| 3 ᠰᠠᠷ᠎ᠠ ᠶᠢᠨ 26 ᠤ ᠡᠳᠦᠷ᠂ ᠰᠦᠨᠢᠳ ᠵᠡᠭᠦᠨ ᠬᠤᠰᠢᠭᠤᠨ ᠤ ᠲᠠᠷᠬᠠᠨ ᠠᠭᠤᠯᠠ ᠰᠤᠮᠤᠨ ᠤ ᠵᠠᠯᠠᠭᠤ | ᠳᠠᠭᠤᠴᠢᠨ ᠬᠦᠬᠦᠬᠡ ᠶᠢᠨ ᠬᠦᠭᠵᠢᠯᠪᠠᠭᠠᠲᠦᠷ ᠤᠨ ︽ᠠᠶᠠᠯᠭᠤ ᠡᠭᠡᠰᠢᠭ ᠢᠶᠠᠷ ᠳᠦᠭᠦᠷᠡᠩ ᠵᠢᠷᠭᠠᠶ᠎ᠠ︾ ᠤᠷᠠᠨ | ᠪᠦᠲᠦᠭᠡᠯ ᠤᠨ ᠲᠤᠭᠯᠠᠯᠲᠠ ᠮᠤᠩᠭᠤᠯ ᠤᠯᠤᠰ ᠤᠨ ᠨᠡᠶᠢᠰᠯᠡᠯ ᠤᠯᠠᠭᠠᠨᠪᠠᠭᠠᠲᠦᠷ ᠬᠤᠲᠠ ᠶᠢᠨ ᠦᠢᠯᠡᠳᠪᠦᠷᠢᠴᠢᠨ ᠤ | ᠡᠪᠯᠡᠯ ᠤᠨ ᠰᠤᠶᠤᠯ ᠤᠨ ᠲᠦᠪ ᠤᠷᠳᠤᠨ ᠳᠤ ᠶᠠᠪᠤᠭᠳᠠᠵᠠᠢ᠃ | ᠲᠤᠭᠯᠠᠯᠲᠠ ᠶᠢ ᠦᠪᠦᠷ ᠮᠤᠩᠭᠤᠯ ᠤᠨ ᠮᠤᠩᠭᠤᠯ ᠤᠳᠤᠨ ᠲᠧᠯᠸᠢᠰ ᠤᠨ ᠰᠤᠯᠤᠩᠭ᠎ᠠ ᠳᠡᠯᠭᠡᠴᠡ᠂ | ᠮᠤᠩᠭᠤᠯ ᠤᠯᠤᠰ ᠤᠨ ᠶᠠᠲᠤᠭ᠎ᠠ ᠶᠢᠨ ᠬᠤᠯᠪᠤᠭ᠎ᠠ ᠬᠠᠮᠲᠤᠷᠠᠨ ᠵᠤᠬᠢᠶᠠᠨ ᠪᠠᠶᠢᠭᠤᠯᠵᠤ ︽ᠲᠠᠯ᠎ᠠ ᠰᠠᠬᠠᠯ︾ ᠭᠡᠷᠡᠯ | ᠵᠢᠷᠤᠭ ᠤᠨ ᠦᠷᠦᠭᠡ᠂ ︽ᠳᠤᠷᠠᠨ︾ ᠭᠡᠷᠡᠯ ᠵᠢᠷᠤᠭ ᠤᠨ ᠦᠷᠦᠭᠡ᠂ ︽ᠭᠤᠯᠤᠮᠲᠠ︾ ᠤᠯᠠᠮᠵᠢᠯᠠᠯᠲᠤ ᠰᠤᠶᠤᠯ | ᠵᠠᠭᠤᠴᠢ ᠶᠢᠨ ᠺᠤᠮᠫᠠᠨᠢ ᠠᠬᠤᠢ ᠲᠠᠯᠠᠪᠠᠢ ᠳᠤ ᠬᠠᠮᠵᠢᠨ ᠠᠵᠢᠯᠯᠠᠵᠠᠢ᠃ ᠲᠤᠭᠯᠠᠯᠲᠠ ᠳᠤ ᠮᠤᠩᠭᠤᠯ ᠤᠯᠤᠰ ᠤᠨ | ᠭᠠᠪᠢᠶᠠᠲᠤ ᠵᠦᠴᠦᠭᠡᠴᠢᠨ ᠴ᠊᠂ ᠦᠯᠵᠡᠶᠢᠡᠤᠷᠤᠰᠢᠬᠤ᠂ ᠭᠡ᠊᠂ ᠪᠠᠲᠤᠪᠠᠶᠠᠷ᠂ ᠯ᠊᠂ ᠴᠢᠮᠠᠨᠴᠢᠯᠠᠭᠤᠨ᠂ ᠰᠤᠶᠤᠯ ᠤᠨ | ᠲᠡᠷᠢᠭᠦᠨ ᠤ ᠠᠵᠢᠯᠲᠠᠨ ᠯ᠊᠂ ᠪᠠᠨᠽᠠᠷᠠᠭᠴᠢ᠂ ᠲ᠊᠂ ᠨᠠᠷᠠᠨ — ᠡᠷᠬᠡᠰ᠂ ᠲᠦᠮᠡᠨ ᠡᠬᠡ ᠴᠢᠭᠤᠯᠭ᠎ᠠ ᠶᠢᠨ ᠠᠷᠠᠳ ᠤᠨ | ᠬᠦᠭᠵᠢᠮᠴᠢᠳ᠂ ᠤᠯᠠᠭᠠᠨᠪᠠᠭᠠᠲᠤᠷ ᠴᠢᠭᠤᠯᠭ᠎ᠠ ᠶᠢᠨ ᠶᠠᠲᠤᠭᠠᠴᠢᠳ᠂ ᠬᠦᠭᠵᠢᠮ ᠪᠦᠵᠢᠭ ᠤᠨ ᠺᠤᠯᠯᠧᠵ ᠤᠨ | ᠪᠦᠵᠢᠭᠴᠢᠳ ᠪᠤᠯᠤᠨ ᠦᠪᠦᠷ ᠮᠤᠩᠭᠤᠯ ᠤᠨ ᠨᠡᠷᠡᠲᠦ ᠬᠦᠲᠦᠯᠦᠭᠴᠢ ᠰᠦᠷᠲᠦᠪᠠᠭᠠᠲᠤᠷ᠂ ᠮᠤᠩᠭᠤᠯ ᠤᠳᠤᠨ | ᠲᠧᠯᠸᠢᠰ ᠤᠨ ᠬᠦᠲᠦᠯᠦᠭᠴᠢ ᠭᠡᠷᠡᠯᠪᠠᠭᠠᠲᠤᠷ᠂ ᠮᠤᠷᠢᠨ ᠬᠤᠭᠤᠷᠴᠢ ᠤᠶᠠᠩᠭ᠎ᠠ᠂ ᠳᠠᠭᠤᠴᠢᠨ ᠤᠷᠭᠤᠭ᠎ᠠ᠂ ᠰᠠᠬᠢᠶ᠎ᠠ᠂ | ᠳᠦᠭᠦᠷᠡᠩᠵᠢᠷᠭᠠᠯ᠂ ᠪᠤᠶᠠᠨ᠎ᠠ᠂ ᠬᠠᠶᠢᠷ᠎ᠠ᠂ ᠰᠦᠨᠳᠠᠯᠠᠢ ᠨᠠᠷ ᠤᠷᠤᠯᠴᠠᠵᠤ ᠨᠠᠶᠢᠷ ᠲᠤ ᠬᠦᠭ ᠨᠡᠮᠡᠷᠢᠯᠡᠵᠡᠢ᠃ | ᠲᠤᠭᠯᠠᠯᠲᠠ ᠶᠢ 800 ᠭᠠᠷᠤᠢ ᠦᠵᠡᠭᠴᠢᠳ ᠰᠤᠨᠢᠷᠬᠠᠵᠤ᠂ ᠠᠯᠠᠭ᠎ᠠ ᠲᠠᠰᠢᠯᠲᠠ ᠠᠶᠠᠯᠭᠤ ᠡᠭᠡᠰᠢᠭ ᠢᠶᠠᠷ ᠳᠦᠭᠦᠷᠡᠩ | ᠵᠢᠷᠭᠠᠭᠠᠯᠠ᠃ | ᠲᠤᠭᠯᠠᠯᠲᠠ ᠶᠢᠨ ᠠᠬᠤᠢ ᠲᠠᠯᠠᠪᠠᠢ ᠳᠤ ᠳᠠᠭᠤᠴᠢᠨ ᠬᠦᠭᠵᠢᠯᠪᠠᠭᠠᠲᠦᠷ ᠮᠠᠨᠢ᠂ ᠮᠤᠩᠭᠤᠯ ᠤᠯᠤᠰ ᠤᠨ | ᠪᠤᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠤᠷᠲ ᠤᠨ ᠶᠠᠮᠤᠨ ᠤ ᠬᠦᠨᠳᠦ ᠱᠠᠩᠨᠠᠯ ︽ᠵᠠᠭᠤᠬᠤ ᠪᠢᠴᠢᠭ︾᠂ | ᠮᠤᠩᠭᠤᠯ ᠤᠨ ᠵᠠᠯᠠᠭᠤᠴᠤᠳ ᠤᠨ ᠬᠤᠯᠪᠤᠭᠠᠨ ᠤ ︽ᠲᠡᠷᠢᠭᠦᠨ ᠤ ᠵᠠᠯᠠᠭᠤ︾ ᠶᠢᠨ ᠴᠤᠯᠠ ᠲᠡᠮᠳᠡᠭ᠂ ᠮᠤᠩᠭᠤᠯ | ᠤᠯᠤᠰ ᠤᠨ ᠶᠠᠲᠤᠭ᠎ᠠ ᠶᠢᠨ ᠬᠤᠯᠪᠤᠭᠠᠨ ᠤ ᠬᠦᠨᠳᠦᠳᠦ ᠡᠷᠭᠦᠮᠵᠢᠯᠡᠯ ᠵᠡᠷᠭᠡ ᠪᠠᠷ ᠲᠤᠰ ᠪᠦᠷᠢ ᠡᠩᠭᠡᠷ ᠢᠶᠠᠨ | ᠮᠢᠯᠢᠶᠠᠯᠭᠠᠯ᠎ᠠ᠃ |