B-TWO ᠬᠠᠮᠲᠤᠯᠢᠭ ᠠᠩᠬᠠᠨ ᠤ ᠴᠤᠮᠤᠭ ᠢᠶᠠᠨ ᠲᠠᠷᠬᠠᠭᠠᠯ᠎ᠠ
ᠨᠡᠶᠢᠲᠡᠯᠡᠭᠰᠡᠨ ᠴᠠᠭ᠄
2017-04-10
       ᠤᠶᠢᠷ᠎ᠠ ᠳᠤ᠂ ᠪᠤᠯᠭᠠᠨ᠂ ᠪᠤᠰᠬᠠᠨ ᠵᠦᠢᠷᠡᠢ ᠠᠬ᠎ᠠ ᠳᠡᠭᠦᠦ ᠬᠤᠶᠠᠭᠤᠯᠠ ᠪᠠᠷ ᠪᠦᠷᠢᠯᠳᠦᠭᠰᠡᠨ ᠦᠪᠦᠷ ᠮᠤᠩᠭᠤᠯ ᠤᠨ ᠬᠠᠮᠤᠭ ᠤᠨ ᠵᠠᠯᠠᠭᠤ ᠬᠠᠮᠲᠤᠯᠢᠭ ᠪᠤᠯᠬᠤ B-TWO ᠬᠠᠮᠲᠤᠯᠢᠭ ᠤᠨ ᠠᠩᠬᠠᠨ ᠤ ᠴᠤᠮᠤᠭ ︽ᠦᠷᠭᠦᠯᠵᠢᠯᠡᠯ︾ ᠤᠨ ᠲᠠᠷᠬᠠᠭᠠᠯᠲᠠ ᠶᠢᠨ ᠶᠤᠰᠤᠯᠠᠯ ᠬᠦᠬᠡᠬᠤᠲᠠ ᠳᠤ ᠶᠠᠪᠤᠭᠳᠠᠵᠠᠢ᠃ ᠶᠤᠰᠤᠯᠠᠯ ᠳᠤ᠂ ᠮᠠᠨ ᠤ ᠤᠷᠤᠨ ᠤ ᠤᠯᠠᠨ ᠵᠠᠯᠠᠭᠤ ᠳᠠᠭᠤᠴᠢᠨ ᠤᠷᠠᠯᠢᠭᠴᠢᠳ ᠪᠠ B-TWO ᠬᠠᠮᠲᠤᠯᠢᠭ ᠤᠨ ᠬᠠᠮᠲᠤ ᠰᠤᠷᠤᠭᠴᠢᠳ ᠬᠦᠷᠦᠯᠴᠡᠨ ᠢᠷᠡᠵᠦ ᠡᠨᠡᠬᠦ ᠪᠠᠶᠠᠷ ᠵᠢᠷᠭᠠᠯᠲᠤ ᠮᠦᠴᠡ ᠶᠢ ᠬᠠᠮᠲᠤ ᠳᠤ ᠪᠠᠨ ᠬᠤᠪᠢᠶᠠᠯᠴᠠᠭᠰᠠᠨ ᠪᠠᠶᠢᠨ᠎ᠠ᠃        ︽ᠦᠷᠭᠦᠯᠵᠢᠯᠡᠯ︾ ᠴᠤᠮᠤᠭ ᠨᠢ ︽ᠠᠵᠠ ᠵᠢᠷᠭᠠᠯ ᠤᠨ ᠰᠢᠪᠠᠭᠤᠬᠠᠢ︾᠂ ︽ᠨᠢᠳᠦ ᠪᠠᠨ ᠠᠨᠢ︾᠂ ︽ᠨᠠᠶᠢᠵᠠ ᠮᠢᠨᠢ︾ ᠵᠡᠷᠭᠡ 11 ᠳᠠᠭᠤᠤ ᠶᠢ ᠪᠠᠭᠲᠠᠭᠠᠭᠰᠠᠨ ᠪᠦᠭᠡᠳ ᠠᠯᠳᠠᠷᠲᠤ ᠠᠶᠠᠯᠭᠤ ᠵᠤᠬᠢᠶᠠᠭᠴᠢ ᠪᠠᠶᠠᠨ ᠪᠤᠯᠤᠨ ᠳᠠᠭᠤᠴᠢᠨ ᠮᠠᠨᠠᠨ ᠬᠤᠶᠠᠭᠤᠯᠠ ᠶᠢᠨ ᠵᠦᠢᠷᠡᠢ ᠬᠦᠦ ᠶᠢᠨ ᠢᠶᠠᠨ 18 ᠨᠠᠰᠤᠨ ᠤ ᠡᠷ᠎ᠡ ᠶᠢᠨ ᠴᠡᠭᠡᠯ ᠳᠤ ᠬᠦᠷᠦᠭᠰᠡᠨ ᠪᠠᠶᠠᠷ ᠢ ᠨᠢ ᠳᠤᠷᠠᠰᠬᠠᠨ ᠲᠡᠮᠳᠡᠭᠯᠡᠬᠦ ᠪᠠᠷ ᠪᠡᠯᠡᠳᠬᠡᠭᠰᠡᠨ ᠨᠠᠨᠳᠢᠨ ᠪᠡᠯᠡᠭ ᠪᠤᠯᠬᠤ ᠶᠤᠮ᠃ ᠲᠤᠰ ᠴᠤᠮᠤᠭ ᠲᠤ ᠪᠠᠶᠠᠨ ᠤ ᠪᠢᠴᠢᠭᠰᠡᠨ ︽ᠰᠢᠯᠦᠭ ᠮᠢᠨᠢ ᠬᠦᠯᠦᠭ ᠮᠢᠨᠢ︾᠂ ︽ᠪᠠᠭ᠎ᠠ ᠨᠠᠰᠤ ᠮᠢᠨᠢ ᠨᠠᠮ᠎ᠠ ᠶᠢ ᠤᠷᠬᠢᠭ᠎ᠠ ᠦᠭᠡᠢ︾ ᠭᠡᠬᠦ ᠬᠤᠶᠠᠷ ᠳᠠᠭᠤᠤ ᠤᠷᠤᠭᠰᠠᠨ ᠠᠴᠠ ᠭᠠᠳᠠᠨ᠎ᠠ᠂ ᠤᠯᠠᠩᠬᠢ ᠳᠠᠭᠤᠤ ᠨᠤᠭᠤᠳ ᠢ ᠨᠢ HB ᠬᠠᠮᠲᠤᠯᠢᠭ ᠤᠨ ᠬᠤᠶᠠᠷ ᠭᠡᠰᠢᠭᠦᠨ ᠬᠦᠪᠴᠢ᠂ ᠪᠢᠰᠢᠷᠡᠯᠲᠦ ᠬᠤᠶᠠᠭᠤᠯᠠ ᠲᠤᠰᠬᠠᠶᠢᠯᠠᠨ ᠪᠤᠯᠭᠠᠨ ᠪᠤᠰᠬᠠᠨ ᠬᠤᠶᠠᠷ ᠲᠤ ᠵᠤᠷᠢᠭᠤᠯᠤᠨ ᠪᠦᠲᠦᠭᠡᠭᠰᠡᠨ ᠶᠤᠮ᠃        ᠪᠤᠯᠭᠠᠨ᠂ ᠪᠤᠰᠬᠠᠨ 1999 ᠤᠨ ᠳᠤ ᠠᠯᠳᠠᠷᠲᠤ ᠬᠦᠭᠵᠢᠮ ᠤᠨ ᠵᠤᠬᠢᠶᠠᠯᠴᠢ ᠪᠠᠶᠠᠨ᠂ ᠳᠠᠭᠤᠴᠢᠨ ᠮᠠᠨᠠᠨ ᠤ ᠭᠡᠷ ᠲᠤ ᠵᠠᠶᠠᠭᠠᠵᠠᠢ᠃ ᠤᠳᠤᠬᠠᠨ ᠳᠤ ᠬᠦᠬᠡᠬᠤᠲᠠ ᠶᠢᠨ ᠮᠤᠩᠭᠤᠯ ᠦᠨᠳᠦᠰᠦᠲᠡᠨ ᠤ ᠰᠤᠷᠭᠠᠭᠤᠯᠢ ᠶᠢᠨ ᠳᠡᠭᠡᠳᠦ ᠬᠤᠶᠠᠳᠤᠭᠠᠷ ᠤᠨ ᠳᠤ ᠰᠤᠷᠤᠯᠴᠠᠵᠤ ᠪᠠᠶᠢᠨ᠎ᠠ᠃ ᠲᠡᠳᠡ ᠬᠤᠶᠠᠭᠤᠯᠠ ᠬᠠᠷᠠᠬᠠᠨ ᠪᠠᠭ᠎ᠠ ᠠᠴᠠ ᠪᠠᠨ ᠠᠪᠤ ᠡᠵᠢ ᠶᠢᠨ ᠢᠶᠠᠨ ᠨᠦᠯᠦᠭᠡ ᠶᠢ ᠬᠦᠷᠲᠡᠵᠦ᠂ ᠳᠠᠭᠤᠤ ᠬᠦᠭᠵᠢᠮ ᠳᠤ ᠤᠨᠴᠠᠭᠠᠢ ᠳᠤᠷ᠎ᠠ ᠰᠤᠨᠢᠷᠬᠠᠯ ᠲᠠᠢ ᠪᠠᠶᠢᠪᠠ᠃ ᠠᠪᠤ ᠪᠠᠶᠠᠨ ᠨᠢ ᠭᠠᠯ ᠵᠠᠯᠠᠭᠤ ᠨᠠᠰᠤᠨ ᠠᠴᠠ ᠪᠠᠨ ᠷᠤᠺ ᠤᠷᠠᠯᠢᠭ ᠲᠤ ᠪᠠᠭ᠋ᠠᠲᠠᠢ ᠪᠠᠶᠢᠵᠤ᠂ ᠤᠷᠢᠳ ᠬᠤᠵᠢᠳ ᠬᠦᠬᠡ ᠬᠡᠭᠡᠷ᠎ᠡ ᠬᠠᠮᠲᠤᠯᠢᠭ᠂ HAYA ᠬᠠᠮᠲᠤᠯᠢᠭ᠂ ᠪᠠᠶᠠᠨ ᠬᠠᠮᠲᠤᠯᠢᠭ ᠵᠡᠷᠭᠡ ᠷᠤᠺ ᠬᠠᠮᠲᠤᠯᠢᠭ ᠢ ᠡᠭᠦᠰᠬᠡᠨ ᠪᠠᠶᠢᠭᠤᠯᠵᠤ ᠠᠵᠢᠯᠯᠠᠭᠤᠯᠵᠤ ᠪᠠᠶᠢᠭᠰᠠᠨ ᠪᠤᠯ᠂ ᠵᠦᠢᠷᠡᠢ ᠬᠦᠦ ᠨᠢ ᠬᠠᠷᠢᠨ ᠬᠢᠫ ᠬᠤᠫ ᠤᠷᠠᠯᠢᠭ ᠲᠤ ᠲᠤᠶᠢᠯ ᠤᠨ ᠪᠠᠭ᠋ᠠᠲᠠᠢ ᠪᠠᠶᠢᠵᠤ᠂ ᠶᠢᠰᠦᠨ ᠨᠠᠰᠤᠲᠠᠢ ᠳᠠᠭᠠᠨ ᠬᠤᠶᠠᠭᠤᠯᠠ ᠶᠢᠨ ᠨᠡᠷ᠎ᠡ ᠶᠢᠨ ᠲᠦᠷᠦᠭᠦᠦ ᠭᠠᠯᠢᠭ ᠢᠶᠠᠷ ᠨᠡᠷᠡᠯᠡᠭᠰᠡᠨ B-TWO ᠬᠠᠮᠲᠤᠯᠢᠭ ᠢᠶᠠᠨ ᠪᠠᠶᠢᠭᠤᠯᠵᠤ᠂ ᠦᠭᠦᠯᠡᠵᠦ ᠳᠠᠭᠤᠯᠠᠵᠤ ᠡᠬᠢᠯᠡᠭᠰᠡᠨ ᠪᠠᠶᠢᠨ᠎ᠠ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号