ᠤᠯᠠᠨ ᠨᠡᠶᠢᠳᠡ ᠶᠢᠨ ᠡᠷᠡᠬᠦᠯ ᠬᠠᠮᠠᠭᠠᠯᠠᠯ ᠤᠨ ᠠᠳᠡᠯ ︵ᠭᠤᠷᠪᠠ︶
ᠨᠡᠶᠢᠲᠡᠯᠡᠭᠰᠡᠨ ᠴᠠᠭ᠄
2017-07-10
        ᠭᠠᠯᠵᠠᠭᠤ ᠡᠪᠡᠳᠴᠢᠨ        ᠨᠤᠬᠠᠢ ᠭᠠᠯᠵᠠᠭᠤᠷᠠᠬᠤ ᠡᠪᠡᠳᠴᠢᠨ ᠪᠤᠯ ᠨᠢᠬᠡ ᠵᠦᠢᠯ ᠤᠨ ᠳᠦᠷᠬᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ ᠭᠠᠯᠵᠠᠭᠤ ᠡᠪᠡᠳᠴᠢᠨ ᠢ ᠪᠠᠰᠠ ᠤᠰᠤᠨ ᠠᠴᠠ ᠠᠶᠤᠬᠤ ᠡᠪᠡᠳᠴᠢᠨ ᠬᠡᠳᠡᠭ᠃ ᠡᠪᠡᠳᠴᠢᠨ ᠤ ᠤᠤᠯ ᠪᠡᠶᠡᠳᠦ ᠨᠢ ᠭᠠᠯᠵᠠᠭᠤ ᠨᠤᠬᠠᠢ ᠶᠢᠨ ᠡᠪᠡᠳᠴᠢᠨ ᠤ ᠬᠤᠤᠷ ᠪᠤᠯᠤᠨ᠎ᠠ᠃ ᠬᠦᠮᠦᠰ ᠭᠠᠯᠵᠠᠭᠤ ᠡᠪᠡᠳᠴᠢᠨ ᠲᠠᠢ ᠨᠤᠬᠠᠢ ᠪᠤᠶᠤ ᠮᠤᠤᠷ ᠲᠤ ᠬᠠᠵᠠᠭᠳᠠᠪᠠᠯ ᠦᠷᠪᠢᠰᠦᠯ ᠪᠤᠯᠳᠠᠭ᠃ ᠭᠤᠤᠯ ᠢᠯᠡᠷᠡᠯ ᠨᠢ ᠤᠶᠤᠨ ᠮᠡᠳᠡᠷᠡᠯ ᠬᠡᠪ ᠤᠨ ᠪᠠᠶᠢᠳᠠᠯ ᠢᠶᠠᠨ ᠠᠯᠳᠠᠬᠤ᠂ ᠵᠢᠷᠦᠬᠡ ᠴᠡᠴᠡᠷᠡᠬᠦ᠂ ᠤᠰᠤ ᠦᠵᠡᠪᠡᠯ ᠠᠶᠤᠬᠤ᠂ ᠪᠤᠯᠴᠢᠩ ᠨᠢ ᠳᠠᠳᠠᠯᠳᠤᠬᠤ᠂ ᠠᠮᠢᠰᠬᠤᠯ ᠴᠢᠬᠤᠯᠠᠳᠠᠬᠤ᠂ ᠡᠴᠦᠰ ᠲᠤ ᠪᠠᠨ ᠪᠦᠬᠦ ᠪᠡᠶ᠎ᠡ ᠨᠢ ᠳᠠᠮᠫᠤᠷᠠᠨ ᠦᠬᠦᠳᠡᠭ᠃        ᠰᠡᠷᠬᠡᠶᠢᠯᠡᠬᠦ ᠭᠤᠤᠯᠳᠠᠯᠭ᠎ᠠ        ● ᠬᠡᠷ ᠤᠨ ᠨᠤᠬᠠᠢ᠂ ᠮᠤᠤᠷ ᠢᠶᠠᠨ ᠬᠢᠵᠢᠭ ᠤᠨ ᠪᠠᠶᠢᠴᠠᠭᠠᠯᠳᠠ ᠬᠢᠯᠬᠡᠨ᠎ᠡ᠃        ● ᠵᠠᠭᠤᠳᠠᠭ ᠨᠤᠬᠠᠢ᠂ ᠮᠤᠤᠷ ᠠᠴᠠ ᠵᠠᠶᠢᠳᠠᠵᠤ ᠪᠠᠶᠢᠬᠤ ᠬᠡᠷᠡᠭᠳᠠᠢ᠃        ● ᠨᠤᠬᠠᠢ᠂ ᠮᠤᠤᠷ ᠤᠨ ᠰᠢᠯᠦᠰᠦ ᠨᠢ ᠠᠷᠪᠢᠳᠴᠤ᠂ ᠬᠤᠶᠢᠳᠤ ᠬᠠᠭᠠᠰ ᠪᠡᠶ᠎ᠡ ᠨᠢ ᠳᠠᠮᠢᠷ ᠦᠬᠡᠢ ᠪᠤᠯᠬᠤ ᠂ ᠤᠰᠤᠨ ᠠᠴᠠ ᠠᠶᠤᠬᠤ ᠵᠡᠷᠬᠡ ᠢᠯᠡᠷᠡᠯ ᠭᠠᠷᠪᠠᠯ ᠳᠠᠷᠦ᠋ᠢᠬᠠᠨ ᠠᠮᠢᠳᠠᠨ ᠤ ᠡᠮᠨᠡᠯᠬᠡ ᠶᠢᠨ ᠬᠤᠷᠢᠶ᠎ᠠ ᠳᠤ ᠬᠦᠷᠴᠦ ᠤᠨᠤᠰᠢᠯᠠᠭᠤᠯᠬᠤ ᠬᠡᠷᠡᠭᠳᠠᠢ᠃        ᠠᠷᠭᠠᠴᠠᠭᠠᠬᠤ ᠭᠤᠤᠯᠳᠠᠯᠭ᠎ᠠ        ● ᠨᠤᠬᠠᠢ᠂ ᠮᠤᠤᠷ ᠲᠤ ᠬᠠᠵᠠᠭᠳᠠᠪᠠᠯ ᠤᠷᠢᠳ ᠢᠶᠠᠷ ᠪᠤᠵᠠᠷ ᠤᠰᠤ ᠶᠢ ᠰᠢᠬᠠᠨ ᠭᠠᠷᠭᠠᠵᠤ᠂ 20 % ᠤᠨ ᠰᠠᠪᠤᠩ ᠲᠠᠢ ᠤᠰᠤ ᠪᠠᠷ ᠰᠢᠷᠬ᠎ᠠ ᠶᠢ ᠳᠠᠬᠢᠨ ᠳᠠᠪᠳᠠᠨ ᠤᠬᠢᠶᠠᠵᠤ᠂ ᠪᠠᠭ᠎ᠠ ᠳᠤ ᠪᠠᠨ ᠬᠠᠭᠠᠰ ᠴᠠᠭ ᠤᠬᠢᠶᠠᠭᠠᠳ ᠳᠠᠬᠢᠨ ᠴᠡᠪᠡᠷ ᠤᠰᠤ ᠪᠠᠷ ᠤᠬᠢᠶᠠᠬᠤ ᠬᠡᠷᠡᠭᠳᠠᠢ᠃ ᠰᠢᠷᠬ᠎ᠠ ᠶᠢ ᠪᠤᠭᠤᠵᠤ ᠤᠶᠤᠵᠤ ᠪᠤᠯᠬᠤ ᠦᠬᠡᠢ᠃        ● ᠬᠦᠮᠦᠨ ᠢ ᠬᠠᠵᠠᠭᠰᠠᠨ ᠨᠤᠬᠠᠢ᠂ ᠮᠤᠤᠷ ᠢ ᠳᠤᠰᠠᠭᠠᠷᠯᠠᠵᠤ᠂ ᠳᠤᠬᠠᠢ ᠶᠢᠨ ᠭᠠᠵᠠᠷ ᠤᠨ ᠠᠮᠢᠳᠠᠨ ᠤ ᠬᠢᠵᠢᠭ ᠢ ᠰᠡᠷᠬᠡᠶᠢᠯᠡᠬᠦ ᠬᠢᠨᠠᠯᠳᠠ ᠳᠠᠯᠪᠢᠬᠤ ᠪᠠᠶᠢᠭᠤᠯᠤᠮᠵᠢ ᠳᠤ ᠮᠡᠳᠡᠬᠦᠯᠬᠦ ᠬᠡᠷᠡᠭᠳᠠᠢ᠃ ᠬᠦᠬᠡ ᠬᠡᠯᠪᠡᠷᠢᠳᠦ ᠡᠯᠢᠬᠡᠨ ᠡᠪᠡᠳᠴᠢᠨ ᠬᠦᠬᠡ ᠬᠡᠯᠪᠡᠷᠢᠳᠦ ᠡᠯᠢᠬᠡᠨ ᠤ ᠦᠷᠪᠢᠰᠦᠯ ᠪᠤᠯ ᠳᠦᠷᠬᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ ᠃ ᠭᠤᠤᠯᠳᠠᠭᠤ ᠢᠯᠡᠷᠡᠯ ᠨᠢ ᠶᠠᠳᠠᠷᠠᠬᠤ᠂ ᠢᠳᠡᠬᠡᠨ ᠤ ᠳᠤᠷᠠᠰᠢᠯ ᠪᠠᠭᠤᠷᠠᠬᠤ᠂ ᠳᠤᠷ᠎ᠠ ᠪᠤᠯᠬᠢᠬᠤ᠂ ᠡᠯᠢᠬᠡ ᠳᠤᠮᠤᠷᠠᠬᠤ ᠂ ᠡᠯᠢᠬᠡᠨ ᠤ ᠴᠢᠳᠠᠪᠤᠷᠢ ᠬᠡᠪ ᠤᠨ ᠪᠤᠰᠤ ᠪᠤᠯᠵᠤ᠂ ᠵᠠᠷᠢᠮ ᠡᠪᠡᠳᠴᠢᠳᠡᠨ ᠨᠢ ᠰᠢᠷ᠎ᠠ ᠬᠢᠵᠢᠭ ᠪᠤᠯᠳᠠᠭ᠃ ᠬᠦᠬᠡ ᠬᠡᠯᠪᠡᠷᠢᠳᠦ ᠡᠯᠢᠬᠡᠨ ᠡᠪᠡᠳᠴᠢᠨ ᠨᠢ ᠢᠳᠡᠬᠡᠨ᠂ ᠪᠠᠭᠠᠰᠤ ᠵᠡᠷᠬᠡ ᠪᠠᠷ ᠬᠠᠯᠳᠠᠪᠤᠷᠢᠯᠠᠳᠠᠭ᠃        ᠰᠡᠷᠬᠡᠶᠢᠯᠡᠬᠦ ᠭᠤᠤᠯᠳᠠᠯᠭ᠎ᠠ        ● ᠤᠷᠴᠢᠨ ᠳᠤᠭᠤᠷᠢᠨ ᠪᠤᠶᠤ ᠬᠤᠪᠢ ᠬᠦᠮᠦᠨ ᠤ ᠡᠷᠡᠬᠦᠯ ᠬᠠᠮᠠᠭᠠᠯᠠᠯ ᠢ ᠰᠠᠶᠢᠳᠤᠷ ᠬᠢᠵᠦ᠂ ᠤᠰᠤ᠂ ᠵᠤᠷᠯᠤᠩ ᠤᠨ ᠬᠠᠮᠢᠶᠠᠷᠤᠯᠳᠠ ᠶᠢ ᠴᠢᠩᠭᠠᠳᠬᠠᠵᠤ᠂ ᠢᠳᠡᠬᠡᠨ ᠤ ᠡᠷᠡᠬᠦᠯ ᠬᠠᠮᠠᠭᠠᠯᠠᠯ ᠢ ᠰᠠᠶᠢᠳᠤᠷ ᠬᠢᠵᠦ᠂ ᠢᠳᠡᠬᠡᠨ ᠢ ᠰᠠᠶᠢᠳᠤᠷ ᠠᠷᠢᠭᠤᠳᠬᠠᠵᠤ᠂ ᠡᠪᠡᠳᠴᠢᠨ ᠠᠮᠠ ᠪᠠᠷ ᠬᠠᠯᠳᠠᠪᠤᠷᠢᠯᠠᠬᠤ ᠶᠢ ᠰᠡᠷᠬᠡᠶᠢᠯᠡᠨ᠎ᠡ᠃        ● ᠬᠦᠬᠡ ᠬᠡᠯᠪᠡᠷᠢᠳᠦ ᠡᠯᠢᠬᠡᠨ ᠡᠪᠡᠳᠴᠢᠨ ᠢ ᠰᠡᠷᠬᠡᠶᠢᠯᠡᠬᠦ ᠳᠠᠷᠢᠯᠭ᠎ᠠ ᠬᠢᠨ᠎ᠡ᠃        ᠠᠷᠭᠠᠴᠠᠭᠠᠬᠤ ᠭᠤᠤᠯᠳᠠᠯᠭ᠎ᠠ        ● ᠬᠦᠬᠡ ᠬᠡᠯᠪᠡᠷᠢᠳᠦ ᠡᠯᠢᠬᠡᠨ ᠡᠪᠡᠳᠴᠢᠨ ᠳᠡᠯᠬᠡᠷᠡᠭᠰᠡᠨ ᠦᠶ᠎ᠡ ᠳᠤ ᠪᠠᠶᠢᠳᠠᠯ ᠢ ᠦᠨᠳᠦᠰᠦᠯᠡᠨ ᠪᠠᠴᠢᠮ ᠠᠷᠭᠠᠴᠠᠭᠠᠬᠤ ᠳᠠᠷᠢᠯᠭ᠎ᠠ ᠬᠢᠨ᠎ᠡ᠃        ● ᠬᠦᠬᠡ ᠬᠡᠯᠪᠡᠷᠢᠳᠦ ᠡᠯᠢᠬᠡᠨ ᠡᠪᠡᠳᠴᠢᠳᠡᠨ ᠲᠠᠢ ᠬᠠᠮᠳᠤ ᠪᠤᠳᠠᠭᠠᠯᠠᠵᠤ᠂ ᠠᠶᠠᠭ᠎ᠠ ᠰᠠᠪᠬ᠎ᠠ ᠶᠢ ᠬᠠᠮᠳᠤ ᠳᠤ ᠪᠠᠨ ᠬᠡᠷᠡᠭᠯᠡᠵᠦ ᠪᠤᠯᠬᠤ ᠦᠬᠡᠢ᠃        ● ᠬᠦᠬᠡ ᠬᠡᠯᠪᠡᠷᠢᠳᠦ ᠡᠯᠢᠬᠡᠨ ᠡᠪᠡᠳᠴᠢᠳᠡᠨ ᠤ ᠪᠤᠳᠠᠭᠠᠨ ᠤ ᠬᠡᠷᠡᠭᠰᠡᠯ ᠵᠡᠷᠬᠡ ᠶᠢ ᠳᠤᠰᠠᠭᠠᠷᠯᠠᠨ ᠬᠠᠳᠠᠭᠠᠯᠠᠵᠤ᠂ ᠬᠡᠷᠡᠭᠯᠡᠭᠰᠡᠨ ᠤ ᠳᠠᠷᠠᠭ᠎ᠠ ᠦᠨᠳᠦᠷ ᠬᠠᠯᠠᠭᠤᠨ ᠢᠶᠠᠷ 15 ᠮᠢᠨᠦ᠋ᠲ ᠠᠴᠠ ᠳᠡᠬᠡᠭᠰᠢ ᠠᠷᠢᠭᠤᠳᠬᠠᠬᠤ ᠬᠡᠷᠡᠭᠳᠠᠢ᠃
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号