| ᠤᠳᠬᠤᠨᠪᠠᠭᠠᠲᠤᠷ | | | | ᠦᠷ ᠰᠦᠨᠢ ᠶᠢᠨ ᠭᠡᠭᠡ ᠮᠡᠳᠡᠷᠡᠮᠵᠢ ᠶᠢ | ᠦᠷᠯᠦᠭᠡ ᠪᠤᠯᠭᠠᠨ ᠮᠡᠳᠡᠭᠡᠯᠡᠭᠰᠡᠭᠡᠷ — ᠲᠠᠬᠢᠶ᠎ᠠ | ᠡᠳᠦᠷ ᠰᠦᠨᠢ ᠶᠢᠨ ᠡᠭᠡᠯᠵᠢᠯ ᠡᠷᠡᠨ ᠢ | ᠤᠭᠲᠤᠵᠤ ᠦᠳᠡᠨ ᠶᠠᠭᠠᠷᠠᠭᠰᠠᠭᠠᠷ — ᠬᠦᠮᠦᠰ | ᠦᠩᠭᠡ ᠲᠠᠢ ᠲᠤᠰᠤᠷᠬᠠᠭ ᠲᠠᠬᠢᠶ᠎ᠠ ᠵᠢᠯ ᠤᠨ | ᠦᠯᠵᠡᠢ ᠬᠤᠳᠤᠭ ᠢ ᠬᠤᠷᠤᠶᠢᠯᠠᠨ ᠬᠤᠷᠤᠶᠢᠯᠠᠭᠰᠠᠭᠠᠷ | ᠦᠩᠰᠢᠭ ᠳᠤᠯᠠᠭᠠᠬᠠᠨ ᠦᠩᠭᠡᠷᠡᠭᠴᠢ ᠤᠨ ᠳᠠᠭᠠᠨ | ᠡᠷᠭᠢᠨ ᠵᠤᠯᠭᠠᠯᠲᠠ ᠶᠢᠨ ᠪᠤᠯᠵᠤᠯ ᠳᠠᠭᠠᠳᠬᠠᠵᠤ | ᠬᠠᠳᠠᠪᠴᠢ ᠭᠠᠷᠤᠮᠠᠭᠴᠠ ᠬᠠᠪᠤᠷ ᠨᠠᠰᠢᠯᠠᠵᠤ | ᠬᠤᠨᠳᠠᠭ᠎ᠠ ᠡᠷᠭᠦᠮᠡᠭᠴᠡ ᠳᠠᠭᠤᠤ ᠠᠶᠠᠯᠤᠭᠤᠯᠤᠭᠰᠠᠨ | ᠬᠤᠲᠠᠯᠠ ᠤᠯᠠᠨ ᠤ ᠪᠠᠨ ᠬᠡᠶᠢᠮᠦᠷᠢ ᠳᠠᠯᠠᠯᠤᠭᠰᠠᠭᠠᠷ | ᠬᠤᠲᠠᠴᠢ ᠨᠤᠬᠠᠢ ᠵᠢᠯ ᠮᠢᠨᠢ ᠬᠦᠷᠦᠭᠡᠳ ᠢᠷᠡᠯ᠎ᠡ | ᠦᠶᠦᠭ ᠲᠠᠪᠠᠲᠠᠢ ᠡᠪᠦᠯᠵᠢᠶ᠎ᠡ ᠪᠠᠭᠤᠴᠠᠨ ᠳᠡᠭᠡᠷ᠎ᠡ | ᠤᠷᠢᠬᠠᠨ ᠬᠠᠪᠤᠷ ᠤᠨ ᠰᠠᠯᠬᠢ ᠰᠡᠩᠭᠢᠨᠡᠭᠦᠯᠵᠦ | ᠡᠷᠢᠭᠳᠡᠵᠦ ᠰᠠᠭᠠᠲᠠᠭᠰᠠᠨ ᠰᠠᠳᠤᠨ ᠲᠦᠷᠦᠯ ᠢ | ᠡᠩᠬᠡ ᠬᠠᠶᠢᠷ᠎ᠠ ᠶᠢᠨ ᠬᠠᠳᠠᠭ ᠲᠠᠢ ᠵᠤᠯᠭᠠᠭᠤᠯᠵᠤ | ᠵᠡᠭᠦᠨ ᠨᠠᠭᠤᠷ ᠤᠨ ᠨᠠᠷᠠᠨ ᠪᠠᠷᠠᠭᠤᠨ ᠠᠭᠤᠯᠠ ᠶᠢᠨ ᠰᠠᠷᠠᠨ | ᠶᠢᠷᠲᠢᠨᠴᠦ ᠶᠢᠨ ᠭᠡᠭᠡᠨ ᠬᠤᠨᠤᠭ ᠤᠳ ᠢ ᠲᠤᠪᠴᠢᠯᠠᠨ ᠲᠤᠪᠴᠢᠯᠠᠨ᠎ᠠ | ᠰᠠᠷ᠎ᠠ ᠡᠳᠦᠷ ᠤᠨ ᠨᠠᠮᠢᠶᠠᠨᠲᠤ ᠠᠮᠢᠰᠬᠤᠭ᠎ᠠ ᠨᠡᠳᠡᠲᠦ ᠮᠡᠳᠡᠷᠡᠭᠳᠡᠨ᠎ᠡ ᠁ | ᠬᠠᠶᠢᠷ᠎ᠠ ᠪᠢᠯᠬᠠᠭᠰᠠᠨ ᠤᠷᠴᠢᠯᠠᠩ ᠤᠨ ᠴᠠᠮᠬᠠᠭᠲᠤ ᠦᠷ ᠬᠢᠭᠡᠳ ᠪᠦᠷᠦᠢ | ᠠᠷᠪᠠᠨ ᠬᠤᠷᠤᠭᠤᠨ ᠤ ᠮᠢᠨᠢ ᠮᠡᠳᠡᠷᠡᠬᠦᠢ ᠳᠡᠭᠡᠷ᠎ᠡ | ᠡᠩᠬᠦᠷᠡᠢ ᠢᠯᠳᠠᠮᠬᠠᠨ ᠤ ᠤᠯᠠᠨ ᠭᠤᠭᠴᠤᠭᠠᠨ ᠠᠴᠠ ᠭᠡᠷᠡᠯ ᠰᠤᠪᠤᠵᠤ | ᠰᠢᠨ᠎ᠡ ᠤᠨ ᠢᠷᠡᠨ᠎ᠡ᠃ | ᠨᠠᠪᠴᠢᠨ ᠠᠴᠠ ᠨᠠᠪᠴᠢᠨ ᠤᠷᠭᠤᠬᠤ ᠶᠢᠨ ᠬᠦᠰᠡᠯ ᠮᠦᠷᠦᠭᠡᠳᠦᠯ ᠳᠤᠮᠳᠠ | ᠨᠠᠷᠠᠲᠤ ᠶᠢᠨ ᠰᠠᠶᠢᠬᠠᠨ ᠭᠡᠭᠡ ᠶᠢ ᠤᠷᠲᠤᠰᠬᠠᠨ | ᠬᠡᠵᠢᠶᠡᠳᠡ ᠶᠢᠨ ᠦᠨᠢ ᠮᠦᠩᠬᠡ ᠲᠠᠢ ᠲᠤᠬᠤᠢ ᠬᠤᠯᠪᠤᠵᠤ | ᠤᠷᠴᠢᠨ ᠠᠰᠬᠠᠷᠠᠬᠤ ᠶᠢᠨ ᠠᠭᠤᠳᠠᠮ ᠤᠷᠤᠨ ᠵᠠᠢ ᠬᠢᠭᠡᠳ ᠭᠠᠩᠭᠠᠩ | ᠰᠡᠷᠡᠯ ᠰᠡᠳᠬᠢᠬᠦᠢ ᠶᠢᠨ ᠠᠭᠯᠠᠭ ᠬᠤᠷᠸ᠎ᠠ ᠳᠤ | ᠠᠮᠢ ᠠᠮᠢᠵᠢᠷᠠᠯ ᠤᠨ ᠬᠠᠮᠤᠭ ᠰᠠᠶᠢᠬᠠᠨ ᠳᠠᠭᠤᠤ ᠶᠢ ᠬᠦᠭᠵᠢᠮᠳᠡᠵᠦ | ᠰᠢᠨ᠎ᠡ ᠵᠢᠯ ᠢᠷᠡᠨᠡᠮ︕ | ᠠᠷᠤ ᠭᠠᠵᠠᠷ ᠤᠨ ᠴᠠᠰᠤᠨ ᠡᠮᠦᠨ᠎ᠡ ᠤᠷᠤᠨ ᠤ ᠴᠡᠴᠡᠭᠡᠰ | ᠰᠠᠨᠠᠭᠰᠠᠨ ᠰᠠᠶᠢᠬᠠᠨ ᠬᠦᠰᠡᠯ ᠢ ᠮᠢᠨᠢ ᠵᠢᠭᠦᠷᠯᠡᠨ ᠲᠡᠯᠡᠮᠡᠭᠦᠯᠦᠨ᠎ᠡ | ᠬᠦᠢ ᠠᠭᠠᠭ ᠲᠠᠢ ᠴᠠᠭ ᠤᠨ ᠬᠦᠷᠳᠦᠨ ᠨᠡᠳᠡᠳᠦ ᠴᠡᠴᠡᠭᠯᠡᠨ᠎ᠡ ᠁ | ᠮᠦᠩᠬᠡ ᠶᠢᠨ ᠷᠠᠰᠢᠶᠠᠨ ᠡᠩᠬᠡ ᠶᠢᠨ ᠤᠰᠤᠨ ᠲᠠᠬᠢᠨ ᠲᠠᠬᠢᠨ ᠤᠨᠳᠤᠷᠴᠤ | ᠮᠦᠩᠬᠡ ᠢᠷᠡᠭᠡᠳᠦᠢ ᠶᠢᠨ ᠬᠠᠪᠤ ᠵᠢᠷᠭᠠᠯ ᠤᠨ ᠡᠭᠦᠳᠡᠨ ᠳᠡᠭᠡᠷ᠎ᠡ | ᠰᠢᠨ᠎ᠡ ᠤᠨ ᠤ ᠪᠠᠳᠠᠷᠠᠩᠭᠤᠢ ᠠᠯᠠᠭᠠᠨ ᠠᠴᠠ | ᠰᠠᠨᠠᠵᠤ ᠰᠠᠷᠪᠠᠶᠢᠭᠰᠠᠨ ᠲᠦᠮᠡᠨ ᠨᠠᠬᠢᠶ᠎ᠠ ᠢᠷᠠᠯᠵᠠᠨ᠎ᠠ᠃ | ᠨᠠᠰᠤᠨ ᠠᠴᠠ ᠨᠠᠰᠤ ᠲᠦᠷᠦᠭᠳᠡᠵᠦ ᠴᠡᠴᠡᠭᠡᠰ ᠠᠴᠠ ᠴᠡᠴᠡᠭᠡᠰ ᠠᠩᠭᠢᠯᠤᠨ᠎ᠠ | ᠴᠡᠪᠡᠷ ᠭᠤᠸ᠎ᠠ ᠴᠦᠮ ᠢᠶᠠᠷ ᠨᠢᠭᠡᠨ ᠴᠤᠭᠴᠠ ᠳᠤ ᠠᠭᠤᠰᠴᠤ | ᠡᠷᠬᠡᠰ ᠽᠠᠮᠪᠤᠯᠢᠩ ᠰᠢᠨᠡᠲᠦᠨᠡ᠃ | ᠴᠢᠪᠬᠠᠲᠠᠰᠤᠨ ᠤᠶᠠᠩᠭᠠᠷᠠᠵᠤ | ᠲᠤᠤᠯᠢ ᠳᠤᠮᠤᠭ ᠤᠨ ᠳᠠᠩᠰᠤᠭ ᠳᠤᠮᠳᠠ | ᠨᠠᠷᠠᠲᠤ ᠶᠢᠨ ᠰᠠᠶᠢᠨ ᠰᠠᠶᠢᠬᠠᠨ ᠪᠦᠬᠦᠨ ᠦᠷᠭᠦᠯᠵᠢᠯᠡᠵᠦ | ᠰᠢᠨ᠎ᠡ ᠤᠨ ᠢᠷᠡᠨ᠎ᠡ︕ | |