| | ᠭᠡᠷᠭᠡᠢ ᠡᠵᠡᠭᠦᠢ ᠡᠳᠦᠷ ᠤᠳ ᠲᠤ | ᠭᠡᠷ ᠭᠡᠳᠡᠭ ᠶᠠᠮᠠᠷᠬᠠᠨ ᠪᠢᠯᠡ︖ | ᠦᠨᠡᠰᠦ ᠬᠤᠭ ᠨᠢ ᠪᠤᠲᠠᠷᠠᠭᠠᠳ | ᠡᠭᠦᠳᠡ ᠪᠠᠷ ᠭᠠᠳᠠᠭᠰᠢ ᠴᠤᠪᠤᠷᠠᠴᠢᠬᠠᠭᠰᠠᠨ | ᠠᠶᠠᠭ᠎ᠠ ᠰᠢᠨᠠᠭ᠎ᠠ ᠨᠢ ᠠᠷᠵᠠᠶᠢᠭᠠᠳ | ᠠᠮᠪᠠᠨ ᠳᠦᠭᠦᠷᠡᠩ ᠦᠷᠦᠭᠳᠡᠴᠢᠬᠡᠭᠰᠡᠨ | ᠦᠨᠢᠶ᠎ᠡ ᠲᠤᠭᠤᠯ ᠨᠢ ᠨᠡᠶᠢᠯᠡᠭᠡᠳ | ᠡᠮᠦᠨ᠎ᠡ ᠬᠠᠰᠢᠶᠠᠨ ᠳᠤᠨᠢ ᠮᠦᠭᠡᠷᠡᠯᠳᠦᠴᠢᠬᠡᠭᠰᠡᠨ | ᠦᠷᠦᠮ᠎ᠡ ᠬᠤᠷᠤᠳ ᠨᠢ ᠸᠠᠯᠠᠭᠠᠳ | ᠦᠰᠦ ᠰᠠᠬᠠᠯ ᠤᠷᠭᠤᠴᠢᠬᠠᠭᠰᠠᠨ | ᠭᠡᠷᠭᠡᠢ ᠡᠵᠡᠭᠦᠢ ᠡᠳᠦᠷ ᠤᠳ ᠲᠤ | ᠭᠡᠷ ᠭᠡᠳᠡᠭ ᠡᠶᠢᠮᠦ ᠯᠡ ᠳ᠋ᠡ᠃ | ᠭᠡᠷᠭᠡᠢ ᠡᠵᠡᠭᠦᠢ ᠡᠳᠦᠷ ᠤᠳ ᠲᠤ | ᠭᠡᠷ ᠭᠡᠳᠡᠭ ᠶᠠᠮᠠᠷᠬᠠᠨ ᠪᠢᠯᠡ︖ | ᠬᠡᠳᠦᠨ ᠨᠠᠶᠢᠵᠠ ᠨᠢ ᠴᠤᠭᠯᠠᠷᠠᠭᠠᠳ | ᠬᠡᠷᠡᠭ ᠦᠭᠡᠢ ᠵᠤᠭᠤᠭ ᠳᠡᠯᠭᠡᠴᠢᠬᠡᠭᠰᠡᠨ | ︽ᠬᠠᠷ᠎ᠠ ᠮᠤᠷᠢ︾ ᠢᠶᠠᠨ ᠵᠠᠶᠢᠳᠠᠯᠠᠭᠠᠳ | ᠬᠠᠮᠠᠷ ᠲᠠᠲᠠᠭᠠᠳ ᠬᠤᠷᠬᠢᠷᠠᠴᠢᠬᠠᠭᠰᠠᠨ | ᠬᠡᠳᠦᠨ ᠬᠡᠦᠬᠡᠳ ᠨᠢ ᠴᠤᠤᠬᠢᠯᠳᠤᠭᠠᠳ | ᠬᠡᠷᠡᠭᠦᠯ ᠵᠤᠳᠤᠭᠠᠨ ᠬᠢᠴᠢᠬᠡᠭᠰᠡᠨ | ᠬᠡᠷᠡᠮ ᠬᠠᠨ᠎ᠠ ᠪᠠᠨ ᠰᠢᠯᠪᠤᠯᠤᠭᠠᠳ | ᠬᠡᠷᠡᠭ ᠠᠴᠠ ᠨᠢᠭᠡᠨᠲᠡ ᠭᠠᠷᠭᠠᠴᠢᠬᠠᠭᠰᠠᠨ | ᠭᠡᠷᠭᠡᠢ ᠡᠵᠡᠭᠦᠢ ᠡᠳᠦᠷ ᠤᠳ ᠲᠤ | ᠭᠡᠷ ᠭᠡᠳᠡᠭ ᠭᠡᠴᠡᠭᠦᠦ ᠯᠡ ᠳ᠋ᠠ᠃ |