ᠬᠦᠮᠦᠨ ᠤ ᠠᠮᠢᠳᠤᠷᠠᠯ
ᠨᠡᠶᠢᠲᠡᠯᠡᠭᠰᠡᠨ ᠴᠠᠭ᠄
2017-07-06
ᠬᠦᠮᠦᠨ ᠤ ᠠᠮᠢᠳᠤᠷᠠᠯ ᠭᠡᠭᠴᠢ ᠶᠠᠭᠤ ᠰᠠᠨ ᠪᠢᠯᠡ︖ᠬᠦᠷᠪᠡᠭᠡᠨ ᠤᠷᠪᠠᠭᠠᠨ ᠲᠠᠢ ᠡᠭᠦᠯᠡ ᠴᠦ ᠶᠤᠮ ᠦᠦ︖ᠬᠦᠴᠦ ᠶᠡᠬᠡᠲᠡᠢ ᠳᠠᠪᠠᠯᠭᠠᠨ ᠴᠦ ᠶᠤᠮ ᠦᠦ︖ᠬᠦᠮᠦᠨ ᠤ ᠠᠮᠢᠳᠤᠷᠠᠯ ᠭᠡᠭᠴᠢ ᠴᠤᠬᠤᠮ ᠶᠠᠭᠤ ᠰᠠᠨ ᠪᠢᠯᠡ︖ᠲᠤᠭ ᠪᠠᠷᠢᠭᠠᠳ ᠭᠢᠯᠠᠷᠠᠭᠤᠯᠵᠤ ᠪᠠᠶᠢᠭᠰᠠᠨ ᠡᠷ᠎ᠡᠲᠤᠭᠤᠯ ᠬᠠᠷᠢᠭᠤᠯᠤᠭᠠᠳ ᠭᠦᠶᠦᠵᠦ ᠪᠠᠶᠢᠬᠤ ᠬᠠᠷᠠᠭᠳᠠᠬᠤ ᠶᠤᠮᠠᠮᠢᠳᠤᠷᠠᠯ ᠭᠡᠭᠴᠢ ᠶᠠᠭᠤ ᠰᠠᠨ ᠪᠢᠯᠡ︖ᠢᠨᠢᠶᠡᠳᠦ ᠲᠠᠢ ᠬᠠᠨᠢᠶᠠᠳᠤ   ᠲᠠᠢ ᠵᠦᠴᠦᠭᠡ ᠴᠦ ᠶᠤᠮ ᠦᠦᠦᠭᠡᠳᠡ ᠲᠠᠢ ᠤᠷᠤᠭᠤ   ᠲᠠᠢ ᠳᠠᠪᠠᠭ᠎ᠠ ᠴᠦ ᠶᠤᠮ ᠦᠦᠠᠮᠢᠳᠤᠷᠠᠯ ᠭᠡᠭᠴᠢ ᠴᠤᠬᠤᠮ ᠶᠠᠭᠤ ᠰᠠᠨ ᠪᠢᠯᠡ︖ᠭᠠᠩᠭᠠᠩ ᠮᠠᠰᠢᠨ ᠳᠤ ᠰᠠᠭᠤᠭᠠᠳ ᠮᠡᠳᠡᠶᠢᠵᠦ ᠪᠠᠶᠢᠭᠰᠠᠨ ᠡᠷ᠎ᠡᠭᠠᠭ᠋ᠠᠢ ᠶᠠᠪᠠᠭᠠᠷᠠᠭᠠᠳ ᠱᠤᠭᠰᠢᠵᠤ ᠪᠠᠶᠢᠬᠤ ᠬᠠᠷᠠᠭᠳᠠᠬᠤ ᠶᠤᠮᠭᠤᠶᠤ ᠠᠪᠠᠭ᠋ᠠᠢ ᠡᠷᠭᠢᠭᠦᠯᠦᠭᠡᠳ ᠭᠤᠩᠬᠠᠯᠵᠠᠵᠤ ᠪᠠᠶᠢᠭᠰᠠᠨ ᠡᠷ᠎ᠡᠭᠤᠶ᠎ᠠ ᠪᠠᠨ ᠲᠡᠪᠡᠷᠢᠭᠡᠳ ᠬᠡᠪᠲᠡᠵᠦ ᠪᠠᠶᠢᠬᠤ ᠬᠠᠷᠠᠭᠳᠠᠬᠤ ᠶᠤᠮᠭᠠᠵᠠᠷ ᠳᠠᠭᠠᠭᠠᠮ᠎ᠠ ᠦᠭᠡᠢ ᠪᠠᠶᠠᠨ ᠪᠠᠶᠢᠭᠰᠠᠨ ᠡᠷ᠎ᠡᠭᠤᠶᠢᠷᠠᠨᠴᠢᠯᠠᠵᠤ ᠲᠤᠭᠤᠷᠢᠭᠠᠳ ᠲᠡᠨᠦᠭᠦᠴᠢᠯᠡᠵᠦ ᠪᠠᠶᠢᠬᠤ ᠬᠠᠷᠠᠭᠳᠠᠬᠤ ᠶᠤᠮᠭᠠᠪᠢᠶᠠᠨ ᠲᠡᠮᠳᠡᠭ ᠵᠡᠭᠦᠭᠡᠳ ᠭᠢᠯᠠᠯᠵᠠᠭᠤᠯᠵᠤ ᠪᠠᠶᠢᠭᠰᠠᠨ ᠡᠷ᠎ᠡᠭᠠᠪᠠ ᠵᠡᠭᠦᠭᠡᠳ ᠭᠤᠩᠰᠤᠶᠢᠵᠤ ᠪᠠᠶᠢᠬᠤ ᠬᠠᠷᠠᠭᠳᠠᠬᠤ ᠶᠤᠮᠬᠦᠮᠦᠨ ᠤ ᠠᠮᠢᠳᠤᠷᠠᠯ ᠭᠡᠭᠴᠢ ᠶᠠᠭᠤ ᠰᠠᠨ ᠪᠢᠯᠡ︖ᠬᠦᠷᠳᠦᠨ ᠤ ᠵᠢᠷᠭᠤᠭᠠᠨ ᠮᠦᠭᠡᠷ ᠴᠦ ᠶᠤᠮ ᠦᠦ︖ᠬᠦᠨᠳᠦ ᠬᠦᠩᠭᠡᠨ ᠤ ᠬᠡᠮᠵᠢᠭᠦᠷ ᠴᠦ ᠶᠤᠮ ᠦᠦ︖ ᠬᠦᠮᠦᠨ ᠤ ᠠᠮᠢᠳᠤᠷᠠᠯ ᠭᠡᠭᠴᠢ ᠴᠤᠬᠤᠮ ᠶᠠᠭᠤ ᠰᠠᠨ ᠪᠢᠯᠡ︖
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号