪᠠᠨ ᠦᠪᠡᠷᠮᠢᠴᠡ ᠱᠤᠭᠤᠶ᠎ᠠ ᠭᠡᠳᠡᠭ ᠨᠢ | ᠦᠷᠦᠭᠡᠯ ᠤᠨ ᠪᠤᠰᠤ ᠮᠢᠨᠦ ᠡᠩᠬᠦᠷᠡᠢ ᠳᠦᠷᠬᠦ ᠪᠠᠶᠢᠪᠠ᠃ | | ᠬᠦᠮᠦᠰ ᠤᠨ ᠭᠠᠳᠠᠨᠠᠬᠢ ᠬᠦᠮᠦᠨ | ᠬᠦᠷᠦᠰᠦᠲᠦ ᠶᠢᠨ ᠭᠡᠭᠡ | ᠬᠡᠵᠢᠶᠡᠳᠡ ᠨᠠᠮᠠᠶᠢ ᠡᠷᠴᠢᠮᠯᠡᠨ ᠦᠳᠦᠭᠡᠳᠡᠭ᠂ | ᠮᠡᠳᠡᠭᠡᠵᠢ ᠶᠢᠨ ᠪᠡᠷᠬᠡᠲᠡᠯ | ᠮᠢᠨᠦ ᠬᠠᠷᠠᠭᠠᠨ ᠴᠡᠭ ᠲᠤ ᠪᠦᠳᠡᠬᠢ | ᠮᠢᠨᠵᠢ ᠶᠢᠨ ᠬᠠᠩᠭᠠᠢ ᠦᠨᠢ ᠡᠭᠦᠷᠢᠳᠡ ᠶᠢᠨ | ᠮᠢᠨᠦ ᠬᠦᠭᠡᠭᠡᠴᠡᠯᠳᠦᠯ ᠲᠡᠨᠳᠡ ᠬᠦᠬᠡᠷᠡᠨ ᠤᠷᠭᠤᠭᠰᠠᠭᠠᠷ | ᠮᠢᠩᠭᠠᠨ ᠤ ᠮᠠᠭᠠᠳ ᠰᠠᠨᠠᠭ᠎ᠠ ᠨᠠᠳᠠ ᠪᠠᠷ ᠦᠯᠡᠳᠡᠬᠦ ᠶᠤᠮᠰᠠᠨ᠃ | | ᠮᠢᠨᠦ ᠦᠪᠦᠷ ᠮᠤᠩᠭᠤᠯ | | ᠪᠤᠰᠤᠭ᠎ᠠ ᠲᠡᠭᠷᠢ ᠶᠢᠨ ᠳᠤᠤᠷ᠎ᠠ | ᠪᠤᠭᠤᠷᠤᠯ ᠲᠡᠦᠬᠡ ᠪᠠᠨ ᠲᠢᠭᠯᠡᠵᠦ ᠰᠠᠭᠤᠭᠰᠠᠨ | ᠪᠤᠱᠤᠭ᠎ᠠ ᠨᠢ ᠴᠠᠭᠠᠨ ᠠᠶᠢᠯ ᠤᠳ ᠤᠨ | ᠪᠤᠷᠬᠠᠨ ᠰᠠᠨᠠᠭ᠎ᠠ ᠳᠡᠯᠭᠡᠷᠡᠭᠰᠡᠨ ᠭᠠᠵᠠᠷ | ᠦᠪᠦᠷ ᠮᠤᠩᠭᠤᠯ ᠮᠢᠨᠢ︕ | ᠤᠷᠭᠤᠭ᠎ᠠ ᠳᠡᠯᠡᠬᠡᠢ ᠶᠢᠨ ᠳᠡᠭᠡᠷ᠎ᠡ | ᠤᠲᠤᠮᠠᠯ ᠲᠡᠷᠯᠢᠭ ᠢᠶᠠᠨ ᠲᠠᠲᠠᠵᠤ ᠪᠤᠰᠤᠭᠰᠠᠨ | ᠤᠷᠭ᠎ᠠ ᠨᠢ ᠦᠨᠳᠦᠷ ᠬᠦᠮᠦᠰ ᠤᠨ | ᠤᠩᠭᠤᠨ ᠰᠦᠰᠦᠭ ᠨᠡᠶᠢᠯᠡᠭᠰᠡᠨ ᠭᠠᠵᠠᠷ | ᠦᠪᠦᠷ ᠮᠤᠩᠭᠤᠯ ᠮᠢᠨᠢ︕ | ᠨᠠᠪᠴᠢᠨ ᠤ ᠰᠢᠭᠦᠳᠡᠷᠢ ᠶᠢ ᠳᠠᠭᠠᠵᠤ | ᠨᠠᠷᠠᠨ ᠤ ᠤᠭᠤᠷᠠᠭ ᠢ ᠰᠠᠭᠠᠵᠤ ᠠᠪᠳᠠᠭ | ᠨᠠᠮᠠᠶᠢ ᠲᠦᠷᠦᠭᠦᠯᠦᠭᠰᠡᠨ ᠬᠠᠯᠠᠭᠤᠨ ᠰᠢᠷᠦᠢ | ᠮᠢᠨᠦ ᠦᠪᠦᠷ ᠮᠤᠩᠭᠤᠯ᠃ | ᠬᠠᠶᠢᠷ᠎ᠠ ᠶᠢᠨ ᠨᠦᠮᠦᠷᠢ ᠶᠢ ᠬᠠᠳᠠᠭᠠᠯᠠᠵᠤ | ᠬᠤᠨ ᠤ ᠰᠠᠴᠤᠷᠠᠭ ᠢ ᠠᠯᠳᠠᠷᠠᠭᠠᠵᠤ ᠦᠭᠳᠡᠭ | ᠬᠤᠷᠸ᠎ᠠ ᠶᠢ ᠲᠡᠵᠢᠭᠡᠭᠰᠡᠨ ᠬᠠᠲᠤᠨ ᠰᠢᠷᠦᠢ | ᠮᠢᠨᠦ ᠦᠪᠦᠷ ᠮᠤᠩᠭᠤᠯ᠃ | ᠭᠠᠵᠠᠷ ᠤᠨ ᠠᠭᠤᠳᠠᠮ ᠳᠤ | ᠭᠠᠨᠵᠤᠭ᠎ᠠ ᠨᠢ ᠮᠦᠷ ᠲᠠᠢ ᠪᠠᠨ ᠢᠵᠢᠯᠢ᠂ | ᠭᠠᠯᠪᠠ ᠶᠢᠨ ᠦᠨᠳᠦᠷᠯᠢᠭ ᠲᠤ | ᠭᠠᠶᠢᠬᠠᠮᠰᠢᠭ ᠨᠢ ᠨᠡᠷ᠎ᠡ ᠲᠠᠢ ᠪᠠᠨ ᠢᠵᠢᠯᠢ᠃ | ᠤᠰᠤᠨ ᠤ ᠤᠷᠲᠤ ᠳᠤ | ᠤᠯᠪᠠᠭ᠎ᠠ ᠨᠢ ᠨᠡᠭᠦᠳᠡᠯ ᠲᠠᠢ ᠪᠠᠨ ᠢᠵᠢᠯᠢ᠂ | ᠤᠷᠴᠢᠯᠠᠩ ᠤᠨ ᠤᠮᠤᠭᠯᠠᠩ ᠳᠤ | ᠤᠳᠤᠮ ᠨᠢ ᠤᠷᠤᠰᠬᠠᠯ ᠲᠠᠢ ᠪᠠᠨ ᠢᠵᠢᠯᠢ᠃ | ᠳᠡᠯᠢᠭᠦᠨ ᠪᠤᠯᠳᠤᠭ ᠤᠨ ᠴᠢᠰᠤᠨ ᠤ ᠦᠨᠦᠷ ᠢᠶᠠᠷ | ᠳᠡᠯᠡᠬᠡᠢ ᠳᠤ ᠮᠤᠩᠭᠤᠯ ᠪᠤᠯᠵᠤ ᠪᠢ | ᠲᠠᠬᠢᠵᠤ ᠲᠦᠷᠦᠭᠰᠡᠨ ᠴᠦ ᠦᠪᠦᠷ ᠮᠤᠩᠭᠤᠯ ᠤᠨ ᠬᠢ᠃ | ᠪᠤᠷᠬᠠᠨ ᠬᠠᠯᠳᠤᠨ ᠤ ᠰᠠᠯᠬᠢᠨ ᠤ ᠦᠶᠡᠷ ᠢᠶᠠᠷ | ᠪᠦᠮᠪᠦᠷᠴᠡᠭ ᠲᠤ ᠮᠤᠩᠭᠤᠯ ᠪᠤᠯᠵᠤ ᠵᠢᠷᠭᠠᠭᠰᠠᠨ ᠪᠢ | ᠪᠤᠴᠠᠵᠤ ᠲᠦᠷᠦᠭᠰᠡᠨ ᠴᠦ | ᠪᠠᠰᠠ ᠦᠪᠦᠷ ᠮᠤᠩᠭᠤᠯ ᠤᠨ ᠬᠢ᠃ | | ᠬᠠᠶ᠋ᠢᠭ᠄ ᠤᠯᠠᠭᠠᠨᠬᠠᠳᠠ ᠬᠤᠲᠠ ᠶᠢᠨ ᠵᠡᠮᠳᠡᠭᠴᠦᠳ ᠤᠨ ᠬᠤᠯᠪᠤᠭ᠎ᠠ | |