| ︽ᠬᠡᠦᠬᠡᠳ ᠢᠶᠠᠨ ᠬᠦᠲᠦᠰᠦᠨ ᠳᠤ ᠪᠠᠭᠯᠠᠵᠤ᠂ ᠨᠤᠮ ᠢᠶᠠᠨ ᠲᠤᠷᠭᠠᠨ ᠳᠤ ᠪᠠᠭᠯᠠᠳᠠᠭ︾ ᠨᠢ ᠮᠤᠩᠭᠤᠯ | ᠦᠨᠳᠦᠰᠦᠲᠡᠨ ᠪᠠᠶᠢᠭᠰᠠᠨ᠃ | ᠮᠤᠩᠭᠤᠯ ᠬᠦᠮᠦᠨ ᠳᠡᠯᠡᠬᠡᠢ ᠳ᠋ᠠᠬᠢᠨ ᠢ ᠳᠠᠶᠢᠯᠠᠨ ᠳᠠᠭᠠᠭᠤᠯᠤᠭᠰᠠᠨ ᠨᠢ ᠵᠦᠪᠬᠡᠨ ᠮᠤᠷᠢᠨ ᠲᠤᠭᠤᠷᠠᠢ ᠪᠠᠷ | ᠳᠤᠪᠲᠤᠯᠵᠤ᠂ ᠮᠠᠬᠢᠷ ᠰᠡᠯᠡᠮ᠎ᠡ ᠪᠠᠷ ᠴᠠᠪᠴᠢᠭᠰᠠᠨ ᠤ ᠬᠢ ᠪᠢᠰᠢ ᠶᠤᠮ᠂ ᠬᠠᠷᠢᠨ ᠮᠤᠩᠭᠤᠯᠴᠤᠳ ᠤᠨ ᠬᠤᠷᠴᠠ ᠤᠢ᠂ | ᠦᠯᠡᠮᠵᠢ ᠮᠡᠳᠡᠯᠭᠡ᠂ ᠪᠦᠲᠦᠭᠡᠯᠴᠢ ᠰᠡᠳᠬᠢᠬᠦᠢ ᠨᠢ ᠪᠤᠰᠤᠳ ᠠᠴᠠ ᠬᠡᠲᠦᠶᠢᠳᠦᠭᠰᠡᠨ ᠠᠴᠠ ᠶᠤᠮ᠃ | ᠴᠢᠩᠭᠢᠰ ᠬᠠᠭᠠᠨ ᠰᠤᠷᠭᠠᠭᠤᠯᠢ ᠳᠤ ᠰᠤᠷᠤᠯᠴᠠᠭ᠎ᠠ ᠦᠭᠡᠢ ᠴᠦ ᠲᠠᠲᠠᠲᠤᠩᠭ᠎ᠠ ᠠᠴᠠ ᠨᠤᠮ ᠤᠨ ᠤᠬᠠᠭᠠᠨ ᠢ | ᠰᠤᠷᠴᠤ᠂ ᠬᠡᠦᠬᠡᠳ ᠳᠡᠭᠦᠦ ᠨᠠᠷ ᠲᠠᠭᠠᠨ ᠡᠷᠳᠡᠮ ᠮᠡᠳᠡᠯᠭᠡ ᠵᠢᠭᠠᠯᠭᠠᠵᠤ ᠪᠠᠶᠢᠭᠰᠠᠨ᠃ ᠮᠦᠩᠬᠡ ᠬᠠᠭᠠᠨ ᠡᠯᠪᠡᠭ ᠶᠡᠭᠡ | ᠮᠡᠳᠡᠯᠭᠡ ᠲᠠᠢ ᠪᠠᠶᠢᠵᠤ᠂ ᠲᠤᠭᠠᠨ ᠤ ᠤᠬᠠᠭᠠᠨ ᠤ ᠡᠷᠳᠡᠮᠲᠡᠨ ᠪᠠᠶᠢᠭᠰᠠᠨ᠃ ᠢᠯ ᠬᠠᠭᠠᠨᠲᠤ ᠤᠯᠤᠰ ᠤᠨ ᠬᠠᠰᠠᠨ ᠬᠠᠭᠠᠨ | ᠵᠢᠷᠭᠤᠭᠠᠨ ᠵᠦᠢᠯ ᠤᠨ ᠬᠡᠯᠡᠨ ᠳᠤ ᠨᠡᠪᠲᠡᠷᠡᠭᠰᠡᠨ ᠢᠶᠠᠷ ᠪᠠᠷᠠᠬᠤ ᠦᠭᠡᠢ᠂ ᠮᠤᠩᠭᠤᠯ ᠬᠡᠯᠡ᠂ ᠲᠡᠦᠬᠡ ᠰᠤᠶᠤᠯ ᠢᠶᠠᠨ ᠬᠠᠮᠤᠭ | ᠨᠡᠪᠲᠡᠷᠬᠡᠢ ᠮᠡᠳᠡᠵᠦ᠂ ᠤᠯᠠᠨ ᠦᠶ᠎ᠡ ᠶᠢᠨ ᠡᠪᠦᠭᠡ ᠳᠡᠭᠡᠳᠦᠰ ᠤᠨ ᠢᠶᠠᠨ ᠤᠪᠤᠭ ᠨᠡᠷ᠎ᠡ᠂ ᠡᠷᠲᠡ ᠡᠳᠦᠭᠡ ᠶᠢᠨ ᠵᠠᠩᠵᠤᠨ | ᠪᠠᠭᠠᠲᠤᠷ ᠤᠨ ᠢᠶᠠᠨ ᠠᠯᠳᠠᠷ ᠴᠤᠯᠠ ᠵᠢᠴᠢ ᠲᠡᠳᠡᠨ ᠤ ᠭᠡᠷ ᠤᠨ ᠴᠠᠳᠢᠭ ᠢ ᠴᠦᠮ ᠴᠡᠭᠡᠵᠢ ᠪᠠᠷ ᠲᠤᠭᠠᠴᠢᠵᠤ ᠴᠢᠳᠠᠳᠠᠭ᠃ | ᠶᠡᠭᠡ ᠶᠤᠸᠠᠨ ᠤᠯᠤᠰ ᠤᠨ ᠲᠡᠮᠦᠷ ᠬᠠᠭᠠᠨ ᠴᠢᠩᠭᠢᠰ ᠤᠨ ᠵᠠᠰᠠᠭ ᠪᠠ ᠪᠢᠯᠢᠭ ᠲᠤ ᠨᠡᠪᠲᠡᠷᠡᠵᠦ᠂ ᠬᠠᠶᠢᠰᠠᠩ ᠬᠠᠭᠠᠨ ᠤᠯᠤᠰ | ᠠᠷᠠᠳ ᠢᠶᠠᠨ ᠭᠡᠭᠡᠷᠡᠭᠦᠯᠬᠦ ᠪᠠᠷ ᠮᠤᠩᠭᠤᠯ ᠨᠤᠮ ᠢ ᠬᠡᠪᠯᠡᠨ ᠲᠠᠷᠬᠠᠭᠠᠵᠤ ᠪᠠᠶᠢᠭᠰᠠᠨ᠃ ᠮᠤᠩᠭᠤᠯᠴᠤᠳ ᠤᠨ ᠨᠤᠮ ᠤᠨ ᠬᠦᠴᠦ | ᠂ ᠡᠷᠳᠡᠮ ᠤᠬᠠᠭᠠᠨ ᠪᠠ ᠡᠷ᠎ᠡ ᠰᠢᠨᠳᠠᠰᠤ ᠪᠠᠷ ᠢᠶᠠᠨ ᠰᠠᠶ᠋ᠢ ᠠᠽᠢᠶ᠎ᠠ ᠡᠸᠦ᠋ᠷᠦᠫᠡ ᠶᠢ ᠡᠷᠬᠡᠰᠢᠶᠡᠵᠦ ᠴᠢᠳᠠᠭᠰᠠᠨ ᠳ᠋ᠠ᠃ | | ᠴᠠᠭ ᠦᠶ᠎ᠡ ᠦᠩᠭᠡᠷᠡᠨ ᠤᠳᠤᠭᠰᠠᠨ ᠪᠤᠯᠪᠠᠴᠤ ᠮᠤᠩᠭᠤᠯ ᠰᠤᠶᠤᠯ ᠤᠨ ᠠᠮᠢᠨ ᠰᠤᠳᠠᠰᠤ ᠮᠢᠨᠢ ᠯᠤᠭᠰᠢᠨ | ᠤᠯᠠᠮᠵᠢᠯᠠᠭᠳᠠᠬᠤ ᠶᠤᠰᠤᠲᠠᠢ᠂ ᠮᠦᠨ ᠴᠦ ᠯᠤᠭᠰᠢᠨ ᠴᠤᠬᠢᠯᠠᠭᠰᠠᠭᠠᠷ ᠤᠳᠤ ᠳᠤ ᠬᠦᠷᠴᠦ ᠢᠷᠡᠭᠰᠡᠨ ᠶᠤᠮ᠃ ᠭᠡᠪᠡᠴᠦ | ᠨᠡᠶᠢᠭᠡᠮ ᠬᠦᠭᠵᠢᠯ ᠤᠨ ᠦᠳᠲᠡᠷ ᠬᠤᠪᠢᠷᠠᠯ᠂ ᠬᠤᠲᠠ ᠪᠠᠯᠭᠠᠰᠤᠵᠢᠯᠲᠠ ᠶᠢᠨ ᠰᠢᠷᠦᠭᠦᠨ ᠳᠤᠯᠭᠢᠰᠤᠯ ᠨᠢ ᠮᠤᠩᠭᠤᠯ | ᠨᠤᠮ ᠢᠶᠠᠨ ᠤᠩᠰᠢᠵᠤ᠂ ᠮᠤᠩᠭᠤᠯ ᠰᠤᠶᠤᠯ ᠢᠶᠠᠨ ᠤᠯᠠᠮᠵᠢᠯᠠᠬᠤ ᠳᠤ ᠪᠠᠰᠠ ᠨᠢᠭᠡᠨ ᠤᠳᠠᠭᠠᠨ ᠤ ᠬᠢᠮᠤᠷᠠᠯ ᠢ ᠠᠪᠴᠢᠷᠠᠵᠤ | ᠦᠭᠴᠦ ᠪᠠᠶᠢᠨ᠎ᠠ᠃ ᠮᠤᠩᠭᠤᠯ ᠬᠡᠯᠡᠨ ᠤ ᠠᠮᠢ ᠠᠬᠤᠢ ᠮᠢᠨᠢ ᠠᠶᠤᠯ ᠲᠦᠭᠰᠢᠭᠦᠷᠢ ᠳᠤ ᠤᠴᠠᠷᠠᠵᠤ ᠪᠠᠶᠢᠨ᠎ᠠ᠃ ᠤᠳᠤ ᠪᠢᠳᠡ | ᠪᠦᠬᠦᠨ ᠮᠤᠩᠭᠤᠯ ᠬᠡᠯᠡ ᠪᠠᠷ ᠢᠶᠠᠨ ᠶᠠᠷᠢᠵᠤ᠂ ᠮᠤᠩᠭᠤᠯ ᠪᠢᠴᠢᠭ ᠢᠶᠠᠨ ᠬᠡᠷᠡᠭᠯᠡᠵᠦ᠂ ᠮᠤᠩᠭᠤᠯ ᠨᠤᠮ ᠢᠶᠠᠨ ᠤᠩᠰᠢᠵᠤ | ᠪᠠᠶᠢᠪᠠᠯ ᠳᠠᠷᠤᠢ ᠦᠨᠳᠦᠰᠦᠲᠡᠨ ᠳᠡᠭᠡᠨ ᠬᠠᠮᠤᠭ ᠪᠤᠳᠠᠲᠠᠢ ᠪᠠᠷ ᠬᠠᠷᠢᠭᠤᠴᠠᠵᠤ ᠪᠠᠶᠢᠭ᠎ᠠ ᠶᠠᠪᠤᠳᠠᠯ ᠶᠤᠮ᠃ ᠤᠴᠢᠷ ᠨᠢ | ᠮᠠᠨ ᠤ ᠬᠦᠮᠦᠨ ᠨᠢᠭᠡᠪᠦᠷᠢ ᠮᠤᠩᠭᠤᠯ ᠨᠤᠮ ᠢᠶᠠᠨ ᠤᠩᠰᠢᠵᠤ᠂ ᠮᠤᠩᠭᠤᠯ ᠰᠤᠶᠤᠯ ᠢᠶᠠᠨ ᠳᠡᠭᠡᠳᠦᠯᠡᠮᠡᠨᠵᠢᠨ ᠰᠠᠶ᠋ᠢ ᠤᠢ | ᠤᠬᠠᠭᠠᠨ ᠢᠶᠠᠨ ᠨᠡᠭᠡᠭᠡᠵᠦ᠂ ᠤᠶᠤᠨ ᠤ ᠡᠮᠵᠡᠭ ᠢᠶᠠᠨ ᠵᠠᠰᠠᠵᠤ᠂ ᠦᠪᠡᠷ ᠤᠨ ᠬᠠᠷᠢᠭᠤᠴᠠᠯᠭ᠎ᠠ ᠪᠠᠨ ᠮᠡᠳᠡᠵᠦ ᠴᠢᠳᠠᠨ᠎ᠠ᠂ | ᠮᠠᠨ ᠤ ᠦᠨᠳᠦᠰᠦᠲᠡᠨ ᠰᠠᠶ᠋ᠢ ᠤᠷᠤᠰᠢᠨᠲᠤᠭᠲᠠᠨᠢᠵᠤ᠂ ᠤᠯᠠᠮᠵᠢᠯᠠᠨ ᠬᠦᠭᠵᠢᠵᠦ ᠪᠠᠳᠠᠷᠠᠨ ᠮᠠᠨᠳᠤᠵᠤ ᠴᠢᠳᠠᠨ᠎ᠠ᠃ | | ᠨᠠᠨᠳᠢᠩᠨᠠᠨ ᠤᠩᠰᠢᠬᠤ ᠮᠤᠩᠭᠤᠯ ᠨᠤᠮ ᠮᠢᠨᠢ ᠮᠢᠩᠭ᠎ᠠ ᠲᠦᠮᠡ ᠪᠠᠶᠢᠨ᠎ᠠ᠃ ᠪᠢᠳᠡ ︽ᠨᠤᠮ ᠡᠷᠳᠡᠨᠢ︾ ᠪᠠᠨ | ᠴᠡᠭᠡᠵᠢᠯᠡᠵᠦ ᠶᠠᠪᠤᠶ᠎ᠠ᠂ ᠡᠷᠡᠯᠬᠡᠭ ᠲᠡᠦᠬᠡ ᠪᠠᠨ ᠪᠢᠰᠢᠷᠡᠵᠦ ᠶᠠᠪᠤᠶ᠎ᠠ᠂ ᠡᠷᠳᠡᠨᠢ ᠶᠢᠨ ᠰᠤᠶᠤᠯ ᠢᠶᠠᠨ ᠤᠯᠠᠮᠵᠢᠯᠠᠵᠤ ᠶᠠᠪᠤᠶ᠎ᠠ︕ | ᠨᠤᠮ ᠪᠢᠴᠢᠭ ᠤᠨ ᠳᠠᠯᠠᠢ ᠶᠡᠭᠡ ᠤᠬᠠᠭᠠᠨ ᠢᠶᠠᠷ ᠳᠠᠷᠢᠬᠢ ᠲᠤᠯᠤᠭᠠᠢ ᠪᠠᠨ ᠵᠡᠪᠰᠡᠭᠯᠡᠮᠡᠨᠵᠢᠨ ᠪᠢᠳᠡ ᠰᠠᠶ᠋ᠢ ᠰᠦᠷᠳᠡᠰᠢ ᠦᠭᠡᠢ᠂ | ᠰᠦᠨᠦᠰᠢ ᠦᠭᠡᠢ᠂ ᠰᠦᠢᠷᠡᠰᠢ ᠦᠭᠡᠢ ᠮᠦᠩᠬᠡ ᠭᠠᠯ ᠤᠨ ᠳᠦᠷᠡᠯᠵᠡᠭᠰᠡᠨ ᠨᠢᠭᠡᠨ ᠳᠦᠯᠦ ᠨᠢ ᠪᠣᠯᠵᠤ ᠴᠢᠳᠠᠨ᠎ᠠ ᠰᠢᠦ ᠳ᠋ᠠ᠃ | | ᠪᠦᠬᠦ ᠮᠤᠩᠭᠤᠯᠴᠤᠳ ᠮᠢᠨᠢ ᠨᠤᠮ ᠤᠩᠰᠢᠭᠠᠷᠠᠢ︕ |