ᠦᠷᠭᠦᠯᠵᠢᠯᠡᠭᠰᠡᠨ ᠲᠧᠯᠸᠢᠰ ᠵᠦᠴᠦᠭᠡ ︽ᠵᠠᠰᠠᠭᠲᠤ ᠬᠤᠷᠢᠮ︾ ᠢ ᠰᠤᠳᠤᠯᠤᠨ ᠶᠠᠷᠢᠯᠴᠠᠪᠠ
ᠨᠡᠶᠢᠲᠡᠯᠡᠭᠰᠡᠨ ᠴᠠᠭ᠄
2017-04-11
        ᠲᠦᠷᠦᠭᠦᠬᠡᠨ ᠵᠠᠰᠠᠭᠲᠤ ᠵᠠᠩ ᠦᠢᠯᠡ ᠪᠠᠷ ᠰᠡᠳᠦᠪᠯᠡᠭᠰᠡᠨ ᠦᠷᠭᠦᠯᠵᠢᠯᠡᠭᠰᠡᠨ ᠲᠧᠯᠸᠢᠰ ᠵᠦᠴᠦᠭᠡ ︽ᠵᠠᠰᠠᠭᠲᠤ ᠬᠤᠷᠢᠮ︾ ᠢ ᠰᠤᠳᠤᠯᠤᠨ ᠶᠠᠷᠢᠯᠴᠠᠬᠤ ᠬᠤᠷᠠᠯ ᠬᠦᠬᠡᠬᠤᠲᠠ ᠳᠤ ᠶᠠᠪᠤᠭᠳᠠᠪᠠ᠃        ᠤᠶᠢᠷ᠎ᠠ ᠶᠢᠨ ᠵᠢᠯ ᠠᠴᠠ ᠨᠠᠰᠢ ᠮᠤᠩᠭᠤᠯ ᠰᠤᠶᠤᠯ ᠤᠷᠠᠯᠢᠭ ᠤᠨ ᠠᠵᠢᠯᠲᠠᠳ ᠵᠠᠰᠠᠭᠲᠤ ᠰᠤᠶᠤᠯ ᠢᠶᠠᠨ ᠤᠯᠠᠮᠵᠢᠯᠠᠨ ᠬᠦᠭᠵᠢᠭᠦᠯᠬᠦ ᠶᠢᠨ ᠲᠦᠯᠦᠭᠡ ᠵᠠᠰᠠᠭᠲᠤ ᠶᠢᠨ ᠬᠤᠷᠢᠮ ᠲᠦᠷᠦ ᠶᠢᠨ ᠶᠤᠰᠤᠨ ᠤ ᠲᠤᠬᠠᠢ ᠶᠡᠭᠡ ᠬᠡᠮᠵᠢᠶ᠎ᠡ ᠪᠠᠷ ᠡᠮᠬᠢᠳᠬᠡᠨ ᠴᠤᠭᠯᠠᠭᠤᠯᠵᠤ ᠬᠤᠷᠠᠮᠳᠤᠭᠤᠯᠤᠭᠰᠠᠨ ᠰᠠᠭᠤᠷᠢᠨ ᠳᠡᠭᠡᠷ᠎ᠡ ᠦᠪᠦᠷ ᠮᠤᠩᠭᠤᠯ ᠤᠨ ᠷᠠᠳᠢᠤ᠋ ᠲᠧᠯᠸᠢᠰ ᠬᠤᠷᠢᠶᠠᠨ ᠤ ᠮᠤᠩᠭᠤᠯ ᠤᠳᠤᠨ ᠲᠧᠯᠸᠢᠰ ᠠᠴᠠ ᠰᠡᠭᠦᠳᠡᠷᠯᠡᠨ ᠦᠢᠯᠡᠳᠪᠡ᠃ ᠲᠤᠰ ᠵᠦᠴᠦᠭᠡ ᠶᠢ ᠤᠯᠠᠭᠠᠨᠮᠤᠳᠤ ᠰᠤᠮᠤ ᠳᠤ ᠰᠡᠭᠦᠳᠡᠷᠯᠡᠭᠰᠡᠨ ᠪᠦᠭᠡᠳ ᠲᠤᠰ ᠭᠠᠵᠠᠷ ᠤᠷᠤᠨ ᠤ ᠮᠠᠯᠴᠢᠨ᠂ ᠪᠠᠭᠰᠢ᠂ ᠠᠵᠢᠯᠲᠠᠨ 50 ᠭᠠᠷᠤᠢ ᠬᠦᠮᠦᠰ ᠵᠦᠴᠦᠭᠡ ᠶᠢᠨ ᠳᠦᠷᠢ ᠶᠢ ᠲᠤᠭᠯᠠᠪᠠ᠃ ︽ᠵᠠᠰᠠᠭᠲᠤ ᠬᠤᠷᠢᠮ︾ ᠨᠢ ᠪᠦᠬᠦ ᠤᠷᠤᠨ ᠳᠤ ᠠᠪᠴᠤ ᠬᠡᠯᠡᠪᠡᠯ ᠠᠩᠬᠠᠳᠤᠭᠠᠷ ᠤᠳᠠᠭ᠎ᠠ ᠬᠤᠷᠴᠢᠨ ᠮᠤᠩᠭᠤᠯ ᠠᠶᠠᠯᠭᠤ ᠪᠠᠷ ᠰᠡᠭᠦᠳᠡᠷᠯᠡᠭᠰᠡᠨ ᠲᠧᠯᠸᠢᠰ ᠵᠦᠴᠦᠭᠡ ᠪᠤᠯᠬᠤ ᠪᠦᠭᠡᠳ ᠪᠦᠬᠦ ᠵᠦᠴᠦᠭᠡ ᠳᠤ ᠵᠠᠰᠠᠭᠲᠤ ᠬᠤᠷᠴᠢᠨᠴᠤᠳ ᠤᠨ ᠦᠢᠯᠡᠳᠪᠦᠷᠢᠯᠡᠯ ᠠᠮᠢᠳᠤᠷᠠᠯ ᠳᠤᠮᠳᠠᠬᠢ ᠬᠡᠯᠡ ᠶᠠᠷᠢᠶ᠎ᠠ᠂ ᠵᠠᠩ ᠵᠠᠩᠰᠢᠯ ᠢ ᠮᠦᠨ ᠬᠡᠪ ᠢᠶᠠᠷ ᠨᠢ ᠬᠠᠷᠠᠭᠤᠯᠪᠠ᠃        ᠲᠤᠰ ᠵᠦᠴᠦᠭᠡ ᠨᠢ ᠮᠠᠯᠴᠢᠨ ᠵᠠᠯᠠᠭᠤ ᠪᠠᠲᠤᠰᠦ᠋ᠬᠡ ᠪᠤᠯᠤᠨ ᠤᠶᠤᠨ᠎ᠠ ᠶᠢᠨ ᠤᠷᠤᠭ ᠤᠨ ᠤᠴᠢᠷ ᠢᠶᠠᠷ ᠰᠢᠵᠢᠮᠯᠡᠨ ᠵᠠᠰᠠᠭᠲᠤ ᠬᠤᠷᠢᠮ ᠤᠨ ᠪᠡᠷᠢ ᠭᠤᠶᠤᠬᠤ᠂ ᠬᠠᠳᠠᠭ ᠲᠠᠯᠪᠢᠬᠤ᠂ ᠪᠡᠯᠡᠭ ᠲᠤᠰᠢᠶᠠᠬᠤ᠂ ᠡᠳᠦᠷ ᠲᠤᠭᠲᠠᠬᠤ᠂ ᠰᠢᠭᠦᠰᠦ ᠬᠦᠷᠭᠡᠬᠦ᠂ ᠰᠠᠭᠠᠳᠠᠭ ᠮᠤᠷᠳᠠᠬᠤ᠂ ᠰᠠᠭᠠᠳᠠᠭ ᠬᠤᠷᠢᠬᠤ᠂ ᠬᠡᠦᠬᠡᠨ ᠤ ᠬᠤᠷᠢᠮ᠂ ᠬᠦᠷᠭᠡᠨ ᠬᠤᠪᠴᠠᠰᠤᠯᠠᠬᠤ᠂ ᠡᠬᠡ ᠶᠢᠨ ᠴᠠᠭᠠᠨ ᠰᠦ ᠬᠠᠷᠢᠭᠤᠯᠬᠤ᠂ ᠬᠦᠷᠭᠡᠨ ᠲᠠᠨᠢᠯᠴᠠᠭᠤᠯᠬᠤ᠂ ᠨᠡᠷ᠎ᠡ ᠵᠢᠯ ᠭᠤᠶᠤᠬᠤ᠂ ᠱᠠᠭᠠᠨᠲᠤ ᠶᠢᠨ ᠬᠤᠷᠢᠮ᠂ ᠬᠡᠦᠬᠡᠨ ᠮᠤᠷᠳᠠᠬᠤ᠂ ᠬᠡᠭᠡᠷ᠎ᠡ ᠤᠭᠲᠤᠭᠤᠯ᠂ ᠡᠭᠦᠳᠡ ᠳᠠᠷᠤᠬᠤ᠂ ᠭᠠᠯ ᠭᠤᠯᠤᠮᠲᠠ ᠳᠤ ᠮᠦᠷᠭᠦᠭᠦᠯᠬᠦ᠂ ᠦᠰᠦ ᠬᠠᠭᠠᠯᠬᠤ᠂ ᠭᠤᠤᠯ ᠬᠤᠷᠢᠮ᠂ ᠬᠡᠦᠬᠡᠨ ᠲᠤᠰᠢᠶᠠᠬᠤ᠂ ᠳᠦᠷᠦᠭᠡᠨ ᠠᠶᠠᠭ᠎ᠠ᠂ ᠬᠤᠨᠳᠠᠭ᠎ᠠ ᠴᠤᠮᠤ ᠬᠤᠯᠪᠤᠬᠤ᠂ ᠬᠡᠦᠬᠡᠨ ᠡᠷᠭᠢᠬᠦ ᠵᠡᠷᠭᠡ ᠤᠯᠠᠮᠵᠢᠯᠠᠯᠲᠦ ᠬᠤᠷᠢᠮ ᠤᠨ ᠳᠦᠷᠢᠮ ᠶᠤᠰᠤ ᠶᠢ ᠠᠯᠬᠤᠮ ᠳᠠᠷᠠᠭ᠎ᠠ ᠲᠠᠢ ᠦᠵᠡᠭᠦᠯᠵᠡᠢ᠃ ᠵᠠᠰᠠᠭᠲᠤ ᠬᠤᠰᠢᠭᠤ ᠪᠤᠯ ᠤᠳᠤᠬᠢ ᠬᠢᠩᠭᠠᠨ ᠠᠶᠢᠮᠠᠭ ᠤᠨ ᠬᠤᠷᠴᠢᠨ ᠵᠡᠭᠦᠨ ᠭᠠᠷᠤᠨ ᠡᠮᠦᠨᠡᠲᠦ ᠬᠤᠰᠢᠭᠤᠨ ᠤ ᠤᠤᠯ ᠤᠨ ᠨᠡᠷᠡᠶᠢᠳᠦᠯ ᠪᠠᠶᠢᠵᠤ᠂ 1636 ᠤᠨ ᠳᠤ ᠪᠠᠶᠢᠭᠤᠯᠤᠭᠳᠠᠨ᠂ ᠵᠢᠷᠢᠮ ᠤᠨ ᠴᠢᠭᠤᠯᠭᠠᠨ ᠤ ᠨᠤᠨ ᠠᠷᠪᠠᠨ ᠬᠤᠰᠢᠭᠤᠨ ᠤ ᠳᠤᠮᠳᠠ ᠬᠤᠶᠠᠳᠤᠭᠠᠷ ᠲᠤ ᠵᠢᠭᠰᠠᠭᠠᠭᠳᠠᠵᠤ ᠪᠠᠶᠢᠭᠰᠠᠨ ᠪᠦᠭᠡᠳ ︽ᠵᠠᠩ ᠰᠠᠶᠢᠲᠠᠢ ᠵᠠᠰᠠᠭᠲᠤ︾ ᠭᠡᠵᠦ ᠳᠠᠶᠠᠩ ᠳᠤ ᠠᠯᠳᠠᠷᠰᠢᠭᠰᠠᠨ ᠶᠤᠮ᠃        ᠲᠤᠰ ᠵᠦᠴᠦᠭᠡ ᠶᠢ ᠰᠡᠭᠦᠳᠡᠷᠯᠡᠬᠦ ᠳᠤᠭᠤᠶᠢᠯᠠᠩ ᠤᠨ ᠬᠢᠨ ᠵᠠᠩ ᠦᠢᠯᠡ ᠶᠢᠨ ᠲᠤᠰᠬᠠᠢ ᠮᠡᠷᠭᠡᠵᠢᠯᠲᠡᠨ᠂ ᠺᠢᠨᠤ᠋ ᠲᠧᠯᠸᠢᠰ ᠤᠷᠠᠯᠢᠭ ᠤᠨ ᠲᠤᠰᠬᠠᠢ ᠮᠡᠷᠭᠡᠵᠢᠯᠲᠡᠨ ᠢ ᠤᠷᠢᠵᠤ ᠰᠤᠳᠤᠯᠤᠨ ᠶᠠᠷᠢᠯᠴᠠᠬᠤ ᠬᠤᠷᠠᠯ ᠬᠢᠵᠦ᠂ ᠵᠠᠩ ᠦᠢᠯᠡ ᠶᠢᠨ ᠲᠠᠯ᠎ᠠ ᠪᠠᠷ ᠮᠠᠳᠠᠭ ᠲᠠᠢ ᠵᠦᠢᠯᠡᠰ᠂ ᠤᠷᠠᠯᠢᠭ ᠤᠨ ᠲᠠᠯ᠎ᠠ ᠪᠠᠷ ᠬᠦᠷᠦᠯᠴᠡᠬᠦ ᠦᠭᠡᠢ ᠵᠦᠢᠯᠡᠰ ᠢ ᠨᠦᠬᠦᠪᠦᠷᠢᠯᠡᠵᠦ᠂ ᠲᠧᠯᠸᠢᠰ ᠵᠦᠴᠦᠭᠡ ᠪᠠᠨ ᠨᠡᠩ ᠴᠢᠨᠠᠷᠯᠢᠭ ᠪᠤᠯᠭᠠᠬᠤ ᠶᠢ ᠵᠤᠷᠢᠵᠠᠢ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号