| ︽ᠰᠠᠶᠢᠨ ᠨᠤᠮ ᠢ ᠤᠩᠰᠢᠬᠤ ᠨᠢ᠂ ᠰᠤᠳᠤᠨ ᠬᠦᠮᠦᠨ ᠲᠠᠢ ᠵᠤᠭᠤᠭᠳᠠᠬᠤ ᠮᠡᠲᠦ︾ | — ᠭᠧ ᠳ᠋ᠧ | ︽ᠰᠠᠶᠢᠨ ᠨᠤᠮ ᠪᠤᠯ ᠰᠠᠴᠤᠷᠠᠨ ᠭᠡᠷᠡᠯᠳᠦᠭᠰᠡᠨ ᠨᠠᠷᠠᠨ ᠤ ᠲᠤᠶᠠᠭ᠎ᠠ ᠲᠠᠢ | ᠤᠶᠤᠨ ᠪᠢᠯᠢᠭ ᠢ ᠨᠡᠮᠡᠵᠦ ᠤᠬᠠᠭᠠᠨ ᠰᠠᠨᠠᠭ᠎ᠠ ᠶᠢ ᠭᠡᠶᠢᠭᠦᠯᠦᠭᠰᠡᠨ ᠭᠡᠭᠡᠨ ᠡᠨᠧᠷᠭᠢ ᠲᠠᠢ | ᠰᠠᠶᠢᠨ ᠨᠤᠮ ᠤᠨ ᠰᠠᠩ ᠪᠤᠯ ᠰᠠᠴᠤᠷᠠᠬᠤ ᠤᠳᠤᠳ ᠴᠢᠭᠤᠯᠤᠭᠰᠠᠨ ᠲᠡᠭᠷᠢ ᠶᠢᠨ ᠭᠡᠷᠡᠯ ᠲᠠᠢ | ᠵᠢᠷᠦᠬᠡ ᠰᠡᠳᠬᠢᠯ ᠢ ᠷᠠᠰᠢᠶᠠᠯᠠᠵᠤ ᠵᠦᠪ ᠤᠬᠠᠭᠠᠨ ᠢᠶᠠᠷ ᠷᠠᠪᠨᠠᠶᠢᠯᠠᠭᠰᠠᠨ ᠪᠤᠷᠬᠠᠨ ᠤ ᠠᠪᠢᠰᠢᠭ ᠲᠠᠢ︾ | — ᠶᠤᠨᠳᠤᠨ ᠤ ᠡᠷᠳᠡᠨᠢᠲᠤᠭᠲᠠᠬᠤ | ᠭᠡᠬᠦ ᠮᠡᠲᠦ ᠨᠤᠮ ᠤᠨ ᠲᠤᠬᠠᠢ ᠲᠤᠮᠤᠴᠤᠤᠯ ᠤᠨ ᠬᠡᠯᠡᠭᠰᠡᠨ ᠦᠭᠡ ᠨᠦᠭᠦᠳ ᠢ ᠤᠶᠢᠯᠠᠭᠠᠬᠤ ᠤᠶᠢᠯᠠᠭᠠᠬᠤ ᠦᠭᠡᠢ ᠶᠢᠨ | ᠬᠤᠭᠤᠷᠤᠨᠳᠤ ᠬᠤᠨᠢᠨ ᠤ ᠨᠤᠮᠤᠬᠠᠨ ᠪᠤᠷᠤ ᠰᠢᠭ᠋ ᠢᠶᠠᠨ ᠬᠠᠮᠢᠭ᠎ᠠ ᠨᠢ ᠪᠤᠯᠪᠠᠯ ᠲᠡᠨᠳᠡ ᠵᠠᠶᠢᠳᠠᠯᠠᠭᠠᠳ ᠢᠷᠡᠯ᠎ᠡ᠃ ᠬᠠᠶᠠ ᠨᠢᠭᠡ | ᠬᠤᠪᠢ ᠵᠤᠬᠢᠶᠠᠯ᠂ ᠨᠢᠭᠡ ᠳᠡᠪᠲᠡᠷ ᠨᠤᠮ ᠤᠩᠰᠢᠬᠤ ᠪᠠᠷ ᠦᠪᠡᠷ ᠤᠨ ᠪᠡᠶ᠎ᠡ ᠮᠢᠨᠢ ᠦᠷᠦᠭᠡᠯ ᠠᠴᠠ ᠨᠢᠭᠡ ᠶᠡᠭᠡ ᠲᠤᠮᠤ | ᠪᠤᠯᠴᠢᠬᠠᠭᠰᠠᠨ ᠰᠢᠭ᠋᠂ ᠪᠤᠰᠤᠳ ᠠᠴᠠ ᠶᠠᠭᠤ ᠨᠢᠭᠡ ᠶᠢ ᠢᠯᠡᠭᠦᠦ ᠮᠡᠳᠡᠴᠢᠬᠡᠭᠰᠡᠨ ᠰᠢᠭ ᠤᠯᠵᠠᠷᠬᠠᠳᠠᠭ᠃ ᠶᠠᠭ ᠡᠨᠡ | ᠦᠶ᠎ᠡ ᠳᠤ ᠯᠡ ᠰᠠᠶ᠋ᠢ ᠡᠷᠳᠡᠮ ᠨᠤᠮ ᠤᠨ ᠠᠷᠢᠭᠤᠨ ᠴᠢᠳᠠᠯ ᠢ ᠠᠷᠠᠢ ᠴᠢᠮᠠᠢ ᠰᠡᠷᠡᠵᠦ ᠤᠯᠳᠠᠭ ᠰᠠᠨ᠃ ᠦᠵᠡᠭᠰᠡᠨ ᠲᠡᠷᠡ | ᠨᠤᠮ ᠤᠨ ᠢᠶᠠᠨ ᠳᠠᠭᠠᠤ ᠠᠵᠢᠯ ᠠᠮᠢᠳᠤᠷᠠᠯ ᠢᠶᠠᠨ ᠪᠠᠶᠢᠷᠢᠯᠠᠭᠤᠯᠵᠤ᠂ ᠲᠤᠭᠤᠭᠰᠠᠨ ᠲᠡᠷᠡ ᠬᠤᠶᠠᠷ ᠮᠦᠷ ᠪᠠᠳᠠᠭ ᠢᠶᠠᠨ | ᠪᠤᠯᠬᠤ ᠶᠢᠨ ᠲᠤᠲᠤᠷ᠎ᠠ ᠦᠭᠡ ᠶᠠᠷᠢᠶ᠎ᠠ᠂ ᠦᠭᠦᠯᠡᠪᠦᠷᠢ ᠵᠤᠬᠢᠶᠠᠯ ᠳᠠᠭᠠᠨ ᠤᠷᠤᠭᠤᠯᠬᠤ ᠪᠠᠷ ᠴᠢᠳᠠᠨ ᠶᠠᠳᠠᠨ ᠵᠢᠳᠬᠦᠳᠡᠭ ᠮᠠᠨᠢ | ᠳᠠᠩᠴᠢ ᠯᠡ ᠬᠠᠪᠤᠲᠠᠢ ᠰᠠᠨᠠᠭᠳᠠᠳᠠᠭ ᠢ ᠶᠠᠭᠤᠨ ᠨᠢᠭᠤᠬᠤᠪ᠃ | | ᠭᠡᠬᠦ ᠳᠡᠭᠡᠨ ︽ᠠᠵᠢᠯ ᠬᠦᠨᠳᠦ︾ ᠭᠡᠰᠡᠨ ᠲᠤᠮᠤ ᠮᠠᠯᠠᠭᠠᠢ ᠪᠠᠷ ᠦᠪᠡᠷ ᠢ ᠪᠠᠨ ᠮᠠᠯᠠᠭᠠᠶᠢᠳᠠᠵᠤ ᠴᠠᠭ | ᠦᠷᠦᠳᠡᠭ ᠢᠶᠠᠷ ᠢᠶᠠᠨ ᠠᠵᠢᠯ ᠠᠮᠢᠳᠤᠷᠠᠯ ᠳᠠᠭᠠᠨ ᠠᠷᠭ᠎ᠠ ᠦᠭᠡᠢ ᠰᠡᠴᠢ ᠲᠤᠲᠠᠬᠤ ᠪᠠᠷ ᠯᠡ ᠰᠠᠶ᠋ᠢ ᠡᠳᠦᠷ ᠬᠤᠨᠤᠭ ᠢ ᠠᠷᠠᠢ | ᠵᠠᠳᠠᠭᠠᠢ ᠦᠩᠭᠡᠷᠡᠭᠦᠯᠪᠡ ᠦᠦ ᠭᠡᠵᠦ ᠭᠡᠮᠰᠢᠳᠡᠭ ᠪᠤᠯᠤᠯ᠎ᠠ᠃ | ᠨᠠᠭᠤᠷ ᠤᠨ ᠬᠦᠪᠡᠭᠡ ᠪᠠᠷ ᠶᠠᠪᠤᠪᠠᠯ ᠱᠠᠬᠠᠢ ᠴᠢᠭᠢᠭᠳᠦᠬᠦ ᠦᠭᠡᠢ ᠶᠤᠰᠤ ᠠᠯᠠᠭ᠎ᠠ ᠶᠢᠨ ᠤᠴᠢᠷ᠂ ᠨᠤᠮ ᠤᠨ | ᠰᠠᠩ ᠳᠤ ᠠᠵᠢᠯ ᠠᠯᠪᠠ ᠲᠠᠢ ᠪᠢ᠂ ᠨᠤᠮ ᠠᠴᠠ ᠵᠠᠶᠢᠳᠠᠬᠤ ᠶᠢᠨ ᠠᠷᠭ᠎ᠠ ᠶᠡᠷᠦ ᠤᠯᠳᠠᠭ᠎ᠠ ᠦᠭᠡᠢ᠃ ᠨᠤᠮ ᠨᠠᠷᠢᠨ | ᠤᠩᠰᠢᠭ᠎ᠠ ᠦᠭᠡᠢ ᠴᠦ᠂ ᠡᠳᠦᠷ ᠲᠤᠵᠢ ᠨᠤᠮ ᠲᠠᠢ ᠤᠶᠢᠷᠠᠬᠠᠨ ᠪᠠᠶᠢᠳᠠᠭ᠂ ᠨᠣᠮᠴᠢᠨ ᠲᠦᠮᠡᠨ ᠲᠠᠢ ᠪᠠᠨ ᠨᠡᠩ ᠴᠦ | ᠤᠶᠢᠷᠠᠬᠠᠨ ᠪᠠᠶᠢᠳᠠᠭ ᠰᠠᠨ᠃ ᠵᠢᠯ ᠲᠤᠵᠢ ᠪᠠᠷᠤᠭ ᠯᠡ ᠤᠩᠰᠢᠭᠴᠢ ᠲᠠᠢ ᠬᠠᠮᠲᠤ ᠪᠠᠶᠢᠳᠠᠭ ᠪᠢ᠂ ᠤᠯᠠᠨ ᠰᠠᠶᠢᠬᠠᠨ | ᠤᠩᠰᠢᠭᠴᠢ ᠪᠠᠨ ᠪᠠᠭᠰᠢ ᠪᠠᠨ ᠰᠢᠭ᠋ ᠬᠦᠨᠳᠦᠯᠡᠵᠦ᠂ ᠡᠷᠳᠡᠮ ᠰᠤᠶᠤᠯ ᠢᠶᠠᠷ ᠨᠢ ᠪᠠᠭ᠋ᠠᠷᠬᠠᠵᠤ ᠶᠠᠪᠤᠳᠠᠭ ᠨᠢ ᠦᠨᠡᠨ᠃ | ᠭᠡᠬᠦ ᠳᠤ ᠬᠠᠷᠢᠨ ᠦᠪᠡᠷ ᠤᠨ ᠦᠨᠳᠦᠰᠦᠲᠡᠨ ᠤ ᠪᠠᠨ ︽ᠪᠠᠭᠰᠢ︾ ᠨᠠᠷ ᠲᠠᠢ ᠪᠠᠨ ᠠᠷᠠᠢ ᠴᠦᠭᠡᠨ ᠠᠭᠤᠯᠵᠠᠵᠤ | ᠤᠴᠠᠷᠠᠳᠠᠭ ᠢᠶᠠᠷ ᠢᠶᠠᠨ ᠰᠡᠳᠬᠢᠯ ᠶᠡᠷᠦᠨᠢ ᠬᠤᠭᠤᠰ ᠪᠠᠶᠢᠳᠠᠭ᠃ | | ︽ᠬᠦᠮᠦᠨ ᠡᠬᠡ ᠠᠴᠠ ᠪᠠᠨ ᠨᠢᠭᠡ ᠲᠦᠷᠦᠳᠡᠭ᠂ ᠡᠷᠳᠡᠮ ᠨᠤᠮ ᠠᠴᠠ ᠠᠬᠢᠨ ᠨᠢᠭᠡ ᠲᠦᠷᠦᠳᠡᠭ︾ ᠤᠨ ᠤᠴᠢᠷ | ᠪᠤᠢ᠃ ᠪᠤᠷᠬᠠᠨ ᠤ ᠨᠤᠮᠯᠠᠯ ᠤᠨ ᠢᠷᠡᠬᠦ ᠲᠦᠷᠦᠯ ᠤᠨ ᠰᠤᠷᠭᠠᠯ ᠠᠴᠠ ᠨᠢᠭᠡᠮᠦᠰᠦᠨ ᠬᠠᠰᠢᠷᠠᠵᠤ᠂ ᠡᠷᠳᠡᠮ ᠤᠨ ᠠᠬᠢᠨ | ᠲᠦᠷᠦᠭᠦᠯᠬᠦ ᠢᠳᠡ ᠬᠦᠴᠦ ᠶᠢ ᠴᠦ ᠦᠨᠢ ᠤᠭᠤᠷᠤᠭᠰᠠᠨ ᠠᠴᠠ ᠪᠤᠯᠪᠠᠦ᠂ ᠦᠪᠡᠷ ᠤᠨ ᠪᠡᠶ᠎ᠡ ᠶᠢ ᠮᠢᠨᠢ ᠪᠠᠭᠲᠠᠭᠠᠭᠰᠠᠨ | ᠶᠡᠬᠡᠩᠬᠢ ᠤᠯᠠᠨ ᠮᠤᠩᠭᠤᠯᠴᠤᠳ ᠮᠠᠨᠢ ᠡᠷᠳᠡᠮ ᠨᠤᠮ ᠤᠨ ᠴᠠᠭᠠᠨ ᠪᠤᠶᠠᠨ ᠳᠤ ᠠᠷᠠᠢ ᠯᠡ ᠢᠲᠡᠭᠡᠯ ᠠᠯᠳᠠᠭ᠎ᠠ ᠨᠢ ᠶᠠᠭᠤᠨ ᠤ | ᠪᠤᠯᠠᠢ︖ | ᠡᠭᠦᠨ ᠤ ᠦᠨᠡᠨ ᠮᠦᠨ ᠰᠢᠯᠲᠠᠭᠠᠨ ᠢ ᠬᠠᠶᠢᠬᠤ ᠰᠠᠨᠠᠭ᠎ᠠ ᠲᠠᠢ᠂ ᠠᠵᠢᠯ ᠠᠯᠪᠠ ᠶᠢᠨ ᠡᠭᠦᠷᠭᠡ ᠪᠠᠨ ᠭᠦᠢᠴᠡᠳᠬᠡᠬᠦ | ᠴᠦ ᠵᠤᠷᠢᠯᠭ᠎ᠠ ᠲᠠᠢ ᠤᠯᠤᠰ ᠤᠨ ᠲᠤᠲᠤᠭᠠᠳᠤ ᠶᠢᠨ ᠨᠡᠯᠢᠶᠡᠳ ᠤᠯᠠᠨ ᠬᠦᠭᠵᠢᠭᠰᠡᠨ ᠤᠷᠤᠨ ᠢᠶᠠᠷ ᠲᠤᠭᠤᠷᠢᠨ ᠦᠵᠡᠵᠦ᠂ | ᠲᠡᠷᠡ ᠭᠠᠵᠠᠷ ᠤᠨ ᠨᠤᠮ ᠤᠨ ᠰᠠᠩ᠂ ᠤᠩᠰᠢᠭᠴᠢ ᠲᠦᠮᠡᠨ ᠤ ᠬᠢᠨᠢ ᠲᠤᠬᠠᠢ ᠨᠡᠯᠢᠶᠡᠳ ᠤᠯᠠᠨ ᠰᠤᠷᠪᠤᠯᠵᠢᠯᠠᠭ᠎ᠠ ᠬᠢᠵᠦ | ᠶᠠᠪᠤᠯ᠎ᠠ᠃ ᠲᠦᠷᠦ ᠵᠠᠰᠠᠭ ᠤᠨ ᠬᠢᠨᠢ ᠳᠡᠮᠵᠢᠯᠭᠡ᠂ ᠲᠦᠮᠡᠨ ᠠᠷᠠᠳ ᠤᠨ ᠬᠢᠨᠢ ᠴᠢᠷᠮᠠᠶᠢᠯᠭ᠎ᠠ ᠪᠠᠷ ᠨᠤᠮ ᠤᠨ ᠰᠠᠩ ᠤᠨ | ᠦᠢᠯᠡᠰ ᠨᠢ ᠲᠤᠩ ᠴᠦ ᠶᠡᠭᠡ ᠬᠦᠭᠵᠢᠭᠰᠡᠨ ᠢ ᠤᠯᠵᠤ ᠦᠵᠡᠯ᠎ᠡ᠃ ᠡᠷᠭᠢᠨ ᠪᠤᠴᠠᠭᠠᠵᠤ ᠦᠪᠡᠷ ᠤᠨ ᠨᠤᠲᠤᠭ ᠲᠠᠢ ᠪᠠᠨ | ᠬᠠᠷᠢᠴᠠᠭᠤᠯᠤᠨᠡ᠃ ᠦᠪᠡᠷ ᠤᠨ ᠠᠮᠢᠳᠤᠷᠠᠯ ᠦᠨᠳᠦᠰᠦᠲᠡᠨ ᠤ ᠪᠠᠨ ᠦᠢᠯᠡ ᠲᠠᠢ ᠬᠠᠷᠢᠴᠠᠭᠤᠯᠤᠨ᠎ᠠ᠃ | | ᠢᠪᠷᠡᠢ ᠬᠦᠮᠦᠨ ᠬᠦᠮᠦᠨ ᠪᠦᠷᠢ ᠵᠢᠯ ᠳᠤ ᠳᠤᠮᠳᠠᠴᠢ ᠪᠠᠷ 64 ᠳᠡᠪᠲᠡᠷ ᠨᠤᠮ ᠤᠩᠰᠢᠳᠠᠭ ᠭᠡᠨ᠎ᠡ᠃ | ᠳᠤᠮᠳᠠᠳᠤ ᠶᠢᠨ ᠬᠦᠮᠦᠨ ᠬᠠᠷᠢᠨ ᠬᠦᠮᠦᠨ ᠪᠦᠷᠢ ᠵᠢᠯ ᠳᠤ ᠳᠤᠮᠳᠠᠴᠢ ᠪᠠᠷ 1 ᠳᠡᠪᠲᠡᠷ ᠨᠤᠮ ᠴᠦ ᠨᠤᠭᠲᠠᠬᠤ ᠦᠭᠡᠢ ᠪᠠᠶᠢᠨ᠎ᠠ | ᠭᠡᠰᠡᠨ ᠲᠤᠭ᠎ᠠ ᠪᠠᠷᠢᠮᠲᠠ ᠪᠤᠢ᠃ ᠡᠨᠡ ᠨᠢ ᠠᠷᠠᠢ ᠦᠨᠡᠨ ᠪᠢᠰᠢ ᠪᠠᠶᠢᠵᠤ ᠮᠠᠭᠠᠳ᠂ ᠭᠡᠪᠡᠴᠦ ᠬᠠᠰᠢᠯᠠ ᠦᠨᠡᠨ ᠤ ᠤᠷᠤ ᠲᠠᠢ | ᠦᠭᠡ ᠪᠠᠶᠢᠬ᠎ᠠ᠃ ᠮᠠᠨ ᠤ ᠨᠤᠮ ᠤᠨ ᠰᠠᠩ ᠤᠨ ᠨᠤᠮ ᠵᠢᠭᠡᠯᠡᠭᠰᠡᠨ ᠪᠦᠷᠢᠳᠬᠡᠯ ᠵᠢᠯ ᠳᠤ ᠳᠤᠮᠳᠠᠴᠢ ᠪᠠᠷ 15 ᠲᠦᠮᠡ | ᠤᠷᠴᠢᠮ ᠪᠠᠶᠢᠵᠤ᠂ ᠬᠤᠲᠠ ᠲᠤᠭᠤᠷᠢᠭ ᠤᠨ 90 ᠲᠦᠮᠡᠨ ᠬᠦᠮᠦᠨ ᠳᠡᠭᠡᠨ ᠨᠤᠭᠳᠠᠭᠤᠯᠤᠭᠠᠳ ᠬᠡᠯᠡᠬᠦ ᠳᠤ ᠬᠦᠮᠦᠨ ᠪᠦᠷᠢ | ᠵᠢᠯ ᠳᠤ ᠳᠤᠮᠳᠠᠴᠢ ᠪᠠᠷ ᠨᠤᠮ ᠤᠨ ᠰᠠᠩ ᠢᠶᠠᠷ ᠳᠠᠮᠵᠢᠨ ᠤᠩᠰᠢᠵᠤ ᠪᠠᠶᠢᠭ᠎ᠠ ᠨᠤᠮ ᠤᠨ ᠲᠤᠭ᠎ᠠ ᠨᠢ 0.17 ᠪᠤᠳᠢ ᠯᠡ | ᠪᠠᠶᠢᠭ᠎ᠠ᠃ ᠡᠭᠦᠨ ᠤ ᠳᠤᠮᠳᠠ ᠮᠤᠩᠭᠤᠯᠴᠤᠳ ᠴᠤᠬᠤᠮ ᠬᠡᠳᠦᠢ ᠤᠩᠰᠢᠵᠤ ᠪᠠᠶᠢᠭ᠎ᠠ ᠶᠢ ᠰᠡᠳᠬᠢᠬᠦ ᠵᠤᠷᠢᠭ ᠠᠷᠠᠢ ᠬᠦᠷᠦᠭᠡ | ᠦᠭᠡᠢ ᠰᠠᠨ ᠨᠠᠳᠠ᠃ ᠬᠠᠷᠢ ᠭᠦᠷᠦᠨ ᠢ ᠬᠡᠯᠡᠬᠦ ᠦᠭᠡᠢ᠂ ᠤᠯᠤᠰ ᠤᠨ ᠲᠤᠲᠤᠭᠠᠳᠤ ᠶᠢᠨ ᠦᠭᠡᠷ᠎ᠡ ᠤᠷᠤᠨ ᠯᠤᠭ᠎ᠠ ᠪᠠᠨ | ᠬᠠᠷᠢᠴᠠᠭᠤᠯᠬᠤ ᠶᠢᠨ ᠠᠷᠭ᠎ᠠ ᠦᠭᠡᠢ ᠶᠡᠭᠡ ᠵᠦᠷᠢᠶ᠎ᠡ ᠭᠠᠷᠤᠭᠠᠳ ᠪᠠᠶᠢᠬᠤ ᠶᠢ ᠶᠠᠭᠤ ᠭᠡᠯᠲᠡᠢ ᠪᠢᠯᠡ᠃ ᠨᠤᠮ ᠤᠩᠰᠢᠭᠴᠢ | ᠪᠦᠬᠦᠨ ᠨᠤᠮ ᠤᠨ ᠰᠠᠩ ᠳᠤ ᠢᠷᠡᠵᠦ ᠤᠩᠰᠢᠬᠤ ᠴᠢᠬᠤᠯᠠ ᠦᠭᠡᠢ ᠪᠠᠶᠢᠵᠤ ᠮᠠᠭᠠᠳ᠂ ᠭᠡᠪᠡᠴᠦ ᠨᠤᠮ ᠤᠨ ᠰᠠᠩ ᠤᠨ | ᠤᠩᠰᠢᠭᠴᠢ ᠶᠢᠨ ᠪᠠᠶᠢᠳᠠᠯ ᠶᠠᠭᠠᠬᠢᠬᠤ ᠠᠷᠭ᠎ᠠ ᠦᠭᠡᠢ ᠲᠤᠰ ᠭᠠᠵᠠᠷ ᠤᠷᠤᠨ ᠤ ᠬᠦᠮᠦᠨ ᠠᠷᠠᠳ ᠤᠨ ᠬᠢᠨᠢ ᠨᠤᠮ ᠤᠩᠰᠢᠵᠤ | ᠪᠠᠶᠢᠭ᠎ᠠ ᠪᠠᠶᠢᠳᠠᠯ ᠤᠨ ᠨᠢᠭᠡ ᠶᠤᠰᠤᠨ ᠤ ᠲᠤᠯᠢᠳᠠᠯ ᠪᠤᠯᠵᠤ ᠴᠢᠳᠠᠬᠤ ᠶᠤᠮᠰᠠᠨ᠃ ᠡᠶᠢᠮᠦ ᠠᠴᠠ ᠨᠤᠮ ᠲᠠᠢ ᠦᠢᠯᠡᠰ | ᠬᠦᠭᠵᠢᠬᠦ ᠳᠤ ᠨᠤᠮ ᠤᠨ ᠰᠠᠩ ᠬᠦᠭᠵᠢᠬᠦ ᠬᠡᠷᠡᠭᠲᠡᠢ᠂ ᠤᠩᠰᠢᠭᠴᠢ ᠲᠦᠮᠡᠨ ᠨᠢ ᠨᠡᠩ ᠦᠭᠡᠳᠡᠯᠡᠬᠦ ᠬᠡᠷᠡᠭᠲᠡᠢ᠃ | | ᠭᠡᠬᠦ ᠳᠤ ᠦᠨᠦ ᠪᠢᠳᠡ ᠶᠠᠭᠤ ᠬᠢᠵᠦ ᠪᠠᠶᠢᠨ᠎ᠠ︖ ᠦᠨᠳᠦᠰᠦᠲᠡᠨ ᠤ ᠪᠠᠨ ᠢᠷᠡᠭᠡᠳᠦᠢ ᠨᠢ ᠪᠤᠯᠵᠤ ᠶᠠᠪᠤᠭ᠎ᠠ | ᠵᠠᠯᠠᠭᠤᠰ ᠡᠳᠦᠷ ᠲᠤᠵᠢ ᠠᠷᠰᠯᠠᠨ ᠤ ᠬᠦᠦ ᠶᠠᠮᠠᠷ ᠮᠠᠰᠢᠨ ᠵᠢᠯᠤᠭᠤᠳᠴᠤ ᠪᠠᠶᠢᠬᠤ᠂ ᠠᠩᠭᠠᠷᠠᠭ ᠤᠨ ᠦᠬᠢᠨ ᠬᠢᠷᠢ ᠵᠢᠰᠦᠯᠢᠭ | ᠲᠦᠷᠦᠭᠰᠡᠨ᠂ ᠠᠷᠢᠬᠢᠨ ᠰᠢᠷᠡᠭᠡᠨ ᠳᠤ ᠬᠡᠳᠦᠢ ᠤᠤᠭᠤᠭᠰᠠᠨ ᠵᠤᠭᠤᠭ ᠭᠠᠵᠠᠷ ᠠᠪᠴᠤ᠂ ᠠᠷᠪᠠᠨ ᠭᠤᠷᠪᠠᠳᠤᠭᠠᠷ ᠵᠠᠭᠤᠨ ᠤ | ᠠᠭᠤᠤ ᠲᠡᠦᠬᠡᠨ ᠵᠤᠭᠤᠭ ᠠᠷᠤ ᠠᠴᠠ ᠨᠢ ᠮᠦᠷᠳᠡᠵᠦ᠂ ᠢᠷᠡᠬᠦ ᠮᠠᠷᠭᠠᠰᠢ ᠳᠠᠭᠠᠨ ᠬᠡᠷᠬᠢᠨ ᠳᠠᠪᠰᠢᠬᠤ ᠶᠠᠷᠢᠯᠴᠠᠭ᠎ᠠ | ᠬᠤᠪᠢ ᠶᠢᠨ ᠵᠢᠩ ᠤᠯᠤᠭ᠎ᠠ ᠦᠭᠡᠢ ᠯᠡ ᠪᠠᠶᠢᠳᠠᠭ᠃ ᠡᠭᠦᠨ ᠤ ᠳ᠋ᠦᠩ ᠳᠤ ᠦᠷᠦᠭᠡᠯ ᠨᠢ ᠮᠠᠨ ᠢ ᠤᠶᠢᠯᠠᠭᠠᠬᠤ ᠦᠭᠡᠢ᠂ | ᠦᠪᠡᠷ ᠢᠶᠠᠨ ᠪᠢᠳᠡ ᠴᠦ ᠦᠭᠡ ᠪᠠᠨ ᠤᠶᠢᠯᠠᠭᠠᠬᠤ ᠦᠭᠡᠢ ᠴᠦᠪ ᠤᠨ ᠴᠠᠭ ᠲᠤ ᠤᠷᠤᠭᠰᠠᠨ᠃ ᠠᠳᠡ ᠱᠤᠭ ᠪᠤᠯᠭᠠᠨ | ᠬᠤᠶᠠᠷ ᠵᠢᠱᠢᠶ᠎ᠡ ᠳᠤᠷᠠᠳᠪᠠᠯ᠄ ᠦᠪᠡᠷ ᠢᠶᠠᠨ ᠪᠢ ᠠᠯᠪᠠᠨ ᠳᠠᠭᠠᠨ ᠦᠷᠦᠭᠡᠯ ᠬᠡᠯᠡ ᠪᠠᠷ ᠴᠢᠳᠠᠨ ᠶᠠᠳᠠᠨ ᠠᠵᠢᠯᠯᠠᠵᠤ | ᠶᠠᠪᠤᠬᠤ ᠶᠢᠨ ᠳᠠᠭᠠᠤ᠂ ᠦᠨᠳᠦᠰᠦᠲᠡᠨ ᠤ ᠭᠡᠰᠡᠨ ᠵᠦᠢᠯ ᠢᠶᠠᠨ ᠴᠦ ᠬᠢᠬᠦ ᠶᠢ ᠵᠤᠷᠢᠵᠤ᠂ ᠤᠳᠤᠷᠢᠳᠤᠯᠭ᠎ᠠ ᠳᠠᠭᠠᠨ᠄ ︽ᠦᠨᠦ | ᠵᠢᠯ ᠠᠴᠠ ᠡᠬᠢᠯᠡᠨ ᠮᠤᠩᠭᠤᠯ ᠤᠨᠢᠰᠤᠭ᠎ᠠ ᠲᠠᠭᠠᠬᠤ ᠠᠵᠢᠯᠯᠠᠭ᠎ᠠ ᠦᠷᠨᠢᠭᠦᠯᠦᠶ᠎ᠡ︾ ᠭᠡᠬᠦ ᠳᠤ᠂ ︽ᠮᠤᠩᠭᠤᠯ ᠤᠨᠢᠰᠤᠭ᠎ᠠ | ᠭᠡᠵᠦ ᠪᠠᠰᠠ ᠪᠠᠶᠢᠳᠠᠭ ᠶᠤᠮ ᠦᠦ︖︾ ᠭᠡᠬᠦ ᠢᠨᠢᠶᠠᠳᠦ ᠴᠦ ᠬᠦᠷᠦᠮᠡᠷ ᠬᠠᠨᠢᠶᠠᠳᠤ ᠴᠦ ᠬᠦᠷᠦᠮᠡᠷ ᠠᠰᠠᠭᠤᠯᠲᠠ ᠳᠤ | ᠲᠤᠯᠭᠠᠮᠠᠳᠠᠭᠳᠠᠭᠰᠠᠨ᠃ ᠦᠭᠡᠷ᠎ᠡ ᠨᠢᠭᠡᠨ ᠵᠢᠱᠢᠶ᠎ᠡ ᠳᠤᠷᠠᠳᠪᠠᠯ᠂ ᠨᠢᠭᠡ ᠠᠵᠢᠯᠲᠠᠨ ᠮᠤᠩᠭᠤᠯ ᠳᠠᠷᠤᠭ᠎ᠠ ᠳᠠᠭᠠᠨ᠄ ︽ | ᠦᠳᠡᠰᠢᠯᠡᠭᠡ ᠶᠢᠨ ᠨᠡᠷ᠎ᠡ ᠶᠢ ︿ᠤᠶᠠᠩᠭ᠎ᠠ ᠶᠢᠨ ᠳᠦᠯᠦ﹀ ᠭᠡᠯᠡ᠂ ᠲᠠ ᠦᠵᠡᠪᠡᠯ ᠶᠠᠮᠠᠷ ᠪᠤᠢ︖︾ ᠭᠡᠬᠦ ᠳᠤ᠂ ᠳᠠᠷᠤᠭ᠎ᠠ | ᠨᠢ ᠲᠡᠭᠦᠨ ᠳᠤ᠄ ︽ᠭᠠᠯ ᠤᠨ ᠠᠶᠤᠯ ᠭᠠᠷᠤᠭᠠᠳ ᠶᠠᠭᠠᠬᠢᠶ᠎ᠠ ᠭᠡᠵᠦ ᠪᠠᠶᠢᠬᠤ ᠳᠤ ᠴᠢ ᠪᠠᠰᠠ ᠶᠠᠭᠤᠨ ᠤ ᠳᠦᠯᠦ ᠮᠦᠯᠦ | ᠭᠡᠳ ᠪᠠᠶᠢᠬᠤ ᠪᠤᠢ︖ ᠰᠤᠯᠢᠬᠤ ᠬᠡᠷᠡᠭᠲᠡᠢ︾ ᠭᠡᠵᠦ ᠵᠠᠷᠯᠢᠭᠳᠠᠭᠰᠠᠨ ᠭᠡᠳᠡᠭ᠃ ᠦᠷᠦᠭᠡᠯ ᠨᠢ ᠪᠢᠳᠡᠨ ᠢ ᠤᠶᠢᠯᠠᠭᠠᠬᠤ | ᠦᠭᠡᠢ ᠶᠢ ᠴᠦ ᠶᠠᠭᠠᠬᠢᠬᠤ ᠪᠤᠢ ᠡᠶᠢᠮᠦ ᠡᠭᠦᠷᠭᠡ ᠲᠡᠳᠡᠨ ᠳᠤ ᠪᠠᠶᠢᠬᠤ ᠦᠭᠡᠢ ᠬᠤᠶᠢᠨ᠎ᠠ᠂ ᠦᠪᠡᠷ ᠢᠶᠠᠨ ᠪᠢᠳᠡ ᠦᠭᠡ ᠪᠠᠨ | ᠤᠶᠢᠯᠠᠭᠠᠬᠤ ᠦᠭᠡᠢ ᠪᠤᠯᠤᠭᠰᠠᠨ ᠢ ᠦᠭᠡᠷ᠎ᠡ ᠶᠠᠭᠤ ᠠᠪᠤᠷᠠᠵᠤ ᠴᠢᠳᠠᠬᠤ ᠠᠵᠢ︖ | ︽ᠦᠨᠳᠦᠷ ᠲᠤ ᠨᠢᠰᠬᠦ ᠰᠢᠪᠠᠭᠤ ᠦᠳᠦ ᠰᠦᠳᠦ ᠪᠠᠨ ᠪᠦᠷᠢᠳᠦᠭᠦᠯᠬᠦ ᠬᠡᠷᠡᠭᠲᠡᠢ᠂ ᠦᠭᠡᠳᠡᠯᠡᠵᠦ ᠳᠠᠪᠰᠢᠬᠤ | ᠬᠦᠮᠦᠨ ᠡᠷᠳᠡᠮ ᠨᠤᠮ ᠰᠤᠷᠬᠤ ᠴᠢᠬᠤᠯᠠᠲᠠᠢ︾ ᠭᠡᠬᠦ ᠮᠡᠷᠭᠡᠳ ᠤᠨ ᠦᠭᠡ ᠶᠢ ᠮᠦᠷᠳᠡᠵᠦ᠂ ᠦᠨᠦ ᠴᠠᠭ ᠤᠨ ᠡᠭᠡᠯ | ᠠᠷᠠᠳ ᠠᠴᠠ ᠡᠬᠢᠯᠡᠭᠡᠳ ᠡᠷᠬᠢᠮ ᠵᠡᠷᠭᠡᠲᠡᠨ ᠬᠦᠷᠲᠡᠯ᠎ᠡ ᠠᠭᠠᠵᠢᠭᠤ ᠰᠠᠭᠤᠵᠤ ᠨᠤᠮ ᠤᠩᠰᠢᠨ ᠤᠬᠠᠭᠠᠨ ᠲᠡᠯᠡᠬᠦ ᠯᠡ | ᠴᠢᠬᠤᠯᠠᠲᠠᠢ ᠪᠤᠯᠵᠠᠢ᠃ | |