| ᠲᠠᠶᠢᠴᠢᠭᠤᠳ ᠮᠠᠨᠰᠠᠩ ᠤᠨ ︽ᠰᠢᠨ᠎ᠡ ᠪᠠᠷ ᠤᠷᠴᠢᠭᠤᠯᠵᠤ ᠲᠠᠶᠢᠯᠪᠤᠷᠢᠯᠠᠭᠰᠠᠨ ᠮᠤᠩᠭᠤᠯ ᠤᠨ ᠨᠢᠭᠤᠴᠠ | ᠲᠤᠪᠴᠢᠶᠠᠨ︾ ᠭᠡᠬᠦ ᠨᠤᠮ ᠢ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ ᠦᠪᠦᠷ ᠮᠤᠩᠭᠤᠯ ᠤᠨ ᠰᠢᠨᠵᠢᠯᠡᠬᠦ | ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠦᠪᠦᠷ ᠮᠤᠩᠭᠤᠯ ᠤᠨ ᠰᠢᠨᠬᠤᠸᠠ ᠨᠤᠮ ᠤᠨ | ᠳᠡᠯᠭᠡᠭᠦᠷ ᠤᠨ ᠤᠯᠠᠭᠠᠨᠬᠠᠳᠠ ᠬᠤᠲᠠ ᠶᠢᠨ ᠳᠡᠯᠭᠡᠭᠦᠷ ᠲᠠᠷᠬᠠᠭᠠᠪᠠ᠃ | ︽ᠮᠤᠩᠭᠤᠯ ᠤᠨ ᠨᠢᠭᠤᠴᠠ ᠲᠤᠪᠴᠢᠶᠠᠨ︾ ᠪᠤᠯ ᠮᠤᠩᠭᠤᠯ ᠦᠨᠳᠦᠰᠦᠲᠡᠨ ᠤ ᠬᠠᠮᠤᠭ ᠠᠩᠬᠠᠨ ᠤ | ᠳᠤᠷᠠᠰᠬᠠᠯ ᠪᠢᠴᠢᠭ ᠮᠦᠨ᠃ ᠮᠤᠩᠭᠤᠯᠴᠤᠳ ᠲᠡᠭᠦᠨ ᠢ ᠲᠤᠶᠢᠯ ᠤᠨ ᠨᠢᠭᠤᠴᠠ ᠬᠠᠴᠢᠨ ᠡᠷᠳᠡᠨᠢ ᠪᠠᠷ ᠦᠵᠡᠵᠦ᠂ | ᠬᠠᠭᠠᠨ ᠤ ︽ᠠᠯᠲᠠᠨ ᠳᠡᠪᠲᠡᠷ︾ ᠤᠨ ᠰᠠᠩ ᠳᠤ ᠲᠠᠯᠪᠢᠵᠤ ᠨᠠᠨᠳᠢᠩᠨᠠᠨ ᠬᠠᠳᠠᠭᠠᠯᠠᠵᠤ ᠪᠠᠶᠢᠯ᠎ᠠ᠃ | ︽ᠮᠤᠩᠭᠤᠯ ᠤᠨ ᠨᠢᠭᠤᠴᠠ ᠲᠤᠪᠴᠢᠶᠠᠨ︾ ᠪᠤᠯ ᠤᠨ ᠳᠠᠷᠠᠭᠠᠯᠠᠯ ᠤᠨ ᠮᠠᠶ᠋ᠢᠭ ᠢᠶᠠᠷ ᠪᠢᠴᠢᠭᠳᠡᠭᠰᠡᠨ | ᠮᠤᠩᠭᠤᠯ ᠦᠨᠳᠦᠰᠦᠲᠡᠨ ᠤ ᠲᠦᠭᠡᠮᠡᠯ ᠲᠡᠦᠬᠡ ᠪᠤᠯᠤᠨ᠎ᠠ᠃ ︽ᠨᠢᠭᠤᠴᠠ ᠲᠤᠪᠴᠢᠶᠠᠨ︾ ᠳᠤ ᠬᠢᠶᠠᠨ ᠮᠤᠩᠭᠤᠯ | ᠠᠶᠢᠮᠠᠭ ᠤᠨ ᠬᠠᠮᠤᠭ ᠡᠷᠲᠡᠨ ᠤ ᠳᠡᠭᠡᠳᠦᠰ ᠪᠦᠷᠲᠡ ᠴᠢᠨ᠋ᠸ᠎ᠠ ᠠᠴᠠ ᠠᠪᠤᠭᠠᠳ 13 ᠳ᠋ᠤᠭᠠᠷ ᠵᠠᠭᠤᠨ ᠤ ᠲᠠᠪᠢᠭᠠᠳ | ᠤᠨ ᠬᠦᠷᠲᠡᠯᠡᠬᠢ ᠮᠤᠩᠭᠤᠯ ᠦᠨᠳᠦᠰᠦᠲᠡᠨ ᠤ ᠬᠦᠭᠵᠢᠯᠲᠡ ᠶᠢᠨ ᠲᠡᠦᠬᠡ ᠶᠢ ᠢᠷᠠᠭᠤ ᠰᠠᠶᠢᠬᠠᠨ ᠢᠶᠠᠷ ᠤᠷᠠᠯᠠᠨ | ᠪᠢᠴᠢᠭᠰᠡᠨ ᠪᠠᠶᠢᠨ᠎ᠠ᠃ ︽ᠨᠢᠭᠤᠴᠠ ᠲᠤᠪᠴᠢᠶᠠᠨ︾ ᠳᠤ ᠲᠡᠭᠷᠢᠯᠢᠭ ᠬᠦᠪᠡᠭᠦᠨ ᠴᠢᠩᠭᠢᠰ ᠬᠠᠭᠠᠨ ᠤ ᠬᠠᠷ᠎ᠠ ᠪᠠᠭ᠎ᠠ | ᠨᠠᠰᠤᠨ ᠤ ᠦᠶ᠎ᠡ ᠶᠢᠨ ᠤᠴᠠᠷᠠᠯ ᠪᠠ ᠵᠠᠯᠠᠭᠤ ᠦᠶ᠎ᠡ᠂ ᠢᠳᠡᠷ ᠨᠠᠰᠤᠨ ᠤ ᠦᠶ᠎ᠡ ᠶᠢᠨ ᠤᠯᠤᠰ ᠲᠦᠷᠦ ᠶᠢᠨ ᠲᠡᠮᠡᠴᠡᠯ | ᠪᠤᠯᠤᠨ ᠳᠠᠶᠢᠨ ᠪᠠᠶᠢᠯᠳᠤᠭᠠᠨ ᠤ ᠦᠩᠭᠡᠷᠡᠯᠲᠡ ᠶᠢ ᠪᠢᠴᠢᠵᠦ᠂ ᠪᠦᠬᠦ ᠮᠤᠩᠭᠤᠯᠵᠢᠨ ᠠᠶᠢᠮᠠᠭ ᠢ ᠬᠤᠷᠢᠶᠠᠵᠤ ᠡᠩᠬᠡ | ᠲᠦᠪᠰᠢᠨ ᠪᠤᠯᠭᠠᠵᠤ᠂ ᠨᠢᠭᠡᠲᠦᠮᠡᠯ ᠮᠤᠩᠭᠤᠯ ᠤᠯᠤᠰ ᠪᠠᠶᠢᠭᠤᠯᠤᠭᠰᠠᠨ ᠦᠢᠯᠡ ᠶᠢ ᠲᠡᠮᠳᠡᠭᠯᠡᠵᠦ᠂ ᠢᠰᠡᠭᠡᠢ | ᠲᠤᠭᠤᠷᠭᠠᠲᠠᠨ ᠢ ︽ᠬᠦᠯ ᠢᠨᠦ ᠬᠦᠰᠡᠷ᠎ᠡ᠂ ᠭᠠᠷ ᠠᠨᠤ ᠭᠠᠵᠠᠷ᠎ᠠ ᠲᠠᠯᠪᠢᠭᠤᠯᠵᠤ︾ ᠠᠵᠤ ᠲᠦᠷᠦᠬᠦ ᠪᠤᠯᠭᠠᠭᠰᠠᠨ | ᠠᠴᠢ ᠭᠠᠪᠢᠶ᠎ᠠ ᠶᠢ ᠳᠤᠷᠠᠳᠬᠠᠪᠠ᠃ ᠴᠢᠨᠠᠭᠰᠢᠲᠠ ᠪᠠᠰᠠ ᠴᠢᠩᠭᠢᠰ ᠬᠠᠭᠠᠨ ᠤ ᠡᠮᠦᠨᠡᠰᠢ ᠮᠤᠷᠳᠠᠵᠤ ᠠᠯᠲᠠᠨ ᠤᠯᠤᠰ ᠢ | ᠭᠤᠷᠪᠠᠨᠲᠠ ᠳᠠᠶᠢᠯᠠᠭᠰᠠᠨ ᠪᠠ ᠪᠠᠷᠠᠭᠤᠨᠰᠢ ᠠᠶᠠᠯᠠᠵᠤ ᠰᠠᠷᠲᠠᠭᠤᠯ᠂ ᠬᠠᠩᠯᠢᠨ ᠢ ᠤᠷᠤᠭᠤᠯᠵᠤ᠂ ᠲᠠᠩᠭᠤᠳ ᠢ | ᠮᠦᠬᠦᠭᠡᠭᠰᠡᠨ ᠢ ᠲᠡᠮᠳᠡᠭᠯᠡᠵᠦ᠂ ᠮᠤᠩᠭᠤᠯ ᠮᠤᠷᠢᠨ ᠤ ᠲᠤᠭᠤᠷᠠᠢ ᠲᠡᠯᠡᠬᠡᠢ ᠶᠢᠨ ᠪᠦᠮᠪᠦᠷᠴᠡᠭ ᠢ ᠳᠤᠩᠰᠤᠯᠭᠠᠵᠤ᠂ | ᠮᠤᠩᠭᠤᠯ ᠬᠦᠮᠦᠨ ᠤ ᠰᠦᠷ ᠬᠦᠴᠦᠨ ᠳᠦᠷᠪᠡᠨ ᠲᠢᠪ ᠲᠤ ᠳᠠᠭᠤᠷᠢᠰᠤᠭᠰᠠᠨ ᠳᠠᠶᠢᠴᠢᠨ ᠲᠡᠦᠬᠡ ᠶᠢ ᠪᠢᠴᠢᠵᠡᠢ᠃ | | ᠦᠨᠳᠦᠰᠦᠲᠡᠨ ᠤᠭᠰᠠᠭᠠᠲᠠᠨ ᠤ ᠤᠨ ᠳᠠᠷᠠᠭᠠᠯᠠᠭᠰᠠᠨ ᠲᠡᠦᠬᠡ ᠶᠢ | ᠤᠷᠴᠢᠨ ᠴᠠᠭ ᠤᠨ ᠬᠡᠯᠡᠨ ᠳᠤ ᠤᠶᠢᠷᠠᠲᠤᠭᠤᠯᠤᠨ ᠦᠭᠦᠯᠡᠭᠰᠡᠨ ᠢ | ᠦᠵᠡᠬᠦ ᠮᠡᠷᠭᠡᠳ ᠲᠤ ᠳᠦᠭᠦᠮ ᠪᠤᠯᠪᠠᠤ ᠭᠡᠮᠡᠨ | ᠦᠷᠯᠦᠭ ᠲᠡᠦᠬᠡ ᠶᠢᠨ ᠡᠴᠢᠨ᠎ᠡ ᠨᠢᠭᠤᠴᠠ ᠶᠢ | ᠦᠪᠡᠷ ᠤᠨ ᠤᠬᠠᠭᠠᠨ ᠢᠶᠠᠷ ᠰᠦᠪᠡᠭᠴᠢᠯᠡᠬᠦ ᠳᠤ ᠲᠠᠨᠢ | ᠲᠤᠰ ᠨᠤᠮ ᠨᠠᠮᠡᠷᠢ ᠪᠤᠯᠬᠤ ᠪᠤᠯᠪᠠᠦ ᠭᠡᠮᠡᠨ | ᠳᠡᠭᠡᠳᠦᠯᠡᠨ ᠲᠠᠨᠢᠯᠴᠠᠭᠤᠯᠤᠯ᠎ᠠ | ᠲᠠᠭᠠᠯᠠᠨ ᠪᠤᠯᠭᠠᠨᠠᠤ︕ | |