︽ᠤᠷᠴᠢᠭᠤᠯᠤᠭᠴᠢ ᠶᠢᠨ ᠵᠢᠷᠭᠠᠯ ᠵᠤᠪᠠᠯᠠᠩ︾ ᠭᠡᠬᠦ ᠨᠤᠮ ᠤᠨ ᠲᠤᠬᠠᠢ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-03-12
       ᠲᠤᠷᠵᠢᠫᠠᠯᠮ᠎ᠠ ᠶᠢᠨ ᠴᠤᠶᠢᠵᠢᠯ        ᠦᠨᠳᠦᠰᠦᠲᠡᠨ ᠤ ᠬᠡᠪᠯᠡᠯ ᠤᠨ ᠬᠤᠷᠢᠶ᠎ᠠ ᠬᠡᠪᠯᠡᠨ ᠲᠠᠷᠬᠠᠭᠠᠪᠠ᠃        ᠵᠤᠬᠢᠶᠠᠭᠴᠢ ᠶᠢᠨ ᠲᠠᠨᠢᠯᠴᠠᠭᠤᠯᠭ᠎ᠠ        ᠳᠤᠷᠵᠢᠫᠠᠯᠮ᠎ᠠ ᠶᠢᠨ ᠴᠤᠶᠢᠵᠢᠯ 1926 ᠤᠨ ᠳᠤ ᠮᠤᠩᠭᠤᠯ ᠤᠯᠤᠰ ᠤᠨ ᠰᠡᠯᠡᠩᠭᠡ ᠠᠶᠢᠮᠠᠭ ᠤᠨ ᠪᠠᠷᠠᠭᠤᠨ ᠪᠦᠷᠢᠨ ᠰᠤᠮᠤᠨ ᠳᠤ ᠲᠦᠷᠦᠭᠰᠡᠨ᠃ ᠪᠠᠭ᠎ᠠ᠂ ᠪᠦᠷᠢᠨ ᠪᠤᠰᠤ ᠳᠤᠮᠳᠠᠳᠤ᠂ ᠪᠠᠭᠰᠢ ᠶᠢᠨ ᠰᠤᠷᠭᠠᠭᠤᠯᠢ ᠳᠤ ︵1936-1944 ᠤᠨ ᠳᠤ︶ ᠰᠤᠷᠤᠯᠴᠠᠵᠤ ᠲᠡᠭᠦᠰᠦᠭᠰᠡᠨ᠃ ᠳᠤᠮᠳᠠᠳᠤ ᠰᠤᠷᠭᠠᠭᠤᠯᠢ ᠳᠤ ᠪᠠᠭᠰᠢ᠂ ᠭᠡᠭᠡᠷᠡᠯ ᠤᠨ ᠶᠠᠮᠤᠨ ᠳᠤ ᠮᠠᠰᠢᠨ ᠤ ᠪᠢᠴᠢᠭᠡᠴᠢ᠂ ︽ᠦᠨᠡᠨ︾ ᠰᠤᠨᠢᠨ᠂ ︽ᠮᠤᠩᠭᠤᠯ ᠤᠨ ᠴᠠᠬᠢᠯᠭᠠᠨ ᠮᠡᠳᠡᠭᠡᠨ︾ ᠡᠩᠧᠨ᠋ᠲᠯᠢᠭ᠋ ︵ᠲᠦᠯᠦᠭᠡᠯᠡᠭᠴᠢ︶᠂ ︽ᠡᠩᠬᠡ ᠲᠠᠶᠢᠪᠤᠩ ᠰᠤᠼᠢᠶᠠᠯᠢᠰᠮ ︵ᠨᠡᠶᠢᠭᠡᠮ ᠵᠢᠷᠦᠮ︶ ᠤᠨ ᠠᠰᠠᠭᠤᠳᠠᠯ︾ ᠰᠡᠳᠬᠦᠯ᠂ ᠮᠤᠰᠺᠧᠨ ᠶᠢᠨ ᠷᠠᠳᠢᠤ᠋ ᠶᠢᠨ ᠮᠤᠩᠭᠤᠯ ᠨᠡᠪᠲᠡᠷᠡᠭᠦᠯᠭᠡ ᠶᠢᠨ ᠬᠡᠯᠲᠡᠰ᠂ ᠤᠷᠤᠰ ᠤᠨ ︽ᠫᠷᠦᠭᠷᠧᠰᠰᠢ︾ ︵ᠲᠤᠶᠢᠯᠲᠤ ᠳᠡᠰ︶ ᠬᠡᠪᠯᠡᠯ ᠤᠨ ᠭᠠᠵᠠᠷ᠂ ᠮᠤᠩᠭᠤᠯ ᠠᠷᠠᠳ ᠤᠨ ᠬᠤᠪᠢᠰᠬᠠᠯᠲᠤ ᠨᠠᠮ ᠤᠨ ᠨᠡᠶᠢᠭᠡᠮ ᠤᠨ ᠤᠬᠠᠭᠠᠨ ᠤ ᠢᠨᠰᠲ᠋ᠢᠲ᠋ᠦ᠋ᠲ ︵ᠳᠤᠮᠳᠠᠳᠤ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ︶ ᠲᠤ ᠤᠷᠴᠢᠭᠤᠯᠤᠭᠴᠢ ᠶᠢᠨ ᠠᠵᠢᠯ ᠢ 1944-1991 ᠤᠨ ᠬᠦᠷᠲᠡᠯ᠎ᠡ ᠬᠢᠵᠦ ᠪᠠᠶᠢᠭᠠᠳ ᠳᠡᠳᠬᠦᠪᠦᠷᠢ ᠳᠤ ᠭᠠᠷᠤᠭᠰᠠᠨ᠃ ᠬᠦᠳᠡᠯᠮᠦᠷᠢ ᠶᠢᠨ ᠭᠠᠪᠢᠶᠠᠨ ᠤ ᠤᠳᠤᠨ᠂ ᠠᠯᠲᠠᠨ ᠭᠠᠳᠠᠰᠤ ᠤᠳᠤᠨ᠂ ᠬᠦᠳᠡᠯᠮᠦᠷᠢ ᠶᠢᠨ ᠬᠦᠨᠳᠦᠲᠦ ᠮᠧᠲᠠᠯ᠂ ᠠᠷᠠᠳ ᠤᠨ ᠬᠤᠪᠢᠰᠬᠠᠯ ᠤᠨ 40᠂ 50᠂ 60᠂ 70᠂ 80 ᠵᠢᠯ ᠤᠨ ᠤᠢ ᠶᠢᠨ ᠮᠧᠳᠠᠯ ᠢᠶᠠᠷ ᠱᠠᠩᠨᠠᠭᠳᠠᠭᠰᠠᠨ᠃ 1973 ᠤᠨ ᠤ 10 ᠰᠠᠷ᠎ᠠ ᠳᠤ ᠮᠤᠩᠭᠤᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠴᠤᠯᠠ ᠬᠦᠷᠲᠡᠭᠰᠡᠨ᠃         ᠲᠦᠮᠡᠨ᠎ᠡ ᠠᠯᠳᠠᠷᠲᠤ ᠭᠦᠦᠰᠢ ᠶᠢᠨ ᠡᠨᠡ ᠨᠤᠮ ᠢ         ᠲᠦᠭᠡᠭᠡᠯ ᠪᠤᠯᠭᠠᠭᠴᠢ ᠶᠢᠨ ᠡᠷᠭᠦᠯ ᠦᠭᠡ ᠤᠷᠢᠳᠦ ᠲᠦᠷᠦᠯ ᠳᠡᠭᠡᠨ ᠰᠠᠶᠢᠨ ᠦᠢᠯᠡᠰ ᠤᠨ ᠡᠵᠡᠨ ᠶᠠᠪᠤᠭᠰᠠᠨ ᠤ ᠪᠤᠶᠠᠨ ᠢᠶᠠᠷ ᠤᠳᠠᠭᠠᠬᠢ ᠲᠦᠷᠦᠯ ᠳᠡᠭᠡᠨ ᠰᠠᠷᠠᠭᠤᠯ ᠤᠶᠤᠲᠤ ᠬᠦᠮᠦᠨ ᠲᠦᠷᠦᠯ ᠤᠯᠤᠭᠰᠠᠨ ᠠᠭᠤᠷ ᠤᠮᠤᠭ ᠤᠨ ᠤᠯᠠᠭᠠᠨ ᠲᠦᠢᠮᠡᠷ ᠢ ᠬᠡᠦᠬᠡᠳ ᠨᠠᠰᠤᠨ ᠳᠠᠭᠠᠨ ᠤᠰᠤ ᠪᠠᠷ ᠨᠤᠮᠤᠬᠠᠳᠬᠠᠵᠤ᠂ ᠤᠭᠤᠲᠠᠨ ᠳᠤ ᠬᠢᠵᠦ ᠵᠤᠭᠤᠷᠢᠨ ᠳᠤ ᠭᠡᠭᠡᠭᠰᠡᠨ ᠤᠶᠢᠭ᠎ᠠ ᠦᠭᠡᠢ ᠵᠢᠳᠬᠦᠯ ᠢᠶᠠᠷ ᠭᠡᠭᠡᠨ ᠤᠶᠤᠨ ᠢᠶᠠᠨ ᠡᠷᠳᠡᠮ ᠢᠶᠠᠷ ᠴᠢᠭᠵᠢᠭᠰᠡᠨ ᠤ ᠬᠢ ᠠᠭᠤᠳᠠᠮ ᠤᠷᠴᠢᠯᠠᠩ᠂ ᠨᠠᠷᠠ ᠲᠠᠢ ᠰᠠᠨᠰᠠᠷ ᠲᠠᠢ ᠪᠠᠨ ᠳᠠᠷᠢᠬᠢᠨ ᠳᠤ ᠪᠦᠮᠪᠦᠷᠢᠭᠰᠡᠨ ᠰᠤᠯᠤᠩᠭᠠᠨ ᠵᠠᠳᠠᠷᠠᠯᠲᠠ ᠡᠯᠳᠡᠪ ᠬᠤᠪ ᠵᠢᠪ ᠢ ᠰᠤᠨᠤᠰᠬᠤ ᠦᠭᠡᠢ ᠲᠤᠯᠠᠳᠠ ᠰᠤᠨᠤᠷ ᠶᠤᠭᠠᠨ ᠬᠠᠭᠠᠭᠰᠠᠨ ᠬᠤᠯᠠᠬᠢ ᠳᠠᠯᠠᠢ ᠳᠤ ᠠᠶᠠᠯᠠᠨ ᠡᠷᠳᠡᠨᠢᠰ ᠲᠡᠭᠦᠬᠦ ᠶᠢᠨ ᠤᠴᠢᠷ ᠬᠤᠤᠰ ᠬᠡᠯᠡᠨ ᠤ ᠰᠡᠯᠢᠭᠦᠷ ᠢ ᠡᠵᠡᠨ ᠶᠤᠰᠤᠭᠠᠷ ᠪᠠᠲᠤ ᠠᠳᠬᠤᠭᠰᠠᠨ ᠡᠳ᠋ ᠠᠭᠤᠷᠠᠰᠤ᠂ ᠯᠢᠩᠰᠢ ︵ᠰᠤᠯᠠ ᠪᠠᠷᠠᠭ᠎ᠠ︶ ᠪᠠᠷᠠᠭ᠎ᠠ ᠠᠴᠢᠶᠠᠯᠠᠵᠤ ᠠᠪᠴᠢᠷᠠᠬᠤ ᠡᠯᠵᠢᠭᠡ ᠯᠠᠭᠤᠰᠠᠨ ᠤ ᠭᠠᠰᠢᠭᠤᠨ ᠵᠤᠪᠠᠯᠠᠩ ᠳᠤ ᠡᠰᠡ ᠲᠡᠶᠢᠴᠢᠯᠡᠭᠰᠡᠨ ᠢᠯᠡ ᠳᠠᠯᠳᠠ ᠭᠤᠷᠪᠠᠨ ᠳᠠᠪᠬᠤᠷ ᠶᠢᠰᠦᠨ ᠦᠷᠭᠡᠰᠦᠲᠦ ᠴᠤᠤᠵᠢᠲᠠᠢ ᠡᠷᠳᠡᠮ ᠤᠨ ᠬᠠᠭᠠᠯᠭ᠎ᠠ ᠶᠢ ᠡᠪᠳᠡᠵᠦ ᠪᠤᠰᠤ ᠨᠡᠭᠡᠭᠡᠵᠦ ᠤᠷᠤᠭᠰᠠᠨ ᠬᠤᠷᠸ᠎ᠠ ᠭᠡᠳᠡᠭ ᠦᠨᠢᠷ ᠠᠶᠢᠯ ᠤᠨ ᠤᠯᠠᠨ ᠬᠡᠯᠡᠲᠡᠨ ᠤ ᠬᠤᠶᠠᠷ ᠵᠠᠭᠤᠨ ᠦᠯᠡᠮᠵᠢ ᠠᠪᠢᠶᠠᠰᠲᠠᠨ ᠤ ᠨᠤᠮ ᠴᠠᠳᠢᠭ ᠲᠤ ᠡᠷᠲᠡᠨ ᠤ ᠲᠡᠦᠬᠡᠲᠦ ᠮᠤᠩᠭᠤᠯ ᠤᠨ ᠡᠯᠪᠡᠭ ᠪᠠᠶᠠᠨ ᠬᠡᠯᠡ ᠪᠠᠷ ᠠᠳᠡᠭᠦᠦ ᠠᠨᠳᠠᠭᠤ ᠦᠭᠡᠢ ᠤᠨᠤᠨ ᠤᠷᠴᠢᠭᠤᠯᠵᠤ ᠡᠷᠭᠦᠯ ᠡᠷᠭᠦᠭᠰᠡᠨ ᠡᠷᠳᠡᠨᠢᠲᠦ ᠨᠤᠮ ᠤᠨ ᠰᠠᠳᠤᠨ ᠴᠤᠶᠢᠵᠢᠯ ᠠᠪᠤᠭᠠᠢ ᠲᠠ ᠢᠨᠢᠶᠡᠨ ᠮᠦᠰᠢᠶᠡᠭᠰᠡᠨ ᠵᠠᠶᠠᠭᠠᠴᠢ ᠶᠢᠨ ᠳᠦᠷᠢ ᠪᠠᠷ ᠵᠠᠭᠤ ᠨᠠᠰᠤᠯᠠᠲᠤᠭᠠᠢ︕ ᠡᠷᠢᠭᠡᠳ ᠤᠯᠳᠠᠰᠢ ᠦᠭᠡᠢ ᠰᠤᠷᠭᠠᠯ ᠠᠶᠢᠯᠠᠳᠬᠠᠯ ᠤᠨ ᠡᠯ᠎ᠡ ᠬᠡᠯᠬᠢᠶᠡᠰᠦ ᠲᠠᠨᠢ ᠡᠷᠳᠡᠮ ᠵᠦᠭ ᠲᠤ ᠬᠤᠰᠢᠭᠤᠷᠠᠭᠴᠢ ᠵᠠᠯᠠᠭᠤᠰ ᠲᠤ ᠯᠤᠤᠲᠤ ᠶᠢᠨ ᠯᠤᠤᠵᠢᠩ ︵ᠵᠦᠭᠯᠡᠭᠦᠯᠦᠭᠴᠢ︶ ᠪᠤᠯᠲᠤᠭᠠᠢ︕ ᠳᠠᠭᠤᠨ ᠬᠦᠷᠪᠡᠭᠦᠯᠭᠡ ᠶᠢᠨ ᠭᠤᠤᠯ ᠨᠤᠮᠯᠠᠯ ᠨᠢᠭᠤᠴᠠ ᠶᠢᠨ ᠲᠦᠯᠬᠢᠭᠦᠷ ᠢ ᠳᠤᠮᠳᠠᠭᠤᠷ ᠦᠭᠡᠢ ᠳᠦᠭᠦᠷᠡᠩ ᠲᠤᠲᠠᠭᠤ ᠦᠭᠡᠢ ᠪᠦᠷᠢᠨ ᠳᠤᠷᠠᠳᠬᠠᠵᠤ ᠬᠡᠯᠡᠬᠦ ᠰᠠᠨ ᠠᠴᠢᠯᠠᠯᠲᠤ ᠡᠨᠡ ᠬᠦ ᠨᠤᠮ ᠢ ᠤᠯᠵᠤ ᠡᠳ᠋ᠯᠡᠬᠦ ᠨᠢ ᠠᠵᠠ ᠪᠠᠷ ᠭᠠᠭᠴᠠ ᠲᠦᠮᠡᠨ ᠡᠯᠡᠰᠦ ᠰᠢᠷᠦᠢ ᠠᠪᠴᠢᠷᠠᠭᠠᠳ ᠰᠢᠭᠰᠢᠨ ᠵᠠᠶᠢᠯᠤᠩᠭᠤᠲᠠ ᠢᠷᠭᠡ ᠬᠤᠨᠢᠨ ᠤ ᠱᠠᠭᠠᠨ ᠴᠢᠨᠡᠭᠡ ᠰᠢᠵᠢᠷ ᠤᠯᠬᠤ ᠠᠴᠠ ᠠᠷᠪᠠ ᠲᠠᠬᠢᠨ ᠠᠵᠠ ᠪᠤᠶᠤ︕ ᠡᠬᠡ ᠬᠡᠯᠡᠨ ᠤ ᠪᠠᠨ ᠭᠠᠯ ᠤᠭᠤᠷᠠᠭ ᠳᠦᠯᠦ ᠠᠶᠢᠷᠠᠭ ᠢ ᠡᠭᠡᠨᠡᠭᠲᠡ ᠲᠡᠭᠡᠵᠢᠯᠡᠭᠴᠢ ᠰᠠᠶᠢᠨ ᠬᠤᠪᠢᠲᠤ ᠲᠤᠤᠯᠢᠴᠢ ᠦᠭᠡᠯᠡᠳ ᠷᠢ᠊ ᠪᠠᠭᠰᠢ ᠶᠢᠨ ᠢᠶᠠᠨ ᠵᠠᠭᠤᠨ ᠨᠠᠰᠤᠨ ᠤ ᠤᠢ ᠶᠢᠨ ᠵᠢᠯ ᠳᠤ ᠡᠨᠡ ᠮᠡᠲᠦ ᠶᠤᠰᠤᠨ ᠨᠤᠮ ᠢᠶᠠᠷ ᠵᠤᠯᠠ ᠡᠷᠭᠦᠪᠡᠢ᠃ ᠨᠤᠮ ᠤᠨ ᠴᠠᠭᠠᠨ᠂ ᠡᠷᠳᠡᠮ ᠤᠨ ᠭᠡᠭᠡᠨ ᠬᠤᠤᠰ ᠪᠤᠶᠠᠨ ᠳᠤ ᠮᠤᠩᠭᠤᠯ ᠲᠦᠮᠡᠨ ᠡᠭᠡᠨᠡᠭᠲᠡ ᠤᠮᠪᠠᠵᠤ ᠨᠠᠷᠠᠲᠤ ᠶᠢ ᠮᠠᠩᠯᠠᠶᠢᠯᠠᠲᠤᠭᠠᠢ︕                   — ᠲ᠊᠂ ᠭᠠᠯᠰᠠᠩ        ᠰᠠᠷᠠ ᠲᠠᠢ ᠰᠦᠨᠢ ᠡᠷᠬᠢᠮ ᠵᠤᠬᠢᠶᠠᠯᠴᠢ ᠨᠤᠶᠢᠷ ᠦᠭᠡᠢ ᠡᠮᠨᠢᠭ ᠦᠭᠡᠰ ᠢ ᠰᠠᠨᠠᠭ᠎ᠠ ᠪᠠᠷ ᠢᠶᠠᠨ ᠨᠤᠮᠤᠬᠠᠳᠬᠠᠨ᠎ᠠ᠃                  — ᠴ᠊᠂ ᠴᠢᠮᠡᠳ        ᠤᠷᠴᠢᠭᠤᠯᠭ᠎ᠠ ᠶᠢᠨ ᠠᠵᠢᠯ ᠢ ᠶᠠᠭᠤ ᠭᠡᠵᠦ ᠮᠠᠭᠤ ᠬᠡᠯᠡᠯ᠎ᠡ ᠭᠡᠰᠡᠨ ᠴᠦ ᠤᠷᠴᠢᠭᠤᠯᠤᠭᠴᠢ ᠶᠢᠨ ᠬᠦᠳᠡᠯᠮᠦᠷᠢ ᠪᠤᠯ ᠶᠢᠷᠲᠢᠨᠴᠦ ᠶᠢ ᠨᠢᠭᠡᠳᠬᠡᠨ ᠬᠤᠯᠪᠤᠵᠤ ᠪᠠᠶᠢᠭ᠎ᠠ ᠨᠡᠷ᠎ᠡ ᠬᠦᠨᠳᠦᠲᠡᠢ ᠨᠡᠩ ᠴᠢᠬᠤᠯᠠ ᠨᠢᠭᠡ ᠠᠵᠢᠯ ᠪᠤᠯᠵᠤ ᠢᠷᠡᠭᠰᠡᠨ ᠪᠦᠭᠡᠳ ᠪᠤᠯᠤᠭᠰᠠᠭᠠᠷ ᠪᠠᠶᠢᠨ᠎ᠠ᠃                  — ᠭᠧᠲ᠋ᠧ        ᠶᠠᠮᠠᠷᠪᠠ ᠰᠢᠯᠦᠭ ᠲᠤ᠂ ᠶᠠᠮᠠᠷᠪᠠ ᠤᠷᠠᠨ ᠵᠤᠬᠢᠶᠠᠯ ᠳᠤ ᠬᠦᠮᠦᠨ ᠤ ᠰᠡᠳᠬᠢᠯ ᠢ ᠬᠦᠳᠡᠯᠭᠡᠬᠦ ᠴᠢᠳᠠᠯ ᠪᠤᠢ᠃ ᠁ ᠡᠨᠡ ᠰᠡᠳᠬᠢᠯ ᠢ ᠬᠦᠳᠡᠯᠭᠡᠬᠦ ᠴᠢᠳᠠᠯ ᠢ ᠡᠷᠬᠡᠪᠰᠢ ᠤᠷᠴᠢᠭᠤᠯᠬᠤ ᠬᠡᠷᠡᠭᠲᠡᠢ᠃ ᠁ ᠡᠨᠡ ᠰᠡᠳᠬᠢᠯ ᠢ ᠬᠦᠳᠡᠯᠭᠡᠬᠦ ᠴᠢᠳᠠᠯ ᠢ ᠤᠷᠴᠢᠭᠤᠯᠵᠤ ᠡᠰᠡ ᠴᠢᠳᠠᠪᠠᠯ ᠠᠮᠢᠳᠤ ᠮᠤᠷᠢ ᠶᠢ ᠦᠬᠦᠭᠰᠡᠨ ᠮᠤᠷᠢ ᠪᠠᠷ ᠠᠷᠠᠯᠵᠢᠭᠰᠠᠨ ᠲᠠᠢ ᠠᠳᠠᠯᠢ ᠬᠡᠷᠡᠭ ᠪᠤᠯᠤᠨ᠎ᠠ᠃                  — ᠴ᠊᠂ ᠳᠠᠮᠳᠢᠨᠰᠦ᠋ᠷᠦᠩ        ᠲᠡᠶᠢᠨ ᠬᠦ ᠭᠡᠨᠡᠳᠲᠡ ᠨᠢᠭᠡᠨ ᠬᠠᠭᠤᠴᠢᠨ ᠦᠭᠡᠰ ᠭᠠᠷᠴᠤ ᠢᠷᠡᠭᠡᠳ ᠲᠡᠭᠦᠨ ᠤ ᠤᠳᠬ᠎ᠠ ᠰᠠᠨᠠᠭ᠎ᠠ ᠶᠢ ᠮᠡᠳᠡᠬᠦ ᠦᠭᠡᠢ ᠳᠤ ᠬᠦᠷᠪᠡᠰᠦ ᠤᠳᠤ ᠬᠤᠷᠤᠭ᠎ᠠ ᠬᠦᠷᠢᠶᠡᠨ ᠤ ᠬᠦᠭᠰᠢᠨ ᠵᠡᠮᠳᠡᠭ ᠡᠪᠦᠭᠡᠳ ᠡᠮᠡᠭᠡᠳ ᠢ ᠡᠷᠢᠵᠦ᠂ ᠡᠨᠡ ᠨᠢᠭᠡ ᠬᠠᠷ᠎ᠠ ᠦᠭᠡ ᠬᠠᠭᠤᠴᠢᠨ ᠮᠤᠩᠭᠤᠯ ᠦᠭᠡᠰ ᠢ ᠠᠰᠠᠭᠤᠵᠤ ᠠᠶᠢᠯ ᠲᠤᠭᠤᠷᠢᠭᠤᠯᠬᠤ ᠳᠤ ᠬᠦᠷᠭᠡᠨ᠎ᠡ᠃                  — ᠢᠨᠵᠠᠨᠨᠠᠰᠢ ︵︽ᠬᠦᠬᠡ ᠰᠤᠳᠤᠷ︾︶        ᠮᠤᠩᠭᠤᠯ ᠤᠯᠤᠰ ᠤᠨ ᠲᠦᠷᠦ ᠶᠢᠨ ᠱᠠᠩᠨᠠᠯᠲᠤ᠂ ᠡᠷᠳᠡᠮᠲᠡᠨ ᠵᠤᠬᠢᠶᠠᠯᠴᠢ᠂ ᠤᠷᠴᠢᠭᠤᠯᠤᠭᠴᠢ ᠱ᠊᠂ ᠭᠠᠳᠠᠮᠪᠠ ᠨᠢᠭᠡᠨᠲᠡ ᠮᠠᠭᠤ ᠤᠷᠴᠢᠭᠤᠯᠭ᠎ᠠ ᠶᠢ ᠤᠩᠰᠢᠬᠤ ᠳᠤ ᠪᠠᠷᠠᠭᠤᠨ ᠠᠶᠢᠮᠠᠭ ᠤᠨ ᠳᠦᠷᠪᠡᠨ ᠮᠦᠭᠡᠷ ᠲᠠᠢ ᠦᠬᠡᠷ ᠲᠡᠷᠭᠡ ᠪᠠᠷ ᠶᠠᠪᠤᠵᠤ ᠪᠠᠶᠢᠭ᠎ᠠ ᠶᠤᠮ ᠰᠢᠭ᠋ ᠡᠪ ᠬᠠᠪᠤ ᠦᠭᠡᠢ ᠪᠠᠶᠢᠳᠠᠭ ᠭᠡᠵᠦ ᠦᠭᠦᠯᠡᠵᠡᠢ᠃        ᠲᠤᠰ ᠨᠤᠮ ᠨᠢ ︽ᠦᠭᠡ ᠶᠢᠨ ᠡᠷᠢᠯ ᠳᠤ ᠬᠠᠳᠠᠬᠤᠢ︾᠂ ︽ᠰᠢᠨ᠎ᠡ ᠦᠭᠡ ᠵᠤᠬᠢᠶᠠᠬᠤ ᠶᠢᠨ ᠭᠠᠶᠢᠬᠠᠮᠰᠢᠭ ︾ ︽ᠤᠷᠴᠢᠭᠤᠯᠭ᠎ᠠ — ᠨᠠᠷᠢᠨ ᠠᠵᠢᠯ︾ ︽ᠠᠯᠳᠠᠵᠤ ᠤᠨᠤᠵᠤ ᠪᠠᠶᠢᠵᠤ ᠶᠠᠭᠤᠮ᠎ᠠ ᠰᠤᠷᠳᠠᠭ︾ ︽ᠶᠡᠭᠡ ᠬᠦᠮᠦᠨ ᠤ ᠨᠦᠮᠦᠷᠢ ᠨᠦᠯᠦᠭᠡ ᠳᠤ︾᠂ ︽ᠠᠯᠳᠠᠭ᠎ᠠ ᠠᠴᠠ ᠰᠡᠷᠡᠮᠵᠢᠯᠡᠶ᠎ᠡ︾ ᠵᠡᠷᠭᠡ ᠤᠯᠠᠨ ᠰᠠᠶᠢᠬᠠᠨ ᠠᠭᠤᠯᠭ᠎ᠠ ᠠᠴᠠ ᠪᠦᠷᠢᠯᠳᠤᠵᠡᠢ᠃        ᠶᠡᠭᠡ ᠬᠦᠮᠦᠨ ᠤ ᠨᠦᠮᠦᠷᠢ ᠨᠦᠯᠦᠭᠡ᠂ ᠤᠶᠤᠨ ᠤ ᠰᠢᠮ᠎ᠡ ᠶᠢ ᠬᠦᠷᠲᠡᠮᠦ ᠭᠡᠮᠡᠨ ᠲᠡᠭᠦᠨ ᠤ ᠤᠶᠤᠨ ᠤ ᠪᠦᠲᠦᠭᠡᠯ ᠢ ᠡᠷᠭᠦᠨ ᠲᠠᠨᠢᠯᠴᠠᠭᠤᠯᠵᠤ ᠪᠠᠶᠢᠨ᠎ᠠ᠃
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号